2026-10-24 17:39:00
ᠠᠷᠪᠠᠳᠤᠭᠠᠷ ᠬᠤᠭᠤᠴᠠᠭᠠᠨ ᠤ᠋ ᠥᠪᠥᠷ ᠮᠣᠩᠭᠣᠯ ᠤ᠋ᠨ ᠦᠪᠡᠷᠳᠡᠭᠡᠨ ᠵᠠᠰᠠᠬᠤ ᠤᠷᠤᠨ ᠤ᠋ ᠰᠣᠶᠣᠯ ᠤ᠋ᠨ ᠠᠵᠤ ᠦᠢᠯᠡᠰ ᠤ᠋ᠨ ᠦᠵᠡᠰᠬᠦᠯᠡᠩ ᠪᠠ ᠠᠷᠠᠯᠵᠢᠶᠠᠨ ᠤ᠋ ᠴᠤᠭᠯᠠᠭᠠᠨ ᠤ᠋ ᠬᠤᠭᠤᠴᠠᠭᠠᠨ ᠳ᠋ᠤ ᠪᠠᠶᠠᠨᠨᠠᠭᠤᠷ ᠬᠤᠳᠠ ᠵᠢᠨ ᠦᠵᠡᠬᠦᠯᠭᠡ ᠵᠢᠨ ᠲᠤᠭᠤᠷᠢᠭ ᠲᠡᠬᠢ ᠤᠷᠠᠳ ᠬᠠᠳᠬᠤᠮᠠᠯ ᠵᠢᠡᠷ ᠤᠷᠠᠯᠠᠵᠤ ᠬᠢᠭᠰᠡᠨ ᠡᠭᠡᠮᠦᠭ᠂ ᠡᠡᠭᠭᠡᠷ ᠤ᠋ᠨ ᠵᠡᠬᠦᠯᠳᠡ ᠪᠠ ᠲᠤᠯᠤᠭᠠᠢ ᠵᠢᠨ ᠵᠠᠰᠠᠯ ᠵᠡᠷᠭᠡ ᠰᠤᠶᠤᠯ ᠤ᠋ᠨ ᠪᠦᠳᠤᠭᠡᠯᠴᠢ ᠦᠢᠯᠡᠳᠬᠦᠨ ᠨᠢ ᠤᠨᠴᠠ ᠵᠢᠨ ᠢᠯᠡ ᠲᠠᠢ ᠬᠠᠷᠠᠬᠳᠠᠵᠤ᠂ ᠬᠦᠮᠤᠰ ᠤ᠋ᠨ ᠪᠠᠬᠠᠷᠬᠠᠯ ᠢ᠋ ᠲᠠᠳᠠᠭᠰᠠᠨ ᠶᠤᠮ᠃
ᠰᠤᠷᠪᠤᠯᠵᠢᠯᠠᠭᠴᠢ ᠰᠤᠶᠤᠯ ᠤ᠋ᠨ ᠦᠵᠡᠰᠬᠦᠯᠡᠩ ᠤ᠋ᠨ ᠴᠤᠭᠯᠠᠭᠠᠨ ᠲᠡᠬᠡᠷ᠎ᠠ ᠲᠠᠳᠠᠭᠰᠠᠨ ᠤᠷᠠᠳ ᠬᠠᠳᠬᠤᠮᠠᠯ ᠤ᠋ᠨ ᠵᠢᠷᠤᠭ ᠰᠡᠬᠦᠳᠡᠷ ᠵᠢᠡᠨ ᠤᠷᠪᠠᠭᠤᠯᠬᠤ ᠳ᠋ᠤ᠂《ᠡᠳᠡᠭᠡᠷ ᠰᠤᠶᠤᠯ ᠤ᠋ᠨ ᠪᠦᠳᠤᠭᠡᠯᠴᠢ ᠦᠢᠯᠡᠳᠬᠦᠨ ᠪᠤᠯᠤᠬᠰᠠᠭᠠᠷ ᠪᠦᠷ ᠮᠠᠨ ᠤ᠋ ᠤᠷᠠᠳ ᠮᠠᠯᠴᠢᠨ ᠪᠦᠰᠡᠬᠦᠢᠴᠤᠳ ᠤ᠋ᠨ ᠤᠷᠠᠨ ᠭᠠᠷ ᠵᠢᠡᠷ ᠤᠷᠠᠯᠠᠵᠤ ᠪᠦᠳᠦᠭᠡᠭᠳᠡᠭᠰᠡᠨ ᠵᠠᠰᠠᠯ ᠵᠢᠮᠰᠡᠭ ᠤ᠋ᠨ ᠵᠦᠢᠯᠡᠰ ᠪᠤᠯᠤᠨ᠎ᠠ᠂ ᠬᠢᠴᠡ ᠤᠷᠠᠯᠠᠯ ᠨᠢ ᠨᠠᠷᠢᠯᠢᠭ᠂ ᠡᠳᠤᠷ ᠲᠤᠳᠤᠮ ᠵᠠᠰᠠᠵᠤ ᠴᠢᠮᠡᠭᠯᠡᠭᠡᠳ ᠶᠠᠪᠤᠬᠤ ᠳ᠋ᠤ ᠭᠤᠢᠳᠠ ᠰᠠᠢᠬᠠᠨ ᠪᠠᠢᠳᠠᠭ》 ᠬᠡᠵᠤ ᠨᠠᠷᠠᠡᠭᠭᠤᠸᠠ ᠵᠢᠨ ᠲᠠᠨᠢᠯᠴᠠᠭᠤᠯᠤᠨ ᠶᠠᠷᠢᠵᠤ ᠪᠠᠢᠭᠰᠠᠨ ᠦᠬᠡ ᠵᠢ ᠪᠤᠳᠤᠵᠤ ᠤᠯᠤᠯ᠎ᠠ᠃

ᠨᠠᠷᠠᠩᠭᠤᠸ᠎ᠠ
ᠨᠠᠷᠠᠡᠭᠭᠤᠸᠠ ᠪᠤᠯ ᠤᠷᠠᠳ ᠤ᠋ᠨ ᠲᠤᠮᠲᠠᠲᠤ ᠬᠤᠰᠢᠭᠤᠨ ᠤ᠋ ᠴᠤᠩᠵᠢ ᠰᠤᠮᠤ ᠵᠢᠨ ᠬᠠᠷᠢᠶᠠᠳᠤ ᠭᠠᠴᠠᠭ᠎ᠠ ᠪᠡᠷ ᠨᠤᠳᠤᠬᠳᠠᠢ ᠶᠤᠮ᠃ ᠲᠡᠷᠡ ᠬᠠᠷᠠᠬᠠᠨ ᠪᠠᠭ᠎ᠠ ᠡᠴᠡ ᠪᠡᠨ ᠦᠢᠯᠡ ᠤᠶᠤᠳᠠᠯ ᠳ᠋ᠤ ᠲᠤᠷ᠎ᠠ ᠪᠠᠬᠠᠳᠠᠢ ᠪᠠᠢᠵᠤ᠂ ᠬᠤᠵᠢᠮ ᠨᠢ 2015 ᠤᠨ ᠳ᠋ᠥ ᠤᠷᠠᠳᠬᠠᠳᠬᠤᠮᠠᠯ ᠤ᠋ᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠤᠯᠠᠮᠵᠢᠯᠠᠭ᠍ᠴᠢ ᠬᠠᠰᠬᠡᠷᠡᠯ ᠪᠠᠭ᠍ᠰᠢ ᠳ᠋ᠤ ᠱᠠᠪᠢᠯᠠᠨ᠂ ᠤᠷᠠᠳ ᠤ᠋ᠨ ᠤᠯᠠᠮᠵᠢᠯᠠᠯᠲᠤ ᠬᠠᠳᠬᠤᠮᠠᠯ ᠢ᠋ ᠨᠠᠯᠢᠶᠡᠳ ᠰᠢᠰᠲᠸᠮ ᠲᠡᠢ ᠰᠤᠷᠤᠯᠴᠠᠵᠤ᠂ ᠤᠷᠠᠳ ᠬᠠᠳᠬᠤᠮᠠᠯ ᠢ᠋ ᠤᠯᠠᠮᠵᠢᠯᠠᠨ ᠬᠦᠭᠵᠢᠬᠦᠯᠬᠦ ᠲᠤᠰᠬᠠᠶ ᠮᠡᠷᠭᠡᠵᠢᠯ ᠤ᠋ᠨ ᠵᠠᠮ ᠵᠢᠡᠨ ᠡᠬᠢᠯᠡᠬᠦᠯᠵᠠᠢ᠃ ᠲᠡᠭᠦᠨ ᠡᠴᠡ ᠡᠬᠢᠯᠡᠭᠡᠳ ᠨᠠᠷᠠᠩᠭᠤᠸ᠎ᠠ ᠵᠢᠨ ᠠᠪᠢᠶᠠᠰ ᠪᠢᠯᠢᠭ ᠨᠢ ᠶᠠᠪᠤᠬᠤ ᠲᠤᠳᠤᠮ ᠪᠠᠲᠠᠷᠠᠨ᠂ ᠠᠷᠪᠠᠨ ᠬᠤᠷᠤᠭᠤᠨ ᠤ᠋ ᠪᠡᠨ ᠤᠷ᠎ᠠ ᠳᠠᠮ ᠵᠢᠡᠷ ᠤᠷᠠᠳ ᠬᠠᠳᠬᠤᠮᠠᠯ ᠤ᠋ᠨ ᠤᠯᠠᠨ ᠰᠢᠯᠢᠲᠡᠭ ᠪᠦᠲᠦᠭᠡᠯ ᠢ᠋ ᠵᠠᠯᠭᠠᠭ᠎ᠠ ᠪᠡᠷ ᠪᠦᠲᠦᠭᠡᠵᠦ᠂ ᠭᠡᠷᠡᠭᠯᠡᠭᠴᠢ ᠲᠦᠮᠡᠨ ᠤ᠋ ᠪᠡᠨ ᠲᠠᠭᠠᠰᠢᠶᠠᠯ ᠳ᠋ᠥ ᠬᠦᠷᠦᠭᠰᠡᠨ ᠪᠢᠯᠡ᠃
ᠤᠷᠠᠳ ᠬᠠᠳᠬᠤᠮᠠᠯ ᠨᠢ ᠮᠣᠩᠭᠣᠯ ᠦᠨᠳᠦᠰᠦᠲᠡᠨ ᠤ᠋ ᠤᠯᠠᠮᠵᠢᠯᠠᠯᠳᠦ ᠬᠠᠳᠬᠤᠮᠠᠯ ᠤ᠋ᠨ ᠨᠢᠭᠡ ᠲᠦᠷᠦᠯ ᠪᠣᠯᠤᠭᠰᠠᠨ ᠤ᠋ ᠬᠤᠪᠢ ᠳ᠋ᠤ᠂ ᠤᠷᠠᠳ ᠨᠤᠳᠤᠭ ᠤ᠋ᠨ ᠨᠡᠭᠦᠳᠡᠯ ᠮᠠᠯᠵᠢᠯ ᠤ᠋ᠨ ᠠᠵᠤ ᠠᠬᠤᠶ ᠶ᠋ᠢᠨ ᠬᠥᠭᠵᠢᠯᠲᠡ᠂ ᠱᠠᠰᠢᠨ ᠰᠢᠲᠦᠯᠭᠡᠶᠢᠨ ᠨᠥᠯᠥᠭᠡ᠂ ᠰᠣᠶᠣᠯ ᠤ᠋ᠨ ᠠᠭᠤᠰᠤᠯᠴᠠᠯ ᠵᠢᠴᠢ ᠲᠠᠰᠤᠷᠠᠯᠲᠠ ᠦᠭᠡᠶ ᠬᠦᠭᠵᠢᠨ ᠬᠤᠪᠢᠷᠠᠵᠤ ᠪᠠᠶ᠋ᠢᠭ᠎ᠠ ᠠᠷᠠᠳ ᠤ᠋ᠨ ᠵᠠᠩ ᠦᠢᠯᠡ ᠶ᠋ᠢᠨ ᠰᠣᠶᠣᠯ ᠢ᠋ ᠳᠠᠭᠠᠯᠳᠤᠨ ᠲᠠᠰᠤᠷᠠᠯᠲᠠ ᠦᠭᠡᠶ ᠬᠥᠭᠵᠢᠵᠦ ᠡᠳᠤᠭᠡ ᠬᠦᠷᠴᠠᠢ᠃ 《ᠤᠷᠠᠳ ᠬᠠᠳᠬᠤᠮᠠᠯ ᠤ᠋ᠨ ᠥᠪᠡᠷᠮᠢᠴᠡ ᠣᠨᠴᠠᠯᠢᠭ᠋ ᠨᠢ ᠭᠡᠪ ᠨᠠᠭᠠᠨ ᠰᠠᠮᠨᠠᠵᠤ ᠬᠠᠳᠬᠤᠬᠤ᠂ ᠲᠤᠬᠤᠵᠤ ᠬᠠᠳᠬᠤᠬᠤ᠂ ᠵᠢᠰᠢᠬᠦᠤ ᠬᠠᠳᠬᠤᠬᠤ ᠵᠢᠴᠢ ᠶᠡᠷᠦᠩᠭᠡᠢᠯᠡᠭᠰᠡᠨ ᠬᠠᠳᠬᠤᠮᠠᠯ ᠤ᠋ᠨ ᠲᠦᠷᠦᠯ ᠵᠦᠢᠯ ᠲᠡᠭᠡᠷ᠎ᠡ ᠤᠨᠴᠠᠭᠠᠢ ᠢᠯᠡᠷᠡᠵᠦ ᠪᠠᠢᠲᠠᠭ᠃ ᠤᠷᠠᠳ ᠬᠠᠳᠬᠤᠮᠠᠯ ᠨᠢ ᠰᠡᠳᠦᠪᠯᠡᠬᠦᠨ ᠤ᠋ ᠬᠤᠪᠢ ᠳ᠋ᠤ ᠠᠭᠤᠯᠠ ᠤᠰᠤ᠂ ᠴᠡᠴᠡᠭ ᠨᠠᠪᠴᠢ᠂ ᠠᠮᠢᠲᠠᠨ ᠤᠷᠭᠤᠮᠠᠯ ᠵᠡᠷᠭᠡ ᠵᠢᠨ ᠵᠢᠷᠤᠭ ᠢ᠋ ᠤᠷᠠᠯᠢᠭ᠋ ᠤ᠋ᠨ ᠬᠠᠷᠠᠭᠠᠰᠤ ᠪᠡᠷ ᠴᠢᠳᠠᠮᠠᠭᠠᠶ ᠭᠡᠷᠡᠭᠯᠡᠵᠦ᠂ ᠥᠩᠭᠡ ᠪᠤᠳᠤᠭ ᠤ᠋ᠨ ᠲᠠᠯ᠎ᠠ ᠳ᠋ᠥ ᠡᠭᠡ ᠪᠠᠢᠭᠠᠯᠢ ᠲᠡᠢ ᠪᠠᠨ ᠤᠶᠠᠯᠳᠤᠭᠰᠠᠨ ᠵᠢᠡᠷ ᠡᠲᠦᠷ ᠲᠤᠲᠤᠮ ᠤ᠋ᠨ ᠠᠮᠢᠲᠤᠷᠠᠯ ᠲᠤᠮᠲᠠ ᠴᠢᠮᠡᠭ ᠵᠠᠰᠠᠯ ᠪᠤᠯᠭᠠᠨ ᠡᠳ᠋ᠯᠡᠬᠦ ᠳ᠋ᠥ ᠲᠤᠢᠯ ᠤ᠋ᠨ ᠲᠤᠯᠠᠭᠠᠨ ᠲᠤᠲᠤᠨᠤ ᠰᠠᠨᠠᠭᠲᠠᠲᠠᠭ᠃ ᠤᠷᠠᠳ ᠬᠠᠳᠬᠤᠮᠠᠯ ᠤ᠋ᠨ ᠲᠤᠪᠤᠢᠭᠰᠠᠨ ᠤᠨᠴᠠᠯᠢᠭ᠋ ᠨᠢ ᠤᠲᠠᠰᠤ ᠨᠡᠢᠳᠭᠡᠵᠦ ᠬᠠᠳᠬᠤᠬᠤ ᠳ᠋ᠥ ᠪᠤᠢ᠂ ᠭᠠᠷ ᠵᠢᠡᠷ ᠨᠡᠢᠳᠭᠡᠭᠰᠡᠨ ᠤᠲᠠᠰᠤ ᠨᠢ ᠴᠢᠩᠭ᠎ᠠ ᠡᠷᠴᠢ ᠲᠡᠢ᠂ ᠨᠠᠷᠢᠯᠢᠭ᠋ ᠪᠠᠢᠵᠤ᠂ ᠰᠠᠮᠨᠠᠵᠤ ᠭᠠᠷᠤᠭᠰᠠᠨ ᠤᠲᠠᠰᠤᠨ ᠤ᠋ ᠵᠦᠢ ᠨᠢ ᠲᠤᠲᠤᠷᠬᠠᠢ᠂ ᠪᠡᠶᠡᠲᠦ ᠴᠢᠨᠠᠷ ᠨᠢ ᠲᠤᠲᠤ ᠠᠮᠢᠲᠤᠯᠢᠭ᠋ ᠪᠠᠢᠲᠠᠭ ᠵᠢᠡᠷ ᠵᠢᠡᠨ ᠪᠤᠰᠤᠳ ᠭᠠᠵᠠᠷ ᠤ᠋ᠨ ᠬᠠᠳᠬᠤᠮᠠᠯ ᠡᠴᠡ ᠢᠯᠭᠠᠭ᠎ᠠ ᠲᠡᠢ ᠪᠠᠢᠲᠠᠭ》 ᠬᠡᠵᠤ ᠨᠠᠷᠠᠡᠭᠭᠤᠸᠠ ᠨᠠᠷᠢᠯᠢᠭ ᠰᠠᠢᠬᠠᠨ ᠲᠠᠨᠢᠯᠴᠠᠭᠤᠯᠤᠭᠰᠠᠨ ᠠᠵᠢ᠃

ᠤᠷᠠᠳ ᠬᠠᠳᠬᠤᠮᠠᠯ
ᠬᠠᠳᠬᠤᠮᠠᠯ ᠤᠷᠠᠯᠠᠬᠤ ᠭᠡᠵᠤ ᠴᠠᠭ ᠱᠠᠭᠠᠷᠳᠠᠬᠤ ᠪᠡᠷ ᠪᠠᠷᠠᠬᠤ ᠦᠭᠡᠢ ᠲᠡᠰᠪᠤᠷᠢ ᠲᠠᠪᠴᠢᠶᠡᠷᠢ ᠬᠡᠷᠡᠭᠰᠡᠳᠡᠭ᠂ ᠨᠡᠩ ᠴᠦ᠍ ᠤᠷᠠᠨ ᠨᠠᠷᠢᠨ ᠰᠡᠳᠬᠢᠮᠵᠢ᠂ ᠬᠢᠨᠠᠭᠤᠷ ᠪᠠᠢᠬᠤ ᠵᠢ ᠡᠷᠬᠢᠮᠯᠡᠲᠡᠭ ᠶᠤᠮ᠃ 2019 ᠤᠨ ᠳ᠋ᠤ ᠨᠠᠷᠠᠩᠭᠤᠸ᠎ᠠ ᠠᠡᠭᠬ᠎ᠠ ᠤᠳᠠᠭ᠎ᠠ ᠪᠡᠶ᠎ᠠ ᠪᠡᠨ ᠳᠠᠭᠠᠭᠠᠵᠤ ᠪᠦᠳᠤᠭᠡᠯ ᠬᠢᠵᠤ ᠂ ᠪᠤᠭᠤᠳᠤ ᠬᠤᠳᠠ ᠳ᠋ᠤ ᠪᠤᠯᠤᠬᠰᠠᠨ ᠡᠮᠡᠭᠳᠠᠢᠴᠤᠳ ᠤ᠋ᠨ ᠭᠠᠷ ᠤᠷᠠᠯᠠᠯ ᠤ᠋ᠨ ᠤᠷᠤᠯᠳᠤᠭᠠᠨ ᠳ᠋ᠤ ᠤᠷᠤᠯᠴᠠᠭᠠᠳ ᠰᠢᠯᠢᠳᠡᠭ ᠬᠢᠷᠢ ᠪᠦᠳᠤᠮᠵᠢ ᠤᠯᠵᠤ ᠶᠡᠭᠡ ᠯᠡ ᠵᠤᠷᠢᠬᠵᠢᠵᠠᠢ᠃ ᠬᠡᠪᠡᠴᠦ ᠲᠡᠷᠡ ᠡᠨᠡ ᠬᠦ᠌ ᠠᠮᠵᠢᠯᠳᠠ ᠪᠦᠳᠤᠮᠵᠢ ᠳ᠋ᠡᠭᠡᠨ ᠰᠡᠳᠬᠢᠯ ᠬᠠᠨᠤᠵᠤ ᠰᠠᠭᠤᠬᠰᠠᠨ ᠦᠬᠡᠢ ᠬᠠᠷᠢᠨ ᠦᠷᠭᠦᠯᠵᠢᠯᠡᠨ ᠮᠡᠷᠭᠡᠵᠢᠯ ᠶ᠋ᠢᠡᠨ ᠳᠡᠭᠡᠭᠰᠢᠯᠡᠭᠦᠯᠬᠦ ᠵᠢ ᠪᠤᠳᠤᠵᠤ᠂ ᠰᠧᠴᠤᠸᠠᠨ᠂ ᠱᠧᠨᠵᠧᠨ᠂ ᠬᠥᠬᠡᠬᠣᠲᠠ ᠵᠡᠷᠭᠡ ᠤᠯᠠᠨ ᠭᠠᠵᠠᠷ ᠵᠢᠡᠷ ᠶᠠᠪᠤᠵᠤ ᠡᠯ᠎ᠡ ᠲᠦᠷᠦᠯ ᠦ᠋ᠨ ᠬᠠᠳᠬᠤᠮᠠᠯ ᠤ᠋ᠨ ᠪᠣᠯᠪᠠᠰᠤᠷᠠᠯ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠤᠯᠠᠮᠵᠢᠯᠠᠭᠴᠢ ᠵᠢᠨ ᠰᠤᠳᠤᠯᠤᠨ ᠰᠤᠷᠤᠯᠴᠠᠬᠤ ᠪᠣᠯᠪᠠᠰᠤᠷᠠᠯ ᠵᠡᠷᠭᠡ ᠳ᠋ᠤ ᠢᠲᠡᠪᠬᠢᠲᠡᠢ ᠤᠷᠤᠯᠴᠠᠨ᠂ ᠡᠯ᠎ᠡ ᠭᠠᠵᠠᠷ ᠤ᠋ᠨ ᠬᠠᠳᠬᠤᠮᠠᠯ ᠤᠷᠠᠯᠢᠭ ᠤ᠋ᠨ ᠤᠨᠴᠠᠯᠢᠭ ᠰᠢᠨᠵᠢ ᠶ᠋ᠢ ᠠᠡᠭᠬᠠᠷᠴᠤ᠂ ᠰᠢᠨ᠎ᠡ ᠠᠷᠭ᠎ᠠ ᠶ᠋ᠢ ᠰᠤᠷᠤᠯᠴᠠᠨ᠂ ᠬᠠᠷᠠᠭ᠎ᠠ ᠪᠠᠨ ᠲᠡᠯᠡᠵᠦ᠂ ᠤᠷ᠎ᠠ ᠮᠡᠷᠭᠡᠵᠢᠯ ᠵᠢᠡᠨ ᠲᠡᠭᠡᠭᠰᠢᠯᠡᠬᠦᠯᠦᠭᠰᠡᠨ ᠪᠠᠢᠨ᠎ᠠ᠃
2021 ᠣᠨ ᠤ᠋ 3 ᠰᠠᠷ᠎ᠠ ᠳ᠋ᠤ᠂ ᠨᠠᠷᠠᠩᠭᠤᠸ᠎ᠠ ᠨᠤᠳᠤᠭ ᠤᠰᠤ ᠵᠢᠨ ᠵᠢᠡᠨ ᠤᠯᠠᠮᠵᠢᠯᠠᠯᠳᠤ ᠰᠠᠢᠬᠠᠨ ᠦᠪ ᠰᠤᠶᠤᠯ ᠵᠢᠡᠨ ᠤᠯᠠᠮᠵᠢᠯᠠᠨ ᠬᠦᠭᠵᠢᠬᠦᠯᠵᠤ ᠶᠠᠪᠤᠬᠤ ᠵᠢᠨ ᠵᠡᠷᠭᠡ ᠬᠤᠳᠠ ᠤᠷᠤᠬᠰᠠᠨ ᠮᠠᠯᠴᠢᠨ ᠪᠦᠰᠡᠬᠦᠢᠴᠤᠳ ᠤ᠋ᠨ ᠤᠷᠤᠯᠭ᠎ᠠ ᠵᠢ ᠨᠡᠮᠡᠭᠲᠡᠬᠦᠯᠬᠦ ᠵᠢ ᠵᠤᠷᠢᠵᠤ᠂ ᠲᠤᠬᠠᠢᠶᠢᠨ ᠭᠠᠵᠠᠷ ᠤ᠋ᠨ ᠭᠠᠷ ᠤᠷᠠᠯᠠᠯ ᠤ᠋ᠨ ᠳᠤᠷ᠎ᠠ ᠪᠠᠬᠠᠳᠠᠳ ᠵᠢᠴᠢ ᠬᠤᠰᠢᠭᠤᠨ ᠲᠦᠪ ᠲᠸ᠋ ᠬᠡᠤᠭᠡᠳ ᠵᠢᠡᠨ ᠬᠠᠷᠠᠵᠤ ᠰᠠᠭᠤᠭ᠎ᠠ ᠮᠠᠯᠴᠢᠨ ᠪᠦᠰᠡᠬᠦᠢᠴᠤᠳ ᠢ᠋ ᠳᠠᠭᠠᠭᠤᠯᠤᠨ ᠤᠷᠠᠳ ᠤ᠋ᠨ ᠳᠤᠮᠳᠠᠳᠤ ᠬᠣᠰᠢᠭᠤᠨ ᠤ᠋ ᠴᠤᠩᠵᠢ ᠰᠤᠮᠤ ᠵᠢᠨ ᠤᠯᠠᠮᠵᠢᠯᠠᠯᠲᠤ ᠭᠠᠷ ᠤᠷᠠᠯᠠᠯ ᠤ᠋ᠨ ᠠᠵᠤ ᠦᠢᠯᠡᠰ ᠤ᠋ᠨ ᠲᠤᠭᠤᠷᠢᠭ᠋ ᠲᠣ᠌ 《ᠤᠷᠠᠨᠴᠤᠳ》 ᠭᠠᠷ ᠤᠷᠠᠯᠠᠯ ᠤ᠋ᠨ ᠲᠤᠰᠬᠠᠢ ᠬᠤᠷᠰᠢᠶ᠎ᠠ ᠵᠢ ᠪᠠᠢᠭᠤᠯᠪᠠ᠃ ᠲᠡᠬᠦᠨ ᠤ᠋ ᠴᠢᠷᠮᠠᠢᠯᠭ᠎ᠠ ᠪᠡᠷ ᠡᠳᠤᠭᠡ ᠲᠤᠰᠬᠠᠢ ᠬᠤᠷᠰᠢᠶ᠎ᠠ ᠨᠢ ᠺᠤᠮᠫᠠᠨᠢ ᠪᠤᠯᠤᠨ ᠬᠦᠭᠵᠢᠵᠤ᠂ ᠬᠡᠰᠢᠬᠦᠨ ᠨᠢ ᠴᠸ᠋ ᠡᠬᠢᠨ ᠤ᠋ ᠦᠶ᠎ᠠ ᠵᠢᠨ 5 ᠬᠠᠳᠬᠤᠮᠠᠯᠴᠢᠨ ᠡᠴᠡ ᠪᠡᠨ 36 ᠪᠤᠯᠵᠤ ᠦᠷᠭᠡᠵᠢᠪᠠ᠃ ᠲᠡᠳᠡ ᠤᠯᠠᠮᠵᠢᠯᠠᠯᠳᠤ ᠤᠷᠠᠳ ᠬᠠᠳᠬᠤᠮᠠᠯ ᠤ᠋ᠨ ᠱᠠᠬᠠᠢ ᠭᠤᠳᠤᠯ᠂ ᠬᠤᠷᠢᠮ ᠤ᠋ᠨ ᠲᠡᠷᠯᠢᠭ ᠵᠡᠷᠭᠡ ᠤᠶᠤᠳᠠᠯ ᠤ᠋ᠨ ᠠᠵᠢᠯ ᠢ᠋ ᠬᠦᠯᠢᠶᠡᠨ ᠠᠪᠴᠤ ᠬᠢᠬᠦ ᠡᠴᠡ ᠭᠠᠳᠠᠨ᠎ᠠ ᠪᠠᠰᠠ ᠤᠷᠠᠳ ᠬᠠᠳᠬᠤᠮᠠᠯ ᠪᠣᠯᠣᠨ ᠠᠷᠠᠰᠤ᠂ ᠢᠰᠡᠭᠡᠢ᠂ ᠮᠥᠩᠭᠥ ᠵᠡᠷᠭᠡ ᠲᠠᠢ ᠠᠭᠤᠰᠤᠯᠴᠠᠭᠤᠯᠤᠨ ᠰᠢᠨ᠎ᠡ ᠮᠠᠶᠢᠭ᠋ ᠤ᠋ᠨ ᠵᠠᠰᠠᠯ ᠴᠢᠮᠡᠭᠯᠡᠯ᠂ ᠡᠳᠦᠷ ᠳᠤᠳᠤᠮ ᠤ᠋ᠨ ᠡᠳ᠋ᠯᠡᠯ ᠬᠡᠷᠡᠭᠰᠡᠯ᠂ ᠬᠤᠷᠢᠮ ᠤ᠋ᠨ ᠵᠠᠰᠠᠯ ᠵᠢᠮᠰᠡᠭ᠂ ᠭᠠᠷ ᠨᠡᠬᠡᠮᠡᠯ ᠵᠡᠷᠭᠡ ᠭᠠᠷ ᠤᠷᠠᠯᠠᠯ ᠤ᠋ᠨ ᠡᠳ᠋ ᠢ᠋ ᠤᠷᠠᠯᠠᠨ ᠦᠢᠯᠡᠳᠴᠦ᠂ ᠪᠦᠲᠦᠭᠡᠭᠳᠡᠬᠦᠨ ᠨᠢ ᠥᠩᠭᠡ ᠪᠤᠳᠤᠭ ᠢᠯᠭᠤᠮ ᠲᠤᠳᠤ᠂ ᠵᠢᠷᠤᠭ ᠤ᠋ᠨ ᠪᠦᠲᠦᠴᠡ ᠨᠠᠷᠢᠯᠢᠭ᠋ ᠰᠠᠢᠬᠠᠨ᠂ ᠦᠨᠳᠦᠰᠦᠲᠡᠨ ᠤ᠋ ᠣᠨᠴᠠᠯᠢᠭ᠋ ᠲᠠᠢ ᠪᠥᠭᠡᠳ ᠴᠠᠭ ᠦᠶ᠎ᠡ ᠶ᠋ᠢᠨ ᠬᠡᠪ ᠨᠠᠮᠪᠠ ᠲᠠᠢ ᠪᠠᠢᠯ᠎ᠠ᠃ ᠡᠭᠦᠨ ᠳ᠋ᠤ ᠤᠷᠠᠳ ᠬᠠᠳᠬᠤᠮᠠᠯ ᠪᠠ ᠭᠠᠷ ᠤᠷᠠᠯᠠᠯ ᠤ᠋ᠨ ᠮᠥᠩᠭᠥᠨ ᠵᠢᠮᠰᠡᠭ ᠢ᠋ ᠲᠡᠭᠦᠰ ᠰᠠᠢᠬᠠᠨ ᠤᠶᠠᠯᠳᠤᠭᠤᠯᠤᠭᠰᠠᠨ ᠡᠷᠪᠡᠬᠡᠢ ᠵᠢᠨ ᠰᠢᠷᠢᠰ ᠪᠦᠲᠦᠭᠡᠯ᠂ ᠥᠯᠵᠡᠢᠲᠦ ᠲᠤᠭᠤᠷ ᠤ᠋ᠨ ᠰᠢᠷᠢᠰ ᠵᠠᠰᠠᠯ ᠵᠢᠮᠰᠡᠭ ᠨᠢ ᠤᠷᠤᠨ ᠤ᠋ ᠲᠤᠳᠤᠨ᠎ᠠ ᠭᠠᠳᠠᠨᠠᠬᠢ ᠭᠡᠷᠡᠭᠯᠡᠭᠴᠢᠳ ᠲᠣ᠌ ᠲᠠᠭᠠᠰᠢᠶᠠᠭᠲᠠᠵᠤ᠂ ᠢᠯᠠᠩᠭᠤᠶ᠎ᠠ ᠭᠠᠷ ᠤᠷᠠᠯᠠᠯ ᠤ᠋ᠨ ᠨᠡᠬᠡᠮᠡᠯ ᠤ᠋ᠨ ᠪᠠᠭᠤᠪᠴᠢ ᠨᠢ ᠶᠠᠫᠤᠨ ᠤᠯᠤᠰ ᠤ᠋ᠨ ᠬᠡᠷᠡᠭᠯᠡᠭᠴᠢᠳ ᠤ᠋ᠨ ᠬᠦᠷᠢᠶᠡᠯᠡᠯ ᠢ᠋ ᠣᠯᠵᠤ᠂ ᠶᠠᠫᠤᠨ ᠳ᠋ᠡᠬᠢ ᠪᠣᠷᠣᠯᠠᠭᠤᠯᠭ᠎ᠠ ᠶ᠋ᠢᠨ ᠬᠡᠮᠵᠢᠶ᠎ᠡ ᠨᠢ ᠨᠢᠭᠡᠨᠲᠡ 10 ᠲᠦᠮᠡᠨ ᠲᠥᠭᠥᠷᠢᠭ ᠢ᠋ ᠲᠠᠪᠠᠪᠠ᠃

《ᠨᠡᠢᠭᠡᠮ ᠬᠦᠭᠵᠢᠵᠦ᠂ ᠬᠦᠮᠦᠰ ᠤ᠋ᠨ ᠱᠠᠭᠠᠷᠲᠠᠯᠭ᠎ᠠ ᠴᠦ᠍ ᠴᠠᠭ ᠤ᠋ᠨ ᠦᠩᠭᠡ ᠵᠢ ᠲᠠᠭᠠᠵᠤ ᠬᠤᠪᠢᠷᠠᠳᠠᠭ ᠪᠤᠯᠬᠤᠷ ᠬᠠᠳᠬᠤᠮᠠᠯᠴᠢᠨ ᠪᠢᠳᠡᠨ ᠴᠦ᠍ ᠰᠢᠨ᠎ᠠ ᠰᠡᠪᠡᠬᠦᠨ ᠵᠦᠢᠯᠡᠰ ᠢ᠋ ᠴᠠᠭ ᠲᠤᠬᠠᠢ ᠳ᠋ᠤᠨᠢ ᠪᠦᠲᠦᠬᠡᠯᠴᠢ ᠪᠡᠷ ᠰᠢᠩᠭᠡᠭᠡᠨ ᠠᠪᠴᠤ ᠰᠢᠨ᠎ᠠ ᠵᠢ ᠡᠬᠦᠳᠬᠦ ᠴᠢᠬᠤᠯᠠᠳᠠᠢ᠃ 2022 ᠤᠨ ᠤ᠋ ᠦᠶᠡᠰ ᠪᠢᠳᠡ ᠤᠷᠠᠳ ᠬᠠᠳᠬᠤᠮᠠᠯ ᠤ᠋ᠨ ᠪᠤᠷᠤ ᠮᠠᠲ᠋ᠸᠷᠢᠶᠠᠯ ᠤ᠋ᠨ ᠬᠠᠢᠷᠴᠠᠭ ᠢ᠋ ᠵᠠᠬ᠎ᠠ ᠲᠡᠯᠭᠡᠬᠦᠷ ᠲᠸ᠋ ᠭᠠᠷᠭᠠᠬᠰᠠᠨ ᠳ᠋ᠤ ᠮᠠᠰᠢ ᠤᠯᠠᠨ ᠵᠠᠯᠠᠭᠤ ᠬᠡᠷᠡᠭᠯᠡᠭᠴᠢᠳ ᠤ᠋ᠨ ᠬᠦᠷᠢᠶᠠᠯᠡᠯ ᠳ᠋ᠤ ᠬᠦᠷᠴᠠᠢ᠃ ᠶᠠᠭᠠᠬᠢᠭᠠᠳ ᠬᠡᠪᠡᠯ᠂ ᠡᠨᠡ ᠪᠤᠷᠤ ᠮᠠᠲᠸᠷᠢᠶᠠᠯ ᠤ᠋ᠨ ᠬᠠᠢᠷᠴᠠᠭ ᠲᠤ᠌ ᠬᠠᠳᠬᠤᠮᠠᠯ ᠬᠢᠬᠦ ᠠᠯᠬᠤᠮ ᠲᠠᠷᠠᠭ᠎ᠠ ᠵᠢᠴᠢ ᠬᠡᠷᠡᠭᠰᠡᠬᠦ ᠪᠦᠰ ᠪᠠ ᠵᠡᠬᠦᠤ ᠤᠳᠠᠰᠤ ᠵᠡᠷᠭᠡ ᠵᠤᠢᠯ ᠢ᠋ ᠪᠦᠷᠢᠨ ᠪᠡᠯᠡᠳᠭᠡᠵᠤ ᠦᠭᠬᠦᠭᠰᠡᠨ ᠡᠴᠡ ᠬᠡᠷᠡᠭᠯᠡᠭᠴᠢᠳ ᠢ᠋ ᠤᠬᠤᠷᠬᠠᠨ ᠴᠠᠭ ᠤ᠋ᠨ ᠲᠤᠳᠤᠷ᠎ᠠ ᠪᠡᠶ᠎ᠠ ᠪᠡᠨ ᠲᠠᠭᠠᠭᠠᠨ ᠬᠠᠳᠬᠤᠮᠠᠯ ᠤᠷᠠᠯᠠᠵᠤ ᠴᠢᠳᠠᠬᠤ ᠳ᠋ᠤ ᠬᠦᠷᠭᠡᠪᠡ᠃ ᠡᠨᠡ ᠨᠢ ᠵᠠᠯᠠᠭᠤ ᠨᠢᠭᠡ ᠦᠶ᠎ᠠ ᠵᠢᠨ ᠬᠢᠨ ᠳ᠋ᠤ ᠶᠡᠭᠡ ᠵᠤᠷᠢᠬᠵᠢᠭᠤᠯᠤᠯ ᠪᠤᠯᠵᠤ᠂ 〈ᠪᠤᠳᠠᠰ ᠤ᠋ᠨ ᠪᠤᠰᠤ ᠰᠤᠶᠤᠯ ᠤ᠋ᠨ ᠦᠪ ᠬᠡᠳᠡᠭ ᠴᠢᠨᠢ ᠲᠡᠢᠮᠤ ᠬᠦᠴᠢᠷ ᠪᠢᠰᠢ ᠶᠤᠮ ᠪᠠᠢᠨ᠎ᠠ〉 ᠬᠡᠳᠡᠭ ᠲᠦᠷᠦᠭᠳᠡᠯ ᠦᠭᠳᠡᠭ᠃ ᠡᠢᠮᠤ ᠡᠴᠡ ᠮᠢᠨᠤ ᠵᠠᠯᠠᠭᠤ ᠱᠠᠪᠢ ᠨᠠᠷ ᠤᠯᠠᠨ ᠪᠤᠢ》 ᠬᠡᠵᠤ ᠨᠠᠷᠠᠡᠭᠭᠤᠸᠠ ᠤᠷᠮᠠᠳᠠᠢ ᠶᠠᠷᠢᠵᠤ ᠪᠠᠢᠯ᠎ᠠ᠃
ᠡᠨᠡ ᠵᠢᠯ ᠤ᠋ᠨ 5 ᠰᠠᠷ᠎ᠠ ᠳ᠋ᠤ᠂ ᠲᠡᠷᠡ ᠪᠡᠷ ᠰᠤᠷᠭᠠᠨ ᠬᠥᠮᠦᠵᠢᠯ ᠤ᠋ᠨ ᠶᠠᠮᠤᠨ ᠤ᠋ ᠳᠤᠮᠳᠠᠳᠤ ᠭᠠᠳᠠᠭᠠᠳᠤ ᠶ᠋ᠢᠨ ᠬᠡᠯᠡᠨ ᠤ᠋ ᠰᠣᠯᠢᠯᠴᠠᠭ᠎ᠠ ᠬᠠᠮᠲᠤᠷᠠᠯᠴᠠᠭᠠᠨ ᠤ᠋ ᠲᠥᠪ ᠡᠴᠡ ᠭᠣᠣᠯᠯᠠᠨ ᠡᠷᠬᠢᠯᠡᠭᠰᠡᠨ 《ᠪᠣᠳᠠᠰ ᠤ᠋ᠨ ᠪᠤᠰᠤ ᠰᠣᠶᠣᠯ ᠤ᠋ᠨ ᠥᠪ · ᠬᠠᠳᠬᠤᠮᠠᠯ ᠤᠷᠠᠯᠢᠭ ᠤ᠋ᠨ ᠭᠠᠢᠬᠠᠮᠰᠢᠭ》 — ᠳᠤᠮᠳᠠᠳᠤ ᠤᠯᠤᠰ ᠤ᠋ᠨ ᠬᠠᠳᠬᠤᠮᠠᠯ ᠤᠷᠠᠯᠢᠭ ᠤ᠋ᠨ ᠭᠠᠳᠠᠭᠠᠳᠤ ᠳ᠋ᠡᠬᠢ ᠲᠣᠭᠣᠷᠢᠨ ᠦᠵᠡᠭᠦᠯᠭᠡ ᠵᠢᠨ ᠪᠦᠯᠬᠦᠮ ᠢ᠋ ᠲᠠᠭᠠᠵᠤ ᠮᠧᠺᠰᠢᠺᠣᠶᠢᠨ ᠭᠤᠷᠪᠠᠨ ᠬᠣᠲᠠ ᠳ᠋ᠤ ᠬᠦᠷᠴᠤ᠂ ᠭᠠᠳᠠᠭᠠᠳᠤ ᠵᠢᠨ ᠬᠦᠮᠤᠰ ᠲᠸ᠋ ᠤᠷᠠᠳ ᠬᠠᠳᠬᠤᠮᠠᠯ ᠤ᠋ᠨ ᠵᠢᠡᠨ ᠰᠤᠶᠤᠯ ᠤᠷᠠᠯᠢᠭ ᠢ᠋ ᠲᠠᠨᠢᠯᠴᠠᠭᠤᠯᠤᠭᠰᠠᠨ ᠠᠵᠢ᠃ ᠲᠤᠰ ᠤᠳᠠᠭ᠎ᠠ ᠶ᠋ᠢᠨ ᠦᠵᠡᠬᠦᠯᠭᠡ ᠳ᠋ᠤ ᠪᠦᠬᠦ ᠤᠯᠤᠰ ᠤ᠋ᠨ ᠬᠡᠪᠴᠢᠶ᠎ᠠ ᠡᠴᠡ ᠬᠠᠳᠬᠤᠮᠠᠯ ᠤ᠋ᠨ ᠬᠦᠷᠢᠶᠡᠨ ᠤ᠋ ᠭᠤᠷᠪᠠᠬᠠᠨ ᠰᠢᠯᠢᠳᠡᠭ ᠭᠠᠷ ᠤᠷᠠᠯᠢᠬᠴᠢᠨ ᠢ᠋ ᠰᠤᠡᠭᠭᠤᠨ ᠤᠷᠤᠯᠴᠠᠭᠤᠯᠤᠬᠰᠠᠨ ᠡᠴᠡ ᠨᠢᠭᠡ ᠨᠢ ᠲᠠᠷᠤᠢ ᠨᠠᠷᠠᠡᠭᠭᠤᠸᠠ ᠪᠤᠯᠤᠨ᠎ᠠ᠃ ᠲᠡᠷᠡ ᠪᠡᠷ ᠲᠤᠰ ᠦᠵᠡᠬᠦᠯᠭᠡ ᠳ᠋ᠤ 《ᠪᠡᠯᠭᠡᠳᠤ ᠯᠤᠤ ᠲᠡᠬᠦᠯᠢᠨ ᠨᠢᠰᠴᠤ ᠦᠯᠵᠡᠢᠳᠤ ᠡᠳᠤᠷ ᠢ᠋ ᠪᠠᠶᠠᠷᠯᠠᠨ ᠪᠡᠯᠭᠡᠯᠡᠨ᠎ᠠ》 ᠬᠡᠮᠡᠬᠦ ᠤᠷᠠᠳᠬᠠᠳᠬᠤᠮᠠᠯ ᠤ᠋ᠨ ᠪᠦᠲᠦᠭᠡᠯ ᠵᠢᠡᠨ ᠠᠪᠠᠴᠢᠵᠤ᠂ ᠲᠤᠬᠠᠢ ᠵᠢᠨ ᠲᠠᠯᠠᠪᠠᠢ ᠳ᠋ᠤ ᠲᠡᠯᠭᠡᠨ ᠦᠵᠡᠬᠦᠯᠦᠭᠰᠡᠨ ᠵᠢᠡᠷ ᠪᠠᠷᠠᠬᠤ ᠦᠬᠡᠢ ᠪᠠᠰᠠ ᠮᠧᠺᠰᠢᠺᠣᠶᠢᠨ ᠺᠦᠩᠽᠢᠶᠢᠨ ᠳᠡᠭᠡᠳᠦ ᠰᠤᠷᠭᠠᠭᠤᠯᠢ ᠵᠢᠨ ᠪᠠᠬᠰᠢ ᠰᠤᠷᠤᠬᠴᠢᠳ ᠲᠸ᠋ ᠤᠷᠠᠳ ᠬᠠᠳᠬᠤᠮᠠᠯ ᠤ᠋ᠨ ᠲᠤᠬᠠᠢ ᠲᠠᠢᠯᠤᠮᠵᠢ ᠬᠢᠵᠤ᠂ ᠬᠠᠷᠢ ᠤᠯᠤᠰ ᠤ᠋ᠨ ᠦᠷᠭᠡᠨ ᠤᠯᠠᠨ ᠪᠠᠬᠰᠢ ᠨᠡᠷ ᠵᠢᠴᠢ ᠤᠷᠠᠯᠢᠭ ᠤ᠋ᠨ ᠪᠠᠬᠠᠳᠠᠳ ᠤ᠋ᠨ ᠮᠠᠭᠳᠠᠭᠠᠯ ᠰᠠᠢᠰᠢᠶᠠᠯ ᠢ᠋ ᠬᠦᠷᠳᠡᠵᠠᠢ᠃

ᠡᠨᠡ ᠨᠢ ᠲᠡᠭᠦᠨ ᠤ᠋ ᠠᠩᠬ᠎ᠠ ᠤᠳᠠᠭ᠎ᠠ ᠭᠠᠳᠠᠭᠠᠳᠤ ᠳ᠋ᠤ ᠭᠠᠷᠴᠤ᠌ ᠦᠵᠡᠭᠦᠯᠭᠡ ᠳ᠋ᠤ ᠣᠷᠣᠯᠴᠠᠵᠤ ᠪᠠᠢᠭ᠎ᠠ ᠶᠠᠪᠤᠳᠠᠯ ᠪᠢᠰᠢ ᠂ 2023 ᠣᠨ ᠳ᠋ᠤ ᠲᠡᠷᠡ ᠪᠠᠰᠠ 《ᠤᠷᠠᠯᠢᠭ ᠤ᠋ᠨ ᠡᠭᠡᠰᠢᠭᠲᠦ᠍ ᠤᠷᠠᠳ》 ᠬᠡᠬᠦ ᠰᠢᠷᠢᠰ ᠪᠦᠲᠦᠭᠡᠯ ᠵᠢᠡᠨ ᠠᠪᠴᠤ ᠰᠸᠧᠳᠧᠨ᠂ ᠯᠠᠲ᠋ᠸᠢᠶ᠎ᠠ ᠵᠢᠨ ᠰᠤᠶᠤᠯ ᠤ᠋ᠨ ᠰᠤᠯᠢᠯᠴᠠᠭᠠᠨ ᠳ᠋ᠤ ᠣᠴᠢᠵᠤ ᠪᠠᠢᠬᠰᠠᠨ ᠪᠦᠭᠡᠳ 2024 ᠣᠨ ᠳ᠋ᠤ ᠠᠮᠧᠷᠢᠺᠠ ᠂ ᠪᠷᠠᠽᠢᠯ ᠵᠡᠷᠭᠡ ᠤᠯᠤᠰ ᠵᠢᠡᠷ ᠶᠠᠪᠤᠭᠰᠠᠨ ᠶᠤᠮ᠃
《ᠪᠢ ᠤᠷᠢᠳ ᠬᠤᠵᠢᠳ 13 ᠤᠯᠤᠰ ᠤ᠋ᠨ ᠰᠣᠶᠣᠯ ᠤ᠋ᠨ ᠰᠣᠯᠢᠯᠴᠠᠭᠠᠨ ᠤ᠋ ᠠᠵᠢᠯᠯᠠᠭ᠎ᠠ ᠳ᠋ᠤ ᠣᠷᠣᠯᠴᠠᠵᠤ᠂ ᠪᠠᠰᠠ ᠳᠣᠯᠣᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠤᠯᠠᠨ ᠤᠯᠤᠰ ᠤ᠋ᠨ ᠭᠠᠳᠠᠭᠠᠳᠤ ᠣᠷᠣᠭᠤᠯᠤᠯᠲᠠ ᠶ᠋ᠢᠨ ᠦᠵᠡᠰᠬᠦᠯᠡᠩᠳᠦ ᠣᠷᠣᠯᠴᠠᠨ᠂ ᠤᠷᠠᠳ ᠬᠠᠳᠬᠤᠮᠠᠯ ᠤ᠋ᠨ ᠪᠦᠳᠤᠭᠡᠯ ᠮᠢᠨᠢ 〈ᠨᠢᠭᠡ ᠪᠦᠰᠡ ᠨᠢᠭᠡ ᠵᠠᠮ〉 ᠤ᠋ᠨ ᠤᠯᠤᠰ ᠤ᠋ᠳ ᠤ᠋ᠨ ᠬᠤᠳᠠᠯᠳᠤᠭᠠᠴᠢᠳ ᠤ᠋ᠨ ᠠᠩᠬᠠᠷᠤᠯᠳ᠋ᠤ ᠬᠦᠷᠴᠠᠢ》 ᠬᠡᠵᠤ ᠨᠠᠷᠠᠡᠭᠭᠤᠸᠠ ᠬᠡᠯᠡᠨ᠎ᠠ᠃
《ᠵᠤᠷᠢᠬᠰᠠᠨ ᠵᠠᠮ ᠵᠦᠪ ᠪᠤᠯ ᠵᠢᠳᠬᠦᠭᠰᠡᠨ ᠦᠢᠯᠡᠰ ᠰᠠᠷᠠᠭᠤᠯᠬᠠᠨ》 ᠭᠡᠳᠡᠭᠴᠢᠯᠡᠨ᠂ ᠨᠠᠷᠠᠩᠭᠤᠸ᠎ᠠ ᠡᠳᠦᠬᠡ ᠦᠪᠦᠷ ᠮᠤᠩᠭᠤᠯ ᠤ᠋ᠨ 《ᠤᠷᠠᠠᠴᠤᠳ》 ᠰᠤᠶᠤᠯ ᠤ᠋ᠨ ᠠᠵᠤ ᠦᠢᠯᠡᠰ ᠤ᠋ᠨ ᠬᠢᠵᠠᠭᠠᠷᠲᠤ ᠺᠤᠮᠫᠠᠨᠢ ᠪᠡᠨ ᠦᠡᠭᠭᠡ ᠲᠠᠢ ᠦᠭᠡᠳᠡ ᠲᠠᠢ ᠠᠪᠴᠤ ᠶᠠᠪᠤᠵᠤ ᠪᠠᠢᠬᠤ ᠪᠡᠷ ᠪᠠᠷᠠᠬᠤ ᠦᠭᠡᠢ ᠪᠠᠰᠠ ᠳᠤᠮᠳᠠᠳᠤ ᠤᠯᠤᠰ ᠤ᠋ᠨ ᠭᠠᠷ ᠤᠷᠠᠯᠠᠯ ᠤ᠋ᠨ ᠡᠷᠳᠡᠮ ᠰᠢᠨᠵᠢᠯᠡᠭᠡᠨ ᠤ᠋ ᠨᠡᠢᠭᠡᠮᠯᠢᠭ ᠦ᠋ᠨ ᠬᠠᠳᠬᠤᠮᠠᠯ ᠤ᠋ᠨ ᠤᠷᠠᠯᠢᠭ᠋ ᠤ᠋ᠨ ᠲᠤᠰᠬᠠᠢ ᠵᠥᠪᠯᠡᠯ ᠦ᠋ᠨ ᠭᠡᠰᠢᠭᠦᠨ᠂ ᠪᠠᠶᠠᠨᠨᠠᠭᠤᠷ ᠬᠤᠳᠠ ᠶ᠋ᠢᠨ ᠪᠣᠳᠠᠰ ᠤ᠋ᠨ ᠪᠤᠰᠤ ᠰᠤᠶᠤᠯ ᠤ᠋ᠨ ᠥᠪ ᠤ᠋ᠨ ᠲᠦᠷᠦᠯ ᠵᠦᠢᠯ ᠦ᠋ᠨ ᠤᠷᠠᠳ ᠬᠠᠳᠬᠤᠮᠠᠯ ᠤ᠋ᠨ ᠤᠯᠠᠮᠵᠢᠯᠠᠭ᠍ᠴᠢ ᠵᠡᠷᠭᠡ ᠤᠯᠠᠨ ᠲᠠᠯ᠎ᠠ ᠶ᠋ᠢᠨ ᠨᠡᠢᠭᠡᠮ ᠤ᠋ᠨ ᠲᠤᠰᠢᠶᠠᠯ ᠢ᠋ ᠡᠬᠦᠷᠬᠡᠯᠡᠵᠦ ᠪᠠᠢᠨ᠎ᠠ᠃ ᠡᠨᠡ ᠬᠡᠳᠦᠨ ᠵᠢᠯ ᠨᠠᠷᠠᠩᠭᠤᠸ᠎ᠠ ᠤᠷᠠᠳ ᠬᠠᠳᠬᠤᠮᠠᠯ ᠤ᠋ᠨ ᠪᠦᠲᠦᠭᠡᠯ ᠵᠢᠡᠷ ᠵᠢᠡᠨ ᠪᠦᠬᠦ ᠤᠯᠤᠰ ᠤ᠋ᠨ ᠭᠠᠷ ᠤᠷᠠᠯᠠᠯ ᠤ᠋ᠨ ᠲᠤᠬᠠᠢ ᠡᠯ᠎ᠡ ᠲᠦᠷᠦᠯ ᠦ᠋ᠨ ᠤᠷᠤᠯᠳᠤᠭᠠᠨ ᠳ᠋ᠤ ᠤᠷᠤᠯᠴᠠᠵᠤ ᠤᠯᠠᠨ ᠱᠠᠩᠨᠠᠯ ᠬᠦᠷᠲᠡᠵᠡᠢ᠃ 2020 ᠣᠨ ᠤ᠋ ᠠᠩᠬᠠᠳᠤᠭᠠᠷ ᠬᠤᠭᠤᠴᠠᠭᠠᠨ ᠤ᠋ ᠪᠥᠬᠥ ᠤᠯᠤᠰ ᠤ᠋ᠨ ᠭᠠᠷ ᠤᠷᠠᠯᠠᠯ ᠤ᠋ᠨ ᠤᠷᠤᠯᠳᠤᠭᠠᠨ ᠳ᠋ᠤ 《ᠰᠤᠲᠤᠨ ᠤᠷᠠᠨ ᠪᠦᠲᠦᠭᠡᠯ ᠤ᠋ᠨ ᠱᠠᠩᠨᠠᠯ》 ᠬᠦᠷᠲᠡᠵᠦ᠂ 2021 ᠣᠨ ᠤ᠋ 7 ᠰᠠᠷ᠎ᠠ ᠳ᠋ᠤ ᠬᠣᠶᠠᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠡᠮᠡᠭᠲᠡᠢᠴᠦᠳ ᠦ᠋ᠨ ᠭᠠᠷ ᠤᠷᠠᠯᠠᠯ ᠤ᠋ᠨ ᠰᠢᠨ᠎ᠡ ᠵᠢ ᠡᠭᠦᠳᠬᠦ ᠦᠢᠯᠡᠰ ᠪᠤᠰᠬᠠᠬᠤ ᠤᠷᠤᠯᠳᠤᠭᠠᠨ ᠳ᠋ᠤ ᠤᠯᠠᠮᠵᠢᠯᠠᠭᠴᠢ ᠵᠢᠨ ᠱᠠᠩᠨᠠᠯ ᠵᠢᠴᠢ ᠰᠢᠯᠢᠳᠡᠭ ᠱᠠᠩᠨᠠᠯ ᠭᠥᠷᠳᠡᠭᠰᠡᠨ ᠪᠥᠭᠡᠳ ᠪᠥᠬᠥ ᠤᠯᠤᠰ ᠤ᠋ᠨ ᠵᠠᠭᠤᠨ ᠬᠦᠴᠦᠷᠬᠡᠭ ᠤ᠋ᠨ ᠨᠡᠮᠡᠯᠲᠡ ᠤᠷᠤᠯᠳᠤᠭᠠᠨ ᠳ᠋ᠤ ᠣᠷᠤᠯᠴᠠᠬᠤ ᠬᠢᠷᠢ ᠬᠡᠮ ᠢ᠋ ᠣᠯᠵᠠᠢ; 2023 ᠣᠨ ᠳ᠋ᠤ᠂ ᠲᠡᠭᠦᠨ ᠤ᠋ ᠪᠦᠲᠦᠭᠡᠯ 《ᠪᠠᠳᠠᠷᠠᠨ ᠲᠡᠯᠭᠡᠷᠡᠬᠦ ᠴᠡᠴᠡᠭᠡᠰ》 ᠨᠢ 《ᠦᠨᠳᠦᠰᠦᠲᠡᠨ ᠤ᠋ ᠬᠤᠨᠳᠠᠭᠠᠲᠤ᠌》 ᠳᠤᠮᠳᠠᠳᠤ ᠤᠯᠤᠰ ᠤ᠋ᠨ ᠦᠨᠳᠦᠰᠦᠲᠡᠨ ᠤ᠋ ᠭᠠᠷ ᠤᠷᠠᠯᠠᠯ ᠤ᠋ᠨ ᠣᠨ ᠤ᠋ ᠰᠢᠯᠭᠠᠷᠠᠭᠤᠯᠤᠯᠲᠠ ᠶ᠋ᠢᠨ ᠤᠷᠤᠯᠳᠤᠭᠠᠨ ᠳ᠋ᠤ ᠮᠦᠡᠭᠭᠦᠨ ᠮᠸᠳ᠋ᠠᠯ ᠭᠥᠷᠳᠡᠪᠡ᠃

《ᠤᠷᠠᠳ ᠬᠠᠳᠬᠤᠮᠠᠯ ᠶ᠋ᠢᠡᠨ ᠤᠯᠠᠮ ᠰᠠᠢᠬᠠᠨ ᠲᠡᠯᠭᠡᠷᠡᠬᠦᠯᠦᠨ ᠣᠯᠠᠮᠵᠢᠯᠠᠵᠥ᠂ ᠨᠡᠩ ᠤᠯᠠᠨ ᠬᠥᠮᠥᠨ ᠳ᠋ᠤ ᠳᠠᠨᠢᠭᠤᠯᠵᠥ ᠮᠡᠳᠡᠭᠥᠯᠤᠨᠠ᠃ ᠡᠨᠡ ᠪᠤᠯ ᠮᠢᠨᠤ ᠬᠦᠰᠡᠯ ᠮᠦᠷᠤᠭᠡᠳᠤᠯ᠂ ᠡᠬᠦᠨ ᠤ᠋ ᠪᠠᠨ ᠲᠦᠯᠦᠬᠡ ᠦᠷᠬᠦᠯᠵᠢᠯᠡᠨ ᠴᠢᠷᠮᠠᠢᠵᠤ ᠶᠠᠪᠣᠨ᠎ᠠ》 ᠭᠡᠵᠤ ᠨᠠᠷᠠᠩᠭᠤᠸ᠎ᠠ ᠰᠤᠷᠪᠤᠯᠵᠢᠯᠠᠭᠴᠢ ᠳ᠋ᠤ ᠢᠳᠡᠬᠡᠯ ᠲᠡᠬᠦᠯᠲᠡᠷ ᠬᠡᠯᠡᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃