2026-08-24 18:31:27
ᠭᠱᠠᠨ ᠵᠠᠭᠤᠷ᠎ᠠ
·ᠭᠦᠢᠯᠡᠰᠦ ( ᠲᠦᠩ ᠺᠠᠢ ᠬᠤᠸᠠ )
ᠪᠦᠬᠦ ᠪᠡᠶ᠎ᠡ ᠬᠥᠨᠳᠡᠭᠦᠷᠯᠡᠨ ᠡᠮᠵᠡᠭᠯᠡᠵᠦ᠂ ᠲᠣᠯᠣᠭᠠᠢ ᠲᠦᠨᠡᠷᠡᠭᠡᠳ ᠶᠠᠭ ᠯᠠ ᠡᠭᠦᠯᠡ ᠬᠥᠯᠭᠡᠯᠡᠵᠦ᠂ ᠣᠭᠲᠠᠷᠭᠤᠢ ᠳᠡᠭᠡᠭᠦᠷ ᠬᠥᠪᠥᠨ ᠳᠡᠭᠳᠡᠵᠦ ᠪᠠᠢᠭ᠎ᠠ ᠮᠡᠲᠦ ᠠᠲᠠᠯ᠎ᠠ ᠬᠥᠯ ᠮᠢᠨᠢ ᠭᠠᠵᠠᠷᠠᠴᠠ ᠰᠠᠯᠵᠤ ᠥᠭᠬᠦ ᠦᠭᠡᠢ ᠲᠠᠲᠠᠯᠳᠤᠨ ᠬᠦᠨᠳᠦᠷᠡᠵᠦ᠂ ᠳᠡᠭᠡᠭᠰᠢ ᠬᠦᠴᠦᠯᠡᠬᠦ ᠲᠣᠲᠤᠮ ᠬᠥᠯᠠᠴᠠ ᠮᠢᠨᠢ ᠬᠦᠨᠳᠦ ᠴᠢᠯᠠᠭᠤ ᠳᠡᠭᠦᠵᠢᠯᠡᠴᠢᠬᠡᠭᠰᠡᠨ ᠮᠡᠲᠦ ᠳᠣᠷᠣᠭ᠍ᠰᠢ ᠲᠠᠲᠠᠭᠠᠳ ᠪᠠᠢᠬᠤᠪᠠᠷ ᠨᠠᠷᠢᠨ ᠨᠢᠷᠤᠭᠤ ᠨᠢᠴᠠᠷᠠᠨ ᠪᠡᠶ᠎ᠡᠶᠢᠨ ᠳᠤᠮᠳᠠᠭᠤᠷ ᠲᠠᠰᠤᠷᠠᠵᠤ ᠣᠴᠢᠮᠠᠷ ᠡᠪᠡᠳᠬᠦ ᠭᠡᠵᠦ ᠬᠡᠴᠡᠭᠦᠦ᠂ ᠮᠢᠨᠤ ᠬᠠᠵᠠᠭᠤ ᠬᠠᠪᠢᠪᠡᠷ ᠳᠠᠯᠠᠢ ᠪᠤᠴᠠᠯᠬᠤ ᠮᠡᠲᠦ ᠱᠤᠤᠭᠢᠵᠤ ᠪᠠᠢᠪᠠ᠃
— ᠴᠢᠰᠤᠨ ᠳᠠᠷᠤᠯᠲᠠ ᠨᠢ ᠪᠠᠰᠠ ᠬᠡᠲᠦᠷᠬᠡᠢ ᠳᠣᠣᠷ᠎ᠠ ᠪᠠᠢᠭᠰᠠᠭᠠᠷ᠂ ᠳᠥᠴᠢᠨ ᠨᠠᠢ᠍ᠮᠠ᠃
— ᠵᠢᠷᠦᠬᠡᠨ ᠴᠣᠬᠢᠯᠭ᠎ᠠ ᠨᠢ ᠬᠡᠪ ᠲᠦ ᠪᠡᠨ ᠪᠠᠢᠨ᠎ᠠ᠃
— ᠣᠳᠣᠬᠠᠨ ᠠᠮᠢ ᠨᠠᠰᠤᠨ ᠤ ᠠᠶᠤᠯ ᠠᠴᠠ ᠬᠡᠯᠲᠦᠷᠢᠵᠦ ᠳᠡᠢᠯᠦᠭᠡ ᠦᠭᠡᠢ ᠪᠠᠢᠨ᠎ᠠ᠃

ᠶᠠᠭᠤ ᠪᠣᠯᠵᠤ ᠪᠠᠢᠭ᠎ᠠ ᠨᠢ ᠡᠨᠡ ᠪᠣᠢ ᠭᠡᠵᠦ ᠭᠠᠢᠬᠠᠵᠤ ᠪᠢ ᠨᠢᠳᠦᠪᠡᠨ ᠨᠡᠭᠡᠭᠡᠬᠦᠶᠢ ᠰᠠᠨᠠᠭᠰᠠᠨ ᠪᠣᠯᠪᠠᠴᠤ ᠬᠦᠴᠦᠨ ᠮᠡᠬᠦᠰᠳᠡᠭᠡᠳ ᠪᠠᠢᠪᠠ᠃ ᠪᠢ ᠦᠬᠦᠭᠡ ᠦᠭᠡᠢ ᠪᠠᠢᠭ᠎ᠠ ᠶᠤᠮ ᠪᠠᠢᠨ᠎ᠠ ᠭᠡᠵᠦ ᠪᠣᠳᠣᠬᠤ ᠭᠱᠠᠨ᠎ᠠ ᠲᠠᠬᠢᠭᠠᠳ ᠮᠡᠳᠡᠭᠡ ᠠᠯᠳᠠᠵᠠᠢ᠃
ᠨᠢᠭᠡ ᠮᠡᠳᠡᠬᠦᠳᠦ ᠪᠢ ᠳᠤᠩ ᠴᠠᠭᠠᠨ ᠭᠡᠷᠲᠦ ᠳᠤᠩ ᠴᠠᠭᠠᠨ ᠤᠷᠤ ᠳᠡᠭᠡᠷ᠎ᠡ ᠡᠮ ᠶᠡᠭᠦᠯᠡᠴᠢᠬᠡᠭᠰᠡᠨ ᠭᠡᠪᠳᠡᠵᠦ ᠪᠠᠢᠪᠠ᠃ ᠡᠵᠢ ᠮᠢᠨᠢ ᠨᠢᠯᠪᠤᠰᠤᠨ ᠬᠦᠮᠦᠨ ᠪᠤᠯᠴᠢᠬᠠᠭᠰᠠᠨ ᠭᠠᠷᠢ ᠮᠢᠨᠢ ᠪᠠᠷᠢᠵᠤ ᠵᠤᠭᠰᠤᠨ᠎ᠠ᠃ ᠪᠢ ᠲᠣᠯᠣᠭᠠᠢᠪᠡᠨ ᠡᠷᠭᠦᠬᠦᠶᠢ ᠰᠠᠨᠠᠵᠤ ᠥᠨᠳᠡᠢᠲᠡᠯ᠎ᠡ ᠡᠵᠢ ᠡᠵᠢᠭᠡᠶ ᠪᠢᠵᠢᠭᠡᠢ ᠠᠯᠳᠠᠵᠤ᠄
— ᠡᠮᠴᠢ ᠠ᠋! ᠮᠠᠭᠤ ᠬᠦᠦ ᠮᠢᠨᠢ ᠰᠡᠷᠭᠦᠴᠢᠬᠡᠵᠡᠶ ᠭᠡᠵᠦ ᠬᠠᠰᠬᠢᠷᠤᠭᠰᠠᠨᠢᠶᠠᠨ ᠮᠠᠩᠨᠠᠢ ᠳᠡᠭᠡᠷ᠎ᠡ ᠮᠢᠨᠢ ᠱᠣᠪ ᠬᠢᠲᠡᠯ᠎ᠡ ᠦᠨᠦᠰᠪᠡ᠃ ᠡᠵᠢ ᠳᠡᠷᠡᠶᠢ ᠪᠠᠭ᠎ᠠ ᠲᠡᠭᠰᠢᠯᠡᠭᠡᠳ᠄
— ᠮᠢᠨᠤ ᠬᠦᠦ ᠪᠢᠲᠡᠭᠡᠢ ᠬᠥᠳᠡᠯ ᠡ᠂ ᠡᠮᠴᠢᠶᠢᠨ ᠬᠡᠯᠡᠬᠦᠪᠡᠷ ᠲᠣᠯᠣᠭᠠᠢ ᠴᠢᠨᠢ ᠳᠣᠷᠭᠢᠯᠲᠠᠡᠴᠡ ᠪᠣᠯᠵᠤ ᠪᠠᠭ᠎ᠠ ᠬᠡᠮᠵᠢᠶ᠎ᠡᠪᠡᠷ ᠭᠡᠮᠲᠦᠭᠰᠡᠨ ᠭᠡᠨ᠎ᠡ᠃ ᠬᠠᠷᠢᠨ ᠬᠣᠶᠠᠷ ᠬᠥᠯ᠂ ᠬᠠᠪᠢᠷᠭ᠎ᠠ ᠰᠦᠪᠡᠭᠡ ᠴᠢᠨᠢ ᠬᠡᠴᠡᠭᠦᠦ ᠪᠠᠷᠲᠠᠵᠠᠶ᠃ ᠭᠡᠰᠡᠨ ᠴᠦ᠍ ᠶᠠᠭᠠᠬᠢᠬᠤ ᠪᠣᠢ᠂ ᠶᠠᠰᠤ ᠭᠡᠳᠡᠭ ᠴᠢᠨᠢ ᠡᠳᠦᠷ ᠬᠣᠨᠣᠭᠢᠶᠠᠨ ᠲᠣᠭᠠᠯᠠᠵᠤ ᠭᠦᠢᠴᠡᠪᠡᠯ ᠡᠳᠡᠭᠡᠷᠡᠬᠦ ᠯᠡ ᠳᠡ᠃ ᠬᠠᠷᠢᠨ ᠬᠦᠦ ᠮᠢᠨᠢ ᠭᠠᠯ ᠵᠠᠯᠠᠭᠤᠪᠠᠷᠢᠶᠠᠨ ᠡᠢᠮᠦ ᠲᠡᠢᠮᠦ ᠪᠣᠯᠤᠭᠰᠠᠨ ᠪᠣᠯ ᠶᠠᠭᠠᠬᠢᠨ᠎ᠠ ᠪᠣᠢ᠁ ᠭᠡᠵᠦ ᠨᠢᠭᠡ ᠯᠠ ᠠᠮᠢᠰᠬᠤᠭ᠎ᠠ ᠪᠠᠷ ᠤᠷᠤᠰᠤᠭᠤᠯᠵᠤ ᠭᠠᠷᠤᠭᠰᠠᠨᠢᠶᠠᠨ ᠨᠢᠰᠤ ᠨᠢᠯᠪᠤᠰᠤᠪᠠᠨ ᠠᠬᠢᠭᠠᠳ ᠯᠠ ᠤᠷᠤᠰᠬᠠᠵᠤ᠄
— ᠬᠥᠭᠡᠷᠦᠬᠦᠢ᠂ ᠴᠠᠭᠠᠲᠤ ᠬᠡᠦᠬᠡᠳ ᠴᠢᠨᠢ ᠰᠢᠷᠬᠠᠲᠤᠵᠤ ᠭᠡᠮᠲᠦᠭᠰᠡᠨ ᠦᠭᠡᠢ ᠰᠤᠷᠭᠠᠭᠤᠯᠢᠳᠤᠪᠠᠨ ᠶᠠᠪᠤᠵᠤ ᠪᠠᠢᠨ᠎ᠠ ᠰᠢᠤ᠃ ᠲᠡᠭᠡᠬᠦᠯᠡᠷ ᠮᠢᠨᠤ ᠬᠦᠦ ᠰᠠᠨᠠᠭ᠎ᠠ ᠠᠮᠤᠷ ᠪᠡᠶᠡᠪᠡᠨ ᠰᠤᠪᠢᠯᠠᠵᠤ ᠡᠷᠲᠡ ᠨᠢᠭᠡᠨ ᠡᠳᠦᠷ ᠡᠮᠨᠡᠯᠭᠡᠡᠴᠡ ᠭᠠᠷᠬᠤᠶᠢ ᠪᠣᠳᠤᠬᠤ ᠶᠤᠮ ᠰᠢᠤ ᠭᠡᠪᠡ᠃

ᠮᠢᠨᠤ ᠲᠤᠳᠤᠷ᠎ᠠ ᠲᠠᠯ᠎ᠠ ᠮᠡᠳᠦ ᠤᠩᠭᠤᠢᠪᠠ᠃ ᠪᠢ ᠨᠢᠳᠦᠪᠡᠨ ᠠᠨᠢᠨ᠂ ᠠᠰᠢᠭᠦᠢ ᠲᠡᠷᠡ ᠵᠢᠭᠠᠯ ᠦᠬᠢᠨ ᠬᠠᠮᠢᠶ᠎ᠠ ᠦᠭᠡᠢ ᠪᠠᠢᠬᠤ ᠴᠢᠨᠢ ᠪᠤᠯᠵᠠᠢ᠃ ᠪᠢᠴᠤ ᠶᠠᠭᠠᠬᠢᠮᠠᠢ᠂ ᠣᠷᠭᠣᠭ᠎ᠠ ᠪᠣᠰᠣᠭ᠎ᠠ ᠡᠷ᠎ᠡ ᠬᠥᠮᠥᠨ᠁ ᠶᠡᠷᠦ ᠨᠢ ᠬᠣᠶᠠᠷ ᠬᠥᠯ ᠦᠭᠡᠢᠳᠦ ᠶᠠᠭᠠᠬᠢᠬᠤ ᠪᠣᠢ᠂ ᠣᠶᠤᠨ ᠲᠠᠷᠢᠬᠢ ᠮᠢᠨᠢ ᠡᠷᠡᠭᠦᠯ ᠪᠠᠢᠪᠠᠯ ᠬᠥᠮᠥᠨ ᠡᠴᠡ ᠲᠣᠯᠢᠳᠠᠬᠤ ᠦᠭᠡᠢ ᠠᠮᠢᠳᠤᠷᠠᠬᠤ ᠯᠠ ᠳᠡ᠃ ᠬᠠᠷᠢᠨ ᠪᠣᠯᠣᠷᠴᠡᠴᠡᠭ ᠮᠢᠨᠢ᠁ ᠬᠡᠮᠡᠨ ᠪᠣᠳᠣᠵᠤ ᠬᠡᠪᠲᠡᠬᠦᠳᠦ ᠪᠤᠷᠭᠠᠰᠤ ᠰᠢᠤᠬᠠᠨ ᠨᠠᠬᠢᠯᠵᠠᠭᠤᠷ ᠪᠡᠶᠡᠳᠦ ᠪᠠᠨ ᠶᠠᠪ ᠴᠠᠪ ᠵᠣᠬᠢᠴᠠᠭᠰᠠᠨ ᠴᠡᠩᠬᠡᠷ ᠥᠩᠭᠡᠶᠢᠨ ᠪᠠᠩᠵᠠᠯ ᠳᠡᠷᠪᠡᠯᠵᠡᠭᠦᠯᠦᠭᠰᠡᠨ ᠪᠣᠯᠣᠷᠴᠡᠴᠡᠭ ᠮᠢᠨᠢ ᠬᠣᠣᠰ ᠬᠤᠨᠳᠠᠭᠠᠪᠠᠨ ᠬᠣᠲᠣᠯᠵᠠᠭᠤᠯᠤᠨ ᠬᠠᠵᠠᠭᠤᠳᠤ ᠮᠢᠨᠢ ᠴᠡᠴᠡᠭᠢ ᠢᠴᠢᠭᠡᠲᠡᠯᠡ ᠢᠨᠢᠶᠡᠮᠰᠦᠭᠯᠡᠨ ᠵᠣᠭᠰᠣᠵᠤ ᠪᠠᠢᠬᠤ ᠰᠢᠭ᠋ ᠰᠠᠨᠠᠭᠳᠠᠪᠠ᠃ ᠵᠡᠭᠦᠳᠦ ᠦᠨᠡᠨᠦ ᠬᠣᠭᠣᠷᠣᠨᠳᠤ ᠬᠡᠰᠡᠭ ᠠᠯᠮᠠᠢᠷᠠᠨ ᠠᠲᠠᠯ᠎ᠠ ᠴᠢᠬᠢᠨᠳᠦ ᠮᠢᠨᠢ ᠪᠣᠯᠣᠷᠴᠡᠴᠡᠭᠦᠨ᠄
— ᠡᠩᠬᠡ ᠠ᠋᠂ ᠡᠮᠨᠡᠯᠭᠡᠡᠴᠡ ᠭᠠᠷᠤᠮᠠᠭᠴᠠ ᠬᠣᠶᠠᠭᠤᠯᠠᠪᠠᠨ ᠤᠷᠤᠭᠤᠨ ᠪᠠᠲᠤᠯᠠᠪᠤᠷᠢᠪᠠᠨ ᠠᠪᠤᠨ᠎ᠠ ᠰᠢᠤ ᠭᠡᠵᠦ ᠰᠢᠪᠡᠨᠡᠬᠦ ᠲᠤᠩᠭᠠᠯᠠᠭ ᠢᠷᠠᠭᠤ ᠳᠠᠭᠤᠨ ᠲᠤᠭᠤᠯᠳᠠᠪᠠ᠃ ᠮᠢᠨᠤ ᠬᠠᠮᠠᠷ ᠱᠠᠷᠬᠢᠷᠠᠭᠠᠳ ᠶᠠᠪᠤᠴᠢᠬᠠᠪᠠ᠃ ᠪᠢ ᠨᠢᠯᠪᠤᠰᠤᠪᠠᠨ ᠴᠢᠳᠠᠨ ᠶᠠᠳᠠᠨ ᠬᠣᠷᠢᠵᠤ᠄
— ᠮᠢᠨᠤ ᠡᠨᠡ ᠬᠣᠶᠠᠷ ᠬᠥᠯ ᠁ ᠭᠡᠵᠦ ᠬᠡᠯᠡᠲᠡᠯ᠎ᠡ᠄
— ᠶᠠᠮᠠᠷ ᠪᠣᠯᠤᠭᠰᠠᠨ ᠴᠤ᠌ ᠬᠠᠮᠢᠶ᠎ᠠ ᠦᠭᠡᠢ᠂ ᠪᠢ ᠴᠢᠮᠠᠳᠤ ᠮᠣᠷᠳᠠᠬᠤᠪᠠᠷ ᠰᠢᠭᠤᠳᠴᠢᠬᠠᠭᠰᠠᠨ᠃ ᠰᠡᠳᠬᠢᠯ ᠨᠢ ᠪᠡᠷᠲᠡᠭᠰᠡᠨ ᠬᠥᠮᠥᠨ ᠪᠣᠯ ᠲᠡᠢᠮᠦ ᠪᠠᠢᠳᠠᠯᠳᠤ ᠶᠠᠰᠤᠪᠠᠨ ᠪᠡᠷᠲᠡᠭᠡᠬᠦ ᠦᠭᠡᠢ ᠭᠠᠷᠴᠢᠬᠠᠬᠤ ᠪᠠᠢᠭᠰᠠᠨ ᠪᠠᠢᠬ᠎ᠠ᠃ ᠭᠡᠲᠡᠯ᠎ᠡ ᠴᠢ ᠮᠢᠨᠢ ᠲᠡᠭᠡᠭᠡ ᠦᠭᠡᠢ ᠭᠡᠰᠡᠨᠢᠶᠡᠨ ᠪᠣᠯᠣᠷᠴᠡᠴᠡᠭ ᠬᠣᠭᠣᠯᠠᠢ ᠨᠢ ᠴᠡᠴᠡᠷᠬᠢᠯᠡᠵᠦ᠂ ᠳᠠᠭᠤᠪᠠᠨ ᠬᠤᠷᠢᠶᠠᠪᠠ᠃

《ᠬᠡᠷᠡᠭ ᠭᠡᠵᠦ ᠬᠡᠩᠭᠡᠷᠭᠡ ᠴᠠᠩᠲᠠᠢ ᠢᠷᠡᠳᠡᠭ ᠦᠭᠡᠢ》ᠭᠡᠳᠡᠭᠢᠶᠡᠷ ᠨᠠᠳᠠᠳᠤ ᠡᠢᠮᠦ ᠤᠴᠢᠷ ᠲᠣᠬᠢᠶᠠᠯᠳᠤᠨ᠎ᠠ ᠭᠡᠵᠦ ᠵᠡᠭᠦᠳᠦᠨᠳᠤ ᠴᠦ᠍ ᠣᠷᠣᠭᠰᠠᠨ ᠦᠭᠡᠢ᠃ ᠥᠷᠯᠥᠭᠡ ᠠᠵᠢᠯᠯᠠᠬᠤᠪᠠᠷ ᠮᠠᠰᠢᠨᠢᠶᠠᠨ ᠪᠠᠷᠢᠭᠠᠳ ᠶᠠᠪᠤᠵᠤ ᠪᠠᠢᠭᠰᠠᠨ ᠯᠠ ᠳᠠ᠃ ᠵᠠᠮᠤᠨ ᠬᠠᠵᠠᠭᠤᠠᠴᠠ ᠭᠡᠨᠡᠳᠲᠡ ᠨᠢᠭᠡ ᠬᠡᠦᠬᠡᠳ ᠭᠦᠶᠦᠨ ᠭᠠᠷᠴᠤ ᠢᠷᠡᠬᠦ ᠬᠠᠷᠠᠭᠳᠠᠬᠤᠶᠢᠨ ᠲᠡᠷᠡᠬᠡᠨ ᠭᠱᠠᠨᠳᠦ 《ᠬᠡᠦᠬᠡᠳ》ᠭᠡᠵᠦ ᠳᠠᠭᠤ ᠠᠯᠳᠠᠭᠠᠳ ᠵᠠᠯᠠᠭᠤᠷᠢᠶᠠᠨ ᠵᠡᠭᠦᠨᠰᠢᠪᠡᠨ ᠴᠢᠨᠡᠭᠡ ᠮᠡᠳᠡᠨ ᠵᠠᠯᠠᠵᠤ ᠵᠠᠮᠤᠨ ᠬᠠᠵᠠᠭᠤᠳᠠᠭᠢ ᠪᠦᠳᠦᠭᠦᠨ ᠮᠣᠳᠣ᠌ᠲᠠᠢ ᠮᠥᠷᠭᠥᠭᠰᠡᠨᠢᠶᠡᠨ ᠰᠠᠨᠠᠵᠤ ᠪᠠᠢᠨ᠎ᠠ᠃ ᠪᠢ ᠪᠣᠯᠣᠷᠴᠡᠴᠡᠭᠲᠦ ᠬᠠᠨᠳᠤᠨ᠄
— ᠪᠠᠶᠠᠷᠯᠠᠯ᠎ᠠ ᠭᠡᠵᠦ ᠬᠡᠯᠡᠬᠦᠶᠢ ᠵᠠᠪᠳᠤᠲᠠᠯ᠎ᠠ ᠡᠭᠦᠳᠡ ᠣᠩᠭᠣᠢᠵᠤ᠂ ᠲᠡᠪᠡᠷᠢ ᠳᠦᠭᠦᠷᠡᠩ ᠴᠡᠴᠡᠭ ᠲᠡᠪᠡᠷᠢᠭᠰᠡᠨ ᠡᠪᠡᠷ ᠭᠡᠵᠢᠭᠡᠲᠠᠢ ᠵᠢᠭᠠᠯ ᠥᠬᠢᠨ 《ᠠᠪᠠᠭ᠎ᠠ ᠠ》 ᠭᠡᠭᠰᠡᠭᠡᠷ ᠡᠷᠪᠡᠬᠡᠢ ᠰᠢᠭ ᠳᠡᠷᠪᠡᠯᠵᠠᠨ ᠨᠠᠭᠠᠰᠢᠯᠠᠬᠤ ᠨᠢ ᠬᠠᠷᠠᠭᠳᠠᠪᠠ ᠁
(《2024·ᠪᠤᠭᠤᠨᠢ ᠦᠭᠦᠯᠡᠯᠭᠡ》 ᠨᠤᠮᠠᠴᠠ ᠰᠣᠩᠭᠣᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃