ᠲᠡᠷᠢᠭᠦᠨ ᠨᠢᠭᠤᠷ>ᠰᠢᠨ᠎ᠡ ᠬᠦᠳᠡᠭᠡ>ᠪᠠᠶᠠᠵᠢᠯ᠎ᠤᠨ ᠵᠣᠷ

2026-11-13 11:34:35

ᠵᠣᠬᠢᠶᠠᠭ᠍ᠴᠢ᠄ ᠰᠡᠴᠡᠩᠭᠤᠸ᠎ᠠ ᠣᠩᠱᠢᠭ᠍ᠰᠠᠨ ᠣᠳᠠᠭ᠎ᠠ᠄ 3

《ᠤᠳᠤ ᠲᠡᠭᠡᠷ᠎ᠡ ᠪᠠᠨ 5 ᠦᠨᠢᠶ᠎ᠡ ᠰᠠᠭᠠᠵᠦ᠍ ᠪᠤᠢ᠂ ᠨᠠᠮᠤᠷ ᠤ᠋ᠨ ᠦᠨᠢᠶᠡᠨ ᠰᠦ ᠦᠳᠭᠡᠨ ᠪᠤᠯᠬᠤᠷ ᠬᠢᠭᠰᠡᠨ ᠬᠤᠷᠤᠳ ᠤᠯᠠᠮ ᠠᠮᠳᠠ ᠲᠠᠢ᠂ ᠤᠯᠠᠨ ᠬᠦᠮᠤᠨ ᠠᠪᠴᠦ ᠪᠠᠢᠨ᠎ᠠ᠃ ᠡᠨᠡ ᠵᠢᠯ ᠤ᠋ᠨ ᠰᠠᠭᠠᠯᠢ ᠶ᠋ᠢᠨ ᠤᠷᠤᠯᠭ᠎ᠠ 10 ᠲᠦᠮᠡᠨ ᠲᠦᠭᠦᠷᠢᠭ ᠢ᠋ ᠲᠠᠪᠠᠴᠢᠬᠠᠨ᠎ᠠ》 ᠭᠡᠵᠦ᠍ ᠪᠠᠶᠠᠨᠴᠠᠭᠠᠨ ᠰᠤᠮᠤ ᠵᠢᠨ ᠤᠤᠪᠤᠯᠠᠭ ᠭᠠᠴᠠᠭᠠᠨ ᠤ᠋ ᠮᠠᠯᠴᠢᠨ ᠰᠡᠷᠭᠦᠯᠡᠩ ᠵᠤᠭᠤᠭ ᠤ᠋ᠨ ᠲᠤᠮᠳᠠ ᠰᠡᠳᠬᠢᠯ ᠬᠠᠩᠬᠤᠯᠤᠭᠤᠨ ᠶᠠᠷᠢᠯ᠎ᠠ᠃



ᠮᠠᠯᠴᠢᠨ ᠨᠠᠷᠠᠨᠭᠡᠷᠡᠯ


ᠲᠠᠷᠠᠭ ᠠᠶ᠋ᠢᠷᠠᠭ ᠤ᠋ᠨ ᠰᠠᠶ᠋ᠢᠬᠠᠨ ᠦᠨᠤᠷ ᠬᠠᠩᠬᠤᠯᠤᠭᠰᠠᠨ ᠲᠠᠩᠰᠤᠭ ᠨᠠᠮᠤᠷ ᠲᠤ᠌᠂ ᠤᠯᠠᠭᠠᠨᠬᠠᠳᠠ ᠬᠤᠳᠠ ᠶ᠋ᠢᠨ ᠬᠡᠰᠢᠭᠳᠡᠨ ᠬᠤᠰᠢᠭᠤᠨ ᠤ᠋ ᠪᠠᠶᠠᠨᠴᠠᠭᠠᠨ ᠰᠤᠮᠤ ᠵᠢᠨ ᠦᠷᠭᠡᠨ ᠠᠭᠤᠳᠠᠮ ᠨᠤᠳᠤᠭ ᠲᠤ᠌ ᠡᠪᠡᠰᠤ ᠮᠤᠳᠤ ᠰᠢᠷᠭᠠᠯᠳᠤᠨ᠂ ᠲᠠᠷᠭᠤ ᠰᠠᠶ᠋ᠢᠳᠠᠢ ᠮᠠᠯ ᠰᠦᠷᠦᠭ ᠳᠠᠪᠠᠳᠠᠢ ᠰᠠᠢᠬᠠᠨ ᠪᠡᠯᠴᠢᠨ᠎ᠠ᠃ ᠠᠰᠬᠠᠳᠤ ᠶ᠋ᠢᠨ ᠴᠢᠯᠠᠭᠤᠨ ᠤᠢ ᠪᠠ ᠬᠤᠩᠭᠤ ᠶ᠋ᠢᠨ ᠲᠠᠪᠠᠭ᠎ᠠ ᠪᠠᠷ ᠵᠢᠭᠤᠯᠴᠢᠯᠠᠭᠰᠠᠳ ᠤ᠋ᠨ ᠲᠡᠷᠭᠡ ᠭᠦᠰᠭᠡ ᠰᠦᠯᠵᠢᠯᠳᠤᠭᠡᠳ᠂ ᠬᠠᠳᠤᠯᠠᠩ ᠤ᠋ᠨ ᠭᠠᠵᠠᠷ ᠲᠤᠮᠤ ᠲᠤᠮᠤ ᠪᠤᠭᠤᠯᠳᠠ ᠲᠠᠢ ᠡᠪᠡᠰᠤ ᠮᠦᠷ ᠮᠦᠷ ᠶ᠋ᠢᠡᠷ ᠵᠢᠭᠳᠡᠷᠡᠨ ᠬᠠᠷᠠᠭᠳᠠᠵᠦ᠍᠂ ᠡᠪᠡᠰᠤ ᠲᠡᠭᠡᠭᠡᠪᠤᠷᠢᠯᠡᠭᠰᠡᠨ ᠮᠠᠰᠢᠨ ᠲᠡᠷᠭᠡ ᠨᠠᠭᠠᠰᠢ ᠴᠠᠭᠠᠰᠢ ᠵᠦᠷᠢᠯᠳᠦᠨ᠎ᠠ᠃ ᠮᠠᠯᠴᠢᠨ ᠠᠶ᠋ᠢᠯ ᠡᠴᠠ ᠰᠦ ᠰᠠᠭᠠᠯᠢ ᠶ᠋ᠢᠨ ᠠᠩᠬᠢᠯᠤᠮ᠎ᠠ ᠦᠨᠤᠷ ᠰᠠᠯᠬᠢᠨ ᠤ᠋ ᠠᠶ᠎ᠠ ᠪᠠᠷ ᠦᠨᠤᠷᠳᠦᠵᠦ᠂ ᠬᠠᠰᠢᠷ ᠮᠠᠯᠴᠢᠳ ᠡᠯᠪᠡᠭ ᠬᠤᠷᠢᠶᠠᠯᠳᠠ ᠶ᠋ᠢᠨ ᠮᠦᠰᠢᠶᠡᠳᠤ ᠲᠤᠳᠤᠷᠠᠭᠤᠯᠤᠨ᠂ ᠡᠪᠡᠰᠤ ᠤᠷᠤᠭᠤᠯᠬᠤ᠂ ᠰᠦ ᠰᠠᠭᠠᠯᠢ ᠬᠢᠬᠦ᠌᠂ ᠵᠢᠭᠤᠯᠴᠢᠯᠠᠭᠰᠠᠳ ᠢ᠋ ᠵᠤᠴᠢᠯᠠᠬᠤ ᠵᠡᠷᠭᠡ ᠠᠵᠢᠯ ᠳ᠋ᠠᠭᠠᠨ ᠪᠠᠶᠠᠷ ᠪᠠᠶᠠᠰᠤᠯ ᠲᠠᠢ ᠶᠠᠭᠠᠷᠠᠯᠳᠤᠨ᠎ᠠ᠃




ᠲᠠᠷᠭᠤ ᠰᠠᠢᠳᠠᠢ ᠦᠭᠡᠷ ᠤ᠋ᠳ


ᠲᠦᠷᠦᠭᠦᠬᠡᠨ ᠰᠤᠷᠪᠤᠯᠵᠢᠯᠠᠭᠴᠢ ᠬᠡᠰᠢᠭᠳᠡᠨ ᠬᠤᠰᠢᠭᠤᠨ ᠤ᠋ ᠭᠠᠯᠳᠠᠰᠤᠳᠠᠢ ᠶ᠋ᠢᠨ ᠬᠠᠯᠠᠭᠤᠨ ᠷᠠᠰᠢᠶᠠᠨ ᠡᠴᠠ ᠠᠰᠬᠠᠳᠤ ᠬᠦᠷᠬᠦ᠌ ᠵᠠᠮ ᠶ᠋ᠢᠡᠷ ᠬᠤᠩᠭᠤ ᠶ᠋ᠢᠨ ᠲᠠᠪᠠᠭᠠᠨ ᠤ᠋ ᠤᠢ ᠰᠢᠭᠤᠢ ᠶ᠋ᠢᠨ ᠦᠩᠭᠡᠳᠤ ᠦᠵᠡᠮᠵᠢ ᠶ᠋ᠢ ᠰᠤᠨᠢᠷᠬᠠᠬᠤ ᠵᠠᠭᠤᠷ᠎ᠠ ᠪᠠᠨ ᠪᠠᠶᠠᠨᠴᠠᠭᠠᠨ ᠰᠤᠮᠤ ᠵᠢᠨ ᠤᠤᠪᠤᠯᠠᠭ ᠭᠠᠴᠠᠭᠠᠨ ᠤ᠋ ᠬᠠᠳᠤᠯᠠᠩ ᠶ᠋ᠢᠡᠷ ᠦᠩᠭᠡᠷᠡᠬᠦ᠌ ᠳ᠋ᠥ᠂ ᠲᠡᠨᠳᠡᠬᠢ ᠬᠦᠳᠡᠯᠮᠤᠷᠢᠴᠢ ᠮᠠᠯᠴᠢᠳ ᠤᠨᠠᠭᠰᠨᠨ ᠮᠠᠯᠠᠭᠠᠢ ᠪᠠᠨ ᠠᠪᠬᠤ ᠵᠠᠪ ᠦᠭᠡᠢ ᠬᠠᠳᠤᠯᠠᠩ ᠤ᠋ᠨ ᠪᠤᠭᠤᠯᠳᠠ ᠲᠠᠢ ᠡᠪᠡᠰᠤ ᠪᠠᠨ ᠲᠡᠭᠡᠭᠡᠵᠦ᠍ ᠪᠠᠶ᠋ᠢᠬᠤ ᠲᠠᠢ ᠬᠠᠷᠭᠤᠯ᠎ᠠ᠃




ᠮᠤᠩᠭᠤᠯ ᠭᠡᠷ ᠤ᠋ᠨ ᠲᠤᠳᠤᠷ᠎ᠠ


《ᠡᠨᠡ ᠵᠢᠯ ᠤ᠋ᠨ ᠵᠤᠨ ᠪᠤᠷᠤᠭᠠᠨ ᠬᠤᠷ᠎ᠠ ᠲᠡᠭᠰᠢ᠂ ᠨᠠᠮᠤᠷ ᠴᠦ᠍ ᠰᠠᠶ᠋ᠢᠬᠠᠨ ᠨᠠᠮᠤᠷ ᠪᠤᠯᠤᠯ᠎ᠠ᠂ ᠡᠪᠡᠰᠤ ᠬᠠᠳᠤᠯᠠᠩ ᠤ᠋ᠨ ᠤᠨᠠᠯᠳᠠ ᠰᠠᠶ᠋ᠢᠨ᠂ ᠬᠤᠷᠢᠶᠠᠯᠳᠠ ᠡᠯᠪᠡᠭ᠂ ᠨᠡᠶ᠋ᠢᠳᠡ 700 ᠰᠢᠬᠠᠮ ᠪᠤᠭᠤᠯᠳᠠ ᠡᠪᠡᠰᠤ ᠬᠤᠷᠢᠶᠠᠵᠦ᠍᠂ ᠡᠪᠡᠰᠤ ᠬᠤᠷᠢᠶᠠᠨ ᠤᠷᠤᠭᠤᠯᠬᠤ ᠠᠵᠢᠯ ᠰᠢᠪᠳᠤᠷᠠᠭᠠᠨ ᠳ᠋ᠥ᠍ ᠤᠷᠤᠵᠦ᠍᠂ ᠤᠳᠤ ᠬᠤᠶᠠᠷ ᠡᠳᠤᠷ ᠲᠠᠢ ᠪᠤᠯ ᠪᠠᠷᠠᠴᠢᠬᠠᠨ᠎ᠠ᠃ ᠡᠪᠡᠰᠤ ᠪᠠᠨ ᠤᠷᠤᠭᠤᠯᠵᠦ᠍ ᠪᠠᠷᠠᠪᠠᠯ ᠮᠠᠨ ᠤ᠋ ᠬᠢᠨ 110 ᠭᠠᠷᠤᠢ ᠲᠦᠯᠯᠡᠬᠦ᠌ ᠮᠠᠯ ᠶ᠋ᠢᠡᠨ ᠦᠯᠡᠳᠡᠭᠡᠬᠡᠳ ᠪᠤᠰᠤᠳ ᠵᠠᠭᠤ ᠤᠷᠴᠢᠮ ᠦᠭᠡᠷ ᠢ᠋ ᠪᠠᠨ ᠯᠢᠨᠰᠢ ᠰᠢᠶᠡᠨ ᠤ᠋ ᠲᠦᠩᠪᠦ᠋ ᠪᠠᠯᠭᠠᠰᠤ ᠵᠢᠨ ᠮᠠᠯ ᠤ᠋ᠨ ᠵᠠᠬ᠎ᠠ ᠳ᠋ᠥ᠍ ᠠᠪᠠᠴᠢᠵᠦ᠍ ᠬᠤᠳᠠᠯᠳᠤᠨ᠎ᠠ᠂ ᠡᠨᠡ ᠵᠢᠯ ᠤ᠋ᠨ ᠦᠭᠡᠷ ᠬᠤᠨᠢᠨ ᠤ᠋ ᠦᠨ᠎ᠡ ᠴᠦ᠍ ᠨᠢᠳᠤᠨᠤᠨ ᠡᠴᠠ ᠰᠠᠶ᠋ᠢᠨ᠂ ᠪᠦᠳᠤᠭᠦᠨ ᠡᠷ᠎ᠡ ᠬᠤᠨᠢ 2500 ᠲᠦᠭᠦᠷᠢᠭ ᠬᠦᠷᠴᠦ᠍᠂ ᠰᠠᠶ᠋ᠢᠨ ᠦᠭᠡᠷ ᠤ᠋ᠳ ᠪᠦᠷ ᠲᠦᠮᠡ ᠬᠤᠶᠠᠷ ᠭᠤᠷᠪᠠᠨ ᠮᠢᠩᠭ᠎ᠠ ᠬᠦᠷᠴᠦ᠍ ᠪᠠᠶ᠋ᠢᠨ᠎ᠠ᠂ ᠦᠪᠡᠷ ᠶ᠋ᠢᠡᠨ ᠲᠡᠭᠡᠭᠡᠵᠦ᠍ ᠠᠪᠠᠴᠢᠨ ᠬᠤᠳᠠᠯᠳᠤᠪᠠᠯ ᠵᠠᠪᠰᠠᠷ ᠤ᠋ᠨ ᠮᠠᠶ᠋ᠢᠮᠠᠶ᠋ᠢᠴᠢᠨ ᠳ᠋ᠥ᠍ ᠦᠭᠬᠦ᠌ ᠡᠴᠠ ᠦᠨ᠎ᠡ ᠨᠢ ᠦᠨᠳᠤᠷ ᠰᠢᠦ》 ᠭᠡᠵᠦ᠍ ᠤᠤᠪᠤᠯᠠᠭ ᠭᠠᠴᠠᠭᠠᠨ ᠤ᠋ ᠨᠠᠷᠠᠠᠭᠡᠷᠡᠯ ᠨᠠᠰᠤᠳᠠᠨ ᠬᠤᠷᠤᠳ ᠬᠢᠬᠦ᠌ ᠵᠠᠪ ᠴᠢᠯᠤᠭᠡᠨ ᠳ᠋ᠡᠬᠡᠨ ᠰᠡᠳᠬᠢᠯ ᠲᠡᠨᠢᠭᠦᠭᠡᠨ ᠶᠠᠷᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面