2026-05-11 16:43:09
ᠰᠡᠳᠬᠢᠯ᠎ᠤᠨ ᠬᠦᠴᠦ
·ᠭᠦᠢᠯᠡᠰᠦ
ᠴᠡᠯ ᠪᠤᠭᠤᠷᠤᠯ ᠡᠵᠢ ᠮᠢᠨᠢ ᠠᠷᠬᠠᠢᠯᠴᠠᠭᠰᠠᠨ ᠬᠦᠮᠦᠰ ᠤᠨ ᠳᠤᠮᠳᠠᠭᠤᠷ ᠡᠮᠰᠢᠭᠡᠷ ᠤᠷᠤᠭᠤᠯᠵᠢᠡᠨ ᠥᠮᠥᠯᠵᠡᠭᠦᠯᠦᠭᠰᠡᠭᠡᠷ᠄ 《ᠮᠢᠨᠤ ᠮᠠᠭᠤ ᠦᠬᠢᠨ ᠬᠦᠷᠦᠭᠡᠳ ᠢᠷᠡᠪᠡ ᠤᠤ? ᠡᠮᠸ ᠨᠢ ᠬᠦᠯᠢᠶᠡᠭᠡᠳ ᠤᠳᠠᠯ᠎ᠠ》 ᠭᠡᠵᠦ ᠮᠢᠨᠤ ᠵᠦᠭ ᠵᠢᠳᠬᠦᠯᠡᠨᠡ᠃

《ᠡᠵᠢ ᠡ!》 ᠭᠡᠵᠦ ᠪᠢ ᠳᠠᠭᠤ ᠠᠯᠳᠠᠨ ᠤᠷᠤᠭᠰᠢ ᠱᠤᠩᠭᠤᠯᠠᠭᠰᠠᠨᠵᠢᠡᠨ ᠬᠡᠨ ᠨᠢᠭᠡᠨ᠎ᠤ ᠬᠥᠯ᠎ᠳᠦ ᠳᠠᠭᠠᠷᠢᠭᠳᠠᠨ ᠲᠤᠩᠭᠤᠴᠢᠨ ᠭᠠᠵᠠᠷ ᠤᠢᠴᠢᠵᠠᠢ᠃
ᠨᠢᠭᠡ ᠮᠡᠳᠡᠬᠦ᠎ᠳᠦ 《ᠡᠵᠢ ᠡ! ᠰᠡᠷᠡᠭᠡᠴᠢ᠂ ᠡᠵᠢ ᠡ ᠁》 ᠭᠡᠵᠦ ᠦᠬᠢᠨ ᠮᠢᠨᠢ ᠬᠤᠶᠠᠷ ᠮᠥᠷᠥ᠎ᠵᠢ ᠴᠢᠨᠡᠭᠡ ᠮᠡᠳᠡᠨ ᠳᠦᠯᠬᠢᠵᠦ ᠳᠠᠳᠠᠨ ᠨᠢᠰᠦ ᠨᠢᠯᠪᠤᠰᠤ᠎ᠪᠡᠨ ᠴᠤᠪᠤᠷᠠᠭᠤᠯᠤᠨ ᠪᠠᠢᠪᠠ᠃
ᠪᠦᠬᠦ ᠪᠡᠶ᠎ᠡ ᠠᠯᠳᠠᠷᠠᠭᠰᠠᠨ ᠳᠡᠭᠡᠰᠦ ᠠᠳᠠᠯᠢ ᠰᠤᠯᠠᠷᠠᠵᠤ᠂ ᠨᠢᠳᠦ᠎ᠪᠡᠨ ᠨᠡᠭᠡᠭᠡᠬᠦ ᠲᠡᠩᠬᠡᠬᠡ ᠦᠭᠡᠢ᠂ ᠲᠤᠯᠤᠭᠠᠢ ᠥᠩᠭᠢᠨᠡᠨ ᠳᠦᠩᠭᠢᠨᠡᠵᠦ ᠪᠠᠢᠪᠠ᠃ ᠪᠢ ᠡᠷᠯᠢᠭ᠎ᠤᠨ ᠤᠷᠤᠨ᠎ᠳᠦ ᠤᠴᠢᠭᠠᠳ ᠢᠷᠡᠪᠡᠤᠤ? ᠦᠨᠡᠨ᠎ᠤ ᠭᠠᠵᠠᠷ ᠶᠠᠪᠤᠭᠠᠳ ᠤᠳᠠᠭᠰᠠᠨ ᠡᠵᠢ ᠲᠠᠢ᠎ᠪᠡᠨ ᠬᠤᠶᠠᠷ ᠦᠭᠡᠴᠤ ᠰᠤᠯᠢᠵᠤ ᠠᠮᠵᠢᠭ᠎ᠠ ᠦᠭᠡᠢ ᠪᠠᠢᠬᠤᠤᠤ? ᠪᠢ ᠵᠡᠭᠦᠳᠦ ᠦᠨᠡᠨ᠎ᠤ ᠬᠤᠭᠤᠷᠤᠨᠳᠤ ᠠᠩᠰᠠᠯᠵᠠᠨ ᠠᠲᠠᠯ᠎ᠠ᠄
— ᠡᠮᠴᠢ ᠡ᠂ ᠡᠵᠢ᠎ᠵᠢᠨ ᠴᠢᠰᠤᠨ ᠳᠠᠷᠤᠯᠲᠠ ᠳᠡᠭᠰᠢᠷᠡᠵᠦ ᠪᠠᠢᠨ᠎ᠠ᠂ ᠵᠢᠷᠦᠬᠡᠨ ᠴᠤᠬᠢᠯᠭ᠎ᠠ ᠨᠢ ᠪᠠᠰᠠ ᠁ ᠦᠬᠢᠨ᠎ᠤ ᠤᠬᠢᠯᠠᠩᠨᠠᠭᠰᠠᠨ ᠳᠠᠭᠤ ᠬᠤᠭᠤᠯᠠᠢ ᠬᠤᠯᠠ᠎ᠡᠴᠡ ᠤᠢᠷᠠᠳᠤᠨ ᠰᠤᠨᠤᠰᠳᠠᠵᠤ ᠪᠠᠢᠯ᠎ᠠ᠃
ᠲᠤᠳᠤᠷ᠎ᠠ ᠤᠪᠤᠭ᠎ᠠ ᠰᠠᠷᠠᠭᠤᠯᠵᠢᠵᠤ᠂ ᠨᠢᠳᠦ᠎ᠪᠡᠨ ᠠᠭᠠᠵᠢᠮᠵᠢᠡᠷ ᠨᠡᠭᠡᠭᠡᠬᠦ᠎ᠳᠦ ᠦᠬᠢᠨ ᠤᠯᠠᠭᠠᠨ ᠰᠤᠳᠠᠰᠤ ᠬᠦᠶᠦᠭᠰᠡᠨ ᠨᠢᠳᠦ᠎ᠪᠡᠷ ᠨᠠᠮ᠎ᠠ᠎ᠵᠢ ᠴᠤᠭᠤ ᠰᠢᠷᠳᠡᠨ ᠵᠤᠭᠰᠤᠵᠤ ᠪᠠᠢᠪᠠ᠃ ᠬᠠᠮᠠᠷᠵᠢᠡᠷ ᠬᠦᠴᠢᠯᠳᠦ᠋ᠷᠦᠭᠴᠢ ᠠᠮᠢᠰᠬᠤᠯᠯᠠᠵᠤ᠂ ᠡᠪᠴᠢᠭᠦᠦ ᠴᠡᠭᠡᠵᠢᠨ᠎ᠳᠦ ᠤᠯᠠᠨ ᠨᠠᠭᠠᠯᠲᠠ ᠲᠠᠢ᠂ ᠪᠡᠶ᠎ᠡ᠎ᠵᠢᠨ ᠳᠡᠭᠡᠭᠦᠷ ᠠᠭᠠᠯᠵᠢᠨ ᠲᠤᠤᠷ ᠠᠳᠠᠯᠢ ᠰᠦᠯᠵᠢᠯᠳᠦᠭᠰᠡᠨ ᠡᠮᠴᠢᠯᠡᠭᠡᠨ᠎ᠤ ᠳᠥᠭᠥᠬᠡᠷᠦᠮᠵᠢᠵᠢᠨ ᠤᠳᠠᠰᠤ ᠬᠠᠷᠠᠭᠳᠠᠨ᠎ᠠ᠃ 《ᠡᠵᠢ ᠡ᠂ ᠮᠡᠰᠡ ᠵᠠᠰᠠᠯ ᠠᠮᠵᠢᠯᠲᠠ ᠲᠠᠢ ᠪᠤᠯᠤᠭᠰᠠᠨ》 ᠭᠡᠵᠦ ᠦᠬᠢᠨ ᠮᠢᠨᠤ ᠭᠠᠷ᠎ᠢ ᠴᠢᠩᠭᠠᠬᠠᠨ ᠠᠳᠬᠤᠭᠰᠠᠭᠠᠷ ᠬᠤᠭᠤᠯᠠᠢ ᠡᠷᠢᠶᠡᠨᠳᠦᠭᠦᠯᠦᠨ ᠶᠠᠷᠢᠬᠤ᠎ᠵᠢ ᠨᠢ ᠰᠤᠨᠤᠰᠬᠤ᠎ᠪᠡᠷ ᠮᠢᠨᠤ ᠨᠢᠯᠪᠤᠰᠤ ᠨᠢᠳᠦᠨ ᠤᠬᠤᠷᠬᠠᠢ᠎ᠡᠴᠡ ᠲᠡᠯᠡᠷᠡᠨ ᠭᠠᠷᠴᠤ ᠪᠠᠢᠬᠤ ᠨᠢ ᠮᠡᠳᠡᠷᠡᠭᠳᠡᠵᠦ ᠪᠠᠢᠯ᠎ᠠ᠃

ᠴᠡᠭᠡᠨ ᠳ᠋ᠸᠩ᠎ᠤᠨ ᠭᠡᠷᠡᠯᠳᠦ ᠤᠷᠤ᠎ᠵᠢᠨ ᠬᠠᠵᠠᠭᠤ᠎ᠳᠦ ᠮᠤᠳᠤ ᠠᠳᠠᠯᠢ ᠭᠤᠵᠤᠢᠨ ᠵᠤᠭᠰᠤᠭᠰᠠᠨ ᠡᠪᠦᠭᠡᠨ᠎ᠤ ᠴᠢᠷᠠᠢ ᠤᠯᠠᠮ ᠴᠤᠩᠬᠢᠭᠠᠷ ᠬᠠᠷᠠᠭᠳᠠᠨ᠎ᠠ᠃ ᠪᠢ ᠥᠷᠯᠥᠭᠡ᠎ᠵᠢᠨ ᠶᠢᠰᠦᠨ ᠴᠠᠭ᠎ᠲᠦ ᠮᠡᠰᠡ ᠵᠠᠰᠠᠯ᠎ᠤᠨ ᠲᠠᠰᠤᠭ᠎ᠲᠦ ᠤᠷᠤᠭᠰᠠᠨᠵᠢᠡᠨ ᠲᠤᠳᠤᠷᠬᠠᠢ ᠴᠡᠭᠡᠵᠢᠯᠡᠵᠦ ᠪᠠᠢᠨ᠎ᠠ᠃ ᠮᠡᠰᠡ ᠵᠠᠰᠠᠯ᠎ᠤᠨ ᠥᠷᠥᠭᠡ ᠤᠷᠤᠭᠤ ᠳᠦᠯᠬᠢᠵᠦ ᠶᠠᠪᠤᠭᠰᠠᠨ ᠡᠷᠯᠢᠭ᠎ᠤᠨ ᠡᠯᠴᠢ ᠭᠡᠮᠡᠷ ᠥᠪᠴᠢ ᠬᠦᠬᠡ᠎ᠪᠡᠷ ᠬᠤᠪᠴᠠᠯᠠᠵᠤ᠂ ᠠᠮᠠᠪᠴᠢ᠎ᠵᠢᠨ ᠳᠡᠭᠡᠭᠦᠷ ᠠᠯᠠᠭ ᠨᠢᠳᠦ ᠨᠢ ᠠᠯᠠᠬᠤ ᠦᠭᠡᠷ ᠠᠳᠠᠯᠢ ᠬᠦᠯᠢᠪᠡᠯᠵᠡᠭᠰᠡᠨ ᠢᠳᠡᠷ ᠨᠠᠰᠤᠨ᠎ᠤ ᠡᠷ᠎ᠡ᠎ᠵᠢ ᠬᠠᠷᠠᠬᠤ᠎ᠡᠴᠡ ᠰᠡᠳᠬᠢᠯ ᠳᠤᠯᠭᠢᠰᠴᠤ ᠪᠠᠢᠭᠰᠠᠨ᠎ᠴᠤ ᠶᠡᠭᠦᠯᠡᠵᠦ ᠪᠠᠢᠭ᠎ᠠ ᠡᠮ᠎ᠢ ᠪᠠᠷᠠᠭᠤᠨ ᠭᠠᠷᠵᠢᠡᠷᠵᠢᠡᠨ ᠳᠡᠭᠡᠷ᠎ᠡ ᠡᠷᠭᠦᠵᠦ ᠨᠢᠳᠦᠪᠡᠷᠵᠢᠡᠨ ᠢᠨᠢᠶᠡᠭᠰᠡᠨ ᠰᠤᠪᠢᠯᠠᠭᠴᠢ ᠦᠬᠢᠨ᠎ᠢ ᠬᠠᠷᠠᠭᠠᠳ ᠬᠦᠭᠡᠷᠦᠬᠦᠢ ᠦᠬᠢᠨ ᠲᠠᠢ ᠮᠢᠨᠢ ᠨᠠᠰᠤ ᠬᠤᠷᠠᠭ᠎ᠤᠨ ᠪᠠᠢᠬ᠎ᠠ ᠭᠡᠵᠦ ᠪᠤᠳᠤᠪᠠ᠃ ᠮᠡᠰᠡ ᠵᠠᠰᠠᠯ᠎ᠤᠨ ᠤᠷᠤᠨ᠎ᠡᠴᠡ ᠪᠠᠭᠤᠵᠤ ᠳᠡᠢᠯᠬᠦ ᠦᠭᠡᠢ ᠴᠠᠭᠠᠰᠢ ᠶᠠᠪᠤᠴᠢᠬᠠᠪᠠᠯ ᠶᠠᠭᠠᠬᠢᠳᠠᠭ ᠪᠢᠯᠡ⁈ ᠵᠠᠶᠠᠭ᠎ᠠ ᠮᠡᠳᠡᠭᠰᠡᠨ ᠬᠡᠷᠡᠭ᠂ ᠤᠰᠤ ᠤᠤᠭᠤᠬᠤ ᠬᠤᠪᠢ ᠲᠥᠭᠡᠷᠭᠡ ᠦᠭᠡᠢ ᠪᠤᠯ ᠶᠠᠭᠠᠬᠢᠬᠤ ᠪᠤᠢ᠃ ᠤᠯᠢᠭᠵᠢᠡᠨ ᠪᠠᠷᠠᠭᠰᠠᠨ ᠦᠮᠡᠨ ᠤᠯᠤᠭᠰᠠᠨ ᠬᠦᠮᠦᠨ ᠡᠷᠯᠢᠭ᠎ᠤᠨ ᠳᠠᠩᠰᠠᠨ᠎ᠳᠦ ᠨᠢᠭᠡᠨᠲᠡ ᠨᠡᠷ᠎ᠡ᠎ᠪᠡᠨ ᠳᠠᠩᠰᠠᠯᠠᠭᠤᠯᠤᠭᠰᠠᠨ ᠪᠠᠢᠭ᠎ᠠ ᠬᠤᠢᠨ᠎ᠠ᠃ ᠡᠪᠦᠭᠡᠨ ᠦᠬᠢᠨ ᠬᠤᠶᠠᠭᠤᠯᠠ ᠮᠢᠨᠢ ᠵᠠᠪᠠᠯ ᠮᠡᠰᠡ ᠵᠠᠰᠠᠯ ᠬᠢᠯᠭᠡᠬᠦ ᠭᠡᠳ ᠁ ᠦᠭᠡᠢ ᠪᠤᠯ ᠵᠢᠷᠠ ᠬᠦᠷᠴᠦ ᠵᠠᠵᠢᠨ ᠦᠰᠦ ᠨᠢᠭᠡᠨᠲᠡ ᠴᠠᠢᠴᠢᠬᠠᠭᠰᠠᠨ ᠬᠦᠮᠦᠨ᠃ ᠵᠤᠭᠤᠰ ᠮᠥᠩᠭᠥ᠎ᠪᠡᠨ ᠦᠷᠡᠵᠦ ᠭᠦᠢᠴᠡᠭᠡᠳ ᠵᠠᠰᠠᠷᠠᠵᠤ ᠡᠳᠡᠭᠡᠷᠡᠵᠦ ᠳᠡᠢᠯᠬᠦ ᠦᠭᠡᠢ ᠶᠤᠮ ᠪᠤᠯ ᠠᠯᠢ ᠪᠠᠢᠭᠰᠠᠨᠵᠢᠡᠨ ᠪᠠᠷᠠᠵᠤ 《ᠡᠯᠵᠢᠭᠡᠴᠤ ᠦᠭᠡᠢ ᠭᠤᠷᠪᠠᠨ ᠯᠠᠩᠴᠤ ᠦᠭᠡᠢ》 ᠦᠯᠢᠭᠡᠷ ᠪᠤᠯᠤᠨ᠎ᠠ᠃ ᠦᠬᠦᠬᠦ ᠡᠪᠡᠳᠴᠢᠨ᠎ᠢ ᠰᠠᠬᠢᠭᠤᠯᠰᠤᠨ ᠭᠡᠳ ᠶᠠᠭᠠᠬᠢᠬᠤ ᠪᠤᠢ ᠁ ᠦᠬᠢᠨ ᠤᠬᠢᠯᠠᠵᠤ ᠤᠨᠵᠢᠭᠠᠳ ᠴᠠᠪᠠᠤ ᠠᠳᠠᠯᠢ ᠨᠤᠤᠷᠠᠭᠠᠳ ᠪᠤᠯᠬᠤ ᠦᠭᠡᠢ ᠶᠤᠮ ᠴᠢᠨᠢ ᠠᠷᠭ᠎ᠠ ᠦᠭᠡᠢ ᠮᠡᠰᠡ ᠵᠠᠰᠠᠯ ᠬᠢᠬᠦ᠎ᠵᠢ ᠵᠥᠪᠰᠢᠶᠡᠷᠡᠭᠰᠡᠨ ᠭᠠᠷᠤᠨ ᠦᠰᠦᠭ ᠵᠢᠷᠤᠭᠰᠠᠨ ᠶᠤᠮ᠃ ᠬᠡᠦᠬᠡᠳ᠎ᠤᠨ ᠰᠠᠨᠠᠭ᠎ᠠ᠎ᠪᠡᠷ ᠤᠷᠤᠭᠰᠠᠨ ᠦᠭᠡᠢ ᠪᠤᠯ ᠲᠠᠭᠠᠷᠠᠬᠤ ᠪᠠᠢᠵᠠᠢ᠃ ᠦᠮᠡᠨ᠎ᠤ ᠰᠡᠭᠦᠯᠴᠢ᠎ᠵᠢᠨ ᠬᠤᠭᠤᠴᠠᠭ᠎ᠠ ᠭᠡᠪᠠᠯ ᠡᠳᠡᠭᠡᠷᠡᠬᠦ ᠪᠤᠯᠤᠯᠴᠠᠭ᠎ᠠ ᠬᠤᠮᠰᠠ ᠪᠠᠢᠬ᠎ᠠ᠃ ᠬᠦᠦ ᠮᠢᠨᠢ ᠬᠠᠷᠢ ᠤᠯᠤᠰ᠎ᠲᠦ ᠰᠤᠶᠤᠯ᠎ᠤᠨ ᠮᠥᠷ ᠬᠥᠭᠡᠭᠡᠵᠦ ᠪᠠᠢᠨ᠎ᠠ᠃ ᠦᠬᠢᠨ ᠪᠠᠰᠠ ᠠᠵᠢᠯ ᠠᠯᠪᠠ ᠲᠠᠢ᠂ ᠠᠩᠭ᠎ᠠ ᠦᠷ᠎ᠡ ᠲᠠᠢ ᠬᠦᠮᠦᠨ ᠁ ᠮᠢᠨᠤ ᠳᠤᠳᠤᠷ᠎ᠠ ᠤᠷᠪᠠᠯᠳᠤᠵᠤ᠂ ᠡᠯᠳᠡᠪ ᠡᠰᠡᠨ ᠪᠤᠳᠤᠯ ᠰᠢᠪᠠᠭᠤ ᠰᠢᠭ᠋ ᠵᠢᠷᠭᠢᠵᠦ ᠪᠠᠢᠲᠠᠯ᠎ᠠ ᠡᠮᠴᠢ ᠰᠤᠪᠢᠯᠠᠭᠴᠢ ᠨᠠᠭᠠᠰᠢ ᠴᠠᠭᠠᠰᠢ ᠪᠤᠵᠢᠭᠢᠨᠠᠯᠳᠤᠵᠤ ᠪᠠᠢᠭᠰᠠᠨᠵᠢᠡᠨ ᠨᠢᠭᠡ ᠰᠤᠪᠢᠯᠠᠭᠴᠢ ᠦᠬᠢᠨ ᠬᠠᠮᠠᠷ᠎ᠲᠦ ᠨᠢᠭᠡ ᠶᠠᠭᠤᠮ᠎ᠠ ᠤᠢᠷᠠᠳᠤᠭᠤᠯᠤᠮᠠᠭᠴᠠ ᠪᠢ ᠮᠡᠳᠡᠭᠡ ᠠᠯᠳᠠᠵᠤ ᠤᠷᠬᠢᠵᠠᠢ᠃

ᠪᠢ ᠦᠬᠢᠨ ᠤᠷᠤᠭᠤ ᠦᠬᠡ ᠶᠠᠷᠢᠬᠤ ᠭᠡᠬᠦ᠎ᠳᠦ ᠤᠷᠤᠭᠤᠯ ᠠᠮᠠ ᠵᠥᠪ ᠵᠠᠷᠤᠭᠳᠠᠭᠰᠠᠨ ᠦᠭᠡᠢ᠃ ᠦᠨᠡᠨ᠎ᠳᠡᠭᠡᠨ ᠪᠢ ᠴᠢᠨᠢ 《ᠡᠵᠢ》 ᠭᠡᠰᠡᠨ ᠨᠡᠷ᠎ᠡ ᠳᠡᠭᠡᠨ ᠬᠢᠷᠢ ᠲᠡᠩᠴᠡᠮᠡᠷ ᠦᠭᠡᠢ ᠶᠠᠪᠤᠭᠰᠠᠨ ᠭᠡᠵᠦ ᠪᠡᠶ᠎ᠡ᠎ᠪᠡᠨ ᠵᠢᠮᠡᠯᠡᠳᠡᠭ ᠶᠤᠮ᠃ ᠬᠡᠦᠬᠡᠳᠵᠢᠡᠨ ᠪᠠᠯᠴᠢᠷ ᠪᠠᠭ᠎ᠠ᠎ᠡᠴᠡ ᠨᠢ ᠬᠠᠢᠷᠠᠯᠠᠵᠤ ᠬᠠᠷᠠᠭᠠᠯᠵᠠᠬᠤ᠎ᠵᠢ ᠮᠡᠳᠡᠭᠰᠡᠨ ᠦᠭᠡᠢ᠂ ᠡᠮᠡᠭᠡ ᠡᠵᠢ᠎ᠳᠦ ᠨᠢ ᠬᠠᠶᠠᠴᠢᠬᠠᠭᠠᠳ ᠬᠦᠯᠥᠰᠥᠨ ᠠᠵᠢᠯ ᠬᠢᠨ᠎ᠡ ᠭᠡᠳ ᠭᠦᠶᠦᠴᠢᠬᠡᠭᠰᠡᠨ ᠬᠦᠮᠦᠨ᠃ ᠲᠡᠷᠡ ᠵᠠᠭᠤᠭᠠᠳ ᠬᠤᠨᠢ ᠢᠮᠠᠭ᠎ᠠ᠎ᠪᠡᠨ ᠬᠠᠷᠢᠭᠤᠯᠤᠭᠠᠳ ᠠᠮᠢᠳᠤᠷᠠᠯ ᠳᠡᠭᠡᠭᠰᠢᠯᠡᠬᠦ ᠦᠭᠡᠢ᠂ ᠬᠡᠦᠬᠡᠳᠵᠢᠡᠨ ᠢᠷᠡᠭᠡᠳᠦᠢ᠎ᠳᠦ ᠰᠠᠢᠨ ᠰᠠᠢᠬᠠᠨ ᠶᠠᠪᠤᠭᠤᠯᠬᠤ ᠬᠡᠪᠡᠯ ᠵᠤᠭᠤᠰ ᠴᠤᠭᠯᠠᠭᠤᠯᠬᠤ ᠦᠭᠡᠢ ᠪᠤᠯ ᠪᠤᠯᠬᠤ ᠦᠭᠡᠢ ᠭᠡᠵᠦ ᠪᠤᠳᠤᠬᠤ᠎ᠳᠠᠭᠠᠨ ᠨᠢᠯᠪᠤᠰᠤ᠎ᠪᠡᠨ ᠲᠤᠳᠤᠭᠰᠢ᠎ᠪᠡᠨ ᠵᠠᠯᠬᠢᠨ ᠪᠠᠢᠵᠤ ᠨᠤᠲᠤᠭ᠎ᠡᠴᠡ᠎ᠪᠡᠨ ᠰᠠᠯᠵᠤ ᠶᠠᠪᠤᠭᠰᠠᠨ ᠪᠢᠯᠡ᠃ ᠰᠤᠶᠤᠯ᠎ᠤᠨ ᠬᠢᠷᠢ ᠬᠡᠮᠵᠢᠶ᠎ᠡ ᠥᠨᠳᠥᠷ ᠪᠢᠰᠢ ᠬᠦᠮᠦᠨ ᠪᠡᠶ᠎ᠡ᠎ᠵᠢᠨ ᠬᠥᠴᠦ᠂ ᠰᠥᠰᠥ ᠵᠤᠷᠢᠭ᠎ᠵᠢᠡᠨ ᠲᠦᠰᠢᠭᠯᠡᠬᠦ᠎ᠡᠴᠡ ᠤᠨᠳᠤᠤ ᠠᠷᠭ᠎ᠠ ᠪᠠᠢᠬᠤ ᠦᠭᠡᠢ ᠭᠡᠳᠡᠭ᠎ᠢ ᠬᠦᠮᠦᠨ᠎ᠤ ᠭᠠᠵᠠᠷ ᠬᠥᠨᠳᠡᠯᠡᠨ᠎ᠤ ᠨᠤᠲᠤᠭ᠎ᠲᠦ ᠬᠦᠷᠦᠭᠡᠳ ᠰᠠᠶᠢ ᠤᠬᠠᠵᠠᠢ᠃ ᠡᠳᠦᠢᠴᠢᠨᠡᠭᠡᠨ ᠵᠢᠯ ᠶᠠᠭᠤ ᠡᠰᠡ ᠬᠢᠭᠰᠡᠨ ᠦᠭᠡᠢ ᠪᠤᠢ᠃ ᠪᠠᠷᠢᠯᠭ᠎ᠠ ᠳᠡᠭᠡᠷ᠎ᠡ ᠬᠤᠭᠤᠯᠠ ᠬᠢᠬᠦ᠂ ᠭᠡᠷ ᠴᠤᠬᠤᠢᠳᠠᠬᠤ᠂ ᠭᠡᠷ ᠴᠡᠪᠡᠷᠯᠡᠬᠦ᠂ ᠨᠠᠰᠤᠲᠠᠨ ᠠᠰᠠᠷᠠᠬᠤ ᠁ ᠬᠢᠭᠰᠡᠨ ᠦᠭᠡᠢ ᠠᠵᠢᠯ ᠪᠠᠷᠤᠭ ᠪᠠᠢᠬᠤ ᠦᠭᠡᠢ ᠭᠡᠵᠦ ᠬᠡᠯᠡᠬᠦ᠎ᠳᠦ ᠢᠯᠡᠭᠦᠳᠡᠬᠦ ᠦᠭᠡᠢ᠃ ᠵᠠᠷᠢᠮ᠎ᠳᠠᠭᠠᠨ ᠶᠠᠳᠠᠷᠠᠬᠤ᠎ᠵᠢᠨ ᠲᠤᠢᠯ᠎ᠳᠦ ᠲᠤᠯᠤᠭᠠᠳ ᠬᠥᠯᠵᠢᠡᠨ ᠴᠢᠷᠦᠭᠡᠳ ᠲᠦᠷᠢᠶᠡᠰᠦᠨ ᠭᠡᠷ ᠤᠷᠤᠭᠤ᠎ᠪᠡᠨ ᠭᠤᠢᠭᠤᠷᠠᠬᠤᠳᠠᠭᠠᠨ ᠠᠮᠢᠳᠤᠷᠠᠯ᠎ᠳᠦ ᠤᠢ ᠭᠤᠳᠤᠳᠠᠭ ᠤᠳᠠᠭ᠎ᠠ ᠲᠠᠢᠴᠤ ᠠᠷᠤ ᠭᠡᠷ᠎ᠲᠡᠭᠡᠨ ᠪᠠᠢᠭ᠎ᠠ ᠠᠭᠰᠢᠷᠠᠭ᠎ᠠ ᠨᠠᠰᠤᠲᠠᠨ᠂ ᠡᠯᠢᠭᠡ ᠵᠢᠷᠦᠬᠡᠨ᠎ᠤ᠎ᠪᠡᠨ ᠲᠠᠰᠤᠷᠬᠠᠢ ᠠᠩᠭ᠎ᠠ ᠦᠷ᠎ᠡ᠎ᠪᠡᠨ ᠪᠤᠳᠤᠮᠠᠭᠴᠠ ᠪᠡᠶ᠎ᠡ ᠴᠢᠩᠭᠠᠷᠠᠨ᠂ ᠵᠤᠷᠢᠭ ᠡᠷᠴᠢᠯᠡᠭᠳᠡᠵᠦ᠂ ᠤᠷᠮ᠎ᠠ ᠰᠡᠷᠭᠦᠳᠡᠭ᠃ 《ᠦᠷᠡᠵᠢᠨ ᠲᠥᠯᠥᠭᠡ ᠦᠭᠦᠵᠦ᠂ ᠵᠤᠯᠵᠠᠭ᠎ᠠ᠎ᠵᠢᠨ ᠲᠥᠯᠥᠭᠡ ᠵᠤᠳᠠᠨᠠ》 ᠭᠡᠳᠡᠭ᠎ᠤᠨ ᠤᠳᠬ᠎ᠠ ᠰᠠᠨᠠᠭ᠎ᠠ᠎ᠵᠢ ᠡᠵᠢ ᠰᠠᠭᠤᠬᠤ ᠦᠭᠡᠢ ᠪᠤᠯ ᠶᠠᠭᠠᠬᠢᠨ ᠮᠡᠳᠡᠷᠡᠵᠦ ᠳᠡᠢᠯᠬᠦ ᠠᠵᠢ᠃ ᠬᠡᠳᠦᠢᠪᠡᠷ ᠬᠦᠦ ᠦᠬᠢᠨ᠎ᠳᠡᠭᠡᠨ ᠡᠳ᠋ ᠪᠤᠳᠠᠰ᠎ᠤᠨ ᠲᠠᠯ᠎ᠠ᠎ᠪᠡᠷ ᠡᠯᠪᠡᠭ ᠳᠡᠯᠪᠡᠭ ᠬᠠᠩᠭᠠᠯᠲᠠ ᠲᠠᠢ ᠪᠤᠯᠭᠠᠵᠤ ᠴᠢᠳᠠᠭᠰᠠᠨᠴᠤ ᠡᠩᠭᠡᠷ᠎ᠲᠡᠭᠡᠨ ᠡᠷᠬᠡᠯᠡᠭᠦᠯᠵᠦ᠂ ᠡᠬᠡ᠎ᠵᠢᠨ ᠬᠠᠢᠷ᠎ᠠ᠎ᠪᠡᠨ ᠴᠠᠭ ᠮᠥᠴᠡ ᠦᠭᠡᠢ ᠬᠦᠷᠭᠡᠵᠦ ᠳᠡᠢᠯᠦᠭᠰᠡᠨ ᠦᠭᠡᠢ᠎ᠳᠡᠭᠡᠨ ᠬᠠᠷᠠᠮᠰᠠᠵᠤ ᠵᠤᠪᠠᠳᠠᠭ᠃ ᠥᠨᠥ ᠦᠬᠢᠨ ᠦᠷ᠎ᠡ᠎ᠪᠡᠨ ᠢᠩᠭᠢᠵᠦ ᠤᠬᠢᠯᠠᠭᠤᠯᠵᠤ ᠵᠤᠪᠠᠭᠠᠬᠤ ᠡᠷᠬᠡ ᠪᠠᠢᠬᠤ ᠦᠭᠡᠢ ᠯᠡ ᠭᠡᠵᠦ ᠪᠤᠳᠤᠬᠤ᠎ᠡᠴᠡ ᠵᠢᠷᠦᠭᠡ᠎ᠵᠢ ᠵᠡᠭᠦᠦ᠎ᠪᠡᠷ ᠴᠢᠴᠢᠵᠦ ᠪᠠᠢᠮᠠᠷ᠃ ᠰᠠᠨᠠᠭ᠎ᠠ ᠵᠠᠶᠠᠭ᠎ᠠ ᠨᠡᠢᠯᠡᠳᠡᠭ ᠦᠭᠡᠢ ᠬᠤᠷᠸ᠎ᠠ᠎ᠵᠢ ᠶᠠᠭᠠᠬᠢᠨᠠᠮ ᠪᠢᠯᠡ⁈

ᠨᠢᠳᠤᠨᠤᠨ᠎ᠤ ᠡᠨᠡ ᠦᠶᠡᠰ ᠪᠠᠢᠨ ᠪᠠᠢᠨ ᠴᠢᠴᠠᠭ᠎ᠠ ᠠᠯᠳᠠᠵᠤ ᠪᠠᠢᠭᠰᠠᠨ ᠴᠤ᠌ ᠡᠷᠬᠢᠯᠡᠭᠰᠡᠨ ᠬᠣᠭᠣᠯᠠᠨ ᠭᠡᠷ᠎ᠦᠨ ᠣᠷᠣᠯᠭ᠎ᠠ ᠮᠢᠨᠢ ᠵᠠᠷᠤᠯᠭ᠎ᠠ᠎ᠳᠠᠭᠠᠨ ᠬᠦᠷᠴᠦ ᠲᠡᠶ᠋ᠢᠯᠬᠦ ᠦᠭᠡᠢ ᠲᠣᠯᠣᠭᠠᠢ ᠡᠪᠡᠳᠬᠡᠵᠦ ᠪᠠᠢᠭᠰᠠᠨ᠎ᠠᠴᠠ ᠪᠠᠷᠤᠭ ᠢᠳᠡᠭᠰᠡᠨ ᠤᠤᠭᠤᠭᠰᠠᠨ ᠵᠣᠬᠢᠭ᠍ᠰᠠᠨ ᠦᠭᠡᠢ᠎ᠡᠴᠡ ᠪᠤᠯᠤᠭᠰᠠᠨ ᠪᠠᠢᠬ᠎ᠠ ᠭᠡᠵᠦ ᠰᠠᠨᠠᠭᠠᠨ᠎ᠳᠠᠭᠠᠨ ᠠᠪᠤᠭᠰᠠᠨ ᠦᠭᠡᠢ᠂ ᠡᠮ᠎ᠦᠨ ᠳᠡᠯᠭᠡᠭᠦᠷ᠎ᠡᠴᠡ ᠪᠠᠭ᠎ᠠ ᠰᠠᠭ᠎ᠠ ᠡᠮᠲᠠᠩ ᠤᠤᠭᠤᠭᠠᠳ ᠯᠠ ᠥᠩᠭᠡᠷᠡᠬᠡᠵᠦ ᠪᠠᠢᠵᠠᠢ᠃ ᠡᠷ᠎ᠡ ᠡᠮ᠎ᠡ ᠬᠣᠶᠠᠭᠤᠯᠠ᠎ᠪᠠᠨ ᠠᠷᠪᠠᠭᠠᠳ ᠵᠢᠯ ᠬᠤᠷᠠᠮᠳᠤᠭᠤᠯᠤᠭᠰᠠᠨ ᠵᠣᠭᠣᠰ᠎ᠢᠶᠠᠷ᠎ᠢᠶᠠᠨ ᠬᠣᠭᠣᠯᠠᠨ ᠭᠡᠷ ᠡᠷᠬᠢᠯᠡᠭᠡᠳ ᠣᠪᠣᠭ᠎ᠠ ᠤᠷᠤᠯᠭ᠎ᠠ ᠲᠠᠢ ᠶᠠᠪᠤᠵᠤ ᠪᠠᠢᠲᠠᠯ᠎ᠠ ᠵᠦᠢᠯ ᠵᠦᠢᠯ᠎ᠦᠨ ᠰᠢᠯᠲᠠᠭᠠᠨ᠎ᠠᠴᠠ ᠪᠣᠯᠵᠤ ᠬᠣᠭᠣᠯᠠᠨ ᠭᠡᠷ᠎ᠦᠨ ᠣᠷᠣᠯᠭ᠎ᠠ ᠨᠢ ᠵᠠᠷᠤᠯᠭ᠎ᠠ᠎ᠳᠠᠭᠠᠨ ᠬᠦᠷᠬᠦ᠎ᠪᠡᠨ ᠪᠣᠯᠢᠭᠠᠳ ᠪᠠᠢᠬᠤ᠎ᠳᠤ ᠪᠡᠶ᠎ᠡ᠎ᠪᠡᠨ ᠬᠠᠮᠢᠶᠠᠷᠬᠤ ᠵᠠᠪ ᠬᠠᠮᠢᠭ᠎ᠠ ᠪᠠᠢᠬᠤ ᠪᠣᠢ᠃ ᠬᠣᠭᠣᠯᠠᠨ ᠭᠡᠷ᠎ᠢᠶᠡᠨ ᠶᠠᠭᠠᠬᠢᠵᠤ ᠡᠵᠡᠩᠨᠡᠪᠡᠯ ᠵᠣᠬᠢᠬᠤ ᠲᠤᠬᠠᠢ ᠲᠠᠷᠢᠬᠢ᠎ᠪᠠᠨ ᠰᠢᠪᠬᠠᠵᠤ ᠪᠤᠬᠢᠨᠢᠳᠤᠵᠤ ᠪᠠᠢᠪᠠ᠃

ᠳᠡᠭᠡᠷ᠎ᠡ ᠭᠠᠷᠠᠭ᠎ᠤᠨ ᠬᠣᠶᠠᠷ᠎ᠤᠨ ᠦᠳᠡ᠎ᠶᠢᠨ ᠬᠣᠢᠨ᠎ᠠ ᠭᠡᠳᠡᠰᠦ ᠬᠠᠳᠬᠤᠯᠠᠵᠤ ᠡᠪᠡᠳᠦᠭᠡᠳ ᠲᠡᠰᠬᠦ ᠦᠭᠡᠢ ᠪᠣᠯᠬᠣᠷ ᠠᠷᠭ᠎ᠠ ᠪᠤᠰᠤ ᠡᠮᠨᠡᠯᠭᠡ᠎ᠳᠦ ᠬᠦᠷᠴᠦ ᠪᠠᠢᠴᠠᠭᠠᠯᠭᠠᠭᠰᠠᠨ ᠴᠢᠨᠢ ᠭᠡᠳᠡᠰᠦᠨ ᠥᠮᠡᠨᠦ ᠰᠡᠭᠦᠯᠴᠢ᠎ᠶᠢᠨ ᠬᠤᠭᠤᠴᠠᠭ᠎ᠠ ᠭᠡᠰᠡᠨ ᠤᠨᠤᠰᠢᠯᠠᠯᠲᠠ ᠤᠯᠵᠤ ᠶᠠᠭᠤ ᠶᠠᠭᠠᠬᠢᠬᠤ᠎ᠪᠡᠨ ᠤᠯᠵᠤ ᠶᠠᠳᠠᠨ ᠠᠯᠮᠠᠢᠷᠠᠵᠠᠢ᠃ ᠡᠮᠴᠢ ᠳᠠᠷᠤᠢᠳᠤᠨᠢ ᠡᠮᠨᠡᠯᠭᠡ᠎ᠳᠦ ᠰᠠᠭᠤᠬᠤ ᠬᠡᠷᠡᠭᠲᠡᠢ ᠭᠡᠵᠦ ᠱᠠᠭᠠᠷᠳᠠᠭᠰᠠᠨ ᠴᠤ᠌ ᠪᠢ ᠬᠡᠨ᠎ᠳᠦ ᠴᠦ᠍ ᠬᠡᠯᠡᠬᠦ ᠦᠭᠡᠢ᠎ᠪᠡᠷ ᠰᠢᠢᠳᠴᠦ ᠭᠡᠷ᠎ᠲᠡᠬᠡᠨ ᠬᠠᠷᠢᠪᠠ᠃ ᠠᠮᠢᠳᠤᠷᠠᠯ᠂ ᠦᠬᠦᠯ ᠬᠣᠶᠠᠷ ᠡᠭᠦᠳᠡ᠎ᠪᠡᠷ ᠡᠭᠡᠯᠵᠢᠯᠡᠨ ᠥᠩᠭᠡᠯᠵᠡᠭᠰᠡᠨ ᠡᠳᠦᠷ ᠬᠣᠨᠣᠭᠤᠳᠢ ᠥᠩᠭᠡᠷᠡᠭᠡᠬᠦ ᠭᠡᠵᠦ ᠬᠡᠴᠡᠭᠦᠦ ᠰᠢᠯᠭᠠᠯᠲᠠ ᠪᠠᠢᠵᠠᠢ᠃ ᠲᠣᠭ᠎ᠠ᠎ᠲᠠᠢ ᠡᠳᠦᠷ ᠬᠣᠨᠣᠭᠤᠳᠢᠶᠠᠨ ᠶᠠᠭᠠᠬᠢᠵᠤ ᠥᠩᠭᠡᠷᠡᠭᠡᠬᠦ ᠲᠤᠬᠠᠢ᠂ ᠬᠤᠶᠠᠷ ᠬᠡᠦᠬᠡᠳ᠎ᠦᠨ᠎ᠢᠶᠡᠨ ᠠᠮᠢᠳᠤᠷᠠᠯ᠎ᠢ ᠶᠠᠭᠠᠬᠢᠵᠤ ᠲᠣᠬᠢᠷᠠᠭᠤᠯᠬᠤ ᠲᠤᠬᠠᠢ ᠪᠤᠳᠤᠯ ᠪᠦᠬᠦ ᠣᠶᠤᠨ᠎ᠢ ᠮᠢᠨᠢ ᠡᠵᠡᠮᠳᠡᠵᠦ ᠪᠠᠢᠪᠠ᠃ ᠡᠪᠦᠭᠡᠨ ᠴᠦ᠍ ᠶᠠᠭᠠᠬᠢᠮᠠᠢ᠂ ᠨᠠᠳᠠ᠎ᠠᠴᠠ ᠰᠡᠭᠦᠯᠡᠷ ᠪᠠᠰᠠ ᠨᠢᠭᠡ᠎ᠶᠢ ᠣᠯᠣᠭᠠᠳ ᠠᠮᠢᠳᠤᠷᠠᠬᠤ ᠪᠠᠢᠯ ᠦᠭᠡᠢ᠂ ᠬᠥᠭᠡᠷᠦᠬᠦᠢ ᠮᠢᠨᠤ ᠬᠣᠶᠠᠷ ᠬᠡᠦᠬᠡᠳ ᠁ ᠭᠡᠵᠦ ᠪᠣᠳᠣᠬᠤ᠎ᠠᠴᠠ ᠵᠢᠷᠦᠬᠡ ᠭᠣᠣᠯ ᠬᠠᠢᠯᠤᠭᠠᠳ ᠶᠠᠪᠤᠴᠢᠬᠠᠨ᠎ᠠ᠃
ᠵᠢᠷᠭᠠᠯ ᠵᠣᠪᠠᠯᠠᠩ᠎ᠢᠶᠠᠨ ᠬᠤᠪᠢᠶᠠᠯᠴᠠᠭᠰᠠᠨ ᠡᠷ᠎ᠡ ᠡᠮ᠎ᠡ ᠭᠡᠵᠦ ᠡᠯᠢᠭᠡ ᠨᠢᠭᠡᠲᠡᠢ ᠪᠠᠢᠵᠠᠢ᠃ ᠡᠪᠦᠭᠡᠨ ᠮᠠᠨᠢ ᠮᠢᠨᠤ ᠪᠠᠢᠳᠠᠯ ᠣᠨᠳᠣᠣ ᠪᠠᠢᠬᠤ᠎ᠶᠢ ᠨᠡᠪᠲᠡ ᠬᠠᠷᠠᠴᠢᠬᠠᠭᠠᠳ᠂ ᠨᠠᠮ᠎ᠠ᠎ᠶᠢ ᠰᠢᠷᠭᠠᠭᠠᠭᠰᠠᠭᠠᠷ ᠪᠠᠢᠵᠤ ᠦᠨᠡᠨ᠎ᠢ ᠣᠯᠵᠤ ᠥᠬᠢᠨ᠎ᠳᠦ ᠬᠡᠯᠡ ᠬᠦᠷᠭᠡᠭᠰᠡᠨ ᠪᠠᠢᠵᠠᠢ᠃
《ᠡᠮᠧ ᠠ᠋ ! ᠡᠮᠴᠢ ᠲᠠᠨ᠎ᠤ ᠮᠡᠰᠡ ᠵᠠᠰᠠᠯ᠎ᠢ ᠰᠠᠨᠠᠭᠠᠨ᠎ᠠᠴᠠ ᠭᠠᠳᠠᠭᠤᠷ ᠠᠮᠵᠢᠯᠲᠠ᠎ᠲᠠᠢ ᠪᠣᠯᠤᠭᠰᠠᠨ ᠭᠡᠵᠦ ᠪᠠᠢᠨ᠎ᠠ᠃ ᠳᠥᠷᠪᠡ ᠤᠳᠠᠭ᠎ᠠ ᠬᠢᠮᠢ᠎ᠶᠢᠨ ᠵᠠᠰᠠᠯ ᠬᠢᠪᠡᠯ ᠨᠢᠭᠡᠮᠦᠰᠦᠨ ᠢᠯᠠᠷᠢᠰᠢᠨᠠ ᠭᠡᠵᠦ ᠪᠠᠲᠤᠲᠠᠢ ᠶᠠᠷᠢᠵᠤ ᠪᠠᠢᠨ᠎ᠠ》 ᠭᠡᠵᠦ ᠥᠬᠢᠨ ᠴᠢᠬᠢᠨ᠎ᠦ ᠬᠠᠵᠠᠭᠤ᠎ᠳᠤ ᠳᠣᠭᠳᠣᠯᠤᠨ ᠰᠢᠪᠡᠨᠡᠭᠰᠡᠨ᠎ᠢᠶᠡᠨ᠄《ᠳᠡᠭᠦᠦ ᠮᠠᠷᠭᠠᠰᠢ ᠥᠷᠯᠥᠭᠡ ᠨᠢᠰᠬᠡᠯ᠎ᠡᠴᠡ ᠪᠠᠭᠤᠨ᠎ᠠ᠂ ᠲᠠ ᠰᠠᠨᠠᠭ᠎ᠠ ᠠᠮᠤᠷ ᠪᠠᠢ》 ᠭᠡᠵᠦ ᠬᠡᠯᠡᠬᠦ᠎ᠳᠦ ᠨᠢ ᠬᠣᠭᠣᠯᠠᠢ ᠨᠢ ᠦᠯᠦ ᠮᠡᠳᠡᠭ ᠴᠡᠴᠡᠷᠬᠢᠯᠡᠵᠦ ᠪᠠᠢᠯ᠎ᠠ᠃ ᠢᠱ᠌ᠢ᠂ ᠬᠦᠦ᠎ᠶᠢᠨ ᠰᠤᠷᠤᠯᠭ᠎ᠠ᠎ᠶᠢ ᠰᠠᠭᠠᠲᠠᠴᠢᠬᠠᠭᠰᠠᠨ ᠪᠢᠯᠡ᠎ᠤᠤ ᠭᠡᠰᠡᠨ ᠪᠣᠳᠤᠯ ᠵᠢᠷᠢᠰᠬᠢᠭᠰᠡᠨ ᠴᠦ᠍ ᠬᠣᠶᠠᠷ ᠵᠢᠯ ᠠᠭᠤᠯᠵᠠᠭ᠎ᠠ ᠦᠭᠡᠢ ᠬᠦᠦ᠎ᠲᠠᠢ᠎ᠪᠡᠨ ᠠᠭᠤᠯᠵᠠᠬᠤ ᠰᠠᠨ ᠭᠡᠰᠡᠨ ᠬᠦᠰᠡᠯ ᠣᠷᠭᠢᠯ᠎ᠤᠨ ᠪᠠᠢᠪᠠ᠃ ᠬᠥᠮᠥᠨ ᠡᠪᠡᠳᠴᠢᠨ ᠣᠯᠬᠤ᠎ᠠᠴᠠ ᠡᠮᠦᠨ᠎ᠡ ᠡᠷᠡᠭᠦᠯ ᠮᠡᠨᠳᠦ᠎ᠪᠡᠨ ᠠᠩᠬᠠᠷᠳᠠᠭ ᠦᠭᠡᠢ ᠪᠠᠢᠵᠠᠢ᠃
《ᠡᠢᠮᠦ ᠲᠣᠮᠣᠭᠠᠲᠠᠢ ᠬᠡᠦᠬᠡᠳ᠎ᠦᠳ ᠡᠵᠢ ᠦᠭᠡᠢ᠎ᠪᠡᠷ ᠶᠠᠭᠠᠬᠢᠵᠤ ᠪᠣᠯᠬᠤ ᠪᠣᠢ᠃ ᠴᠢ ᠥᠪᠡᠷ᠎ᠢ᠎ᠪᠡᠨ ᠴᠢᠩᠭᠠᠯᠠ᠃ ᠴᠢᠨᠦ ᠰᠡᠳᠬᠢᠯ᠎ᠦᠨ ᠬᠦᠴᠦ ᠬᠢᠵᠠᠭᠠᠷ ᠦᠭᠡᠢ ᠭᠡᠳᠡᠭ᠎ᠢ ᠪᠢ ᠢᠲᠡᠭᠡᠵᠦ ᠪᠠᠢᠨ᠎ᠠ》 ᠭᠡᠵᠦ ᠡᠪᠦᠭᠡᠨ ᠮᠠᠨᠢ ᠮᠢᠨᠤ ᠳᠡᠷᠡ᠎ᠶᠢ ᠵᠠᠰᠠᠬᠤᠢᠴᠠ ᠪᠣᠯᠵᠤ ᠳᠦᠳᠦᠨᠡᠨ᠎ᠡ᠃ ᠲᠡᠢᠮᠦ ᠠ᠋᠂ ᠪᠢ ᠬᠣᠶᠠᠷ ᠬᠡᠦᠬᠡᠳ᠎ᠢᠶᠡᠨ ᠭᠡᠵᠦ ᠭᠠᠭᠴᠠ ᠪᠣᠳᠤᠯ᠎ᠢᠶᠠᠷ ᠠᠯᠢᠪᠠ ᠬᠦᠴᠢᠷ᠎ᠢ ᠢᠯᠠᠭᠠᠳ ᠯᠠ ᠢᠷᠡᠭᠰᠡᠨ᠂ ᠪᠢ ᠡᠭᠦᠷᠭᠡ᠎ᠪᠡᠨ ᠭᠦᠢᠴᠡᠭᠡᠵᠦ ᠳᠠᠭᠤᠰᠤᠭ᠎ᠠ ᠦᠭᠡᠢ᠂ ᠬᠦᠦ᠎ᠶᠢᠨ᠎ᠢᠶᠡᠨ ᠪᠠᠷᠢ ᠪᠠᠭᠤᠯᠭᠠᠬᠤ᠎ᠶᠢ ᠬᠠᠷᠠᠭ᠎ᠠ ᠦᠭᠡᠢ ᠪᠠᠢᠭᠰᠠᠭᠠᠷ᠂ ᠲᠠᠬᠢᠭᠠᠳ ᠣᠮᠪᠣᠯᠣ᠌ ᠁ ᠦᠭᠡ ᠬᠡᠯᠡ᠎ᠪᠡᠷ ᠢᠯᠡᠳᠬᠡᠵᠦ ᠳᠡᠢᠯᠦᠰᠢ ᠦᠭᠡᠢ ᠨᠢᠭᠡᠨ ᠵᠦᠢᠯ᠎ᠦᠨ ᠬᠠᠯᠠᠭᠤᠨ ᠤᠷᠤᠰᠬᠠᠯ ᠪᠦᠬᠦ ᠪᠡᠶ᠎ᠡ ᠤᠷᠤᠭᠤ ᠭᠦᠶᠦᠵᠦ ᠪᠠᠢᠮᠠᠷ ᠪᠣᠯᠬᠤ᠎ᠪᠠᠷ ᠮᠢᠨᠤ ᠰᠡᠳᠬᠢᠯ ᠵᠢᠷᠦᠬᠡ ᠠᠭᠠᠵᠢᠮ᠎ᠢᠶᠠᠷ ᠲᠠᠢᠪᠤᠰᠢᠷᠠᠵᠤ ᠪᠠᠢᠪᠠ ᠁
(《ᠥᠪᠥᠷ ᠮᠤᠩᠭᠤᠯ᠎ᠤᠨ ᠡᠮᠡᠭᠲᠡᠢᠴᠦᠳ》 ᠰᠡᠳᠬᠦᠯ᠎ᠠᠴᠠ ᠰᠣᠩᠭᠣᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃