ᠲᠡᠷᠢᠭᠦᠨ ᠨᠢᠭᠤᠷ>ᠣᠳᠤ ᠲᠠᠢ ᠪᠣᠯᠵᠣᠭ᠎ᠠ

2026-09-25 15:29:00

ᠵᠣᠬᠢᠶᠠᠭ᠍ᠴᠢ᠄ ᠣᠩᠱᠢᠭ᠍ᠰᠠᠨ ᠣᠳᠠᠭ᠎ᠠ᠄

ᠬᠠᠯᠠᠭᠤᠨ ᠰᠢᠷᠤᠢ ᠡᠴᠡ ᠤᠨᠳᠤᠷᠬᠤ ᠲᠠᠭᠤᠨ

·ᠲᠠᠶᠠᠩ

ᠰᠡᠩᠭᠡ ᠡᠪᠦᠭᠡᠨ ᠨᠠᠷᠠᠪᠴᠢᠨ ᠳ᠋ᠦ ᠪᠠᠨ ᠰᠠᠭᠤᠭᠠᠳ ᠴᠤᠩᠬᠤᠨ᠎ᠤ ᠭᠠᠳᠠᠨᠠᠬᠢ ᠵᠢ ᠮᠡᠯᠡᠷᠡᠨ ᠰᠢᠷᠳᠡᠨ᠎ᠡ᠃ ᠰᠡᠳᠬᠢᠯ ᠵᠢᠡᠨ ᠠᠭᠤᠵᠢᠷᠠᠳᠠᠯ᠎ᠠ ᠠᠮᠢᠰᠬᠤᠬᠤ ᠴᠡᠩᠬᠡᠭ ᠠᠭᠠᠷ ᠡᠨᠳᠡ ᠠᠯᠠᠭ᠎ᠠ᠂ ᠬᠠᠷᠠᠭ᠎ᠠ ᠪᠡᠯᠴᠢᠭᠡᠮ᠎ᠡ ᠰᠠᠷᠠᠭᠤᠯ ᠲᠠᠯ᠎ᠠ ᠎ᠴᠦ ᠠᠯᠠᠭ᠎ᠠ᠃ ᠲᠠᠪᠬᠤᠷᠯᠠᠨ ᠰᠦᠭᠯᠡᠢᠭᠦ ᠦᠨᠳᠦᠷ ᠦᠨᠳᠦᠷ ᠠᠰᠠᠷ ᠲᠠᠬᠳᠤ ᠵᠢ ᠬᠠᠷᠠᠭᠠᠳ ᠰᠡᠩᠬᠡ ᠡᠪᠦᠭᠡᠨ ᠎ᠤ ᠠᠮᠢᠰᠬᠤᠯ ᠨᠢ ᠴᠢᠬᠤᠯᠳᠠᠬᠤ ᠰᠢᠭ᠋ ᠪᠤᠯᠤᠨ᠎ᠠ᠃


微信图片_20260920174159.png


ᠰᠡᠩᠬᠡ ᠡᠪᠦᠭᠡᠨ ᠡᠨᠡ ᠵᠢᠯ ᠨᠠᠶᠠ ᠵᠢᠨ ᠲᠠᠪᠠᠭ᠎ᠠ ᠲᠠᠪᠠᠵᠤ᠂ ᠲᠡᠩᠬᠡᠯᠡᠭᠦᠨ ᠰᠠᠢᠬᠠᠨ ᠪᠡᠶ᠎ᠠ ᠵᠢ ᠨᠢ ᠶᠠᠭᠠᠬᠢᠬᠤ ᠵᠢᠨ ᠠᠷᠭ᠎ᠠ ᠦᠭᠡᠢ ᠨᠠᠰᠤ ᠲᠠᠷᠤᠵᠠᠢ᠃ ᠠᠷᠪᠠᠨ ᠵᠢᠯ ᠎ᠤᠨ ᠡᠮᠦᠨ᠎ᠡ ᠭᠠᠬᠴᠠᠭᠠᠷ ᠨᠤᠳᠤᠭ᠎ᠲᠦ ᠪᠠᠨ ᠠᠵᠤ ᠲᠦᠷᠦᠵᠦ ᠪᠠᠢᠬᠤ ᠳ᠋ᠤ ᠨᠢ ᠦᠷ᠎ᠡ ᠬᠡᠤᠭᠡᠳ ᠨᠢ ᠰᠠᠨᠠᠭ᠎ᠠ ᠠᠮᠤᠷ ᠦᠭᠡᠢ ᠪᠤᠯᠬᠤᠷ ᠬᠤᠳᠠ ᠳ᠋ᠦ ᠲᠤᠰᠴᠤ ᠠᠪᠴᠢᠷᠠᠭᠠᠳ ᠦᠨᠡᠭᠡᠷ ᠎ᠴᠦ ᠠᠴᠢᠯᠠᠯ ᠵᠢᠷᠤᠮ ᠢ᠋ ᠬᠦᠢᠴᠡᠳᠭᠡᠵᠤ᠂ ᠲᠤᠬᠢᠯᠢᠭ ᠰᠠᠢᠬᠠᠨ ᠦᠷᠦᠭᠡᠨ ᠳ᠋ᠦ ᠵᠦᠭᠡᠯᠡᠨ ᠲᠠᠪᠠᠳᠠᠢ ᠤᠷᠤᠨ ᠲᠡᠭᠡᠷ᠎ᠡ ᠤᠨᠳᠠᠭᠤᠯᠵᠤ᠂ ᠢᠳᠡᠵᠤ ᠤᠤᠭᠤᠬᠤ ᠪᠡᠯᠡᠨ᠂ ᠶᠠᠪᠤᠵᠤ ᠰᠠᠭᠤᠬᠤ ᠲᠦᠭᠦᠮ᠂ ᠪᠠᠢᠳᠠᠭ ᠰᠠᠢᠨ ᠨᠦᠬᠦᠴᠡᠯ ᠢ᠋ ᠬᠠᠩᠭᠠᠵᠠᠢ᠃ ᠡᠴᠢᠨᠡᠭᠡᠨ ᠵᠢᠯ ᠤ᠋ᠨ ᠲᠤᠷᠰᠢ ᠲᠤᠭᠤᠰᠬᠠᠨ ᠭᠠᠵᠠᠷ ᠵᠢᠡᠷ ᠠᠯᠬᠤᠬᠤ ᠪᠦᠷᠢ ᠵᠦᠯᠭᠡᠨ ᠨᠤᠭᠤᠭᠠᠨ ᠲᠠᠯ᠎ᠠ ᠨᠢ ᠪᠤᠳᠤᠬᠳᠠᠨ᠂ ᠮᠠᠰᠢᠨ ᠮᠤᠲ᠋ᠤᠷ ᠤ᠋ᠨ ᠱᠤᠤᠬᠢᠶᠠᠨ ᠎ᠢ ᠰᠤᠨᠤᠰᠬᠤ ᠪᠦᠷᠢ ᠬᠤᠨᠢ ᠮᠠᠯ ᠤ᠋ᠨ ᠬᠢᠨᠢ ᠮᠠᠢᠯᠠᠯᠳᠤᠭᠠᠨ ᠰᠠᠨᠠᠬᠳᠠᠵᠤ᠂ ᠬᠤᠳᠠ ᠭᠠᠵᠠᠷ ᠤ᠋ᠨ ᠠᠮᠳᠠᠳᠠᠨ ᠢ᠋ ᠢᠳᠡᠭᠦ ᠪᠦᠷᠢ ᠡᠭᠡᠭᠦᠨ ᠰᠠᠢᠬᠠᠨ ᠰᠦ᠋ ᠲᠠᠢ ᠴᠠᠢ ᠨᠢ ᠪᠤᠳᠤᠬᠳᠠᠨ᠂ ᠶᠠᠭᠤ ᠪᠤᠯᠭᠠᠨ ᠳ᠋ᠦ ᠨᠢ ᠨᠢᠭᠡ ᠯᠡ ᠲᠠᠰᠬᠤ ᠦᠭᠡᠢ ᠪᠠᠢᠬᠰᠠᠨ ᠎ᠴᠤ ᠦᠷ᠎ᠠ ᠬᠡᠤᠭᠡᠳ ᠎ᠲᠦ ᠪᠠᠨ ᠪᠤᠤ ᠯᠡ ᠲᠠᠷᠤᠭᠠᠰᠤ ᠪᠤᠯᠤᠶ᠎ᠠ ᠬᠡᠰᠡᠨ ᠪᠤᠳᠤᠯ ᠳ᠋ᠦ ᠪᠠᠨ ᠠᠷᠭᠠᠮᠵᠢᠬᠳᠠᠨ ᠰᠠᠭᠤᠬᠰᠠᠭᠠᠷ᠃ ᠵᠠᠯᠠᠭᠤ ᠬᠦᠮᠦᠰ ᠠᠵᠢᠯ ᠠᠮᠢᠳᠤᠷᠠᠯ ᠬᠡᠳ ᠵᠦᠭ ᠵᠦᠭ ᠎ᠲᠦ ᠪᠠᠨ ᠮᠤᠩᠭᠠᠨᠢᠨ᠎ᠠ᠂ ᠬᠡᠨ ᠨᠢ ᠎ᠴᠦ ᠬᠡᠳ ᠡᠪᠦᠭᠡᠨ ᠳ᠋ᠦ ᠬᠠᠨᠢ ᠪᠤᠯᠵᠤ ᠵᠤᠭᠤᠬᠳᠠᠬᠤ ᠵᠠᠪ ᠦᠭᠡᠢ᠃ ᠭᠠᠬᠴᠠ ᠤᠮᠪᠤᠯᠤ ᠦᠬᠢᠨ ᠨᠢ ᠦᠨᠢᠷ ᠠᠮᠠᠷᠠᠯᠳᠠ ᠵᠢᠨ ᠡᠳᠦᠷ ᠪᠤᠯᠬᠤ ᠪᠦᠷᠢ ᠡᠪᠦᠭᠡ ᠳ᠋ᠦ ᠪᠠᠨ ᠬᠠᠨᠢ ᠪᠤᠯᠵᠤ᠂ ᠡᠪᠦᠭᠡ ᠵᠢᠨ ᠵᠢᠡᠨ ᠬᠠᠭᠤᠴᠢᠯᠠᠬᠤ ᠤᠷᠢᠳᠦ ᠵᠢᠨ ᠦᠯᠢᠭᠡᠷ ᠤ᠋ᠳ ᠢ᠋ ᠰᠤᠨᠤᠰᠴᠤ᠂ ᠶᠠᠷᠢᠶ᠎ᠠ ᠬᠦᠭᠡᠷᠦᠭᠡ ᠪᠤᠯᠤᠨ ᠡᠪᠦᠭᠡ ᠪᠠᠨ ᠪᠠᠶᠠᠰᠬᠠᠳᠠᠭ ᠪᠠᠢᠯ᠎ᠠ᠃


微信图片_20260920174216.png


ᠶᠠᠭᠤᠨ ᠡᠴᠡ ᠪᠤᠯᠤᠬᠰᠠᠨ ᠢ᠋ ᠪᠤᠤ ᠮᠡᠳᠡ᠂ ᠤᠢᠷ᠎ᠠ ᠡᠴᠡ ᠰᠡᠩᠭᠡ ᠡᠪᠦᠭᠡᠨ ᠤ᠋ ᠦᠭᠡ ᠲᠠᠭᠤ ᠴᠦᠭᠡᠷᠡᠵᠤ᠂ ᠵᠦᠩᠳᠡᠭᠡᠨ ᠯᠡ ᠲᠦᠩᠰᠦᠢᠨ ᠰᠠᠭᠤᠬᠤ ᠪᠤᠯᠴᠢᠬᠠᠪᠠ᠃ ᠨᠠᠮᠤᠷ ᠤ᠋ᠨ ᠨᠠᠯᠠᠭᠠᠷᠬᠠᠨ ᠨᠢᠭᠡᠨ ᠦᠳᠡᠰᠢ᠂ ᠦᠨᠢᠷ ᠦᠬᠢᠨ ᠤᠭ᠋ ᠤ᠋ᠨ ᠠᠳᠠᠯᠢ ᠡᠪᠦᠭᠡ ᠳ᠋ᠦ ᠪᠠᠨ ᠬᠠᠨᠢ ᠪᠤᠯᠵᠤ ᠰᠠᠭᠤᠵᠤ ᠪᠠᠢᠯ᠎ᠠ᠃ ᠰᠡᠩᠭᠡ ᠡᠪᠦᠭᠡᠨ ᠭᠠᠳᠠᠬᠰᠢ ᠰᠢᠷᠳᠡᠨ ᠲᠤᠩ ᠤᠳᠠᠭᠠᠨ ᠪᠤᠳᠤᠯ ᠪᠤᠯᠵᠤ ᠪᠠᠢᠬᠰᠠᠨ ᠵᠢᠡᠨ ᠄

— ᠨᠤᠳᠤᠭ ᠎ᠲᠦ ᠪᠠᠨ ᠬᠠᠷᠢᠵᠤ ᠦᠵᠡᠭᠦ ᠰᠠᠨ ᠬᠡᠴᠢᠭᠡᠪᠡ᠃

ᠲᠡᠭᠦᠨ ᠡᠴᠡ ᠬᠤᠢᠰᠢ ᠰᠡᠩᠭᠡ ᠡᠪᠦᠭᠡᠨ ᠦᠭᠡ ᠲᠤᠤᠭᠠᠷᠬᠤ ᠪᠡᠨ ᠨᠢᠭᠡᠮᠰᠦᠨ ᠪᠤᠯᠢᠪᠠ᠃ ᠦᠷ᠎ᠡ ᠬᠡᠤᠭᠡᠳ ᠨᠢ ᠶᠡᠭᠡᠳᠡ ᠰᠠᠨᠳᠤᠷᠴᠤ᠂ ᠬᠤᠵᠢᠮᠳᠠᠭᠤ ᠮᠡᠳᠡᠭᠰᠡᠨ ᠳ᠋ᠦ ᠪᠠᠨ ᠬᠡᠮᠰᠢᠨ ᠡᠮᠴᠢ ᠲᠤᠮᠴᠢ ᠳ᠋ᠦ ᠦᠵᠡᠭᠦᠯᠵᠦ ᠬᠠᠷᠠᠭᠤᠯᠤᠬᠰᠠᠨ ᠎ᠴᠦ ᠠᠯᠢ ᠨᠢ ᠎ᠴᠦ ᠴᠢᠪ ᠬᠡᠮᠡᠨ ᠬᠠᠷᠢᠭᠤᠯᠵᠤ ᠴᠢᠳᠠᠯ ᠦᠭᠡᠢ ᠄

— ᠶᠡᠭᠡ ᠰᠤᠨᠢᠨ ᠶᠤᠮ ᠳ᠋ᠠ᠂ ᠬᠦᠮᠦᠨ ᠦᠳᠡᠯᠦᠭᠡᠳ ᠬᠡᠯᠡ ᠪᠠᠨ ᠠᠯᠳᠠᠨ᠎ᠠ ᠬᠡᠵᠤ ᠪᠠᠢᠳᠠᠭ ᠦᠭᠡᠢ ᠶᠤᠮ ᠳ᠋ᠠ ᠬᠡᠳ ᠲᠤᠯᠤᠭᠠᠢ ᠰᠡᠭᠰᠦᠷᠦᠨ᠎ᠡ᠃ ᠲᠡᠭᠡᠭᠡᠳ ᠯᠡ ᠰᠡᠩᠭᠡ ᠡᠪᠦᠭᠡᠨ ᠬᠡᠯᠡ ᠦᠭᠡᠢ ᠪᠤᠯᠪᠠ᠃ ᠬᠡᠤᠭᠡᠳ ᠠᠴᠢ ᠨᠠᠷ ᠨᠢ ᠡᠪᠦᠭᠡᠨ ᠤ᠋ ᠬᠡᠯᠡ ᠵᠢ ᠰᠡᠷᠭᠦᠭᠡᠭᠦ ᠬᠡᠵᠤ ᠵᠤᠭᠤᠭ ᠲᠡᠯᠭᠡᠨ ᠦᠭᠡ ᠶᠠᠷᠢᠬᠰᠠᠨ ᠎ᠴᠦ ᠨᠡᠮᠡᠷᠢ ᠪᠤᠯᠤᠬᠰᠠᠨ ᠦᠭᠡᠢ᠂ ᠰᠡᠩᠭᠡ ᠡᠪᠦᠭᠡᠨ ᠤ᠋ ᠨᠢᠳᠦᠨ ᠳ᠋ᠦ ᠨᠢ ᠪᠠᠰᠠ ᠨᠢᠭᠡᠨ ᠲᠠᠪᠬᠤᠷ ᠭᠤᠨᠢᠭ ᠨᠡᠮᠡᠭᠳᠡᠭᠰᠡᠨ ᠮᠡᠳᠦ ᠁


微信图片_20260920174208.png


ᠦᠨᠢᠷ ᠦᠬᠢᠨ ᠡᠪᠦᠭᠡ ᠵᠢᠡ ᠵᠢᠡᠨ ᠭᠠᠷ ᠡᠴᠡ ᠬᠦᠳᠦᠯᠦᠭᠡᠳ ᠴᠡᠯᠭᠡᠮ᠎ᠡ ᠨᠤᠭᠤᠭᠠᠨ ᠲᠠᠯ᠎ᠠ ᠲᠡᠭᠡᠷ᠎ᠡ ᠠᠯᠬᠤᠨ᠎ᠠ᠃ ᠬᠢᠰᠬᠢᠨ ᠦᠩᠭᠡᠷᠡᠭᠦ ᠢᠮᠠᠬᠤ ᠭᠠᠵᠠᠷ ᠪᠤᠯᠭᠠᠨ ᠨᠢ ᠲᠡᠴᠢᠨᠡᠭᠡᠨ ᠡᠭᠡᠯᠢᠳᠡᠢ ᠰᠠᠨᠠᠬᠳᠠᠵᠤ᠂ ᠠᠮᠢᠰᠬᠤᠨ ᠤᠷᠤᠭᠤᠯᠬᠤ ᠠᠭᠠᠷ ᠨᠢ ᠬᠦᠷᠳᠡᠯ᠎ᠠ ᠰᠡᠳᠬᠢᠯ ᠵᠢᠷᠤᠭᠡ ᠵᠢ ᠠᠷᠭᠤᠰᠬᠠᠨ᠂ ᠢᠯᠪᠢᠨ ᠭᠠᠷᠬᠤ ᠰᠡᠷᠢᠭᠦᠨ ᠰᠠᠯᠬᠢ ᠨᠢ ᠎ᠴᠦ ᠲᠡᠢᠮᠦ ᠯᠡ ᠠᠶᠠᠳᠠᠢ ᠵᠦᠭᠡᠯᠡᠨ᠃ ᠡᠪᠦᠭᠡ ᠨᠢ ᠲᠡᠷᠳᠡᠭᠡ ᠬᠤᠯᠡ ᠡᠴᠡ ᠪᠦᠷᠳᠦᠯᠵᠡᠭᠦ ᠠᠭᠤᠯᠠ ᠬᠠᠢᠷᠬᠠᠨ ᠨᠤᠭᠤᠳ ᠢ᠋ ᠰᠠᠷᠠᠪᠴᠢᠯᠠᠨ ᠬᠠᠷᠠᠵᠤ᠂ ᠲᠡᠷᠬᠡᠳᠡᠬᠢ ᠪᠢᠴᠢᠬᠠᠨ ᠲᠤᠪᠤ ᠨᠤᠭᠤᠳ ᠢ᠋ ᠵᠦᠭᠡᠯᠡᠨ ᠬᠠᠷᠠᠴᠠ ᠪᠠᠷ ᠵᠢᠡᠨ ᠢᠯᠪᠢᠨ ᠦᠩᠭᠡᠷᠡᠵᠤ᠂ ᠬᠤᠶᠠᠭᠤᠯᠠ ᠪᠠᠨ ᠬᠦᠳᠦᠯᠦᠯᠴᠡᠨ ᠠᠯᠬᠤᠬᠰᠠᠭᠠᠷ ᠪᠠᠢᠳᠠᠯ᠎ᠠ ᠬᠡᠷ ᠎ᠤᠨ ᠬᠢᠨᠢ ᠪᠠᠷ᠎ᠠ ᠬᠠᠷᠠᠬᠳᠠᠯ᠎ᠠ᠃ ᠲᠡᠷᠡᠭᠡᠨ ᠭᠱᠠᠨ ᠳ᠋ᠦ ᠡᠪᠦᠭᠡ ᠨᠢ ᠦᠪᠡᠷ ᠤ᠋ᠨ ᠮᠡᠳᠡᠯ ᠦᠭᠡᠢ ᠬᠡᠨᠡᠳᠳᠡ᠄

— ᠨᠤᠳᠤᠭ ᠮᠢᠨᠢ! ᠬᠡᠮᠡᠨ ᠬᠠᠰᠬᠢᠷᠤᠭᠠᠳ ᠪᠠᠷᠤᠭ ᠯᠡ ᠬᠦᠶᠦᠭᠦ ᠰᠢᠬᠠᠭᠤ ᠪᠦᠳᠦᠴᠢᠨ ᠬᠠᠯᠳᠤᠴᠢᠨ ᠬᠡᠷ ᠵᠦᠭ ᠵᠢᠡᠨ ᠲᠡᠮᠡᠤᠯᠪᠡ᠃ ᠦᠨᠢᠷ ᠦᠬᠢᠨ ᠡᠪᠦᠭᠡ ᠵᠢᠡ ᠵᠢᠡᠨ ᠬᠡᠯᠡ ᠨᠢ ᠰᠡᠷᠭᠦᠭᠰᠡᠨ ᠳ᠋ᠦ ᠭᠠᠢᠬᠠᠨ ᠪᠠᠶᠠᠰᠴᠤ᠂ ᠨᠡᠭᠡᠨ ᠬᠦᠷᠦᠭᠡᠳ ᠭᠠᠷ ᠡᠴᠡ ᠨᠢ ᠠᠳᠬᠤᠬᠤ ᠬᠡᠳᠡᠯ᠎ᠠ ᠶᠠᠮᠠᠷ ᠨᠢᠭᠡᠨ ᠲᠠᠯᠳᠠ ᠵᠢᠨ ᠬᠦᠴᠦᠨ ᠵᠦᠢᠯ ᠳ᠋ᠦ ᠬᠢᠵᠠᠭᠠᠷᠯᠠᠬᠳᠠᠨ᠂ ᠭᠠᠷ ᠨᠢ ᠦᠪᠡᠷ ᠤ᠋ᠨ ᠬᠢᠨᠢ ᠮᠡᠳᠡᠯ ᠵᠢᠡᠷ ᠬᠦᠳᠡᠯᠵᠤ ᠦᠭᠭᠦ ᠦᠭᠡᠢ ᠪᠠᠢᠯ᠎ᠠ᠃ ᠲᠡᠷᠡ ᠪᠠᠷ ᠡᠪᠦᠭᠡ ᠵᠢᠡ ᠵᠢᠡᠨ ᠤᠯᠠᠮ ᠵᠢᠡᠷ ᠬᠤᠯᠠᠳᠤᠨ ᠵᠢᠵᠢᠭᠷᠡᠭᠦ ᠪᠠᠷ᠎ᠠ ᠵᠢ ᠬᠠᠷᠠᠨ ᠬᠠᠷᠠᠨ᠂ ᠵᠡᠭᠦᠳᠦᠨ ᠡᠴᠡ ᠪᠠᠨ ᠰᠡᠷᠡᠪᠡ ᠁


t014b8baa129f039971.jpg


ᠤᠯᠠᠨ ᠵᠢᠯ ᠤ᠋ᠨ ᠲᠠᠷᠠᠭ᠎ᠠ᠂ ᠦᠨᠢᠷ ᠡᠪᠦᠭᠡ ᠵᠢᠡᠨ ᠵᠢᠡᠨ ᠨᠤᠳᠤᠭ ᠎ᠲᠦ ᠲᠠᠬᠢᠨ ᠢᠷᠡᠭᠦ ᠳ᠋ᠦ ᠠᠯᠢᠪᠠ ᠪᠦᠬᠦᠨ ᠨᠢ ᠰᠡᠳᠬᠢᠯ ᠳ᠋ᠦ ᠲᠤᠯᠠᠭᠠᠬᠠᠨ ᠰᠠᠨᠠᠬᠳᠠᠵᠤ ᠪᠠᠢᠯ᠎ᠠ᠃ ᠡᠪᠦᠭᠡ ᠨᠢ ᠨᠤᠳᠤᠭ᠎ᠤᠨ ᠰᠢᠷᠤᠢ ᠳ᠋ᠦ ᠪᠠᠨ ᠰᠢᠩᠭᠡᠵᠤ᠂ ᠡᠨᠡ ᠎ᠬᠦ ᠭᠠᠵᠠᠷ ᠰᠢᠷᠤᠢ ᠲᠠᠢ ᠪᠠᠨ ᠨᠢᠭᠡ ᠴᠤᠬᠴᠠ ᠪᠤᠯᠤᠬᠰᠠᠨ ᠪᠤᠯᠬᠤᠷ ᠨᠤᠳᠤᠭ ᠵᠢᠡᠨ ᠬᠠᠷᠠᠬᠤ ᠪᠦᠷᠢ ᠡᠪᠦᠭᠡ ᠲᠠᠢ ᠪᠠᠨ ᠤᠴᠠᠷᠠᠬᠰᠠᠨ ᠮᠡᠳᠦ ᠡᠭᠡᠯᠢᠳᠡᠢ ᠰᠠᠨᠠᠬᠳᠠᠯ ᠦᠭᠡᠢ ᠶᠠᠭᠠᠬᠢᠬᠤ ᠪᠤᠢ᠃

(《2024· ᠪᠤᠭᠤᠨᠢ ᠦᠭᠦᠯᠡᠯᠭᠡ》 ᠨᠤᠮ ᠡᠴᠡ ᠰᠤᠩᠭᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄

ᠣᠷᠴᠢᠭᠤᠯᠤᠭ᠍ᠴᠢ᠄

ᠢᠷᠡᠯᠲᠡ᠄
兼容浏览器的HTML页面