ᠲᠡᠷᠢᠭᠦᠨ ᠨᠢᠭᠤᠷ>ᠰᠢᠨ᠎ᠡ ᠬᠦᠳᠡᠭᠡ>ᠪᠠᠶᠠᠵᠢᠯ᠎ᠤᠨ ᠵᠣᠷ

2026-11-23 16:44:07

ᠵᠣᠬᠢᠶᠠᠭ᠍ᠴᠢ᠄ ᠡᠷᠳᠡᠨᠢᠬᠤᠸᠠᠷ ᠣᠩᠱᠢᠭ᠍ᠰᠠᠨ ᠣᠳᠠᠭ᠎ᠠ᠄ 3

ᠲᠦᠷᠦᠭᠦᠬᠡᠨ ᠰᠤᠷᠪᠤᠯᠵᠢᠯᠠᠭᠴᠢ ᠬᠦᠬᠡᠬᠤᠳᠠ ᠶ᠋ᠢᠨ ᠰᠠᠢᠬᠠᠨ ᠲᠤᠭᠤᠷᠢᠭ ᠤ᠋ᠨ ᠬᠤᠸᠠᠬᠤᠰᠢᠭᠤ ᠪᠠᠯᠭᠠᠰᠤ ᠶ᠋ᠢᠨ ᠬᠤᠢᠳᠤ ᠶᠤᠤ ᠲᠤᠰᠬᠤᠨ ᠤ᠋ ᠬᠠᠪᠢ ᠪᠡᠷ ᠬᠦᠷᠦᠭᠰᠡᠨ ᠳ᠋ᠤ᠂ ᠲᠠᠷᠢᠶᠠᠴᠢᠳ ᠬᠦᠯᠳᠡᠭᠦᠦ ᠤᠷᠤᠬᠤ ᠡᠴᠡ ᠡᠮᠦᠨ᠎ᠠ ᠬᠤᠯᠤᠤᠪᠠᠩ ᠶ᠋ᠢᠡᠨ ᠬᠤᠷᠢᠶᠠᠵᠤ ᠠᠪᠬᠤ ᠪᠡᠷ ᠪᠤᠷᠪᠢ ᠪᠤᠬᠢᠰᠭᠢᠯ ᠦᠭᠡᠢ ᠶᠠᠭᠠᠷᠠᠯᠳᠤᠵᠤ ᠪᠠᠢᠯ᠎ᠠ᠃ ᠤᠢᠯᠠᠭᠠᠭᠰᠠᠨ ᠶ᠋ᠢᠡᠷ᠂ ᠲᠤᠰ ᠲᠤᠰᠬᠤᠨ ᠤ᠋ ᠤᠷᠭᠠᠨᠢᠭ ᠬᠤᠯᠤᠤᠪᠠᠩ ᠨᠢ ᠲᠠᠷᠢᠶᠠᠨ ᠭᠠᠵᠠᠷ ᠡᠴᠡ ᠰᠢᠭᠤᠳ ᠲᠦᠷᠭᠡᠨ ᠬᠦᠷᠭᠡᠯᠳᠡ ᠪᠡᠷ ᠲᠠᠮᠵᠢᠨ ᠪᠦᠬᠦ ᠤᠯᠤᠰ ᠤ᠋ᠨ ᠡᠯ᠎ᠠ ᠭᠠᠵᠠᠷ ᠲᠤ᠌ ᠪᠤᠷᠤᠯᠠᠭᠤᠯᠤᠭᠳᠠᠵᠤ ᠪᠠᠢᠨ᠎ᠠ᠃

《ᠮᠠᠨ ᠤ᠋ ᠲᠤᠰᠬᠤᠨ 2021 ᠣᠨ ᠡᠴᠡ ᠡᠬᠢᠯᠡᠵᠦ ᠤᠷᠭᠠᠨᠢᠭ ᠬᠤᠯᠤᠤᠪᠠᠩ ᠲᠠᠷᠢᠵᠠᠢ᠃ 5 ᠵᠢᠯ ᠤ᠋ᠨ ᠬᠤᠭᠤᠷᠤᠨᠳᠤ ᠲᠠᠷᠢᠮᠠᠯ ᠤ᠋ᠨ ᠲᠠᠯᠠᠪᠠᠢ ᠠᠩᠬᠠᠨ ᠤ᠋ 200 ᠮᠤ᠌ ᠡᠴᠡ ᠤᠳᠤ ᠶ᠋ᠢᠨ 3000 ᠮᠤ᠌ ᠪᠤᠯᠤᠨ ᠦᠷᠭᠡᠵᠢᠪᠠ᠃ ᠦᠩᠭᠡᠷᠡᠭᠰᠡᠨ ᠳ᠋ᠤ ᠬᠤᠯᠤᠤᠪᠠᠩ ᠶ᠋ᠢᠡᠨ ᠭᠤᠤᠯᠳᠠᠭᠤ ᠤᠢᠷ᠎ᠠ ᠬᠠᠪᠢ ᠶ᠋ᠢᠨ ᠵᠠᠬ᠎ᠠ ᠳᠡᠯᠭᠡᠭᠦᠷ ᠳᠡᠭᠡᠷ᠎ᠠ ᠦᠪᠡᠰᠦᠪᠡᠨ ᠪᠤᠷᠤᠯᠠᠭᠤᠯᠵᠤ ᠪᠠᠢᠪᠠ᠃ ᠤᠢᠷ᠎ᠠ ᠶ᠋ᠢᠨ ᠵᠢᠯ ᠳ᠋ᠤ ᠲᠤᠭᠠᠴᠢᠯᠠᠭᠰᠠᠨ ᠮᠡᠷᠭᠡᠵᠢᠯ ᠢ᠋ ᠦᠷᠭᠡᠨ ᠶ᠋ᠢᠡᠷ ᠬᠡᠷᠡᠭᠯᠡᠵᠦ᠂ ᠰᠦᠯᠵᠢᠶ᠎ᠠ ᠪᠡᠷ ᠪᠤᠷᠤᠯᠠᠭᠤᠯᠬᠤ ᠪᠤᠯᠤᠭᠰᠠᠨ ᠡᠴᠡ ᠨᠡᠩ ᠦᠷᠭᠡᠨ ᠵᠠᠬ᠎ᠠ ᠳᠡᠯᠭᠡᠭᠦᠷ ᠲᠠᠢ ᠪᠤᠯᠵᠤ᠂ ᠡᠳᠦᠷ ᠪᠤᠯᠭᠠᠨ ᠪᠦᠬᠦ ᠤᠯᠤᠰ ᠤ᠋ᠨ ᠡᠯ᠎ᠠ ᠭᠠᠵᠠᠷ ᠤ᠋ᠨ ᠬᠡᠷᠡᠭᠯᠡᠭᠴᠢ ᠶ᠋ᠢᠨ ᠵᠠᠬᠢᠶᠠᠯᠠᠭ᠎ᠠ ᠶ᠋ᠢ ᠲᠤᠰᠴᠤ ᠪᠤᠢ᠃ ᠬᠡᠷᠡᠭᠯᠡᠭᠴᠢ ᠵᠠᠬᠢᠶᠠᠯᠠᠭ᠎ᠠ ᠦᠭᠪᠡᠯ ᠪᠢᠳᠡ ᠱᠦᠨ ᠹᠧᠩ ᠲᠦᠷᠭᠡᠨ ᠬᠦᠷᠭᠡᠯᠳᠡ ᠪᠡᠷ ᠬᠤᠯᠤᠤᠪᠠᠩ ᠶ᠋ᠢᠡᠨ 48 ᠴᠠᠭ ᠤ᠋ᠨ ᠲᠤᠳᠤᠷ᠎ᠠ ᠰᠢᠨ᠎ᠠ ᠰᠤᠷᠭᠤᠭ ᠶ᠋ᠢᠡᠷ ᠨᠢ ᠬᠦᠷᠭᠡᠴᠢᠬᠡᠳᠡᠭ》 ᠭᠡᠵᠦ ᠬᠤᠢᠳᠤ ᠶᠤᠤ ᠲᠤᠰᠬᠤᠨ ᠤ᠋ ᠠᠷᠠᠳ ᠤ᠋ᠨ ᠵᠦᠪᠯᠡᠯ ᠤ᠋ᠨ ᠭᠡᠰᠢᠭᠦᠨ᠂ ᠨᠤᠳᠤᠭ ᠲᠠᠭᠠᠨ ᠪᠤᠴᠠᠵᠤ ᠦᠢᠯᠡᠰ ᠪᠤᠰᠬᠠᠭᠰᠠᠨ 2000 ᠣᠨ ᠡᠴᠡ ᠬᠤᠢᠨ᠎ᠠ ᠲᠦᠷᠦᠭᠰᠡᠨ ᠤᠶᠤᠳᠠᠨ ᠭᠦᠧᠧ ᠵᠢᠶᠠ ᠰᠢᠨ ᠬᠡᠯᠡᠨ᠎ᠠ᠃

ᠤᠷᠭᠠᠨᠢᠭ ᠬᠤᠯᠤᠤᠪᠠᠩ ᠨᠢ ᠬᠤᠢᠳᠤ ᠶᠤᠤ ᠲᠤᠰᠬᠤᠨ ᠤ᠋ ᠠᠷᠠᠳ ᠤ᠋ᠨ ᠭᠡᠷ ᠤ᠋ᠨ ᠶ᠋ᠢᠡᠨ ᠬᠠᠪᠢ ᠪᠡᠷ ᠠᠵᠢᠯ ᠤᠯᠵᠤ᠂ ᠤᠷᠤᠯᠭ᠎ᠠ ᠪᠡᠨ ᠳᠤᠭᠳᠠᠭᠤᠨ ᠶ᠋ᠢᠡᠷ ᠨᠡᠮᠡᠭᠳᠡᠭᠦᠯᠬᠦ ᠶ᠋ᠢ ᠳᠠᠢᠴᠢᠯᠠᠵᠠᠢ᠃ 《ᠲᠠᠷᠢᠮᠠᠯ ᠤ᠋ᠨ ᠰᠠᠭᠤᠷᠢᠨ ᠳ᠋ᠤ ᠵᠢᠯ ᠤ᠋ᠨ ᠳᠦᠷᠪᠡᠨ ᠤᠯᠠᠷᠢᠯ ᠶ᠋ᠢᠡᠷ ᠠᠵᠢᠯ ᠲᠠᠢ᠃ ᠬᠠᠪᠤᠷ ᠲᠠᠷᠢᠨ᠎ᠠ᠂ ᠵᠤᠨ ᠠᠷᠠᠴᠢᠯᠠᠨ᠎ᠠ᠂ ᠨᠠᠮᠤᠷ ᠬᠤᠷᠢᠶᠠᠨ᠎ᠠ᠂ ᠡᠪᠤᠯ ᠬᠠᠢᠷᠴᠠᠭᠯᠠᠨ᠎ᠠ᠃ ᠰᠠᠷ᠎ᠠ ᠳ᠋ᠠᠭᠠᠨ 4000 ᠭᠠᠷᠤᠢ ᠲᠦᠭᠦᠷᠢᠭ ᠤ᠋ᠨ ᠲᠤᠭᠳᠠᠭᠤᠨ ᠤᠷᠤᠯᠭ᠎ᠠ ᠲᠠᠢ ᠶᠤᠮ》 ᠭᠡᠵᠦ ᠲᠠᠷᠢᠶᠠᠨ ᠳᠤᠮᠳᠠ ᠬᠤᠯᠤᠤᠪᠠᠩ ᠬᠤᠷᠢᠶᠠᠵᠤ ᠪᠠᠢᠭᠰᠠᠨ 64 ᠨᠠᠰᠤ ᠳᠠᠢ ᠲᠤᠰᠬᠤᠨ ᠤ᠋ ᠠᠷᠠᠳ ᠸᠠᠩ ᠭᠦᠢ ᠫᠢᠩ ᠪᠠᠶᠠᠷᠳᠠᠢᠬᠠᠨ ᠶᠠᠷᠢᠵᠤ ᠪᠠᠢᠯ᠎ᠠ᠃

ᠤᠢᠯᠠᠭᠠᠭᠰᠠᠨ ᠶ᠋ᠢᠡᠷ᠂ 2021 ᠤᠨ ᠡᠴᠡ ᠨᠠᠭᠠᠰᠢ᠂ ᠬᠤᠢᠳᠤ ᠶᠤᠤ ᠲᠤᠰᠬᠤᠨ ᠤ᠋ ᠠᠷᠠᠳ ᠤ᠋ᠨ ᠵᠦᠪᠯᠡᠯ ᠤᠷᠤᠨ ᠨᠤᠳᠤᠭ ᠤ᠋ᠨ ᠤᠨᠴᠠᠯᠢᠭ ᠲᠠᠭᠠᠨ ᠳᠤᠬᠢᠷᠠᠭᠤᠯᠤᠨ 《ᠨᠢᠭᠡ ᠲᠤᠰᠬᠤᠨ ᠳ᠋ᠤ ᠨᠢᠭᠡ ᠪᠦᠲᠦᠭᠡᠭᠳᠡᠭᠦᠨ ᠪᠠᠢᠬᠤ》 ᠤᠨᠴᠠᠯᠢᠭᠳᠤ ᠠᠵᠤ ᠦᠢᠯᠡᠰ ᠢ᠋ ᠬᠦᠴᠦᠯᠡᠨ ᠴᠤᠭᠴᠠᠯᠠᠵᠤ᠂ ᠲᠤᠰᠬᠤᠨ ᠤ᠋ ᠰᠢᠯᠢ ᠵᠤ ᠪᠡᠷ ᠰᠤᠯᠠ ᠤᠷᠬᠢᠭᠳᠠᠵᠤ ᠪᠠᠢᠭ᠎ᠠ ᠬᠠᠭᠤᠷᠠᠢ ᠲᠠᠷᠢᠶᠠᠨ ᠭᠠᠵᠠᠷ ᠤ᠋ᠨ ᠡᠵᠡᠩᠨᠡᠯᠳᠡ ᠵᠢᠨ ᠡᠷᠬᠡ ᠵᠢ ᠭᠦᠢᠯᠭᠡᠭᠡᠯᠡᠨ ᠠᠪᠴᠤ᠂ ᠤᠷᠭᠠᠨᠢᠭ ᠬᠤᠯᠤᠤᠪᠠᠩ ᠲᠠᠷᠢᠵᠤ᠂ ᠲᠠᠷᠢᠶᠠᠴᠢᠳ ᠤ᠋ᠨ ᠤᠷᠤᠯᠭ᠎ᠠ ᠶ᠋ᠢ ᠨᠡᠮᠡᠭᠳᠡᠭᠦᠯᠬᠦ ᠵᠠᠮ ᠢ᠋ ᠨᠡᠭᠡᠭᠡᠵᠠᠢ᠃ ᠤᠳᠤᠬᠠᠨ ᠳ᠋ᠤ ᠤᠷᠭᠠᠨᠢᠭ ᠬᠤᠯᠤᠤᠪᠠᠩ ᠲᠠᠷᠢᠬᠤ ᠨᠢ ᠨᠢᠭᠡᠨᠳᠡ ᠲᠤᠰ ᠲᠤᠰᠬᠤᠨ ᠤ᠋ ᠭᠤᠤᠯᠯᠠᠬᠤ ᠠᠵᠤ ᠦᠢᠯᠡᠰ ᠪᠤᠯᠪᠠ᠃ ᠲᠤᠰ ᠲᠤᠰᠬᠤᠨ ᠤ᠋ ᠬᠦᠷᠤᠰᠤ ᠰᠢᠷᠤᠢ ᠨᠢ ᠤᠷᠭᠠᠨᠢᠭ ᠬᠤᠯᠤᠤᠪᠠᠩ ᠲᠠᠷᠢᠬᠤ ᠳ᠋ᠤ ᠳᠤᠬᠢᠷᠠᠮᠵᠢᠳᠠᠢ ᠪᠦᠭᠡᠳ ᠲᠤᠰᠬᠤᠨ ᠤ᠋ ᠬᠠᠮᠳᠤ ᠨᠢᠭᠡᠴᠢ ᠡᠴᠡ ᠤᠷᠭᠠᠨᠢᠭ ᠲᠠᠷᠢᠮᠠᠯ ᠤ᠋ᠨ ᠪᠠᠷᠢᠮᠵᠢᠶ᠎ᠠ ᠶ᠋ᠢ ᠴᠢᠩᠭ᠎ᠠ ᠵᠢᠷᠦᠮᠯᠠᠨ᠂ ᠴᠢᠬᠢᠭ ᠤ᠋ᠨ ᠤᠯᠠᠭᠠᠨ ᠬᠤᠷᠤᠬᠠᠢ ᠪᠡᠷ ᠵᠦᠭᠡᠯᠡᠷᠡᠭᠦᠯᠦᠭᠰᠡᠨ ᠤᠷᠭᠠᠨᠢᠭ ᠪᠤᠷᠳᠤᠭᠤᠷ ᠢ᠋ ᠬᠡᠷᠡᠭᠯᠡᠬᠦ᠂ 260 ᠮᠧᠲᠷ ᠤ᠋ᠨ ᠭᠦᠨ ᠬᠤᠳᠳᠤᠭ ᠤ᠋ᠨ ᠤᠰᠤ ᠪᠡᠷ ᠤᠰᠤᠯᠠᠬᠤ᠂ ᠬᠦᠮᠦᠨ ᠤ᠋ ᠬᠦᠴᠦ ᠪᠡᠷ ᠡᠪᠡᠰᠦ ᠠᠷᠢᠯᠭᠠᠬᠤ᠂ ᠬᠢᠮᠢ ᠶ᠋ᠢᠨ ᠪᠤᠷᠳᠤᠭᠤᠷ ᠪᠠ ᠲᠠᠷᠢᠶᠠᠨ ᠡᠮ ᠦᠯᠦ ᠬᠡᠷᠡᠭᠯᠡᠬᠦ ᠶ᠋ᠢ ᠪᠦᠬᠦ ᠶᠠᠪᠤᠴᠠ ᠪᠡᠷ ᠪᠠᠷᠢᠮᠳᠠᠯᠠᠭᠰᠠᠨ ᠶ᠋ᠢᠡᠷ ᠲᠠᠷᠢᠵᠤ ᠤᠷᠭᠤᠭᠤᠯᠤᠭᠰᠠᠨ ᠬᠤᠯᠤᠤᠪᠠᠩ ᠤ᠋ᠨ ᠰᠢᠮ᠎ᠠ ᠲᠡᠵᠢᠭᠡᠯ ᠤ᠋ᠨ ᠦᠷᠳᠡᠭ ᠨᠢ ᠡᠩ ᠤ᠋ᠨ ᠲᠠᠯ᠎ᠠ ᠭᠠᠵᠠᠷ ᠤ᠋ᠨ ᠬᠤᠯᠤᠤᠪᠠᠩ ᠡᠴᠡ 3 ᠳᠠᠬᠢᠨ ᠦᠨᠳᠦᠷ ᠪᠦᠭᠡᠳ ᠰᠢᠬᠢᠷᠯᠢᠭ ᠬᠡᠮᠵᠢᠶ᠎ᠠ ᠨᠢ ᠴᠤ᠌ ᠦᠨᠳᠦᠷ ᠪᠠᠢᠵᠤ᠂ ᠵᠠᠬ᠎ᠠ ᠳᠡᠯᠭᠡᠭᠦᠷ ᠪᠠ ᠬᠡᠷᠡᠭᠯᠡᠭᠴᠢᠳ ᠤ᠋ᠨ ᠳᠠᠭᠠᠰᠢᠶᠠᠯ ᠢ᠋ ᠶᠡᠬᠡᠳᠡ ᠤᠯᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面