2026-10-27 09:02:19
ᠠᠳᠤᠭᠤ
·ᠬᠥᠭᠡᠭᠡᠢᠮᠦᠷᠢ
ᠶᠡᠬᠡ ᠦᠳᠡ᠎ᠶᠢᠨ ᠪᠠᠷᠤᠭ᠎ᠢᠶᠠᠷ ᠬᠡᠭᠡᠷ ᠭᠣᠣᠯᠳᠠᠭᠤ ᠠᠷᠪᠠᠭᠠᠳ ᠠᠳᠤᠭᠤ ᠲᠥᠭᠥᠷᠢᠭ᠎ᠦᠨ ᠤᠰᠤᠨ᠎ᠳᠤ ᠣᠷᠣᠵᠤ ᠢᠷᠡᠯ᠎ᠡ᠃ ᠳᠠᠯ ᠰᠡᠭᠦᠯ ᠪᠠᠭᠠᠳᠠᠭᠠᠯᠠᠨ᠂ ᠤᠰᠤ ᠲᠦᠰᠦᠷᠭᠡᠨ ᠤᠩᠭᠤᠯᠳᠠᠨᠠ᠃ ᠥᠷᠭᠡᠨ ᠲᠡᠭᠰᠢ ᠬᠣᠨᠳᠣᠯᠠᠢ ᠳᠡᠭᠡᠷ᠎ᠡ ᠨᠢ ᠨᠡᠷᠡᠨ᠎ᠦ ᠲᠤᠶᠠᠭ᠎ᠠ ᠲᠣᠭᠲᠠᠵᠤ ᠶᠠᠳᠠᠨ ᠮᠡᠯᠡᠯᠵᠡᠨᠡ᠃ ᠰᠡᠷᠭᠦᠯᠡᠩ ᠰᠣᠷᠲᠣᠯᠵᠠᠵᠤ᠂ ᠴᠤᠭ ᠵᠠᠯᠢ ᠪᠠᠳᠠᠷᠠᠭᠰᠠᠨ ᠡᠳᠡᠭᠡᠷ ᠠᠮᠢᠲᠠᠨ᠎ᠢ ᠬᠡᠨ ᠬᠠᠷᠠᠭᠰᠠᠨ ᠴᠤ᠌ ᠬᠡᠢᠮᠣᠷᠢ ᠰᠡᠷᠭᠦᠵᠦ ᠬᠠᠢᠷ᠎ᠠ ᠪᠠᠬᠠᠷᠬᠠᠯ ᠳᠦᠷᠦᠨᠡ᠃
《ᠲᠡᠮᠡᠭᠡᠨ ᠰᠢᠷ᠎ᠠ》᠎ᠶᠢᠨ ᠣᠷᠣᠢ ᠠᠴᠠ ᠳᠤᠷᠠᠨᠳᠠᠵᠤ ᠰᠠᠭᠤᠭᠰᠠᠨ ᠳᠠᠮᠪᠢ ᠭᠤᠸᠠᠢ ᠣᠨᠢᠭᠠᠷᠳᠠᠭᠤ ᠪᠣᠷᠣ᠌ ᠨᠢᠳᠦ᠎ᠪᠡᠨ ᠰᠡᠢᠮᠡᠢᠯᠭᠡᠨ᠂ ᠡᠷᠡᠦ ᠳᠡᠭᠡᠷᠡᠬᠢ ᠰᠢᠩᠭᠡᠨ ᠰᠢᠷ᠎ᠠ ᠰᠠᠬᠠᠯ᠎ᠢᠶᠠᠨ ᠠᠵᠢᠯ᠎ᠤᠨ ᠬᠠᠯᠠᠨ᠎ᠳᠤ ᠡᠪᠡᠷᠰᠢᠵᠦ ᠮᠣᠢᠨᠣᠭᠰᠢᠭ᠍ᠰᠠᠨ ᠬᠤᠷᠤᠭᠤ ᠪᠠᠷ ᠢᠶᠠᠨ ᠢᠮᠡᠷᠦᠨ ᠢᠨᠢᠶᠡᠬᠦᠢᠴᠡ ᠪᠣᠯᠣᠭᠠᠳ᠄
- ᠦ ᠵᠠ᠂ ᠡᠨᠡ ᠬᠡᠲᠦ ᠰᠦᠷᠦᠭ᠎ᠡᠴᠡ᠎ᠪᠡᠨ ᠲᠠᠰᠤᠷᠠᠭᠠᠳ ᠡᠨᠳᠡ ᠶᠠᠪᠤᠵᠤ ᠪᠠᠢᠭ᠎ᠠ ᠶᠤᠮ ᠪᠠᠢᠨ᠎ᠠ᠃ ᠤᠳᠤᠮᠢᠶᠠᠷᠢᠶᠠᠨ ᠰᠢᠪ ᠳᠡ᠂ ᠬᠠᠯᠠᠭᠤᠨ᠎ᠳᠤ ᠲᠠᠭᠤᠵᠤ᠂ ᠬᠠᠷ᠎ᠠ ᠬᠥᠯᠥᠰᠦ᠎ᠶᠢ ᠨᠢ ᠴᠤᠪᠤᠭᠤᠯᠵᠤ᠂ ᠬᠠᠮᠤᠭ ᠲᠠᠷᠭᠤ᠎ᠶᠢ ᠨᠢ ᠬᠠᠮᠤᠵᠤ ᠬᠠᠢᠯᠭᠠᠵᠤ᠂ ᠦᠢᠯᠡ᠎ᠶᠢ ᠨᠢ ᠦᠵᠡᠬᠦ᠎ᠶᠢᠨ ᠣᠷᠣᠨ᠎ᠳᠤ ᠮᠠᠷᠭᠠᠰᠢ᠎ᠠᠴᠠ ᠶᠡᠬᠡ ᠰᠦᠷᠦᠭ᠎ᠢᠶᠡᠨ ᠨᠠᠭᠠᠰᠢ ᠵᠠᠯᠠᠳᠠᠭ ᠬᠡᠷᠡᠭ᠃ ᠵᠠᠯᠠᠭᠤᠬᠠᠨ ᠠᠵᠢᠷᠭ᠎ᠠ᠎ᠪᠠᠨ ᠰᠡᠯᠲᠡᠭᠦᠯᠵᠦ ᠠᠮᠵᠢᠵᠠᠢ ᠬᠦ! ᠭᠡᠵᠦ ᠥᠭᠦᠯᠡᠨ ᠬᠡᠰᠡᠭ ᠬᠠᠷᠠᠵᠤ ᠰᠠᠭᠤᠭᠰᠠᠨ᠎ᠢᠶᠠᠨ ᠭᠠᠩᠰᠠ᠎ᠪᠠᠨ ᠲᠦᠷᠡᠢᠯᠡᠭᠡᠳ ᠪᠣᠰᠴᠤ ᠤᠨᠤᠵᠤ ᠶᠠᠪᠤᠭ᠎ᠠ ᠮᠣᠷᠢᠨ᠎ᠤ᠎ᠪᠠᠨ ᠬᠠᠮᠠᠷ᠎ᠢ ᠨᠢ ᠥᠬᠦᠭᠡᠷᠳᠡᠨ ᠢᠯᠪᠢᠭᠡᠳ ᠮᠣᠷᠳᠠᠪᠠ᠃



ᠳᠠᠮᠪᠢ ᠬᠠᠷ᠎ᠠ ᠪᠠᠭ᠎ᠠ᠎ᠠᠴᠠ᠎ᠪᠠᠨ ᠠᠳᠤᠭᠤ᠎ᠲᠠᠢ ᠠᠮᠢ᠎ᠪᠠᠨ ᠬᠣᠯᠪᠣᠵᠤ ᠶᠠᠪᠤᠭᠰᠠᠨ ᠬᠥᠮᠥᠨ᠃ ᠠᠪᠤ ᠨᠢ ᠨᠤᠲᠤᠭ ᠤᠰᠤᠨ᠎ᠳᠤ᠎ᠪᠠᠨ ᠰᠠᠢᠨ ᠤᠶᠠᠭᠠᠴᠢ ᠪᠠᠢᠭᠰᠠᠨ᠃ ᠳᠠᠮᠪᠢ ᠪᠠᠭ᠎ᠠ᠎ᠳᠤ᠎ᠪᠠᠨ ᠠᠪᠤ᠎ᠶᠢᠨ᠎ᠢᠶᠠᠨ ᠵᠠᠰᠠᠭᠰᠠᠨ ᠱᠠᠭᠠᠢ ᠰᠢᠭ᠋ ᠬᠤᠷᠳᠤᠨ ᠪᠤᠶᠠᠨ᠎ᠤ ᠣᠨᠣᠭᠠᠴᠢ ᠬᠡᠦᠬᠡᠳ ᠪᠠᠢᠯ᠎ᠠ᠃ ᠰᠠᠯᠬᠢ ᠰᠢᠭ᠋ ᠬᠤᠷᠳᠤᠨ ᠬᠥᠯᠥᠭ᠎ᠦᠨ ᠨᠢᠷᠤᠭᠤᠨ᠎ᠳᠤ ᠱᠠᠯᠵᠠ ᠰᠢᠭ᠋ ᠨᠠᠭᠠᠯᠳᠤᠨ᠂ ᠲᠠᠯ᠎ᠠ᠎ᠶᠢᠨ ᠵᠢᠪᠠᠷ ᠦᠷᠭᠦᠭᠡᠵᠦ᠂ ᠪᠠᠷ᠎ᠢᠶᠠᠨ᠎ᠳᠤ ᠬᠤᠷᠳᠤᠯᠠᠬᠤ᠎ᠳᠤ ᠠᠭᠠᠷᠬᠠᠯ ᠨᠢ ᠳᠠᠷᠤᠭᠳᠠᠵᠤ ᠥᠭᠲᠡᠭ ᠦᠭᠡᠢ ᠭᠡᠨᠡᠬᠡᠨ ᠪᠠᠢᠭᠰᠠᠨ ᠳᠠ᠃ ᠣᠯᠠᠨ ᠨᠠᠢᠷ᠎ᠲᠤ ᠣᠯᠠᠨ ᠴᠤ᠌ ᠤᠳᠠᠭ᠎ᠠ ᠦᠵᠦᠭᠦᠷ ᠲᠡᠷᠢᠭᠦᠨ᠎ᠳᠦ ᠬᠦᠷᠴᠦ᠂ ᠲᠦᠮᠡᠨ᠎ᠦ᠎ᠪᠡᠨ ᠬᠠᠢᠷ᠎ᠠ ᠪᠠᠬᠠᠷᠬᠠᠯ᠎ᠢ ᠮᠤᠷᠢ ᠲᠠᠢ᠎ᠪᠡᠨ ᠬᠠᠮᠲᠤ ᠬᠦᠯᠢᠶᠡᠵᠦ ᠶᠠᠪᠤᠵᠠᠢ᠃


ᠳᠠᠮᠪᠢ ᠭᠤᠸᠠᠢ ᠠᠷᠪᠠᠨ ᠵᠢᠷᠭᠤᠭᠠᠲᠠᠢ ᠵᠢᠯ᠎ᠦᠨ ᠨᠠᠮᠤᠷ ᠪᠢᠯᠡ᠃ ᠶᠡᠬᠡ ᠴᠠᠭᠠᠨ ᠨᠠᠭᠤᠷ᠎ᠤᠨ ᠬᠥᠯ᠎ᠳᠦ ᠨᠠᠮᠬᠠᠨ ᠬᠡᠭᠡᠷ ᠮᠣᠷᠢ᠎ᠪᠠᠷ᠎ᠢᠶᠠᠨ ᠬᠣᠨᠢᠨ᠎ᠳᠤ ᠶᠠᠪᠤᠵᠤ ᠪᠠᠢᠭᠠᠳ ᠰᠢᠷᠦᠭᠦᠨ ᠪᠣᠷᠣᠭᠠᠨ᠎ᠳᠤ ᠳᠠᠭᠠᠷᠢᠭ᠍ᠳᠠᠵᠠᠶ᠃ ᠨᠢᠮᠭᠡᠨ ᠴᠠᠮᠴᠠᠨᠤ ᠭᠠᠳᠠᠨ᠎ᠠ᠎ᠠᠴᠠ ᠭᠤᠶᠠᠳᠠᠯᠠᠨ ᠱᠠᠪᠰᠢᠬᠤ ᠬᠦᠢᠲᠡᠨ ᠪᠣᠷᠣᠭᠠᠨ᠎ᠳᠤ ᠤᠰᠤᠭᠤᠮᠠᠷ ᠪᠣᠯᠬᠤ᠎ᠳᠤ᠂ ᠠᠪᠤ᠎ᠶᠢᠨ ᠬᠢᠨᠢ ᠶᠠᠷᠢᠵᠤ ᠪᠠᠢᠭᠰᠠᠨ《ᠤᠨᠤᠵᠤ ᠪᠠᠢᠭ᠎ᠠ ᠮᠣᠷᠢᠨ᠎ᠤ᠎ᠪᠠᠨ ᠬᠦᠵᠦᠭᠦᠨ ᠳᠣᠣᠷ᠎ᠠ ᠨᠥᠮᠥᠷᠢᠳᠡᠵᠦ ᠰᠠᠭᠤᠪᠠᠯ ᠪᠠᠷᠤᠭ᠎ᠤᠨ ᠪᠣᠷᠣᠭᠠᠨ᠎ᠳᠤ ᠠᠯᠵᠠᠬᠤ ᠦᠭᠡᠢ ᠪᠠᠢᠳᠠᠭ ᠶᠤᠮ》ᠭᠡᠳᠡᠭ ᠦᠭᠡ ᠰᠠᠨᠠᠭᠳᠠᠨ᠂ ᠪᠤᠷᠤᠭᠠᠨ᠎ᠳᠦ ᠤᠷᠤᠭᠤᠳᠠᠨ ᠵᠤᠭᠰᠤᠬᠤ ᠨᠠᠮᠬᠠᠨ ᠭᠡᠭᠡᠷ ᠮᠤᠷᠢᠨ᠎ᠤ᠎ᠪᠡᠨ ᠬᠦᠵᠦᠭᠦᠨ ᠳᠤᠤᠷ᠎ᠠ ᠠᠲᠤᠷᠢᠨ ᠰᠠᠭᠤᠪᠠ᠃ ᠬᠡᠭᠡᠷ ᠮᠣᠷᠢ ᠬᠦᠵᠦᠭᠦᠦ᠎ᠪᠡᠨ ᠲᠣᠩᠭᠣᠢᠨ ᠵᠣᠭᠰᠣᠬᠤ᠎ᠳᠤ ᠶᠡᠬᠡ ᠳᠠᠯ ᠨᠢ ᠳᠠᠮᠪᠢ᠎ᠶᠢᠨ ᠮᠥᠷᠥ᠎ᠶᠢ ᠬᠤᠴᠢᠵᠤ ᠪᠠᠢᠯ᠎ᠠ᠃ ᠮᠣᠷᠢᠨ᠎ᠤ ᠪᠡᠶ᠎ᠡ᠎ᠵᠢᠨ ᠬᠤᠷᠴᠠ ᠱᠠᠩᠳᠠᠭᠤᠨ ᠦᠨᠦᠷᠲᠦ ᠳᠣᠲᠣᠷ᠎ᠠ ᠨᠢ ᠠᠭᠤᠵᠢᠷᠠᠨ ᠳᠤᠯᠠᠭᠠᠴᠠᠵᠤ ᠰᠠᠭᠤᠭᠰᠠᠭᠠᠷ ᠮᠣᠷᠢᠨ᠎ᠤ᠎ᠪᠠᠨ ᠡᠮᠦᠨ᠎ᠡ ᠬᠣᠶᠠᠷ ᠬᠥᠯ᠎ᠢ ᠲᠦᠰᠢᠨ ᠳᠤᠭ᠍ᠬᠢᠴᠢᠬᠠᠵᠡᠶ᠃ ᠬᠡᠭᠡᠷ ᠮᠣᠷᠢᠨ᠎ᠤ ᠨᠠᠮᠤᠭᠤᠬᠠᠨ ᠬᠦᠬᠦᠲᠦᠨᠡᠬᠦ ᠴᠢᠮᠡᠭᠡ᠎ᠪᠡᠷ ᠰᠡᠷᠡᠪᠡᠯ ᠪᠣᠷᠣᠭᠠᠨ ᠵᠣᠭᠰᠣᠵᠤ ᠬᠣᠨᠢᠳ ᠨᠢ ᠪᠡᠯᠴᠢᠵᠦ ᠡᠬᠢᠯᠡᠭᠰᠡᠨ ᠪᠠᠢᠯ᠎ᠠ᠃ ᠬᠡᠭᠡᠷ ᠮᠣᠷᠢ ᠪᠡᠶ᠎ᠡ ᠳᠡᠭᠡᠷᠡᠬᠢ ᠤᠰᠤ᠎ᠪᠡᠨ ᠰᠢᠯᠭᠡᠭᠡᠬᠦ᠎ᠳᠦ ᠭᠠᠨᠵᠤᠭ᠎ᠠ ᠭᠥᠯᠢᠮ ᠨᠢ ᠳᠠᠷᠳ᠋ᠭᠢᠨᠠ᠃ ᠮᠣᠷᠢᠨ᠎ᠤ᠎ᠪᠡᠨ ᠵᠥᠭᠡᠯᠡᠨ ᠮᠡᠯᠲᠡᠷᠡᠬᠦ ᠨᠢᠳᠦ᠎ᠶᠢ ᠨᠢ ᠢᠯᠪᠢᠵᠦ᠂ ᠬᠠᠴᠠᠷ᠎ᠢᠶᠠᠨ ᠲᠣᠷᠭᠠᠨ ᠬᠠᠮᠠᠷ᠎ᠲᠤ ᠨᠢ ᠨᠠᠭᠠᠬᠤ᠎ᠳᠤ ᠳᠠᠮᠪᠢ᠎ᠶᠢᠨ ᠳᠣᠲᠣᠷ᠎ᠠ ᠨᠢ ᠬᠠᠯᠠᠭᠤᠨ ᠦᠢᠯ ᠤᠳᠠᠲᠠᠯ᠎ᠠ ᠨᠥᠭᠡᠯᠦᠨᠡ!
ᠳᠠᠮᠪᠢ᠎ᠶᠢᠨ ᠠᠪᠤ ᠨᠢ ᠬᠣᠯᠠᠴᠢ ᠤᠬᠠᠭᠠᠨ᠎ᠲᠠᠢ ᠮᠠᠯᠴᠢ ᠬᠥᠮᠥᠨ ᠪᠠᠢᠭᠰᠠᠨ᠃ ᠳᠠᠮᠪᠢ᠎ᠶᠢ ᠬᠣᠷᠢ ᠳᠥᠬᠦᠵᠦ ᠶᠠᠪᠤᠭ᠎ᠠ ᠦᠶ᠎ᠡ᠎ᠳᠦ ᠪᠠᠢᠵᠤ ᠪᠢᠯᠡ᠃ ᠨᠠᠮᠤᠷ᠎ᠤᠨ ᠰᠡᠭᠦᠯᠴᠢ᠎ᠶᠢᠨ ᠡᠳᠦᠷ ᠶᠠᠭᠠᠬᠢᠵᠤ ᠴᠤ᠌ ᠠᠮᠵᠢᠯ ᠦᠭᠡᠢ ᠰᠢᠪᠲᠤᠷᠠᠵᠤ᠂ ᠭᠠᠯᠠᠭᠤᠨ ᠳᠠᠭᠤ ᠠᠯᠤᠰᠷᠠᠵᠤ᠂ ᠲᠡᠭᠷᠢ ᠪᠤᠢᠯᠠᠰᠢᠨ ᠴᠠᠰᠤ ᠬᠠᠶᠠᠯᠠᠭᠰᠠᠨ᠎ᠢᠶᠠᠨ ᠨᠡᠮᠡᠨ ᠨᠡᠮᠡᠭᠰᠡᠭᠡᠷ ᠬᠦᠢᠲᠡᠷᠡᠵᠦ ᠡᠬᠢᠯᠡᠵᠡᠢ᠃ ᠴᠠᠰᠤ ᠬᠥᠷᠰᠢᠵᠦ ᠬᠠᠲᠠᠭᠤᠷᠠᠭᠠᠳ᠂ ᠮᠠᠯᠴᠢᠳ ᠡᠪᠦᠯ᠎ᠦᠨ ᠪᠡᠯᠡᠳᠬᠡᠯ᠎ᠢᠶᠡᠨ ᠬᠠᠯᠲᠤ ᠮᠥᠯᠲᠥ ᠠᠮᠵᠢᠭᠤᠯᠪᠠ᠃ ᠬᠣᠲᠠᠨ᠎ᠤ ᠬᠡᠳᠦᠨ ᠠᠢᠯ ᠬᠠᠮᠤᠭ ᠪᠡᠯᠴᠢᠭᠡᠷ᠎ᠢᠶᠡᠨ ᠴᠠᠰᠤᠨ᠎ᠳᠤ ᠳᠠᠷᠤᠭᠤᠯᠵᠤ᠂ ᠨᠥᠭᠡᠴᠡᠯᠡᠭᠰᠡᠨ ᠡᠪᠡᠰᠦ ᠪᠣᠷᠳᠣᠭ᠎ᠠ ᠴᠤ᠌ ᠪᠠᠷᠠᠭᠳᠠᠬᠤ ᠠᠶᠠᠲᠠᠢ ᠪᠣᠯᠣᠭᠠᠳ ᠭᠠᠷ ᠨᠤᠬᠤᠯᠠᠨ ᠭᠠᠴᠢᠭ᠍ᠳᠠᠵᠤ ᠪᠠᠢᠲᠠᠯ᠎ᠠ ᠳᠠᠮᠪᠢ᠎ᠶᠢᠨ ᠠᠪᠤ ᠨᠢ ᠨᠢᠭᠡᠨ ᠡᠳᠦᠷ ᠰᠢᠷ᠎ᠠ ᠠᠳᠡ᠎ᠪᠠᠨ ᠣᠨᠣᠭᠠᠳ ᠭᠠᠷᠴᠤ ᠶᠠᠪᠤᠭᠰᠠᠨ᠎ᠢᠶᠠᠨ ᠰᠢᠯᠢ᠎ᠶᠢᠨ ᠪᠡᠯᠴᠢᠭᠡᠷ᠎ᠲᠦ ᠪᠠᠢᠭᠰᠠᠨ ᠠᠳᠤᠭᠤ᠎ᠪᠠᠨ ᠬᠤᠷᠢᠶᠠᠭᠠᠳ ᠢᠷᠡᠵᠡᠢ᠃ ᠶᠠᠭᠠᠬᠢᠬᠤ᠎ᠶᠢ ᠨᠢ ᠭᠠᠢᠬᠠᠵᠤ ᠪᠠᠢᠬᠤ᠎ᠳᠤ ᠠᠳᠤᠭᠤᠨ᠎ᠤ ᠪᠠᠨ ᠴᠠᠰᠤ ᠴᠠᠪᠴᠢᠯᠠᠨ ᠢᠳᠡᠰᠢᠯᠡᠬᠦ ᠮᠥᠷ᠎ᠢᠶᠡᠷ ᠬᠣᠨᠢ ᠦᠬᠡᠷ᠎ᠢᠶᠡᠨ ᠪᠡᠯᠴᠢᠭᠡᠵᠦ ᠡᠪᠦᠯ᠎ᠢ ᠮᠡᠨᠳᠦ ᠲᠤᠭᠤᠯᠤᠨ ᠬᠠᠪᠤᠷ᠎ᠤᠨ ᠬᠠᠢᠯ᠎ᠲᠠᠢ ᠵᠣᠯᠭᠠᠵᠠᠢ᠃ ᠳᠠᠮᠪᠢ᠂ ᠠᠪᠤ᠎ᠶᠢᠨ᠎ᠢᠶᠠᠨ ᠠᠮᠢᠳᠤᠷᠠᠯ᠎ᠤᠨ ᠨᠠᠷᠢᠨ ᠤᠬᠠᠭᠠᠨ ᠠᠷᠭ᠎ᠠ ᠰᠠᠮᠪᠠᠭ᠎ᠠ᠎ᠲᠠᠢ᠎ᠶᠢ ᠨᠢ ᠭᠠᠢᠬᠠᠨ ᠪᠢᠰᠢᠷᠡᠵᠦ᠂ ᠠᠳᠤᠭᠤ ᠭᠡᠳᠡᠭ ᠮᠠᠯ ᠠᠮᠢᠨ᠎ᠳᠤ ᠣᠷᠣᠳᠠᠭᠢ ᠨᠢᠳᠦ ᠪᠡᠷ᠎ᠢᠶᠡᠨ ᠦᠵᠡᠵᠦ᠂ ᠪᠡᠶ᠎ᠡ᠎ᠪᠠᠷ᠎ᠢᠶᠠᠨ ᠥᠩᠭᠡᠷᠡᠭᠡᠵᠦ᠂ ᠠᠳᠤᠭᠤᠨ᠎ᠳᠤ ᠦᠨᠡᠨ ᠭᠣᠣᠯ᠎ᠠᠴᠠ᠎ᠪᠠᠨ ᠬᠠᠢᠷ᠎ᠠ ᠰᠠᠭᠤᠵᠤ᠂ ᠠᠪᠤ᠎ᠠᠴᠠ᠎ᠪᠠᠨ ᠬᠣᠢᠰᠢ ᠨᠠᠰᠤᠨ᠎ᠤ ᠦᠳᠡ ᠬᠡᠯᠪᠡᠢᠲᠡᠯ᠎ᠡ ᠠᠳᠤᠭᠤ ᠭᠡᠪᠡᠯ ᠡᠯᠢᠭᠡ ᠨᠢ ᠥᠨᠳᠡᠯᠵᠡᠳᠡᠭ ᠪᠣᠯᠵᠠᠢ᠃



ᠳᠠᠮᠪᠢ ᠭᠤᠸᠠᠢ ᠠᠪᠤ᠎ᠠᠴᠠ᠎ᠪᠠᠨ ᠤᠶᠠᠭᠠᠴᠢ᠎ᠶᠢᠨ ᠡᠷᠳᠡᠮ ᠤᠬᠠᠭᠠᠨ ᠥᠪᠯᠡᠵᠦ᠂ ᠠᠳᠠᠯᠢ ᠪᠤᠰᠤ ᠨᠠᠰᠤᠨ᠎ᠤ ᠮᠣᠷᠢᠳ ᠤᠶᠠᠳᠠᠭ ᠴᠤ᠌ ᠴᠡᠪᠡᠷ ᠴᠢᠰᠤᠨ᠎ᠤ ᠨᠤᠲᠤᠭ ᠮᠣᠷᠢ ᠯᠠ ᠤᠶᠠᠵᠤ᠂ ᠨᠤᠲᠤᠭ ᠠᠳᠤᠭᠤ᠎ᠪᠠᠨ ᠮᠠᠯᠵᠢᠬᠤ᠎ᠶᠢ ᠬᠠᠲᠠᠭᠤ ᠪᠠᠷᠢᠮᠲᠠᠯᠠᠳᠠᠭ᠃ ᠳᠠᠮᠪᠢ᠎ᠶᠢᠨ ᠤᠶᠠᠭᠰᠠᠨ ᠮᠣᠷᠢ ᠬᠣᠯᠠ ᠤᠢᠷ᠎ᠡ᠎ᠶᠢᠨ ᠨᠠᠭᠠᠳᠤᠮ᠎ᠢᠶᠠᠷ ᠣᠯᠠᠨ ᠤᠳᠠᠭ᠎ᠠ ᠠᠢᠷᠠᠭᠳᠠᠵᠤ᠂ ᠪᠢᠰᠢᠭᠦᠢ ᠣᠯᠠᠨ ᠲᠦᠷᠦᠭᠦᠯᠡᠵᠦ᠂ ᠳᠠᠮᠪᠢ᠎ᠶᠢᠨ ᠤᠶᠠᠭᠠᠴᠢ ᠠᠯᠳᠠᠷ ᠶᠡᠬᠡᠳᠡ ᠲᠦᠭᠡᠭᠰᠡᠨ ᠪᠥᠭᠡᠳ ᠮᠣᠷᠢᠨ᠎ᠳᠤ ᠪᠠᠬᠠᠲᠠᠢ ᠵᠠᠯᠠᠭᠤᠰ᠎ᠢ ᠱᠠᠪᠢ ᠤᠶᠠᠭᠠᠴᠢ ᠪᠣᠯᠭᠠᠵᠤ ᠳᠠᠭᠠᠭᠤᠯᠳᠠᠭ ᠴᠤ᠌ ᠪᠣᠯᠵᠠᠢ ᠁
ᠳᠠᠮᠪᠢ ᠭᠤᠸᠠᠢ ᠭᠡᠷ᠎ᠦᠨ ᠵᠦᠭ ᠱᠣᠭᠰᠢᠭᠤᠯᠵᠤ ᠶᠠᠪᠤᠭᠰᠠᠨ᠎ᠢᠶᠠᠨ ᠵᠠᠮ᠎ᠠᠴᠠ ᠰᠠᠯ᠎ᠤᠨ᠂ ᠲᠤᠭᠤᠷᠭ᠎ᠠ ᠲᠤᠰᠠᠭᠠᠷᠯᠠᠵᠤ ᠨᠤᠲᠤᠭ ᠰᠢᠨᠵᠢᠨ ᠲᠤᠰ᠎ᠲᠤ᠎ᠪᠠᠨ ᠪᠠᠭᠤᠭᠰᠠᠨ ᠶᠡᠬᠡ ᠬᠦᠦ᠎ᠵᠢᠨ ᠬᠢ ᠵᠦᠭ ᠵᠢᠠᠨ ᠵᠢᠯᠤᠭᠤ ᠳᠠᠷᠤᠪᠠ᠃《ᠠᠳᠤᠭᠤ ᠮᠢᠨᠢ ᠵᠢᠰᠦᠪᠡᠷᠵᠢᠡᠨ ᠰᠠᠢᠬᠠᠨ ᠪᠠᠢᠨ᠎ᠠ᠂ ᠠᠳᠤᠭᠤᠴᠢᠨ ᠪᠢ ᠵᠢᠷᠭᠠᠵᠤ ᠶᠠᠪᠤᠨ᠎ᠠ》 ᠬᠡᠮᠡᠨ ᠢᠰᠬᠡᠷᠴᠦ ᠶᠠᠪᠤᠭᠠᠳ᠂ ᠡᠯᠳᠡᠪ ᠳᠣᠯᠣᠭᠠᠨ ᠶᠠᠭᠤᠮ᠎ᠠ ᠱᠤᠯᠤᠭᠠᠨᠠᠬᠤ ᠬᠥᠭᠡᠷᠦᠬᠦᠨ ᠬᠣᠶᠠᠷ ᠠᠴᠢ᠎ᠪᠠᠨ ᠰᠠᠨᠠᠵᠤ᠄
- ᠡᠪᠦᠭᠡ ᠨᠢ ᠣᠴᠢᠵᠤ ᠪᠠᠢᠨ᠎ᠠ᠂ ᠨᠠᠷᠠ ᠰᠠᠯᠬᠢ ᠦᠨᠦᠷᠲᠦᠭᠰᠡᠨ ᠰᠢᠷ᠎ᠠ ᠲᠤᠬᠤ᠎ᠶᠢ ᠨᠢ ᠡᠪᠦᠭᠡ ᠨᠢ ᠭᠠᠢᠭᠤᠢ ᠦᠨᠦᠷᠯᠡᠨ᠎ᠡ ᠬᠦ! ᠭᠡᠵᠦ ᠥᠬᠦᠭᠡᠷᠳᠡᠩᠭᠦᠢ ᠳᠦᠳᠦᠨᠡᠨ ᠳᠥᠷᠥᠭᠡᠨ ᠳᠡᠭᠡᠷ᠎ᠡ᠎ᠪᠡᠨ ᠥᠨᠳᠡᠢᠪᠡ᠃
(《2024·ᠪᠤᠭᠤᠨᠢ ᠦᠭᠦᠯᠡᠯᠭᠡ》 ᠨᠤᠮ᠎ᠠᠴᠠ ᠰᠣᠩᠭᠣᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃