ᠲᠡᠷᠢᠭᠦᠨ ᠨᠢᠭᠤᠷ>ᠣᠳᠤ ᠲᠠᠢ ᠪᠣᠯᠵᠣᠭ᠎ᠠ

2026-07-27 11:34:06

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠤᠨᠤᠯ ᠪᠠ ᠪᠤᠭᠤᠷᠤᠯ ᠬᠦᠬᠡ ᠡᠪᠤᠭᠡᠳ

·ᠴᠤᠬᠰᠦ᠋ᠯᠳᠡ

ᠬᠣᠰᠢᠭᠤᠨ ᠲᠥᠪ᠎ᠦᠨ ᠪᠠᠷᠠᠭᠤᠨ ᠡᠮᠦᠨᠡᠭᠦᠷ ᠪᠠᠢᠷᠢᠯᠠᠳᠠᠭ ᠪᠠᠢᠰᠢᠩ ᠭᠡᠷ᠎ᠦᠳ᠎ᠠᠴᠠ ᠤᠲᠤᠭ᠎ᠠ ᠰᠤᠭᠤᠨᠠᠭᠯᠠᠵᠤ ᠵᠤᠨ᠎ᠤ ᠥᠷᠯᠥᠭᠡ᠎ᠶᠢᠨ ᠴᠡᠪᠡᠷ ᠠᠮᠢᠰᠬᠤᠯ᠎ᠢ ᠡᠪᠳᠡᠨ᠎ᠡ᠃ ᠵᠠᠯᠠᠭᠤ ᠣᠶᠤᠲᠠᠨ ᠪᠠᠲᠤ ᠬᠦᠷᠢᠶᠡᠨ ᠳᠤᠮᠳᠠ᠎ᠪᠡᠨ ᠴᠠᠬᠢᠯᠭᠠᠨ ᠪᠠᠭᠠᠵᠢ ᠡᠷᠭᠢᠭᠦᠯᠦᠨ ᠮᠣᠳᠣᠨ ᠲᠡᠷᠭᠡᠨ᠎ᠦ ᠮᠥᠭᠡᠷ ᠰᠢᠭᠠᠵᠤ ᠮᠤᠩᠭᠠᠨᠢᠨ᠎ᠠ᠃ ᠣᠳᠣ᠌ ᠯᠠ ᠪᠣᠯᠣᠨ᠎ᠠ ᠪᠠᠢᠬ᠎ᠠ ᠭᠡᠳ ᠬᠡᠭᠡᠰᠦ᠎ᠪᠡᠨ ᠮᠥᠭᠡᠷ᠎ᠲᠦ ᠰᠢᠷᠭᠤᠭᠤᠯᠬᠤ ᠭᠡᠬᠦ᠎ᠪᠡᠷ ᠨᠦᠬᠡ ᠨᠢ ᠲᠠᠭᠠᠷᠠᠵᠤ ᠥᠭᠬᠦ ᠦᠭᠡᠢ ᠵᠣᠪᠠᠭᠠᠨ᠎ᠠ᠃ ᠨᠤᠲᠤᠭ᠎ᠤᠨ ᠨᠢᠭᠡ ᠪᠤᠭᠤᠷᠤᠯ ᠮᠣᠳᠣᠴᠢᠨ᠎ᠢᠶᠠᠷ ᠬᠠᠪᠰᠤᠷᠤᠭᠤᠯᠬᠤ ᠭᠡᠵᠦ ᠳᠠᠭᠤᠳᠠᠭᠰᠠᠨ ᠶᠤᠮ ᠳᠠ᠂ ᠢᠷᠡᠬᠦ ᠪᠣᠯᠣᠭ᠎ᠠ ᠦᠭᠡᠢ ᠶᠤᠮ ᠪᠣᠯᠪᠠ ᠦᠦ ᠭᠡᠵᠦ ᠭᠠᠳᠠᠭ᠍ᠰᠢ ᠬᠠᠷᠠᠪᠠᠯ ᠬᠠᠰᠢᠶᠠᠨ᠎ᠤ ᠡᠭᠦᠳᠡ ᠨᠡᠭᠡᠭᠡᠭᠳᠡᠨ ᠪᠣᠷᠣ᠌ ᠲᠡᠷᠯᠢᠭ᠎ᠲᠠᠢ ᠸᠠᠳᠠᠩ ᠡᠭᠦᠷᠦᠭᠰᠡᠨ ᠡᠪᠦᠭᠡᠨ ᠣᠷᠣᠵᠤ ᠢᠷᠡᠯ᠎ᠡ᠃



— ᠰᠠᠢᠨ ᠪᠠᠢᠨ᠎ᠠ ᠦᠦ᠂ ᠬᠡᠦᠬᠡ? ᠪᠠᠲᠤ ᠮᠥᠨ᠎ᠤᠤ? ᠭᠡᠬᠦ᠎ᠪᠡᠷ ᠲᠡᠷᠭᠡᠨ ᠮᠥᠭᠡᠷ ᠰᠢᠭᠠᠬᠤ ᠭᠡᠵᠦ ᠬᠡᠳᠦᠨ ᠡᠳᠦᠷ ᠮᠤᠩᠭᠠᠨᠢᠭ᠍ᠰᠠᠨ ᠪᠠᠲᠤ:

— ᠰᠠᠢᠨ᠂ ᠰᠠᠢᠨ ᠪᠠᠢᠨ᠎ᠠ ᠦᠦ ᠠᠪᠤ ᠠ᠋?ᠲᠡᠷᠭᠡᠨ ᠮᠥᠭᠡᠷ ᠰᠢᠭᠠᠬᠤ᠎ᠪᠠᠷ ᠢᠷᠡᠭᠰᠡᠨ ᠠᠢᠯ᠎ᠤᠨ ᠠᠪᠤ ᠮᠥᠨ᠎ᠤᠤ? ᠭᠡᠪᠡᠯ ᠡᠪᠦᠭᠡᠨ᠄

— ᠮᠥᠨ ᠳᠡ᠃ ᠠᠯᠢᠪ ᠨᠠᠭᠠᠰᠢ ᠨᠢ᠂ ᠢᠩᠭᠢᠵᠦ ᠬᠢᠭᠡᠳ ᠪᠦᠲᠦᠬᠦ ᠦᠭᠡᠢ᠂ ᠴᠠᠭᠠᠨᠠᠬᠢ ᠮᠥᠭᠡᠷ᠎ᠦᠨ ᠮᠣᠳᠣ᠌᠎ᠪᠠᠨ ᠨᠠᠭᠠᠰᠢ ᠣᠢᠷᠠᠲᠤᠭᠤᠯ ᠭᠡᠰᠡᠨ᠎ᠢᠶᠡᠨ᠂ ᠶᠠᠭᠠᠬᠢᠵᠤ ᠬᠢᠮᠡᠨᠵᠢᠨ ᠭᠤᠷᠪᠠᠨ ᠡᠳᠦᠷ ᠤᠷᠤᠯᠳᠤᠭᠠᠳ ᠳᠡᠢᠯᠦᠭᠰᠡᠨ ᠦᠭᠡᠢ ᠪᠣᠢ? ᠬᠦᠦ ᠮᠢᠨᠢ᠃ ᠮᠣᠳᠣᠨ ᠲᠡᠷᠭᠡ ᠴᠢᠨᠢ ᠠᠮᠠᠷᠬᠠᠨ ᠪᠠᠢᠳᠠᠭ ᠰᠢᠤ᠂ ᠵᠠᠯᠠᠭᠤ ᠪᠠᠢᠬᠤ᠎ᠳᠤ ᠪᠢ ᠬᠣᠶᠠᠷ ᠴᠠᠭ᠎ᠲᠤ ᠨᠢᠭᠡ ᠮᠣᠳᠣᠨ ᠲᠡᠷᠭᠡ ᠬᠢᠳᠡᠭ ᠪᠠᠢᠯ᠎ᠠ ᠭᠡᠪᠡ᠃ ᠪᠠᠲᠤ ᠭᠤᠸᠠᠢ ᠰᠣᠨᠣᠰᠤᠭᠠᠳ᠄

— ᠪᠢ ᠭᠤᠷᠪᠠᠨ ᠡᠳᠦᠷ ᠤᠷᠤᠯᠳᠤᠭᠠᠳ ᠨᠢᠭᠡ ᠮᠥᠭᠡᠷ᠎ᠢ ᠨᠢ ᠴᠦ᠍ ᠰᠢᠭᠠᠵᠤ ᠳᠡᠢᠯᠦᠭᠰᠡᠨ ᠦᠭᠡᠢ ᠰᠢᠤ᠃ ᠪᠢ 360 ᠭᠷᠡᠳᠦ᠋ᠰ᠎ᠢ ᠠᠷᠪᠠᠨ ᠨᠠᠢ᠍ᠮᠠ ᠪᠠᠷ ᠬᠤᠪᠢᠶᠠᠭᠠᠳ ᠬᠡᠭᠡᠰᠦᠨ᠎ᠦ᠎ᠪᠠᠨ ᠲᠣᠭ᠎ᠠ᠎ᠪᠠᠷ ᠨᠦᠬᠡ᠎ᠪᠡᠨ ᠴᠤᠭᠣᠯᠬᠤ᠎ᠳᠤ ᠵᠥᠷᠢᠭᠡᠳ ᠪᠠᠢᠬᠤ ᠶᠤᠮ ᠡ ᠭᠡᠪᠡᠯ᠄

— ᠵᠠ ᠵᠠ᠂ ᠲᠡᠷᠡ ᠭᠷᠡᠳᠦ᠋ᠰ ᠡᠨᠡ ᠲᠡᠷᠡ᠎ᠶᠢ ᠨᠢ ᠠᠪᠤ ᠨᠢ ᠮᠡᠳᠡᠬᠦ ᠦᠭᠡᠢ ᠰᠢᠤ᠃ ᠬᠦᠦ ᠮᠢᠨᠢ ᠣᠷᠣᠭᠠᠳ ᠴᠠᠢ ᠠᠪᠤᠭᠠᠳ ᠢᠷ᠎ᠡ᠂ ᠬᠥᠮᠥᠨ ᠬᠥᠭᠰᠢᠷᠡᠬᠦ᠎ᠪᠡᠷ ᠤᠮᠳᠠᠭᠠᠰᠬᠤ ᠨᠢ ᠠᠮᠠᠷᠬᠠᠨ ᠪᠣᠯᠴᠢᠬᠠᠳᠠᠭ ᠶᠤᠮ ᠭᠡᠪᠡ᠃

— ᠪᠢ ᠭᠠᠷᠤᠭᠠᠳ ᠴᠠᠢ ᠠᠪᠤᠭᠠᠳ ᠢᠷᠡᠶ᠎ᠡ᠂ ᠡᠨᠡ ᠠᠵᠢᠯ᠎ᠤᠨ ᠭᠠᠵᠠᠷ ᠤᠴᠢᠷ᠎ᠠᠴᠠ ᠭᠠᠯ ᠲᠣᠭᠣᠭᠠᠨ᠎ᠤ ᠵᠦᠢᠯ ᠠᠯᠠᠭ᠎ᠠ ᠭᠡᠳ ᠪᠠᠲᠤ ᠭᠠᠳᠠᠨ᠎ᠠ ᠡᠴᠡ ᠴᠠᠢ ᠠᠪᠬᠤ᠎ᠪᠠᠷ ᠭᠠᠷᠪᠠ᠃




ᠡᠨᠡ ᠡᠪᠦᠭᠡᠨ ᠬᠣᠶᠠᠷ ᠴᠠᠭ᠎ᠲᠤ ᠨᠢᠭᠡ ᠮᠣᠳᠣᠨ ᠲᠡᠷᠭᠡ ᠰᠢᠭᠠᠴᠢᠬᠠᠳᠠᠭ ᠭᠡᠨ᠎ᠡ ᠰᠢᠤ᠂ ᠬᠥᠭᠡᠷᠴᠦ ᠯᠡ ᠪᠠᠢᠳᠠᠭ ᠬᠥᠭ᠎ᠦᠨ ᠡᠪᠦᠭᠡᠨ ᠠ᠋᠃ ᠪᠢ ᠴᠠᠬᠢᠯᠭᠠᠨ ᠪᠠᠭᠠᠵᠢ᠂ ᠶᠡᠬᠡ ᠰᠤᠷᠭᠠᠭᠤᠯᠢ᠎ᠶᠢᠨ ᠳᠠᠪᠰᠢᠭ᠍ᠰᠠᠨ ᠣᠨᠤᠯ᠎ᠲᠠᠢ ᠤᠶᠠᠯᠳᠤᠭᠤᠯᠤᠭᠠᠳ ᠭᠤᠷᠪᠠᠨ ᠡᠳᠦᠷ ᠤᠷᠤᠯᠳᠤᠭᠠᠳ ᠪᠣᠯᠤᠭᠰᠠᠨ ᠦᠭᠡᠢ᠎ᠶᠢ ᠡᠪᠦᠭᠡᠨ ᠭᠤᠸᠠᠢ ᠤᠭᠤᠯᠢ᠂ ᠴᠦᠴᠡ᠂ ᠬᠠᠷᠤᠭᠤᠯ᠂ ᠥᠷᠥᠮ᠂ ᠰᠦᠬᠡ ᠵᠡᠷᠭᠡ᠎ᠶᠢᠨ ᠬᠠᠭᠤᠴᠢᠨ ᠴᠠᠭ᠎ᠤᠨ ᠪᠠᠭᠠᠵᠢ᠎ᠪᠠᠷ ᠶᠠᠭᠠᠬᠢᠵᠤ ᠳᠡᠢᠯᠬᠦ ᠪᠢᠯᠡ ᠠ᠋?ᠪᠣᠯᠬᠤ ᠦᠭᠡᠢ ᠪᠣᠯ ᠬᠥᠬᠡᠬᠣᠲᠠ᠎ᠳᠤ ᠪᠠᠢᠳᠠᠭ ᠲᠤᠰᠬᠠᠢ ᠵᠢᠷᠤᠭ ᠲᠥᠰᠥᠪ ᠰᠣᠷᠣᠭᠰᠠᠨ ᠬᠠᠮᠲᠤ ᠰᠣᠷᠤᠭ᠍ᠴᠢ᠎ᠪᠠᠨ ᠭᠤᠶᠤᠵᠤ᠂ ᠲᠣᠭᠣᠷᠢᠭ᠋᠎ᠢ ᠲᠡᠭᠰᠢᠬᠡᠨ ᠠᠷᠪᠠᠨ ᠨᠠᠢ᠍ᠮᠠ ᠬᠤᠪᠢᠶᠠᠯᠭᠠᠬᠤ ᠦᠦ ᠳᠠ ᠭᠡᠵᠦ ᠣᠯᠠᠨ ᠵᠦᠢᠯ᠎ᠢ ᠪᠤᠳᠤᠨ ᠴᠠᠢ᠎ᠪᠡᠨ ᠠᠪᠴᠤ ᠬᠠᠰᠢᠶᠠᠨ᠎ᠳᠤ᠎ᠪᠠᠨ ᠢᠷᠡᠪᠡᠯ ᠲᠡᠷᠭᠡᠨ ᠮᠥᠭᠡᠷ ᠲᠡᠩᠭᠡᠯᠢᠭ᠎ᠲᠠᠢ᠎ᠪᠡᠨ ᠪᠡᠯᠡᠬᠡᠨ ᠪᠣᠯᠴᠢᠬᠠᠭᠰᠠᠨ᠂ ᠡᠪᠦᠭᠡᠨ ᠭᠤᠸᠠᠢ ᠡᠮᠡᠭᠡᠯ ᠮᠣᠳᠣ᠌᠎ᠶᠢ ᠨᠢ ᠴᠠᠪᠴᠢᠵᠤ ᠰᠠᠭᠤᠨ᠎ᠠ᠃ ᠡᠭᠦᠨ᠎ᠢ ᠬᠠᠷᠠᠭᠠᠳ ᠪᠠᠲᠤ᠄

— ᠠᠪᠤ ᠲᠠ ᠡᠢᠮᠦ ᠬᠤᠷᠳᠤᠨ ᠭᠡᠵᠢ᠎ᠤᠤ? ᠠᠷᠠᠢ ᠴᠦ᠍ ᠳᠠ᠂ ᠶᠠᠭᠠᠬᠢᠵᠤ ᠬᠡᠮᠵᠢᠵᠦ ᠨᠦᠬᠡ᠎ᠶᠢ ᠨᠢ ᠴᠣᠭᠤᠯᠤᠭᠰᠠᠨ ᠪᠣᠢ? ᠭᠡᠬᠦ᠎ᠪᠡᠷ᠄

— ᠬᠡᠮᠵᠢᠬᠦ ᠱᠠᠭᠠᠷᠳᠠᠯᠭ᠎ᠠ ᠦᠭᠡᠢ ᠬᠦᠦ ᠮᠢᠨᠢ᠂ ᠬᠠᠷᠠᠵᠤ ᠪᠠᠢᠭᠠᠳ ᠯᠠ ᠴᠦᠴᠡᠳᠡᠪᠡᠯ ᠪᠣᠯᠴᠢᠬᠠᠨ᠎ᠠ ᠭᠡᠵᠦ ᠲᠠᠢᠪᠤᠩ ᠶᠠᠷᠢᠨ᠎ᠠ᠃ ᠡᠭᠦᠨ᠎ᠢ ᠰᠣᠨᠣᠰᠤᠭᠠᠳ ᠮᠠᠰᠢ ᠶᠡᠬᠡ ᠭᠠᠢᠬᠠᠭᠰᠠᠨ ᠪᠠᠲᠤ ᠥᠨᠴᠥᠭ ᠬᠡᠮᠵᠢᠭᠦᠷ᠎ᠢᠶᠡᠷ ᠠᠷᠪᠠᠨ ᠨᠠᠢ᠍ᠮᠠᠨ ᠬᠡᠭᠡᠰᠦ᠎ᠶᠢᠨ ᠬᠢᠨᠢ ᠬᠠᠪᠴᠢᠭ᠍ᠰᠠᠨ ᠥᠨᠴᠥᠭ᠎ᠢ ᠨᠢ ᠬᠡᠮᠵᠢᠪᠡᠯ ᠪᠥᠬᠥᠳᠡ ᠠᠳᠠᠯᠢ ᠦᠭᠡᠢ ᠪᠠᠢᠬᠤ ᠶᠤᠮ ᠠ᠋᠃ ᠲᠡᠭᠡᠭᠡᠳ ᠪᠠᠬᠠᠨ ᠲᠦᠯᠬᠢᠭᠡᠳ ᠭᠦᠶᠦᠵᠦ ᠦᠵᠡᠯ᠎ᠡ᠂ ᠶᠠᠮᠠᠷ ᠴᠤ᠌ ᠠᠰᠠᠭᠤᠳᠠᠯ ᠦᠭᠡᠢ ᠪᠡᠬᠢᠯᠡᠭᠦᠨ ᠪᠠᠢᠬᠤ ᠶᠤᠮ᠃ ᠮᠠᠯ ᠭᠠᠢᠬᠠᠭᠰᠠᠨ ᠪᠠᠲᠤ᠂ ᠡᠪᠦᠭᠡᠨ᠎ᠢ ᠬᠠᠷᠠᠬᠤ ᠵᠠᠭᠤᠷ᠎ᠠ᠎ᠪᠠᠨ ᠪᠤᠭᠤᠷᠤᠯ ᠬᠥᠬᠡ ᠡᠪᠦᠭᠡᠳ᠎ᠦᠨ᠎ᠢᠶᠡᠨ ᠤᠬᠠᠭᠠᠨ᠎ᠢ ᠥᠪᠡᠷ᠎ᠦᠨ ᠡᠷᠬᠡ ᠦᠭᠡᠢ ᠳᠡᠭᠡᠳᠦᠯᠡᠨ ᠬᠦᠨᠳᠦᠯᠡᠵᠦ᠂ 《ᠪᠢ ᠳᠡᠩᠳᠡᠭᠦᠦ ᠣᠨᠣᠯ᠎ᠳᠤ ᠪᠠᠷᠢᠭ᠍ᠳᠠᠵᠠᠢ》 ᠭᠡᠵᠦ ᠠᠮᠠᠨ᠎ᠳᠤ᠎ᠪᠠᠨ ᠳᠦᠳᠦᠨᠡᠪᠡ᠃

(《2024·ᠪᠤᠭᠤᠨᠢ ᠦᠭᠦᠯᠡᠯᠭᠡ》 ᠨᠤᠮ ᠡᠴᠡ ᠰᠤᠩᠭᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面