2026-05-25 11:13:20
ᠳᠠᠯᠠᠨ ᠪᠡᠷᠬᠡᠲᠦ
·ᠪ·ᠥᠷᠭᠡᠨᠳᠠᠯᠠᠢ
ᠲᠡᠮᠡᠭᠡᠨᠦ ᠪᠦᠬᠦ ᠰᠢᠭ ᠢᠵᠢᠯᠢᠬᠡᠨ ᠱᠣᠪᠣᠭᠤᠷ ᠮᠠᠩᠬᠠᠶᠢ ᠰᠦᠯᠵᠢᠭᠰᠡᠨ ᠨᠠᠷᠢᠬᠠᠨ ᠴᠠᠭᠠᠨ ᠴᠤᠪᠤᠭᠠᠪᠠᠷ ᠬᠡᠳᠦᠨ ᠵᠢᠯ ᠥᠭᠡᠳᠡ ᠤᠷᠤᠭᠤᠪᠠᠨ ᠳᠠᠪᠬᠢᠯᠠ᠃ ᠳᠠᠯᠠᠨ ᠪᠡᠷᠬᠡᠲᠦ ᠭᠡᠵᠦ ᠳᠤᠮᠤᠭᠯᠢᠭ ᠰᠠᠢᠬᠠᠨ ᠨᠤᠲᠤᠭ᠂ ᠤᠳᠤᠡᠴᠡ ᠵᠠᠭᠤᠭᠠᠳ ᠵᠢᠯᠤᠨ ᠡᠮᠦᠨᠡ ᠪᠢᠲᠡᠭᠦᠦ ᠪᠤᠷᠭᠠᠰᠤᠨᠳᠦ ᠬᠤᠴᠢᠭᠳᠠᠭᠰᠠᠨ ᠮᠠᠩᠬᠠᠨ ᠬᠥᠨᠳᠡᠢᠳᠡᠬᠢ ᠲᠤᠩᠭᠠᠯᠠᠭ ᠪᠦᠷᠢᠳᠦᠨᠳᠤ ᠨᠢ ᠬᠦᠷᠴᠦ ᠦᠵᠡᠭᠰᠡᠨ ᠪᠤᠭᠤᠷᠤᠯ ᠬᠡᠳᠦᠬᠡᠨ ᠪᠠᠢᠯᠠ ᠭᠡᠯᠴᠡᠳᠡᠭ᠃ ᠶᠠᠭᠤ ᠬᠡᠪᠡᠯ ᠲᠡᠷᠡ ᠪᠦᠷᠢᠳᠦᠨᠳᠦ ᠳᠠᠯᠠᠨ ᠲᠠᠬᠢᠭᠤ ᠨᠠᠶᠠᠨ ᠨᠤᠭᠤᠯᠤᠭᠠᠶᠢ ᠰᠦᠯᠵᠢᠮᠡᠨᠵᠢᠨ ᠰᠠᠶᠢ ᠬᠦᠷᠳᠡᠭ ᠪᠣᠯᠬᠣᠷ ᠳᠠᠯᠠ ᠨᠠᠶᠠᠶᠢ ᠪᠦᠦ ᠬᠡᠯᠡ᠂ ᠬᠣᠶᠠᠷ ᠭᠤᠷᠪᠠᠬᠠᠨ ᠮᠠᠩᠬᠠ ᠰᠦᠯᠵᠢᠪᠡᠯ ᠲᠣᠯᠣᠭᠠᠢ ᠡᠷᠭᠢᠨ ᠲᠥᠭᠡᠷᠢᠴᠢᠬᠡᠳᠡᠭ ᠠᠵᠢ᠃ ᠲᠡᠭᠡᠬᠦᠯᠡᠷ ᠬᠢᠷᠢ ᠪᠠᠷᠤᠭᠤᠨ ᠡᠷᠡ ᠵᠢᠷᠦᠬᠡᠯᠡᠨ ᠲᠡᠢᠰᠢᠪᠡᠨ ᠵᠦᠭᠯᠡᠳᠡᠭ ᠦᠭᠡᠢ ᠭᠡᠨᠡ᠃ ᠬᠠᠷᠠ ᠲᠡᠷᠢᠭᠦᠲᠡᠨᠦ ᠬᠠᠢᠷᠠ ᠭᠠᠮ ᠦᠭᠡᠢ ᠡᠪᠳᠡᠯᠡᠭᠡᠳᠦ ᠳᠠᠯᠠᠨ ᠪᠡᠷᠬᠡᠲᠦᠶᠢᠨ ᠪᠠᠯᠠᠷ ᠲᠦᠩ ᠥᠮᠥ ᠬᠤᠰᠤᠭᠳᠠᠭᠰᠠᠨ ᠭᠠᠰᠢᠭᠤᠨ ᠲᠡᠦᠬᠡᠲᠠᠢ ᠴᠦ᠍ ᠠᠭᠤᠳᠠᠮᠬᠠᠨ ᠬᠥᠨᠳᠡᠢᠳᠦ ᠨᠢ ᠮᠡᠯᠮᠡᠯᠵᠡᠭᠰᠡᠨ ᠲᠤᠩᠭᠠᠯᠠᠭ ᠪᠦᠷᠢᠳᠦᠨᠡ ᠣᠴᠢᠬᠤ ᠭᠡᠰᠡᠨ ᠬᠡᠨ ᠨᠢᠭᠡᠨᠢ ᠴᠦ᠍ ᠶᠠᠭ ᠦᠭᠡᠢ ᠲᠥᠭᠡᠷᠢᠭᠦᠯᠵᠦ ᠣᠷᠬᠢᠳᠠᠭ ᠨᠢᠭᠤᠴᠠ ᠨᠢ ᠣᠨᠢᠰᠤᠭᠠ ᠬᠡᠪᠢᠶᠡᠷᠢᠶᠡᠨ ᠦᠯᠡᠳᠡᠵᠡᠢ᠃

ᠡᠪᠦᠯᠦᠨ ᠵᠤᠳᠢ ᠠᠷᠠᠢᠬᠠᠨ ᠲᠤᠭᠤᠯᠳᠠᠯᠠ ᠬᠠᠪᠤᠷᠤᠨ ᠬᠠᠰᠢᠶᠠᠯᠠᠬᠤ ᠨᠢ ᠪᠣᠯᠴᠢᠬᠠᠨᠠ᠃ ᠣᠯᠠᠨ ᠬᠣᠨᠣᠭ ᠪᠢᠰᠢᠯᠭᠠᠭᠰᠠᠨᠢᠶᠠᠨ ᠨᠢᠭᠡᠨ ᠡᠳᠦᠷ ᠬᠦᠨᠡᠰᠦ ᠤᠮᠳᠠ ᠪᠠᠵᠠᠭᠠᠵᠤ ᠠᠪᠤᠭᠠᠳ ᠳᠠᠯᠠᠨ ᠪᠡᠷᠬᠡᠲᠦᠶᠢ ᠵᠣᠷᠢᠭ᠍ᠰᠠᠨ ᠴᠤ᠌ ᠤᠯᠠᠮᠵᠢᠯᠠᠯ ᠶᠠᠷᠢᠶᠠ ᠣᠷᠣ᠌ ᠦᠭᠡᠢ ᠪᠢᠰᠢ ᠪᠠᠢᠵᠤ᠂ ᠬᠣᠶᠠᠷᠬᠠᠨ ᠮᠠᠩᠬᠠ ᠣᠷᠢᠶᠠᠮᠠᠭᠴᠠ ᠵᠦᠭᠢᠶᠡᠨ ᠠᠯᠲᠠᠨ ᠲᠥᠭᠡᠷᠢᠭᠡᠳ ᠰᠦᠢᠳ ᠪᠣᠯᠪᠠ᠃ ᠭᠡᠲᠡᠯᠡ ᠰᠥᠨᠢ ᠨᠢ ᠬᠠᠷᠢᠨ ᠵᠡᠭᠦᠳᠦᠪᠡᠷᠢᠶᠡᠨ ᠬᠦᠷᠦᠭᠡᠳ ᠣᠴᠢᠴᠢᠬᠠᠭᠰᠠᠨ᠂ ᠪᠥᠮᠪᠥᠭᠡᠷ ᠴᠠᠭᠠᠨ ᠭᠡᠷ ᠬᠠᠷᠠᠭᠠᠨᠳᠦ ᠲᠣᠳᠣᠷᠠᠬᠤᠪᠠᠷ ᠨᠢ ᠣᠷᠣᠭᠠᠳ ᠣᠴᠢᠪᠠᠯ ᠨᠢᠳᠦᠨᠳᠦ ᠳᠤᠯᠠᠭᠠᠬᠠᠨ ᠪᠤᠭᠤᠷᠤᠯ ᠥᠲᠡᠭᠦᠰ ᠠᠭᠠᠭ ᠲᠠᠢ ᠰᠢᠷᠭᠠᠯ ᠴᠠᠢ ᠤᠤᠭᠤᠴᠢᠬᠠᠭᠰᠠᠨ ᠲᠤᠬᠠᠯᠠᠨ ᠰᠠᠭᠤᠵᠤ ᠪᠠᠢᠪᠠ᠃ ᠡᠪᠦᠳᠦᠭ ᠰᠥᠬᠥᠷᠡᠨ ᠠᠮᠤᠷᠢ ᠨᠢ ᠠᠰᠠᠭᠤᠭᠰᠠᠨ ᠨᠠᠳᠠᠳᠤ ᠴᠠᠢ ᠠᠶᠠᠭᠠᠯᠠᠵᠤ ᠥᠭᠭᠦᠯᠡ᠃ ᠵᠣᠭᠣᠭ ᠳᠡᠯᠭᠡᠬᠦᠶᠢᠨ ᠲᠠᠰᠢᠷᠠᠮ ᠲᠠᠴᠢᠷᠰᠢᠵᠤ ᠴᠥᠯᠵᠢᠭᠰᠡᠨ ᠨᠤᠲᠤᠭ ᠤᠰᠤᠨᠤᠪᠠᠨ ᠲᠥᠯᠥᠭᠡ ᠰᠡᠳᠬᠢᠯ ᠬᠦᠨᠳᠦᠬᠡᠨ ᠶᠠᠪᠤᠳᠠᠭ ᠪᠢ᠂ ᠪᠤᠭᠤᠷᠤᠯᠠᠴᠠ ᠰᠤᠷᠭᠠᠯ ᠬᠦᠰᠡᠪᠡᠯ᠄
— ᠵᠠ᠂ ᠬᠦᠦ ᠮᠢᠨᠢ᠂《ᠵᠠᠭᠤᠨ ᠵᠢᠯᠦᠨ ᠦᠨᠳᠦᠰᠦ᠂ ᠮᠢᠩᠭᠠᠨ ᠣᠨᠤ ᠦᠷᠡ》ᠭᠡᠳᠡᠭ ᠶᠤᠮ! ᠳᠠᠷᠠᠭᠠᠪᠠᠷ ᠲᠠᠬᠢᠭᠠᠳ ᠢᠷᠡ᠂ ᠳᠠᠭᠠᠭᠤᠯᠤᠭᠠᠳ ᠢᠷᠡᠬᠦ ᠵᠠᠮᠴᠢ ᠠᠶᠠᠨᠳᠠᠭᠠᠨ ᠳᠠᠭᠠᠷᠠᠯᠳᠤᠨᠠ ᠭᠡᠯᠡ᠃ ᠠᠮᠲᠠᠲᠤ ᠨᠤᠢᠷᠠᠴᠠᠪᠠᠨ ᠰᠡᠷᠡᠬᠦᠳᠦ ᠠᠭᠠᠭ᠍ᠯᠢᠭ᠋ ᠴᠠᠢ ᠮᠥᠨ ᠬᠦ᠌ ᠠᠮᠲᠠᠭᠳᠠᠵᠤ ᠪᠠᠢᠪᠠ᠃
ᠮᠠᠷᠭᠠᠰᠢ ᠨᠢ ᠡᠷᠲᠡᠯᠡᠨ ᠳᠠᠯᠠᠨ ᠪᠡᠷᠬᠡᠲᠦᠶᠢ ᠵᠣᠷᠢᠯᠠ᠃ ᠥᠴᠥᠭᠡᠳᠦᠷ ᠰᠥᠨᠢᠶᠢᠨ ᠵᠡᠭᠦᠳᠦᠨᠳᠡᠬᠢ ᠡᠪᠦᠭᠡᠶᠢᠨ ᠵᠠᠬᠢᠭ᠍ᠰᠠᠨᠢ ᠪᠡᠯᠭᠡᠰᠢᠶᠡᠵᠦ ᠵᠠᠮᠴᠢᠪᠠᠨ ᠬᠠᠢᠨ ᠡᠢᠰᠢ ᠲᠡᠢᠰᠢ ᠬᠠᠷᠠᠬᠤᠳᠤ ᠬᠥᠮᠥᠨᠦ ᠪᠠᠷᠠ ᠠᠯᠠᠭᠠ᠃ ᠵᠣᠷᠢᠭ᠋ ᠰᠢᠨᠲᠠᠷᠠᠨ ᠪᠤᠴᠠᠮᠠᠷ ᠪᠣᠯᠲᠠᠯᠠ ᠡᠭᠦᠯᠡᠨ ᠴᠡᠩᠬᠡᠷ ᠮᠣᠷᠢ ᠮᠠᠩᠬᠠᠨ ᠴᠠᠭᠠᠨᠠᠠᠴᠠ ᠢᠨᠴᠠᠭᠠᠭᠰᠠᠭᠠᠷ ᠭᠠᠷᠤᠭᠠᠳ ᠢᠷᠡᠯᠡ᠃ ᠡᠨᠡ ᠯᠠᠪᠲᠠᠢ ᠵᠡᠭᠦᠳᠦᠨᠳᠦ ᠤᠴᠠᠷᠠᠭᠰᠠᠨ ᠡᠪᠦᠭᠡᠶᠢᠨ ᠬᠥᠯᠥᠭ ᠮᠥᠨ ᠬᠡᠮᠡᠨ ᠪᠤᠳᠤᠭᠠᠳ ᠠᠷᠤᠠᠴᠠ ᠨᠢ ᠳᠠᠭᠠᠭᠰᠠᠭᠠᠷ ᠬᠡᠳᠦᠨ ᠬᠣᠨᠣᠭ ᠶᠠᠪᠤᠭᠰᠠᠨᠢᠶᠠᠨ ᠮᠠᠩᠬᠠᠨ ᠭᠦᠨᠳᠦ ᠲᠤᠨᠤᠯᠵᠠᠬᠤ ᠲᠤᠩᠭᠠᠯᠠᠭ ᠪᠦᠷᠢᠳᠦᠨᠳᠦ ᠬᠦᠷᠦᠭᠡᠳ ᠣᠴᠢᠯᠠ᠃ ᠳᠤᠷᠳᠤᠩ ᠬᠥᠬᠡ ᠲᠡᠭᠷᠢ ᠨᠢᠭᠡ ᠯᠠ ᠠᠮᠤᠭᠤᠯᠠᠩ ᠨᠡᠮᠦᠢᠵᠦ ᠪᠣᠯᠣᠷ ᠲᠤᠩᠭᠠᠯᠠᠭ ᠳᠣᠯᠭᠢᠶᠠ ᠠᠷ ᠲᠡᠳᠡᠨ ᠮᠡᠯᠲᠡᠯᠵᠡᠨᠡ᠃ ᠡᠭᠦᠯᠡᠨ ᠴᠡᠩᠬᠡᠷ ᠴᠦ᠍ ᠡᠬᠡ ᠪᠠᠢᠭᠠᠯᠢᠶᠢᠨᠢᠶᠠᠨ ᠥᠩᠭᠡᠨᠳᠦ ᠠᠭᠤᠰᠤᠭᠰᠠᠨ ᠦᠦ ᠭᠡᠯᠲᠡᠢ ᠰᠤᠭᠤᠨᠠᠭ ᠲᠠᠲᠠᠭᠤᠯᠤᠨ ᠣᠳᠪᠠ᠃ ᠨᠠᠭᠤᠷᠢ ᠲᠣᠭᠣᠷᠢᠪᠠᠯ ᠨᠡᠷᠡᠨ ᠰᠠᠷᠡᠨᠢ ᠪᠡᠯᠭᠡᠳᠡᠭᠰᠡᠨ ᠣᠩᠭᠢᠨ ᠲᠠᠮᠠᠭᠠ ᠰᠢᠭ᠋ ᠭᠡᠷᠦᠨ ᠪᠠᠭᠤᠷᠢ ᠲᠠᠭᠠᠷᠠᠯᠳᠤᠵᠤ᠂ ᠵᠡᠭᠦᠳᠦᠨᠦ ᠪᠤᠭᠤᠷᠤᠯ ᠡᠪᠦᠭᠡᠲᠠᠢᠪᠠᠨ ᠠᠭᠤᠯᠵᠠᠭᠰᠠᠨ ᠶᠤᠮ ᠰᠢᠭ᠋ ᠬᠠᠯᠠᠭᠤᠬᠠᠨ ᠰᠠᠨᠠᠭᠳᠠᠪᠠ᠃

ᠨᠤᠲᠤᠭ ᠪᠡᠯᠴᠢᠭᠡᠷᠢ ᠡᠷᠦᠬᠡᠳᠦ ᠳᠠᠭᠠᠭᠠᠴᠢᠯᠠᠭᠤᠯᠬᠤ ᠳᠤ ᠡᠯᠡᠰᠦᠨ ᠴᠦᠯ ᠨᠡᠷᠡᠲᠠᠢ ᠪᠣᠯᠤᠭᠰᠠᠨ ᠳᠠᠯᠠᠨ ᠪᠡᠷᠬᠡᠲᠦᠶᠢ ᠥᠯᠢᠢᠭᠰᠡᠨ ᠬᠥᠮᠥᠨ ᠦᠭᠡᠢ ᠪᠣᠯᠬᠣᠷ ᠬᠠᠮᠲᠤᠶᠢᠨ ᠨᠡᠷᠡ ᠳᠡᠭᠡᠷᠡ ᠦᠯᠡᠳᠡᠭᠰᠡᠨ ᠭᠡᠳᠡᠭ᠃ ᠪᠦᠷᠢᠳᠦᠨᠳᠦ ᠨᠢ ᠨᠡᠪᠲᠡᠷᠡᠬᠦ ᠵᠠᠮᠢ ᠣᠯᠣᠭᠰᠠᠨ ᠲᠤᠯᠠ ᠭᠠᠴᠠᠭᠠᠨ ᠳᠠᠷᠤᠭᠠᠶᠢ ᠡᠷᠢᠵᠦ ᠣᠴᠢᠭᠠᠳ ᠳᠠᠯᠠᠨ ᠪᠡᠷᠬᠡᠲᠦ ᠶᠢ ᠲᠦᠷᠢᠶᠡᠰᠦᠯᠡᠨ ᠠᠪᠬᠤᠪᠠᠷ ᠭᠤᠶᠤᠴᠢᠯᠠᠯᠠ᠃ ᠳᠡᠷᠪᠠᠶ᠋ᠢᠲᠠᠯᠠ ᠪᠠᠶᠠᠷᠯᠠᠭᠰᠠᠨ ᠭᠠᠴᠠᠭᠠᠨ ᠳᠠᠷᠤᠭᠠ ᠄
— ᠢᠱ᠌ᠢ᠂ ᠠᠬᠠᠶᠢᠨ ᠤᠬᠠᠭᠠᠨ ᠳᠠᠯᠠᠢ ᠯᠡ ᠶᠤᠮ ᠡ! ᠭᠡᠵᠦ ᠨᠠᠮᠠᠶᠢ ᠮᠠᠯᠠᠭᠠᠢᠳᠠᠭᠰᠠᠨᠢᠶᠠᠨ ᠴᠡᠭᠡᠵᠢ ᠳᠦᠭᠦᠷᠡᠩ ᠪᠠᠶᠠᠷᠢᠶᠠᠨ ᠳᠠᠷᠤᠵᠤ ᠶᠠᠳᠠᠨ ᠬᠠᠬᠠᠯᠠᠭᠰᠠᠭᠠᠷ ᠺᠣᠮᠫᠢᠦ᠋ᠲᠧᠷᠦᠨ ᠳᠠᠷᠤᠪᠴᠢᠶᠢ ᠬᠡᠳᠦᠬᠡᠨ ᠲᠠᠴᠢᠭᠢᠨᠠᠭᠤᠯᠤᠨ ᠭᠡᠷᠡ ᠪᠢᠴᠢᠵᠦ ᠭᠠᠷᠭᠠᠭᠠᠳ ᠲᠠᠮᠠᠭᠠᠪᠠᠨ ᠲᠠᠱ ᠬᠢᠲᠡᠯᠡ ᠣᠮᠣᠭᠲᠠᠢᠬᠠᠨ ᠳᠠᠷᠤᠪᠠᠯ ᠲᠤᠷᠭᠢᠶᠠᠨᠳᠤ ᠨᠢ ᠭᠡᠷᠦᠨ ᠠᠳᠠᠷᠠᠴᠠ ᠪᠥᠭᠡᠮ ᠰᠢᠷᠣᠢ ᠱᠠᠷ ᠬᠢᠨ ᠤᠨᠠᠵᠤ ᠪᠠᠢᠪᠠ᠃
ᠬᠠᠰᠢᠶᠠᠯᠠᠨ ᠮᠠᠯᠵᠢᠬᠤ ᠵᠤᠭᠠᠩᠳᠤ ᠬᠠᠲᠠᠭᠤᠬᠠᠨ ᠡᠷᠡᠭᠳᠡᠭᠡᠳ ᠳᠠᠯᠠᠨ ᠪᠡᠷᠬᠡᠲᠦᠶᠢ ᠠᠪᠤᠭᠰᠠᠨ ᠨᠢ ᠰᠠᠨᠠᠮᠰᠠᠷ ᠦᠭᠡᠢ ᠨᠡᠭᠦᠳᠡᠯ ᠮᠠᠯᠵᠢᠯᠢᠶᠠᠨ ᠰᠡᠷᠭᠦᠭᠡᠭᠰᠡᠨ ᠪᠠᠢᠪᠠ᠃ ᠣᠲᠣᠷ ᠬᠠᠢᠳᠠᠭ ᠭᠡᠵᠦ ᠶᠠᠪᠤᠭᠠᠳ ᠬᠡᠳᠦᠬᠡᠨ ᠵᠢᠯ ᠪᠣᠯᠣᠮᠠᠭᠴᠠ ᠳᠠᠯᠠᠨ ᠪᠡᠷᠬᠡᠲᠦᠶᠢᠨ ᠮᠣᠳᠣ᠌ ᠪᠤᠷᠭᠠᠰᠤ ᠢᠭ᠍ᠴᠤᠷᠠᠨ ᠰᠦᠷᠦᠭ ᠵᠤᠵᠠᠭᠠᠷᠠᠵᠤ ᠭᠠᠴᠠᠭᠠᠨ ᠳᠠᠷᠤᠭᠠ ᠶᠢᠨ ᠨᠢᠳᠦᠶᠢ ᠤᠨᠠᠭᠠᠵᠠᠢ᠃ ᠡᠬᠢᠨᠳᠦᠪᠡᠨ ᠭᠠᠴᠠᠭᠠᠨ ᠳᠠᠷᠤᠭᠠ 《ᠬᠠᠰᠢᠶᠠᠯᠠᠨ ᠮᠠᠯᠵᠢᠵᠤ ᠠᠮᠢ ᠠᠬᠤᠢᠶᠢ ᠰᠡᠷᠭᠦᠭᠡᠭᠰᠡᠨ ᠬᠣᠰᠢᠭᠤᠴᠢ》ᠭᠡᠰᠡᠨ ᠬᠥᠬᠢᠭᠦᠯᠦᠯᠦᠨ ᠪᠢᠴᠢᠭ ᠪᠠᠢᠨ ᠳᠠᠬᠢᠨ ᠬᠦᠷᠭᠡᠨ ᠢᠷᠡᠵᠦ ᠮᠠᠨᠤ ᠬᠢᠶᠢ ᠪᠠᠶᠠᠷᠯᠠᠭᠤᠯᠳᠠᠭ᠃ ᠭᠡᠪᠡᠴᠦ 《ᠬᠥᠬᠢᠭᠦᠯᠦᠯ ᠨᠢ ᠲᠠᠨᠤᠳᠤ ᠢᠷᠡᠵᠦ ᠱᠠᠩᠨᠠᠯᠦᠨ ᠮᠥᠩᠭᠥ ᠨᠢ ᠳᠠᠷᠤᠭᠠᠶᠢᠨ ᠬᠠᠯᠠᠭᠠᠰᠤᠨᠳᠤ ᠣᠷᠣᠳᠠᠭ ᠭᠡᠨᠡ》 ᠭᠡᠰᠡᠨ ᠳᠠᠮ ᠶᠠᠷᠢᠶᠠ ᠴᠦ᠍ ᠰᠠᠯᠬᠢ ᠬᠥᠯᠭᠡᠯᠡᠨᠡ᠃ ᠣᠷᠴᠢᠮᠠᠴᠠ ᠭᠠᠴᠠᠭᠠᠨ ᠳᠠᠷᠤᠭᠠ ᠳᠠᠯᠠᠨ ᠪᠡᠷᠬᠡᠲᠦᠶᠢ ᠪᠤᠴᠠᠭᠠᠵᠤ ᠠᠪᠬᠤ ᠰᠠᠨᠠᠭᠠ ᠪᠤᠯᠲᠠᠢᠯᠭᠠᠨ ᠨᠠᠮᠠᠶᠢ ᠲᠡᠩᠨᠡᠵᠦ ᠭᠡᠲᠡᠳᠡᠭ ᠪᠣᠯᠣᠯᠠ᠃ ᠪᠢ ᠤᠳᠠᠭᠠ ᠪᠣᠯᠭᠠᠨ ᠵᠠᠮᠤᠨ ᠪᠠᠷᠲᠠᠭᠠ᠂ ᠮᠣᠲ᠋ᠣᠷᠤᠨ ᠮᠡᠷᠭᠡᠵᠢᠯᠳᠦᠪᠡᠨ ᠳᠤᠯᠳᠤᠢᠳᠤᠨ ᠵᠠᠭᠤᠳᠠᠯ ᠴᠢᠩᠭᠠ ᠨᠡᠬᠡᠯᠡᠴᠡ ᠠᠷᠠᠢ ᠴᠢᠮᠠᠢ ᠮᠤᠯᠲᠤᠷᠠᠨᠠ᠃ ᠥᠨᠥ ᠥᠷᠯᠥᠭᠡ ᠭᠠᠴᠠᠭᠠᠨ ᠳᠠᠷᠤᠭᠠ ᠨᠠᠮᠠᠶᠢ ᠪᠦᠷ ᠴᠦ᠍ ᠪᠣᠷᠪᠢ ᠭᠢᠰᠬᠢᠮᠡ ᠣᠢᠷᠠᠬᠠᠨᠠᠴᠠ ᠬᠥᠭᠡᠭᠡᠯᠡ᠃ ᠬᠡᠲᠦ ᠤᠳᠠᠭᠠᠨᠤ ᠰᠣᠴᠢᠮᠠᠭ ᠨᠤᠭᠤᠯᠤᠭᠠᠨ ᠳᠡᠭᠡᠷᠡ ᠪᠢ ᠲᠣᠭᠣᠰᠣ᠌ ᠮᠠᠨᠠᠷᠠᠲᠠᠯᠠ ᠡᠷᠭᠢᠵᠦ ᠲᠡᠭᠦᠨᠢ ᠬᠠᠶᠠᠬᠤᠶᠢ ᠭᠣᠷᠢᠳᠠᠭᠰᠠᠨ ᠴᠤ᠌ ᠴᠥᠮ ᠪᠦᠲᠦᠯ ᠦᠭᠡᠢᠳᠡᠪᠡ᠃ ᠠᠷᠭᠠ ᠶᠠᠳᠠᠬᠤᠳᠤᠪᠠᠨ ᠪᠣᠷᠣ᠌ ᠭᠥᠷᠥᠭᠡᠰᠦᠨᠦ ᠴᠤᠪᠤᠭᠠ ᠳᠠᠭᠠᠵᠤ ᠠᠩᠴᠢ ᠲᠠᠢᠭᠠᠨᠳᠤ ᠬᠥᠭᠡᠭᠡᠭᠳᠡᠭᠰᠡᠨ ᠲᠠᠤᠯᠠᠢ ᠰᠢᠭ᠋ ᠵᠢᠷᠢᠢᠯᠭᠡᠭᠰᠡᠨᠢᠶᠡᠨ ᠪᠥᠭᠡᠮ ᠪᠤᠷᠭᠠᠰᠤᠨᠤ ᠳᠤᠮᠳᠠ ᠣᠷᠣᠵᠤ ᠨᠢᠭᠤᠭᠳᠠᠪᠠ᠃ ᠡᠨᠡ ᠤᠳᠠᠭᠠ ᠭᠠᠴᠠᠭᠠᠨ ᠳᠠᠷᠤᠭᠠᠶᠢ ᠵᠡᠭᠡᠭᠡᠭᠰᠡᠨ ᠭᠤᠶᠠᠳᠠᠵᠤ ᠣᠷᠭᠢᠯᠠ᠃ ᠪᠤᠷᠭᠠᠰᠤᠨᠤ ᠰᠡᠭᠦᠳᠡᠷᠲᠦ ᠬᠡᠪᠲᠡᠵᠦ ᠠᠶᠠᠲᠠᠢᠬᠠᠨ ᠠᠮᠠᠷᠠᠭᠰᠠᠨᠢᠶᠠᠨ ᠲᠤᠩᠭᠠᠯᠠᠭ ᠪᠦᠷᠢᠳᠦᠨᠳᠦ ᠬᠦᠷᠬᠦ ᠵᠠᠮᠢᠶᠠᠨ ᠬᠠᠢᠪᠠ᠃
ᠥᠷᠯᠥᠭᠡᠡᠴᠡ ᠣᠷᠣᠢ ᠪᠣᠯᠲᠠᠯᠠ ᠬᠡᠳᠦᠨ ᠮᠠᠩᠬᠠ ᠰᠦᠯᠵᠢᠨ ᠣᠷᠣᠨᠳᠤᠪᠠᠨ ᠡᠷᠭᠢᠴᠡᠭᠰᠡᠨ ᠴᠦ᠍ ᠵᠠᠮᠢᠶᠠᠨ ᠣᠯᠵᠤ ᠳᠡᠢᠯᠦᠭᠰᠡᠨ ᠦᠭᠡᠢ᠂ ᠪᠠᠯᠠᠭᠳᠠᠨ ᠰᠠᠨᠳᠤᠷᠴᠤ ᠪᠠᠢᠲᠠᠯᠠ ᠡᠭᠦᠯᠡᠨ ᠴᠡᠩᠬᠡᠷ ᠬᠠᠩᠭᠢᠨᠠᠲᠠᠯᠠ ᠦᠦᠷᠰᠡᠭᠰᠡᠭᠡᠷ ᠬᠦᠷᠦᠭᠡᠳ ᠢᠷᠡᠯᠡ᠃ ᠬᠠᠮᠠᠷ ᠪᠦᠷᠢᠶᠡᠳᠡᠭᠦᠯᠦᠨ ᠬᠦᠬᠦᠳᠦᠨᠡᠬᠦ ᠨᠢ ᠬᠠᠭᠤᠴᠢᠨ ᠲᠠᠨᠢᠯ ᠮᠡᠲᠦ᠂ ᠤᠷᠢᠲᠠᠢ ᠮᠠᠨᠢ ᠣᠷᠣᠵᠤ ᠳᠡᠷᠭᠡᠳᠡᠯᠡ ᠬᠠᠲᠠᠷᠢᠬᠤᠳᠤ ᠨᠢ ᠰᠢᠭᠤᠳ ᠳᠠᠭᠠᠭᠰᠠᠭᠠᠷ ᠪᠦᠷᠢᠳᠦᠨᠳᠦ ᠬᠦᠷᠬᠦ ᠲᠠᠰᠤᠯ ᠵᠠᠮᠢᠶᠠᠨ ᠡᠯᠭᠦᠪᠡ᠃ ᠰᠠᠨᠠᠭᠠ ᠰᠡᠳᠬᠢᠯ ᠲᠠᠯᠠ ᠰᠢᠭ᠋ ᠲᠠᠯᠪᠢᠭᠤᠷᠠᠨ ᠥᠷᠯᠥᠭᠡ ᠭᠠᠴᠠᠭᠠᠨ ᠳᠠᠷᠤᠭᠠᠳᠤ ᠲᠠᠭᠤᠭᠳᠠᠨ ᠲᠠᠤᠯᠠᠢ ᠰᠢᠭ᠋ ᠵᠢᠭᠤᠲᠠᠵᠤ ᠶᠠᠪᠤᠭᠰᠠᠨᠢᠶᠠᠨ ᠰᠠᠨᠠᠵᠤ ᠡᠷᠬᠡ ᠦᠭᠡᠢ ᠢᠨᠢᠶᠡᠳᠦ ᠬᠥᠷᠪᠡ᠃ ᠲᠡᠭᠡᠲᠡᠯᠡ ᠠᠷᠤᠳᠤ ᠨᠢᠭᠡ ᠶᠠᠭᠤᠮᠠ ᠰᠦᠷ ᠰᠠᠷ ᠬᠢᠨ ᠣᠢᠷᠠᠳᠴᠤ ᠢᠷᠡᠬᠦ ᠰᠢᠭ ᠪᠣᠯᠬᠤᠳᠤ ᠰᠣᠴᠢᠭᠠᠨᠳᠤᠪᠠᠨ ᠤᠤᠯᠭᠠ ᠠᠯᠲᠠᠨ ᠡᠷᠭᠢᠵᠦ ᠬᠠᠷᠠᠪᠠᠯ ᠤᠯᠠᠭᠠᠨ ᠬᠦᠵᠦᠭᠦᠪᠴᠢᠲᠠᠢ ᠬᠠᠷᠠ ᠬᠠᠯᠲᠠᠷ ᠲᠥᠭᠡ ᠬᠢᠷᠢᠲᠡᠢ ᠬᠡᠯᠡᠪᠡᠨ ᠤᠨᠵᠢᠭᠤᠯᠤᠨ ᠰᠤᠨᠲᠠᠯᠠ ᠬᠠᠷᠠᠢᠯᠭᠠᠵᠤ ᠪᠠᠢᠪᠠ᠃
(《2024·ᠪᠤᠭᠤᠨᠢ ᠦᠭᠦᠯᠡᠯᠭᠡ》 ᠨᠤᠮᠠᠴᠠ ᠰᠣᠩᠭᠣᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃