2026-09-07 16:34:42
ᠠᠮᠢᠨᠳᠤ ᠣᠷᠣᠭᠰᠠᠨ ᠪᠣᠷᠣ᠌ ᠦᠭᠡ
·ᠭᠡ᠊·ᠰᠡᠴᠡᠨᠲᠦ
ᠠᠨᠢᠪᠴᠢᠶᠠ ᠨᠠᠮᠵᠢᠯ ᠲᠠᠷᠪᠠᠭᠠᠨ ᠰᠢᠯᠢᠶᠢ ᠤᠷᠤᠭᠤᠳᠠᠵᠤ᠂ ᠲᠡᠷᠡᠭᠦᠬᠡᠨ ᠪᠠᠷᠠᠭᠤᠨ ᠬᠣᠢᠨᠠ ᠬᠠᠷᠠᠭᠳᠠᠬᠤ ᠮᠣᠳᠣᠲᠠᠢ ᠡᠩᠭᠡᠷᠦᠨ ᠡᠪᠦᠯᠵᠢᠶᠡ ᠵᠢ ᠴᠢᠭᠯᠡᠨ ᠬᠣᠨᠢᠨᠤ ᠬᠡᠭᠡᠷ ᠤᠨ ᠢᠶᠠᠨ ᠬᠠᠱᠠᠩ ᠲᠤᠩᠰᠢᠶᠠᠪᠡᠷ ᠬᠠᠪᠤᠷᠤᠨ ᠵᠡᠷᠭᠡᠯᠭᠡᠨ ᠬᠣᠨᠢᠷᠢᠭᠤᠯᠤᠭᠰᠠᠭᠠᠷ ᠠᠢᠯᠤᠨ ᠱᠣᠩ ᠳᠡᠭᠡᠷᠡ ᠪᠠᠭᠤᠯᠠ᠃


ᠥᠴᠥᠭᠡᠳᠦᠷ ᠰᠥᠨᠢ ᠡᠬᠡᠨᠡᠷ ᠳᠤᠯᠮᠠ ᠨᠢ ᠦᠶᠡ ᠦᠶᠡ ᠬᠠᠯᠠᠭᠤᠷᠠᠵᠤ᠂ ᠪᠠᠷᠠᠭᠤᠨ ᠰᠦᠪᠡᠷᠭᠡᠪᠡᠷ ᠨᠢ ᠵᠢᠮᠵᠢᠭᠢᠨᠡᠨ᠂ ᠳᠠᠭᠠᠷᠠᠳᠠᠰᠤ ᠨᠢ ᠬᠦᠷᠦᠭᠡᠳ ᠣᠯᠢᠭ᠍ᠲᠠᠶ ᠤᠨᠲᠠᠭᠰᠠᠨ ᠦᠭᠡᠢ᠃ ᠥᠷᠯᠥᠭᠡ ᠪᠣᠰᠬᠤ ᠭᠡᠬᠦᠳᠦ ᠳᠤᠯᠮᠠᠶᠢᠨ ᠪᠦᠬᠦ ᠪᠡᠶᠡ ᠨᠢ ᠰᠢᠷᠠᠯᠠᠵᠤ ᠥᠨᠳᠡᠢᠬᠦ ᠲᠡᠩᠬᠡᠯ ᠦᠭᠡᠢ ᠪᠣᠯᠵᠠᠢ᠃ ᠠᠨᠢᠪᠴᠢᠶᠠ ᠨᠠᠮᠵᠢᠯᠤᠨ ᠠᠨᠢᠪᠴᠢᠬᠤ ᠨᠢ ᠤᠯᠠᠮ ᠨᠡᠮᠡᠭᠳᠡᠵᠦ᠂ ᠭᠠᠯ ᠲᠣᠭᠣᠭᠠ ᠨᠡᠢᠯᠡᠭᠦᠯᠵᠦ ᠰᠡᠩᠳᠡ ᠮᠡᠩᠳᠡ ᠴᠠᠢ ᠴᠢᠨᠠᠭᠰᠠᠨ ᠪᠣᠯᠵᠤ ᠡᠮᠴᠢᠳᠤ ᠢᠷᠡᠵᠦ ᠪᠠᠢᠭᠠ ᠨᠢ ᠡᠨᠡ᠃
ᠠᠨᠢᠪᠴᠢᠶᠠ ᠬᠠᠮᠤᠭᠤᠨ ᠪᠠᠷᠠᠭᠤᠨ ᠵᠠᠬᠠᠶᠢᠨ ᠬᠥᠯᠲᠥᠷᠭᠡᠲᠠᠢ ᠴᠠᠭᠠᠨ ᠭᠡᠷᠦᠨ ᠬᠠᠭᠠᠯᠭᠠᠶᠢ ᠲᠠᠲᠠᠵᠤ ᠪᠦᠬᠦᠢᠰᠬᠡᠨ ᠣᠷᠣᠪᠠᠯ ᠡᠮᠴᠢ ᠳᠣᠪᠳᠣᠨ ᠬᠤᠢᠮᠤᠷ ᠵᠠᠪᠢᠯᠠᠨ ᠮᠥᠩᠭᠥᠨ ᠲᠤᠯᠤᠭᠠᠢ ᠲᠠᠢ ᠬᠠᠰᠤᠨ ᠰᠢᠯᠪᠢ ᠲᠠᠢ ᠭᠠᠩᠰᠠ ᠵᠠᠭᠤᠴᠢᠬᠠᠭᠰᠠᠨ ᠰᠠᠭᠤᠨᠠ᠃ ᠠᠨᠢᠪᠴᠢᠶᠠ ᠮᠡᠨᠳᠦ ᠤᠰᠤ ᠮᠡᠳᠡᠯᠴᠡᠵᠦ ᠪᠠᠷᠠᠭᠤᠨ ᠬᠠᠶᠠᠭᠠᠨᠤ ᠳ᠋ᠦᠩᠰᠡᠨ ᠠᠪᠳᠠᠷᠠᠶᠢᠨ ᠡᠮᠦᠨᠡ ᠴᠣᠮᠴᠣᠢᠵᠤ ᠰᠠᠭᠤᠭᠠᠳ᠂ ᠭᠡᠷᠦᠨ ᠡᠵᠡᠭᠲᠡᠢᠶᠢᠨ ᠠᠶᠠᠭᠠᠯᠠᠭᠰᠠᠨ ᠴᠠᠢᠶᠢ ᠲᠣᠬᠣᠢ ᠡᠷᠭᠦᠨ ᠳᠤᠰᠤᠯᠠ᠃


ᠲᠣᠪᠳᠣᠨ ᠵᠢᠵᠢᠭᠬᠡᠨ ᠶᠠᠰᠢᠯ ᠮᠣᠳᠣᠨ ᠣᠩᠭᠣᠴᠠᠨ ᠳ᠋ᠤ ᠭᠠᠩᠰᠠᠪᠠᠨ ᠬᠡᠲᠦ ᠲᠣᠪᠰᠢᠭ᠍ᠰᠠᠨᠢᠶᠠᠨ᠄
— ᠨᠠᠮᠵᠢᠯ ᠲᠠ ᠬᠠᠮᠢᠭᠠᠠᠴᠠ ᠬᠠᠮᠢᠭᠠᠰᠢ ᠡᠴᠢᠵᠦ ᠶᠠᠪᠤᠨᠠ ᠪᠤᠢ ᠭᠡᠵᠦ ᠬᠥᠨᠳᠡᠢ ᠳᠤᠤᠭᠠᠷᠪᠠᠯ ᠨᠠᠮᠵᠢᠯ ᠰᠠᠭᠤᠳᠠᠯ ᠵᠠᠰᠠᠵᠤ᠄
— ᠦ ᠪᠢ ᠭᠡᠷᠡᠴᠡᠪᠡᠨ ᠢᠷᠡᠭᠰᠡᠨ᠂ ᠳᠤᠯᠮᠠᠶᠢᠨ ᠪᠡᠶᠡ ᠠᠷᠠᠢ ᠲᠠᠪᠠ ᠦᠭᠡᠢ ᠪᠣᠯᠣᠭᠠᠳ ᠡᠮᠴᠢ ᠮᠠᠮᠠᠶᠢ ᠴᠢᠯᠡᠭᠡᠬᠦ ᠰᠠᠨᠠᠭᠠᠲᠠᠢ ᠶᠠᠪᠤᠭᠠ᠂ ᠵᠠᠪ ᠴᠢᠯᠦᠭᠡ ᠶᠠᠭᠤ ᠪᠣᠯ ᠬᠡᠮᠡᠨ ᠴᠢᠷᠠᠢᠴᠢᠯᠠᠪᠠ᠃
ᠳᠣᠪᠲᠣᠨ ᠠᠨᠢᠪᠴᠢᠶᠠᠶᠢ ᠪᠠᠢᠨ ᠲᠦᠮᠡ ᠡᠷᠡᠦᠳᠡᠭᠰᠡᠨᠢᠶᠡᠨ᠄
— ᠬᠦᠨᠳᠦᠷᠡᠬᠦ ᠨᠢ ᠴᠦ᠍ ᠵᠢᠭᠠᠬᠠᠨ ᠬᠦᠨᠳᠦᠷᠡᠵᠦ ᠳᠠ᠃ ᠭᠡᠬᠦᠳᠦᠪᠡᠨ ᠲᠡᠢᠮᠦ ᠴᠦ᠍ ᠠᠶᠤᠮᠠᠷ ᠡᠪᠡᠳᠴᠢᠨ ᠪᠢᠰᠢ᠂ ᠰᠥᠰᠥᠨᠦ ᠠᠮᠠ ᠨᠢ ᠨᠡᠭᠡᠭᠡᠭᠳᠡᠵᠡᠢ᠂ ᠵᠢᠩᠬᠢᠨᠢ ᠭᠢᠸᠠᠩ ᠯᠠ ᠬᠡᠷᠡᠭᠲᠡᠢ ᠳᠡ᠃ ᠥᠨᠥ ᠡᠷᠳᠡᠨᠢ ᠨᠢ ᠨᠠᠳᠠᠳᠤ ᠪᠠᠢᠳᠠᠭ ᠦᠭᠡᠢ ᠶᠤᠮ ᠳᠠ᠂ ᠪᠠᠢᠬᠤ ᠶᠤᠮ ᠪᠣᠯ ᠡᠳᠡᠭᠡᠭᠡᠯ ᠦᠭᠡᠢ ᠶᠠᠭᠠᠬᠢᠬᠤ ᠪᠣᠢ᠃ ᠴᠢᠮᠠᠳᠤ ᠳᠣᠯᠣᠭᠠᠨ ᠲᠤᠩ ᠡᠮ ᠥᠭᠭᠦᠶᠡ ᠳᠠ᠂ ᠲᠡᠭᠡᠭᠡᠳ ᠪᠤᠰᠢᠭᠤᠬᠠᠨ ᠭᠢᠸᠠᠩ ᠣᠯᠬᠤ ᠤᠬᠠᠭᠠᠨ ᠪᠠᠵᠠᠭᠠ ᠳᠠ ᠭᠡᠳ ᠳᠡᠪᠠᠷᠭᠠᠲᠠᠢ ᠡᠮᠢᠶᠡᠨ ᠵᠠᠳᠠᠯᠤᠯᠠ᠃
ᠵᠠᠯᠬᠠᠭᠰᠠᠨ ᠡᠮᠴᠢ ᠵᠠᠪᠢᠯᠠᠭᠰᠠᠨ ᠬᠡᠪᠢᠶᠡᠷᠢᠶᠡᠨ ᠨᠣᠮᠴᠢᠷᠬᠠᠬᠤᠳᠤ ᠠᠨᠢᠪᠴᠢᠶᠠᠶᠢᠨ ᠳᠣᠲᠣᠷᠠ ᠠᠷᠠᠢ ᠳᠠᠭᠠ ᠦᠭᠡᠢ ᠰᠠᠨᠠᠭᠳᠠᠵᠤ᠄ 《ᠵᠣᠪᠠᠯᠠᠩᠤᠨ ᠥᠭᠡᠳᠡᠰᠦᠪᠡᠷ ᠳᠡᠪᠡᠯᠵᠢᠡᠨ ᠨᠥᠬᠦᠭᠰᠡᠨ ᠪᠤᠷᠤᠴᠤᠤᠯᠳᠦ ᠢᠩᠭᠢᠬᠦ ᠯᠡ ᠶᠤᠮ ᠳᠠ᠂ ᠶᠠᠭᠤᠲᠠᠢᠴᠤ ᠬᠢᠸᠠᠩ ᠤᠯᠳᠠᠵᠤ ᠯᠠ ᠲᠠᠭᠠᠷᠠᠭᠠ!》ᠭᠡᠵᠦ ᠪᠤᠳᠤᠵᠤ ᠰᠠᠭᠤᠭᠰᠠᠨᠵᠢᠡᠨ ᠭᠡᠨᠡᠳᠲᠡ ᠴᠢᠷᠠᠢᠳᠦ ᠨᠢ ᠥᠯᠥ ᠮᠡᠳᠡᠭ ᠪᠠᠶᠠᠷᠤᠨ ᠲᠠᠭᠠᠪᠤᠷᠢ ᠪᠠᠭᠤᠭᠰᠠᠨᠢ ᠬᠡᠨ ᠨᠢᠴᠤ ᠠᠩᠵᠠᠭᠠᠷᠠᠭᠠ ᠦᠭᠡᠢ᠃

ᠠᠨᠢᠪᠴᠢᠶᠠ ᠡᠮᠦᠨ ᠬᠠᠷᠠᠮᠵᠢᠶᠢ ᠥᠭᠭᠦᠶᠡ ᠭᠡᠬᠦᠳᠦ ᠳᠣᠪᠳᠣᠨ ᠠᠪᠤᠭᠰᠠᠨ ᠦᠭᠡᠢ᠃ ᠲᠡᠷᠡᠪᠡᠷ᠄
— ᠭᠢᠸᠠᠩᠢᠶᠠᠨ ᠣᠯᠴᠢᠬᠠᠭᠠᠳ ᠡᠮᠴᠢ ᠮᠠᠮᠠᠶᠢ ᠵᠠᠯᠠᠨᠠ ᠰᠢᠤ ᠭᠡᠪᠡᠯ ᠳᠣᠪᠲᠣᠨ ᠢᠨᠢᠶᠡᠪᠬᠢᠯᠡᠨ《ᠪᠢ ᠣᠯᠣᠭᠠ ᠦᠭᠡᠢ ᠶᠠᠭᠤᠮᠠᠶᠢ ᠴᠢ ᠣᠯᠬᠤ ᠨᠢ ᠴᠤ᠌ ᠶᠠᠭᠤ ᠪᠣᠯ ᠳᠠ》ᠭᠡᠵᠦ ᠪᠠᠰᠤᠩᠭᠤᠶ ᠰᠢᠷᠲᠡᠭᠰᠡᠨᠢᠶᠡᠨ ᠄
— ᠲᠡᠬᠡ ᠠ᠋ ᠲᠡᠬᠡ ᠭᠡᠵᠦ ᠬᠠᠷᠢᠭᠤ ᠪᠣᠯᠪᠠ᠃
ᠠᠨᠢᠪᠴᠢᠶᠠ ᠶᠠᠭᠠᠷᠠᠳᠬᠠᠨ ᠬᠠᠷᠢᠵᠤ ᠳᠤᠯᠮᠠᠳᠤᠪᠠᠨ ᠨᠢᠭᠡ ᠲᠤᠩ ᠡᠮᠢ ᠤᠰᠤᠪᠠᠷ ᠳᠠᠷᠤᠭᠤᠯᠵᠤ ᠤᠤᠭᠤᠯᠭᠠᠭᠰᠠᠨᠢᠶᠠᠨ᠄
— ᠵᠠ ᠳᠤᠯᠮᠠ ᠮᠢᠨᠢ ᠬᠤᠴᠢᠯᠭᠠ ᠰᠠᠢᠲᠠᠢ ᠬᠡᠪᠲᠡᠵᠦ ᠪᠠᠢ᠂ ᠪᠢ ᠠᠹᠠᠩ ᠱᠤᠭᠠᠷᠠᠶᠢ ᠡᠬᠡᠨᠡᠷᠲᠠᠢ ᠨᠢ ᠭᠤᠶᠤᠭᠠᠳ᠂ ᠲᠡᠨᠳᠡᠠᠴᠠ ᠬᠡᠦᠬᠡᠨ ᠬᠦᠷᠭᠡᠨᠳᠦ ᠬᠡᠯᠡ ᠶᠠᠪᠤᠭᠤᠯᠬᠤ ᠤᠬᠠᠭᠠ ᠬᠢᠭᠡᠳ ᠢᠷᠡᠶᠡ ᠭᠡᠪᠡᠯ ᠡᠬᠡᠨᠡᠷ ᠨᠢ ᠮᠠᠯ ᠭᠠᠢᠬᠠᠪᠠ᠃ ᠥᠭᠡᠷᠡ ᠦᠭᠡ ᠴᠦ᠍ ᠰᠣᠯᠢᠵᠤ ᠠᠮᠵᠢᠭ᠍ᠰᠠᠨ ᠦᠭᠡᠢ ᠠᠨᠢᠪᠴᠢᠭ᠍ᠰᠠᠨ ᠠᠮᠢᠲᠠᠨ ᠪᠣᠱᠣᠭᠠ ᠳᠠᠪᠠᠬᠤ ᠨᠢ ᠲᠡᠷᠡ᠃
ᠳᠥᠲᠡ ᠤᠳᠠᠯ ᠦᠭᠡᠢ ᠠᠹᠠᠩ ᠱᠤᠭᠠᠷᠠ ᠡᠬᠡᠨᠡᠷᠲᠠᠢᠪᠡᠨ᠂ ᠵᠡᠭᠦᠨ ᠪᠠᠷᠠᠭᠤᠨ ᠠᠢᠯᠤᠨ ᠬᠢᠨ ᠬᠦᠷᠦᠯᠴᠡᠨ ᠢᠷᠡᠵᠦ ᠦᠬᠡᠷ ᠲᠥᠬᠦᠭᠡᠷᠬᠦ ᠶᠤᠮ ᠭᠡᠳ ᠬᠥᠯ ᠪᠣᠯᠪᠠ᠃ ᠳᠤᠯᠮᠠᠶᠢᠨ ᠳᠣᠲᠣᠷᠠ ᠰᠡᠵᠢᠭ ᠲᠦᠷᠦᠵᠦ᠄ 《ᠮᠠᠭᠤ ᠠᠨᠢᠪᠴᠢᠶᠠ ᠮᠢᠨᠢ᠂ ᠦᠬᠦᠬᠦ ᠡᠪᠡᠳᠴᠢᠨ ᠣᠯᠣᠭᠰᠠᠨ ᠪᠣᠯ ᠬᠡᠯᠡᠬᠦ ᠦᠭᠡᠢ ᠨᠢ ᠶᠠᠭᠤ ᠪᠣᠢ᠂ ᠬᠣᠢᠲᠤᠬᠢᠶᠢᠨ ᠦᠢᠯᠡ ᠪᠤᠶᠠᠨᠳᠤ ᠬᠠᠨᠴᠢᠷ ᠵᠣᠪᠠᠯᠭᠠ ᠪᠠᠵᠠᠭᠠᠵᠤ ᠪᠠᠢᠭᠠ ᠨᠢ ᠡᠨᠡ ᠦᠦ?》 ᠭᠡᠵᠦ ᠪᠤᠳᠣᠩᠭᠠᠨ ᠨᠠᠮᠵᠢᠯᠢ ᠬᠠᠰᠬᠢᠷᠴᠤ᠂ ᠬᠣᠶᠠᠭᠤᠯᠠ ᠥᠨᠳᠥᠷ ᠪᠣᠭᠣᠨᠢ ᠳᠠᠭᠤ ᠬᠠᠲᠠᠯᠠ᠃
ᠠᠨᠢᠪᠴᠢᠶᠠ ᠨᠠᠮᠵᠢᠯ ᠵᠣᠷᠢᠭ᠍ᠰᠠᠨᠳᠤᠪᠠᠨ ᠬᠦᠷᠴᠦ ᠬᠣᠶᠠᠷᠬᠠᠨ ᠦᠨᠢᠶᠡᠨᠦᠪᠠᠨ ᠨᠢᠭᠡ ᠪᠣᠯᠬᠤ ᠡᠴᠡᠩᠭᠢᠷ ᠬᠦᠷᠡᠩᠢᠶᠡᠨ ᠲᠡᠭᠷᠢ ᠬᠠᠷᠠᠭᠤᠯᠵᠤ ᠥᠷᠥᠴᠡᠶᠢ ᠨᠢ ᠨᠡᠭᠡᠭᠡᠪᠡ᠃
ᠳᠤᠯᠮᠠ ᠡᠪᠡᠳᠴᠢᠨ ᠳᠡᠭᠡᠷᠡ ᠡᠪᠡᠳᠴᠢᠨ ᠨᠡᠮᠡᠵᠦ᠂ ᠠᠭᠤᠷ ᠨᠢᠯᠪᠤᠰᠤ ᠬᠣᠶᠠᠷᠲᠤᠪᠠᠨ ᠳᠡᠪᠲᠦᠵᠦ ᠥᠨᠳᠡᠢᠬᠦ ᠲᠡᠩᠬᠡᠭᠡ ᠨᠢ ᠤᠯᠠᠮ ᠪᠠᠷᠠᠭᠳᠠᠨᠠ᠃
ᠠᠨᠢᠪᠴᠢᠶᠠ ᠨᠠᠮᠵᠢᠯ ᠰᠥᠰᠥᠶᠢ ᠨᠢ ᠠᠪᠴᠤ ᠲᠡᠮᠲᠡᠷᠢᠵᠦ ᠦᠵᠡᠭᠰᠡᠨ ᠢᠶᠡᠨ ᠄
— ᠠᠢ ᠬᠠᠭᠠᠷᠬᠠᠢ ᠯᠣᠪᠰᠠᠩ ᠮᠢᠨᠢ᠂ ᠭᠢᠸᠠᠩᠲᠠᠢ ᠦᠬᠡᠷ ᠲᠠᠷᠭᠤᠯᠠᠳᠠᠭ ᠦᠭᠡᠢ᠂ ᠬᠢᠷᠠ ᠳᠠᠭᠠᠵᠤ ᠰᠠᠯᠬᠢ ᠪᠠᠷᠢᠵᠤ ᠬᠡᠪᠲᠡᠳᠡᠭ ᠭᠡᠵᠦ ᠲᠠ ᠮᠢᠨᠢ ᠶᠠᠷᠢᠵᠤ ᠪᠠᠢᠭᠰᠠᠨ ᠰᠢᠤ᠂ ᠶᠠᠭ ᠦᠨᠡᠨ ᠪᠣᠯᠣᠯᠠ᠃ ᠵᠤᠯᠠᠶᠢᠨ ᠲᠣᠰᠣ᠌ ᠦᠭᠡᠢ ᠵᠤᠳᠠᠷᠠᠭᠰᠠᠨ ᠨᠠᠳᠠᠳᠤ ᠡᠪᠡᠷᠲᠠᠢ ᠦᠬᠡᠷ ᠪᠢᠰᠢ ᠡᠷᠳᠡᠨᠢᠲᠠᠢ ᠦᠬᠡᠷ ᠪᠠᠢᠨᠠ ᠭᠡᠳᠡᠭ ᠬᠡᠮᠡᠨ ᠳᠦᠳᠦᠨᠡᠭᠰᠡᠭᠡᠷ ᠨᠥᠬᠦᠭᠡᠰᠦᠲᠡᠢ ᠬᠣᠪᠣᠭᠣᠨᠳᠤ ᠬᠢᠭᠡᠳ ᠪᠥᠬᠦᠭᠡᠨᠦ ᠪᠡᠨ ᠵᠡᠭᠦᠨ ᠡᠮᠦᠨᠡ ᠪᠤᠯᠤᠩᠳᠦ ᠡᠯᠭᠦᠪᠡ᠃
ᠠᠨᠢᠪᠴᠢᠶᠠᠶᠢᠨ ᠬᠡᠦᠬᠡᠨ ᠴᠦ᠍ ᠢᠷᠡᠵᠡᠢ᠃ ᠬᠠᠪᠤᠷᠤᠨ ᠭᠠᠴᠢᠭ᠋ᠲᠤ ᠡᠴᠡᠩᠭᠢᠷ ᠦᠨᠢᠶᠡ ᠲᠥᠬᠦᠭᠡᠷᠦᠭᠰᠡᠨ ᠬᠥᠮᠥᠰ ᠵᠦᠭ ᠵᠦᠭᠲᠦᠪᠡᠨ ᠪᠤᠵᠢᠭᠢᠨᠠᠵᠤ ᠪᠠᠢᠭᠠᠳᠦ ᠭᠠᠢᠬᠠᠵᠤ᠂ ᠭᠡᠷᠲᠦᠪᠡᠨ ᠤᠷᠤᠪᠠᠯ ᠡᠵᠢ ᠨᠢ ᠬᠥᠳᠡᠯᠵᠦ ᠴᠢᠳᠠᠬᠤ ᠦᠭᠡᠢ ᠬᠥᠨᠵᠢᠯᠡ ᠨᠥᠮᠥᠷᠥᠭᠡᠳ ᠬᠡᠪᠲᠡᠵᠦ ᠪᠠᠢᠪᠠ᠃ ᠡᠬᠡ ᠦᠷᠡ ᠬᠤᠶᠠᠷ ᠡᠬᠡᠷ ᠲᠠᠲᠠᠬᠤᠶᠢᠨ ᠨᠠᠭᠠᠭᠤᠷ ᠤᠬᠢᠯᠠᠯᠳᠤᠯᠠ᠃
ᠠᠨᠢᠪᠴᠢᠶᠠ ᠬᠥᠲᠥᠯᠥᠭᠡ ᠮᠣᠷᠢᠲᠠᠢ ᠮᠣᠷᠳᠠᠵᠤ ᠨᠠᠷᠠ ᠵᠢᠷᠭᠠᠬᠤᠶᠢᠨ ᠠᠯᠳᠠᠰ ᠳᠣᠪᠲᠣᠨ ᠮᠠᠮᠠᠶᠢ ᠵᠠᠯᠠᠭᠠᠳ ᠢᠷᠡᠪᠡ᠃ ᠳᠣᠪᠲᠣᠨ ᠮᠠᠮᠠ ᠳᠤᠯᠮᠠᠶᠢᠨ ᠰᠤᠳᠠᠯᠢ ᠪᠠᠷᠢᠵᠤ ᠡᠨᠡ ᠲᠡᠷᠡ ᠠᠰᠠᠭᠤᠭᠰᠠᠨᠢᠶᠠᠨ᠄
— ᠵᠠ ᠠᠨᠢᠪᠴᠢᠶᠠ ᠮᠢᠨᠢ ᠥᠨᠥ ᠶᠠᠭᠤᠮᠠᠪᠠᠨ ᠠᠪᠤᠭᠠᠳ ᠢᠷᠡ᠂ ᠦᠵᠡᠬᠦ ᠰᠠᠨ ᠳᠠ ᠭᠡᠵᠦ ᠵᠠᠬᠢᠬᠤᠪᠠᠷ ᠨᠠᠮᠵᠢᠯ ᠤᠬᠤᠰᠬᠢᠨ ᠭᠠᠷᠴᠤ ᠨᠥᠬᠦᠭᠡ ᠰᠥᠰᠥᠪᠡᠨ ᠤᠨᠵᠢᠭᠢᠨᠠᠭᠤᠯᠤᠨ ᠪᠠᠷᠢᠭᠠᠳ ᠣᠷᠣᠵᠤ ᠢᠷᠡᠯᠡ᠃
ᠳᠣᠪᠲᠣᠨ ᠰᠥᠰᠥᠨ ᠰᠢᠩᠭᠡᠨᠢ ᠠᠶᠠᠭᠠᠨᠳᠤ ᠭᠣᠭᠣᠵᠢᠭᠤᠯᠵᠤ ᠠᠪᠤᠭᠠᠳ ᠤᠭᠤᠲᠠᠨᠤ ᠠᠮᠠᠰᠠᠷᠢ ᠨᠢ ᠣᠭᠲᠣᠯᠵᠤ ᠱᠥᠯᠥᠨᠦ ᠰᠠᠪᠠᠨᠳᠤ ᠰᠡᠭᠰᠦᠷᠪᠡᠯ ᠥᠨᠳᠡᠭᠡᠨ ᠴᠢᠨᠡᠭᠡᠨ ᠨᠤᠯᠤ ᠰᠢᠷᠠ ᠴᠢᠯᠠᠭᠤ ᠥᠩᠬᠦᠷᠢᠨ ᠤᠨᠠᠵᠤ ᠦᠨᠦᠷ ᠨᠢ ᠭᠡᠷ ᠳᠦᠭᠦᠷᠡᠩ ᠰᠡᠩᠭᠢ ᠲᠠᠲᠠᠪᠠ᠃ ᠡᠮᠴᠢ ᠮᠠᠮᠠᠶᠢᠨ ᠨᠢᠳᠦ ᠨᠢ ᠭᠡᠷᠡᠯᠳᠦᠵᠦ᠄
— ᠬᠠᠭᠠᠷᠬᠠᠢ ᠯᠣᠪᠰᠠᠩᠤᠨ ᠪᠣᠷᠣ᠌ ᠦᠭᠡᠶᠢ ᠠᠨᠢᠪᠴᠢᠶᠠ ᠨᠠᠮᠵᠢᠯ ᠲᠣᠭᠲᠠᠭᠠᠵᠤ ᠠᠪᠲᠠᠭ ᠮᠥᠨ ᠰᠦᠷᠡᠬᠡᠢ ᠭᠠᠷ ᠰᠢᠤ᠂ ᠭᠢᠸᠠᠩ ᠭᠡᠳᠡᠭ ᠡᠷᠳᠡᠨᠢ ᠪᠠᠢᠬᠤᠳᠤ ᠳᠤᠯᠮᠠ ᠡᠳᠡᠭᠡᠬᠦ ᠦᠭᠡᠢ ᠶᠠᠭᠠᠬᠢᠬᠤ ᠪᠣᠢ᠃ ᠵᠠ ᠵᠠ᠂ ᠨᠠᠮᠵᠢᠯᠳᠤ ᠪᠢ ᠰᠢᠭᠤᠳ ᠬᠡᠯᠡᠶᠡ᠂ ᠪᠦᠳᠦᠭᠦᠨ ᠬᠡᠰᠡᠭᠢ ᠨᠢ ᠪᠢ ᠠᠪᠤᠶᠠ᠃ ᠵᠦᠭᠡᠷ ᠮᠤᠯᠭᠤᠳᠠᠨᠠ ᠭᠡᠵᠦ ᠬᠠᠮᠢᠭᠠ ᠪᠠᠢᠬᠤ ᠪᠣᠢ! ᠲᠠ ᠬᠣᠶᠠᠷᠢᠶᠠᠨ ᠶᠠᠮᠠᠷ ᠮᠡᠳᠡᠬᠦ ᠦᠭᠡᠢᠤᠤ ᠳᠠ᠂ ᠥᠬᠢᠨ ᠲᠤᠭᠤᠯᠲᠠᠢ ᠦᠨᠢᠶᠡ ᠥᠭᠭᠦᠶᠡ᠂ ᠮᠠᠷᠭᠠᠰᠢ ᠡᠴᠡ ᠣᠴᠢᠭᠠᠳ ᠠᠪ᠃ ᠵᠢᠵᠢᠭ ᠨᠢ ᠴᠢᠮᠠᠳᠤ ᠪᠠᠢᠭ᠋᠂ ᠡᠨᠡ ᠠᠶᠠᠭᠠᠲᠠᠢ ᠰᠥᠰᠥᠶᠢ ᠤᠭᠤᠲᠠᠨᠳᠤ ᠨᠢ ᠬᠢᠭᠡᠳ ᠠᠮᠠᠰᠠᠷᠢ ᠨᠢ ᠴᠢᠩᠭᠠ ᠪᠣᠭᠣᠭᠠᠳ ᠨᠠᠷᠠ ᠦᠵᠡᠬᠦ ᠦᠭᠡᠢ ᠰᠡᠷᠢᠭᠦᠨ ᠭᠠᠵᠠᠷ ᠬᠠᠳᠠᠭᠠᠭᠠᠳ ᠲᠠᠯᠪᠢ᠂ ᠬᠣᠵᠢᠮ ᠣᠯᠳᠠᠬᠤ ᠦᠭᠡᠢ ᠶᠠᠭᠤᠮᠠ ᠪᠣᠯᠣᠨᠠ ᠰᠢᠤ ᠭᠡᠵᠦ ᠳᠣᠩᠬᠣᠷ ᠬᠠᠮᠠᠷᠢᠶᠠᠨ ᠬᠠᠨᠴᠤᠢ ᠪᠠᠷᠢᠶᠡᠨ ᠱᠤᠳᠤᠷᠤᠨ ᠪᠥᠭᠡᠮ ᠪᠠᠶᠠᠷ᠃ ᠨᠠᠮᠵᠢᠯᠤᠨ ᠠᠨᠢᠪᠴᠢᠶᠠ ᠪᠠᠭᠠᠰᠤᠭᠰᠠᠨ ᠶᠠᠩᠵᠤᠲᠠᠢ᠄
— ᠪᠣᠯᠣᠨᠠ ᠪᠣᠯᠣᠨᠠ᠂ ᠳᠤᠯᠮᠠ ᠡᠳᠡᠭᠡᠵᠦ ᠪᠠᠢᠪᠠᠯ ᠁ ᠭᠡᠳ ᠠᠶᠠᠭᠠ ᠲᠠᠢ ᠰᠥᠰᠥ ᠶᠢ ᠬᠢᠴᠢᠶᠡᠩᠭᠦᠢᠪᠡᠷ ᠤᠭᠤᠲᠠᠨᠳᠤ ᠨᠢ ᠬᠢᠪᠡ᠃
ᠳᠣᠪᠲᠣᠨᠤ ᠦᠭᠡᠨ ᠳᠦ ᠤᠤ᠂ ᠭᠢᠸᠠᠩᠤᠨ ᠦᠨᠦᠷ ᠲᠦ ᠤᠤ᠂ ᠪᠦᠦ ᠮᠡᠳᠡ᠂ ᠳᠤᠯᠮᠠᠶᠢᠨ ᠨᠢᠳᠦ ᠨᠢ ᠰᠡᠷᠭᠦᠵᠦ᠂ ᠬᠥᠨᠳᠡᠭᠦᠷ ᠣᠷᠬᠢᠭᠤᠯᠤᠭᠰᠠᠨ ᠬᠦᠨᠳᠦ ᠴᠢᠯᠠᠭᠤᠶᠢ ᠠᠪᠤᠭᠠᠳ ᠬᠠᠶᠠᠭᠰᠠᠨ ᠰᠢᠭ᠋ ᠲᠠᠭᠠᠲᠠᠢ ᠰᠠᠨᠠᠭᠳᠠᠨᠠ᠃
(《2024·ᠪᠤᠭᠤᠨᠢ ᠦᠭᠦᠯᠡᠯᠭᠡ》 ᠨᠤᠮᠠᠴᠠ ᠰᠣᠩᠭᠣᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃