ᠲᠡᠷᠢᠭᠦᠨ ᠨᠢᠭᠤᠷ>ᠣᠳᠤ ᠲᠠᠢ ᠪᠣᠯᠵᠣᠭ᠎ᠠ

2026-11-24 09:44:28

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

                         ᠡᠯᠡᠰᠦᠨ ᠰᠤᠯᠤᠩᠭ᠎ᠠ

                                              ᠷᠠ᠊· ᠨᠠᠰᠤᠨᠴᠣᠭᠲᠤ

ᠮᠠᠰᠢᠨ ᠲᠡᠷᠭᠡᠨ᠎ᠦ ᠳᠣᠩᠰᠣᠯᠭᠠᠨ᠎ᠳᠤ ᠯᠦᠭ ᠰᠦᠭ ᠦᠭᠡᠢ ᠤᠨᠲᠠᠭᠰᠠᠨ ᠪᠠᠲᠤ ᠰᠡᠷᠡᠭᠡᠳ ᠬᠠᠷᠠᠪᠠᠯ᠂ ᠬᠥᠪᠡᠭᠡ ᠬᠢᠵᠠᠭᠠᠷ ᠦᠭᠡᠢ ᠦᠷᠭᠦᠯᠵᠢᠯᠡᠬᠦ ᠬᠡᠩᠭᠡᠷᠭᠡᠲᠦ ᠡᠯᠡᠰᠦᠨ᠎ᠦ ᠭᠦᠨ ᠵᠦᠭ ᠣᠷᠣᠵᠤ ᠪᠠᠢᠪᠠ᠃ ᠬᠠᠵᠠᠭᠤ᠎ᠳᠤ ᠨᠢ ᠵᠢᠯᠣᠭᠣ᠌ ᠪᠠᠷᠢᠵᠤ ᠶᠠᠪᠤᠭ᠎ᠠ ᠰᠡᠷᠭᠦᠯᠡᠩ ᠨᠢᠳᠦ᠎ᠲᠠᠢ ᠲᠡᠮᠡᠦᠯᠦᠨ᠂ ᠪᠠᠲᠤ᠎ᠶᠢᠨ ᠰᠡᠷᠡᠭᠰᠡᠨ᠎ᠢ ᠠᠵᠢᠭᠠᠳ᠄

-《ᠬᠦᠷᠭᠡᠨ ᠠᠬ᠎ᠠ》ᠴᠤ᠌ ᠮᠥᠨ ᠬᠡᠴᠡᠭᠦᠦ ᠵᠦᠳᠡᠷᠡᠵᠦ ᠳᠠ᠂ ᠲᠡᠷᠭᠡᠨ᠎ᠳᠦ ᠭᠠᠷᠤᠩᠭᠤᠲᠠ ᠥᠯᠥᠭᠡᠢ᠎ᠳᠦ ᠣᠷᠣᠭᠰᠠᠨ ᠥᠭᠡᠷ᠎ᠡ ᠦᠭᠡᠢ ᠭᠡᠬᠦ᠎ᠪᠡᠷ ᠨᠢ ᠪᠠᠲᠤ ᠨᠢᠳᠦ᠎ᠪᠡᠨ ᠨᠤᠬᠤᠯᠠᠵᠤ᠂  ᠬᠣᠶᠠᠷ ᠰᠥᠨᠢ ᠬᠣᠶᠠᠷ ᠡᠳᠦᠷ᠎ᠦᠨ ᠭᠠᠯᠲᠤ ᠲᠡᠷᠭᠡᠨ᠎ᠦ ᠵᠦᠳᠡᠷᠡᠭᠡᠨ᠎ᠳᠦ ᠠᠷᠭ᠎ᠠ ᠦᠭᠡᠢ ᠨᠤᠭᠤᠷᠠᠴᠢᠬᠠᠵᠠᠢ ᠭᠡᠪᠡ᠃

-《ᠬᠦᠷᠭᠡᠨ ᠠᠬ᠎ᠠ》 ᠵᠢ ᠥᠨᠥ ᠵᠢᠯ ᠢᠷᠡᠵᠦ ᠳᠡᠢᠯᠬᠦ ᠦᠭᠡᠢ ᠭᠡᠵᠦ ᠪᠣᠳᠤᠯ᠎ᠠ᠂ ᠢᠷᠡᠳᠡᠭ ᠪᠠᠢᠵᠠᠢ ᠁

- ᠲᠡᠨᠳᠡᠬᠢ ᠠᠵᠢᠯ᠎ᠢᠶᠠᠨ ᠶᠠᠭᠠᠷᠠᠤ ᠰᠠᠨᠳᠤᠷᠤᠤ ᠵᠣᠬᠢᠴᠠᠭᠤᠯᠤᠭᠠᠳ ᠭᠠᠷᠴᠤ ᠢᠷᠡᠯ᠎ᠡ᠂ ᠢᠷᠡᠯ ᠦᠭᠡᠢ ᠶᠠᠭᠠᠬᠢᠬᠤ ᠪᠣᠢ᠂ ᠡᠭᠦᠨ᠎ᠡᠴᠡ ᠬᠣᠢᠰᠢᠳᠠ ᠵᠢᠯ ᠪᠣᠯᠭᠠᠨ ᠢᠷᠡᠵᠦ ᠪᠠᠢᠬᠤ ᠪᠣᠯᠣᠨ᠎ᠠ ᠭᠡᠵᠦ ᠬᠡᠯᠡᠭᠰᠡᠨ ᠪᠠᠲᠤ᠎ᠶᠢᠨ ᠳᠦᠷᠯᠡᠭᠡᠷ ᠲᠣᠮᠣ᠌ ᠨᠢᠳᠦᠨ᠎ᠳᠦ ᠦᠯᠦ ᠮᠡᠳᠡᠭ ᠵᠠᠢᠷ ᠭᠦᠶᠦᠯᠭᠡᠨᠡᠭᠰᠡᠨ᠎ᠢ ᠵᠢᠯᠣᠭᠣ᠌ ᠪᠠᠷᠢᠭ᠍ᠰᠠᠨ ᠲᠡᠮᠡᠦᠯᠦᠨ ᠠᠩᠵᠠᠭᠠᠷᠠᠭᠰᠠᠨ ᠦᠭᠡᠢ᠃





ᠬᠣᠶᠠᠭᠤᠯᠠ ᠨᠢᠭᠡ ᠬᠡᠰᠡᠭ ᠶᠦᠷᠬᠦᠭ᠂ ᠮᠣᠷᠢᠨ ᠬᠤᠨᠴᠢᠷ᠂ ᠲᠠᠰᠬᠢ ᠁᠎ᠶᠢ ᠥᠩᠭᠡᠷᠡᠨ ᠢᠳᠡᠷᠬᠡᠭ ᠤᠷᠭᠤᠭᠰᠠᠨ ᠡᠯᠡᠰᠦᠨ᠎ᠦ ᠳᠡᠷᠭᠡᠳᠡ ᠢᠷᠡᠪᠡ᠃

ᠲᠡᠮᠡᠦᠯᠦᠨ ᠮᠠᠰᠢᠨ᠎ᠠᠴᠠ ᠪᠠᠭᠤᠩᠭᠤᠲᠠ ᠳᠠᠭᠤ ᠠᠯᠲᠠᠨ ᠱᠠᠭᠰᠢᠷᠠᠵᠤ᠄

- ᠶᠠᠮᠠᠷ ᠰᠠᠢᠬᠠᠨ ᠶᠤᠮ ᠪᠣᠢ!ᠤᠷᠵᠢᠨᠤᠨ᠎ᠤ ᠳᠠᠷᠢᠭ᠍ᠰᠠᠨ ᠳᠡᠭᠡᠷ᠎ᠡ ᠨᠢᠳᠤᠨᠤᠨ᠎ᠤ ᠨᠥᠬᠥᠵᠦ ᠨᠡᠮᠡᠵᠦ ᠳᠠᠷᠢᠭ᠍ᠰᠠᠨ ᠨᠢ ᠪᠦᠷ ᠡᠳᠡᠭᠡᠷᠡᠴᠢᠬᠡᠵᠡᠢ᠃ ᠤᠳᠠᠬᠤ ᠦᠭᠡᠢ ᠮᠠᠨᠤᠰ᠎ᠤᠨ ᠨᠣᠭᠣᠭᠠᠨ ᠪᠤᠯᠠᠭ ᠳᠠᠯᠠᠨ ᠥᠷᠭᠡᠵᠢᠭᠰᠡᠭᠡᠷ ᠡᠨᠡ ᠬᠦ᠌ ᠰᠢᠷᠭᠠᠯ ᠴᠦᠯ᠎ᠢ ᠨᠣᠭᠣᠭᠠᠨ ᠳᠠᠯᠠᠢ ᠪᠣᠯᠭᠠᠬᠤ ᠪᠣᠯᠣᠨ᠎ᠠ ᠭᠡᠰᠡᠨ᠎ᠢᠶᠠᠨ ᠬᠣᠶᠠᠷ ᠭᠠᠷ᠎ᠢᠶᠠᠨ ᠠᠯᠲᠠᠯᠠᠨ ᠳᠡᠭᠡᠭᠰᠢ ᠬᠠᠷᠠᠵᠤ᠄《ᠡᠭᠡᠴᠢ ᠠ᠋᠂ ᠬᠠᠷᠠᠵᠤ ᠪᠠᠢᠨ᠎ᠠ ᠦᠦ?〈ᠬᠦᠷᠭᠡᠨ ᠠᠬ᠎ᠠ〉ᠢᠷᠡᠭᠰᠡᠨ᠎ᠢ᠃ ᠡᠭᠡᠴᠢ ᠠ᠋᠂ ᠬᠠᠷᠠᠵᠤ ᠪᠠᠢᠨ᠎ᠠ᠎ᠤᠤ? ᠮᠠᠨᠤᠰ᠎ᠤᠨ ᠲᠠᠷᠢᠭᠰᠠᠨ ᠡᠪᠡᠰᠦ ᠤᠷᠭᠤᠮᠠᠯ᠎ᠢ ᠁》ᠭᠡᠯ᠎ᠡ᠃

ᠪᠠᠲᠤ᠎ᠶᠢᠨ ᠨᠢᠳᠦ ᠡᠨᠡ ᠤᠳᠠᠭ᠎ᠠ ᠵᠠᠢᠷ ᠪᠢᠰᠢ ᠨᠢᠯᠪᠤᠰᠤ᠎ᠪᠠᠷ ᠳᠦᠭᠦᠷᠴᠦ᠂ ᠬᠠᠷᠠᠭᠠᠨ᠎ᠳᠤ ᠨᠢ ᠪᠥᠷᠲᠥᠯᠵᠡᠨ ᠬᠠᠷᠠᠭᠳᠠᠭᠰᠠᠨ ᠨᠣᠭᠣᠭᠠᠨ ᠥᠩᠭᠡ ᠤᠯᠠᠮ᠎ᠵᠢᠡᠷ ᠤᠰᠤᠨ ᠴᠡᠩᠬᠡᠷᠲᠦᠵᠦ᠂ ᠪᠦᠷ ᠰᠡᠭᠦᠯ᠎ᠳᠦ᠎ᠪᠡᠨ ᠶᠠᠭᠠᠨ ᠪᠠᠩᠵᠠᠯ᠎ᠲᠠᠢ ᠲᠡᠮᠡᠦᠯᠦᠨ᠎ᠦ ᠡᠭᠡᠴᠢ ᠴᠡᠭᠡᠯᠬᠡᠨ ᠰᠢᠭ ᠬᠠᠷᠠᠭᠳᠠᠬᠤ᠎ᠪᠠᠷ ᠲᠡᠰᠬᠡᠯ ᠦᠭᠡᠢ ᠭᠠᠷ᠎ᠢᠶᠠᠨ ᠵᠢᠷᠦᠬᠡᠨ ᠳᠡᠭᠡᠷ᠎ᠡ᠎ᠪᠡᠨ ᠲᠠᠯᠪᠢᠪᠠ᠃






ᠪᠠᠲᠤ ᠴᠡᠭᠡᠯᠬᠡᠨ ᠬᠣᠶᠠᠷ ᠦᠶᠡᠷᠬᠡᠵᠦ ᠪᠠᠢᠭᠰᠠᠨ᠃ ᠦᠨᠡᠨᠴᠢ ᠬᠠᠢᠷ᠎ᠠ᠎ᠵᠢᠨ ᠬᠡᠯᠬᠢᠶᠡᠨ᠎ᠳᠦ᠎ᠪᠡᠨ ᠬᠥᠲᠥᠯᠥᠭᠳᠡᠨ ᠪᠠᠲᠤ ᠤᠷᠤᠭᠯᠠᠭᠠᠳᠤᠢ ᠨᠥᠬᠥᠷ᠎ᠦᠨ ᠬᠤᠪᠢ ᠪᠡᠷ ᠴᠡᠭᠡᠯᠬᠡᠨ᠎ᠤ ᠨᠤᠲᠤᠭ᠎ᠲᠦ ᠢᠷᠡᠵᠦ ᠪᠠᠢᠭᠰᠠᠨ ᠪᠥᠭᠡᠳ ᠡᠯᠡᠰᠦ ᠮᠠᠩᠬᠠᠨ ᠡᠨᠡ ᠨᠤᠲᠤᠭ᠎ᠤᠨ ᠨᠠᠷᠠ᠂ ᠰᠠᠷᠠ᠂ ᠰᠠᠯᠬᠢ᠎ᠲᠠᠢ ᠨᠢ ᠲᠠᠨᠢᠯᠴᠠᠨ ᠳᠠᠰᠤᠯᠴᠠᠵᠤ᠂ ᠴᠡᠭᠡᠯᠬᠡᠨ᠎ᠲᠠᠢ ᠬᠣᠶᠠᠭᠤᠯᠠ ᠡᠨᠡ ᠡᠯᠡᠰᠦᠨ ᠳᠤᠮᠳᠠᠭᠤᠷ ᠬᠡᠦᠬᠡᠳ ᠰᠢᠭ ᠲᠠᠭᠤᠯᠴᠠᠨ ᠨᠠᠭᠠᠳᠴᠤ᠂ ᠥᠨᠳᠥᠷ ᠮᠠᠩᠬᠠᠨ ᠳᠡᠭᠡᠷ᠎ᠡ ᠨᠢ ᠡᠪᠦᠳᠦᠭ ᠴᠢᠴᠠᠤᠯᠠᠨ ᠤᠳᠠᠭᠠᠨ ᠰᠠᠭᠤᠳᠠᠭ ᠪᠠᠢᠭᠰᠠᠨ᠃

ᠨᠢᠭᠡᠨ ᠤᠳᠠᠭ᠎ᠠ ᠴᠡᠭᠡᠯᠬᠡᠨ᠂ ᠪᠠᠲᠤ᠎ᠶᠢᠨ ᠴᠡᠭᠡᠵᠢ᠎ᠶᠢ ᠨᠠᠯᠠᠨ᠂ ᠳᠠᠯᠠᠢ᠎ᠶᠢᠨ ᠳᠠᠪᠠᠯᠭᠠᠨ ᠲᠦᠯᠬᠢᠯᠡᠨ ᠢᠷᠡᠵᠦ᠂ ᠲᠦᠯᠬᠢᠯᠡᠨ ᠣᠳᠴᠤ ᠪᠣᠢ ᠮᠡᠲᠦ ᠶᠡᠬᠡ ᠡᠯᠡᠰᠦ᠎ᠶᠢ ᠵᠢᠭᠠᠨ᠄《ᠬᠣᠶᠠᠭᠤᠯᠠ᠎ᠪᠡᠨ ᠡᠨᠡ ᠶᠡᠬᠡ ᠡᠯᠡᠰᠦᠨ᠎ᠳᠦ ᠳᠣᠯᠣᠭᠠᠨ ᠲᠦᠷᠦᠯ᠎ᠦᠨ ᠡᠪᠡᠰᠦ ᠤᠷᠭᠤᠮᠠᠯ ᠲᠠᠷᠢᠵᠤ ᠨᠣᠭᠣᠭᠠᠨ ᠪᠦᠷᠢᠳᠦ ᠪᠣᠯᠭᠠᠶ᠎ᠠ ᠲᠡᠭᠡᠭᠡᠳ ᠲᠡᠭᠦᠨ᠎ᠢ᠎ᠪᠡᠨ〈ᠡᠯᠡᠰᠦᠨ ᠰᠤᠯᠤᠩᠭ᠎ᠠ〉ᠭᠡᠵᠦ ᠨᠡᠷᠡᠯᠡᠶ᠎ᠡ》ᠭᠡᠵᠦ ᠬᠡᠯᠡᠭᠰᠡᠨ᠎ᠢ ᠨᠢ ᠪᠠᠲᠤ ᠳᠠᠭᠤ ᠨᠢᠭᠡᠲᠡᠢ ᠵᠥᠪᠰᠢᠶᠡᠷᠡᠵᠦ᠂ ᠲᠡᠷᠡ ᠵᠢᠯ ᠬᠤᠶᠠᠭᠤᠯᠠ ᠠᠩᠬᠠᠨ᠎ᠤ ᠬᠡᠰᠡᠭ ᠤᠷᠭᠤᠮᠠᠯ᠎ᠤᠨ ᠦᠷ᠎ᠡ᠎ᠪᠡᠨ ᠡᠯᠡᠰᠦᠨ᠎ᠳᠦ ᠪᠤᠯᠠᠵᠠᠢ᠃ ᠬᠠᠷᠠᠮᠰᠠᠯᠲᠠᠢ ᠨᠢ ᠲᠡᠭᠷᠢ᠎ᠵᠢᠨ ᠪᠠᠢᠳᠠᠯ᠂ ᠲᠤᠷᠰᠢᠯᠭ᠎ᠠ ᠨᠥᠬᠥᠴᠡᠯ᠎ᠡᠴᠡ ᠪᠤᠯᠵᠤ ᠲᠠᠷᠢᠭᠰᠠᠨ ᠵᠦᠢᠯ ᠨᠢ ᠠᠪᠠᠷ ᠲᠠᠪᠠᠷ᠂ ᠡᠨᠳᠡ ᠲᠡᠨᠳᠡ ᠤᠷᠭᠣᠪᠠ᠃ ᠭᠡᠰᠡᠨ ᠴᠦ᠍ ᠬᠣᠶᠠᠭᠤᠯᠠ ᠬᠢᠵᠠᠭᠠᠯᠠᠰᠢ ᠦᠭᠡᠢ ᠪᠠᠶᠠᠷᠯᠠᠨ ᠳᠡᠪᠬᠡᠴᠡᠵᠡᠢ᠃ ᠲᠡᠳᠡ ᠬᠣᠶᠠᠭᠤᠯᠠ᠎ᠶᠢᠨ ᠨᠢᠳᠦᠨ᠎ᠳᠦ ᠰᠢᠪ ᠰᠢᠷᠭᠠᠯ ᠡᠯᠡᠰᠦ ᠨᠣᠪ ᠨᠣᠭᠣᠭᠠᠨ ᠳᠡᠯᠡᠬᠡᠢ ᠪᠣᠯᠣᠨ ᠬᠠᠷᠠᠭᠳᠠᠵᠤ ᠪᠠᠢᠯ᠎ᠠ᠃

ᠬᠦᠰᠡᠯ ᠮᠥᠷᠥᠭᠡᠳᠦᠯ ᠬᠢᠭᠡᠳ ᠬᠥᠮᠥᠨ ᠵᠠᠶᠠᠭ᠎ᠠ ᠳᠠᠩᠳᠠ ᠵᠥᠷᠢᠴᠡᠯᠳᠦᠵᠦ ᠪᠠᠢᠳᠠᠭ ᠠᠵᠢ᠃ ᠡᠪᠦᠯ ᠨᠢ ᠴᠡᠭᠡᠯᠬᠡᠨ ᠲᠦᠷᠭᠡᠨ ᠴᠢᠨᠠᠷᠲᠠᠢ ᠴᠢᠰᠤ ᠴᠠᠢᠬᠤ ᠡᠪᠡᠳᠴᠢᠨ᠎ᠳᠦ ᠨᠡᠷᠪᠡᠭᠳᠡᠵᠦ᠂ ᠳᠠᠷᠤᠢ ᠲᠦᠷᠭᠡᠨ ᠵᠠᠰᠠᠯ ᠬᠢᠭᠰᠡᠨ ᠪᠣᠯᠪᠠᠴᠤ ᠪᠣᠯᠤᠭᠰᠠᠨ ᠦᠭᠡᠢ᠂ ᠪᠠᠲᠤ᠎ᠶᠢ ᠪᠠᠷᠠᠭᠠᠳᠤᠢ ᠠᠮᠢᠳᠤᠷᠠᠯ ᠮᠥᠷᠥᠭᠡᠳᠦᠯ᠎ᠲᠠᠢ᠎ᠪᠠᠨ ᠬᠠᠮᠲᠤ ᠨᠢᠯᠪᠤᠰᠤᠨ ᠳᠤᠮᠳᠠ ᠬᠣᠴᠣᠷᠭᠠᠵᠤ᠂ ᠥᠪᠡᠷ᠎ᠢᠶᠡᠨ ᠠᠮᠤᠷᠯᠢᠩᠭᠤᠢ᠎ᠶᠢᠨ ᠣᠷᠣᠨ᠎ᠳᠤ ᠣᠳᠴᠠᠢ᠃

ᠰᠡᠳᠬᠢᠯ᠎ᠦᠨ ᠶᠡᠬᠡ ᠰᠢᠨᠠᠯᠭᠠᠯ᠎ᠳᠤ ᠠᠪᠲᠠᠭᠰᠠᠨ ᠪᠠᠲᠤ᠎ᠳᠤ ᠪᠦᠬᠦ ᠶᠠᠭᠤᠮ᠎ᠠ ᠤᠳᠬ᠎ᠠ ᠠᠭᠤᠯᠭ᠎ᠠ᠎ᠪᠠᠨ ᠠᠯᠳᠠᠭᠰᠠᠨ ᠮᠡᠲᠦ ᠬᠠᠷᠠᠩᠭᠤᠢᠯᠠᠨ᠂ ᠬᠠᠲᠠᠨ᠎ᠠᠴᠠ ᠬᠠᠷᠠᠢᠮᠠᠷ᠂ ᠬᠠᠨ᠎ᠠ ᠮᠥᠷᠭᠥᠮᠡᠷ ᠪᠣᠯᠪᠠ᠃

ᠴᠡᠭᠡᠯᠬᠡᠨ᠎ᠢ ᠬᠥᠳᠡᠭᠡᠯᠡᠭᠦᠯᠦᠭᠰᠡᠨ ᠲᠡᠷᠡ ᠣᠷᠣᠢ ᠪᠠᠲᠤ᠂ ᠬᠣᠶᠠᠭᠤᠯᠠ᠎ᠶᠢᠨ ᠡᠪᠡᠰᠦ ᠤᠷᠭᠤᠮᠠᠯ ᠳᠠᠷᠢᠭ᠍ᠰᠠᠨ ᠭᠠᠵᠠᠷ᠎ᠢᠶᠠᠨ ᠢᠷᠡᠵᠦ ᠳᠠᠭᠤ ᠦᠭᠡᠢ ᠨᠢᠯᠪᠤᠰᠤ ᠤᠨᠠᠭᠠᠵᠤ ᠰᠠᠭᠤᠬᠤ᠎ᠳᠦ᠂ ᠠᠪᠠᠷ ᠲᠠᠪᠠᠷ ᠤᠷᠭᠤᠮᠠᠯ ᠨᠢ ᠰᠡᠳᠬᠢᠯ᠎ᠢ ᠨᠢ ᠵᠠᠰᠠᠬᠤ ᠮᠡᠲᠦ᠂ ᠭᠤᠨᠢᠭ᠎ᠢ ᠨᠢ ᠪᠠᠯᠠᠯᠬᠤ ᠮᠡᠲᠤ ᠥᠷᠥ ᠡᠪᠡᠳᠦᠯᠲᠡᠢ ᠬᠠᠷᠠᠭᠳᠠᠬᠤ᠎ᠪᠡᠷ ᠦᠷᠭᠦᠯᠵᠢᠯᠡᠬᠦ ᠶᠤᠰᠤᠲᠠᠢ ᠬᠦᠰᠡᠯ ᠬᠠᠢᠷ᠎ᠠ ᠶᠠᠮᠠᠷᠬᠠᠨ ᠪᠠᠢᠳᠠᠭ᠎ᠢ ᠤᠢᠯᠠᠭᠠᠵᠠᠢ ᠁

ᠪᠠᠲᠤ᠂ ᠲᠡᠮᠡᠦᠯᠦᠨ᠎ᠲᠠᠢ ᠬᠠᠮᠲᠤ ᠡᠪᠡᠰᠦ ᠤᠷᠭᠤᠮᠠᠯ ᠳᠠᠷᠢᠭ᠍ᠰᠠᠭᠠᠷ ᠭᠤᠷᠪᠠᠳᠠᠭᠢ ᠵᠢᠯ᠎ᠢᠶᠡᠨ ᠦᠵᠡᠪᠡ᠃ ᠪᠠᠲᠤ ᠤᠤᠯ ᠨᠢ ᠣᠢᠷᠠᠬᠠᠨ ᠬᠤᠲᠠ᠎ᠳᠤ ᠠᠵᠢᠯᠯᠠᠵᠤ ᠪᠠᠢᠭᠰᠠᠨ ᠪᠣᠯ ᠥᠨᠥ ᠵᠢᠯ ᠬᠥᠬᠡᠨᠠᠭᠤᠷ᠎ᠲᠤ ᠠᠵᠢᠯ ᠰᠢᠯᠵᠢᠵᠦ᠂ ᠠᠯᠤᠰ ᠬᠤᠯᠠ᠎ᠠᠴᠠ ᠠᠮᠠᠷᠠᠯᠲᠠ ᠦᠭᠡᠢ ᠶᠠᠪᠤᠵᠤ ᠢᠷᠡᠭᠰᠡᠨ ᠠᠵᠢ᠃





ᠪᠠᠲᠤ ᠠᠪᠴᠢᠷᠠᠭᠰᠠᠨ ᠪᠣᠷᠣ᠌ ᠴᠠᠷᠭᠠᠰᠤ᠂ ᠪᠤᠳᠤᠷᠭᠠᠨ᠎ᠠ᠎ᠶᠢᠨ ᠦᠷ᠎ᠡ᠎ᠪᠡᠨ ᠲᠠᠷᠢᠪᠠ᠃ ᠲᠡᠭᠦᠨ᠎ᠦ ᠰᠡᠳᠬᠢᠯ᠎ᠳᠦ ᠴᠡᠭᠡᠯᠬᠡᠨ ᠨᠢ ᠴᠦ᠍ ᠠᠳᠠᠯᠢᠬᠠᠨ ᠬᠦᠷᠵᠡ ᠠᠳᠬᠤᠭᠠᠳ᠂ ᠢᠨᠢᠶᠡᠨ ᠭᠠᠩᠬᠤᠵᠤ᠂ ᠠᠯᠢᠶᠠᠷᠬᠠᠨ ᠳᠠᠷᠪᠡᠯᠵᠠᠵᠤ ᠪᠠᠢᠬᠤ ᠰᠢᠭ᠋ ᠰᠠᠨᠠᠭᠳᠠᠨ᠎ᠠ᠃ ᠰᠡᠳᠬᠢᠯ᠎ᠦᠨ ᠳᠤᠮᠳᠠ᠎ᠪᠠᠨ ᠰᠡᠳᠬᠢᠯ᠎ᠦᠨ ᠬᠥᠮᠥᠨ᠎ᠲᠠᠢ᠎ᠪᠠᠨ ᠠᠮᠢᠳᠤᠷᠠᠵᠤ ᠶᠠᠪᠤᠬᠤ ᠭᠡᠭᠴᠢ

ᠶᠠᠮᠠᠷᠬᠠᠨ ᠭᠠᠰᠢᠭᠤᠨ ᠮᠥᠷᠲᠡᠭᠡᠨ ᠶᠠᠮᠠᠷᠬᠠᠨ ᠠᠮᠲᠠᠯᠢᠭ᠋ ᠪᠠᠢᠳᠠᠭ ᠭᠡᠭᠴᠢ᠃

ᠪᠠᠲᠤ ᠬᠦᠷᠵᠡ᠎ᠪᠡᠨ ᠲᠤᠯᠤᠨ᠂ ᠬᠥᠯᠥᠰᠦ᠎ᠪᠡᠨ ᠠᠷᠴᠢᠭᠠᠳ᠄

— ᠴᠡᠭᠡᠯᠬᠡᠨ ᠮᠢᠨᠢ᠂ ᠴᠢᠨᠦᠬᠢ᠎ᠪᠡᠨ ᠬᠦᠰᠡᠯ᠎ᠢᠶᠡᠷ ᠳᠣᠯᠣᠭᠠᠨ ᠲᠦᠷᠦᠯ᠎ᠦᠨ ᠤᠷᠭᠤᠮᠠᠯ ᠪᠦᠷᠢᠳᠦᠭᠦᠯᠦᠨ ᠲᠠᠷᠢᠯ᠎ᠠ᠃《ᠡᠯᠡᠰᠦᠨ ᠰᠣᠯᠣᠩᠭ᠎ᠠ》 ᠲᠠᠲᠠᠬᠤ ᠴᠠᠭ ᠤᠳᠠᠬᠤ ᠦᠭᠡᠢ ᠢᠷᠡᠨ᠎ᠡ᠃ ᠴᠢ ᠮᠢᠨᠢ ᠴᠡᠩᠬᠡᠷ ᠲᠡᠭᠷᠢ᠎ᠶᠢᠨ ᠴᠡᠪᠡᠷ ᠲᠤᠩᠭᠠᠯᠠᠭ ᠰᠠᠷᠠᠨ ᠥᠷᠥᠭᠡᠨ᠎ᠦ᠎ᠪᠠᠨ ᠴᠠᠭᠠᠨ ᠣᠳᠣᠨ ᠴᠣᠩᠬᠣ᠌᠎ᠪᠠᠷ᠎ᠵᠢᠡᠨ ᠡᠨᠡ ᠪᠦᠬᠦᠨ᠎ᠢ ᠬᠠᠷᠠᠨ ᠪᠠᠶᠠᠰᠤᠭᠠᠷᠠᠢ!ᠰᠢᠭᠤᠷᠭ᠎ᠠ ᠦᠵᠡᠵᠦ ᠬᠠᠰᠢᠷᠠᠭᠰᠠᠨ ᠴᠢ ᠮᠢᠨᠢ ᠰᠣᠯᠣᠩᠭ᠎ᠠ ᠪᠠᠬᠠᠷᠬᠠᠵᠤ ᠵᠢᠷᠭᠠᠭᠠᠷᠠᠢ ᠭᠡᠵᠦ ᠳᠣᠲᠣᠷ᠎ᠠ᠎ᠪᠠᠨ ᠰᠠᠮ ᠰᠢᠪᠡᠨᠡᠬᠦ᠎ᠳᠦ ᠨᠢ ᠤᠶᠠᠷᠠᠯ᠎ᠤᠨ ᠨᠢᠯᠪᠤᠰᠤ ᠭᠠᠳᠠᠭ᠍ᠰᠢ ᠪᠢᠰᠢ ᠳᠣᠲᠣᠭ᠍ᠰᠢ᠎ᠪᠠᠨ ᠤᠷᠤᠰᠤᠨ᠎ᠠ᠃

ᠲᠡᠮᠡᠦᠯᠦᠨ᠂ ᠪᠠᠲᠤ᠎ᠶᠢᠨ ᠬᠠᠵᠠᠭᠤ᠎ᠳᠤ ᠢᠷᠡᠭᠡᠳ᠄

—《ᠬᠦᠷᠭᠡᠨ ᠠᠬ᠎ᠠ》 ᠠ᠋! ᠪᠢ ᠲᠠᠨ ᠰᠢᠭ᠋ ᠡᠢᠮᠦ ᠰᠠᠢᠨ ᠬᠥᠮᠥᠨ᠎ᠲᠠᠢ ᠬᠠᠷᠭᠤᠭᠰᠠᠨ᠎ᠳᠦ᠎ᠪᠡᠨ ᠡᠭᠡᠴᠢ᠎ᠶᠢᠨ᠎ᠢᠶᠡᠨ ᠡᠮᠦᠨ᠎ᠡ᠎ᠠᠴᠠ ᠪᠠᠶᠠᠷᠯᠠᠵᠤ ᠪᠠᠢᠨ᠎ᠠ᠃ ᠮᠠᠨ᠎ᠤ ᠡᠨᠡ ᠡᠯᠡᠰᠦᠨ ᠨᠤᠲᠤᠭ᠎ᠢ ᠭᠣᠯᠣᠯ ᠦᠭᠡᠢ᠂ ᠦᠭᠡᠢ ᠪᠣᠯᠤᠭᠰᠠᠨ ᠡᠭᠡᠴᠢ᠎ᠶᠢ ᠮᠠᠷᠲᠠᠯ ᠦᠭᠡᠢ ᠡᠳᠦᠢ ᠵᠢᠯ ᠲᠡᠷᠡ ᠬᠣᠯᠠ᠎ᠠᠴᠠ ᠵᠣᠷᠢᠵᠤ  ᠢᠷᠡᠨ᠎ᠡ ᠭᠡᠳᠡᠭ ᠁ ᠵᠠᠷᠢᠮ ᠬᠥᠮᠥᠨ ᠭᠤᠷᠪᠠᠬᠠᠨ ᠬᠣᠨᠣᠮᠠᠭᠴᠠ ᠭᠣᠣᠯ ᠦᠭᠡᠢ ᠮᠠᠷᠲᠠᠴᠢᠬᠠᠳᠠᠭ ᠭᠡᠬᠦ᠎ᠳᠦ ᠨᠢ ᠪᠠᠲᠤ ᠨᠠᠮ ᠢᠨᠢᠶᠡᠮᠰᠦᠭᠯᠡᠵᠦ᠄ 

— ᠦᠨᠡᠨᠴᠢ ᠬᠠᠢᠷ᠎ᠠ ᠭᠡᠵᠦ ᠪᠠᠢᠳᠠᠭ᠂ ᠬᠠᠢᠷ᠎ᠠ ᠭᠡᠳᠡᠭ ᠬᠥᠮᠥᠨ᠎ᠢ ᠨᠤᠲᠤᠭ᠎ᠲᠠᠢ ᠨᠢ ᠬᠠᠮᠲᠤ ᠬᠠᠢᠷᠠᠯᠠᠳᠠᠭ ᠶᠤᠮ ᠡ! ᠭᠡᠳ ᠠᠯᠤᠰ  ᠬᠠᠷᠠᠵᠠᠢ ᠁

ᠪᠠᠲᠤ᠂ ᠲᠡᠮᠡᠦᠯᠦᠨ ᠬᠣᠶᠠᠭᠤᠯᠠ᠎ᠶᠢ ᠡᠯᠡᠰᠦᠨ᠎ᠦ ᠭᠦᠨ᠎ᠡᠴᠡ ᠭᠠᠷᠴᠤ ᠢᠷᠡᠬᠦ᠎ᠳᠦ ᠬᠣᠢᠲᠤ ᠲᠡᠭᠷᠢ᠎ᠶᠢᠨ ᠬᠠᠶᠠᠭ᠎ᠠ ᠬᠤᠷ᠎ᠠ᠎ᠶᠢᠨ ᠡᠭᠦᠯᠡᠨ᠎ᠳᠦ ᠪᠦᠷᠬᠦᠭᠳᠡᠵᠦ᠂ ᠴᠢᠭᠢᠭ ᠦᠨᠦᠷᠲᠦᠨ᠎ᠡ᠃《ᠬᠤᠷ᠎ᠠ᠎ᠶᠢᠨ ᠳᠠᠷᠠᠭ᠎ᠠ ᠰᠣᠯᠣᠩᠭ᠎ᠠ》 ᠭᠡᠳᠡᠭ ᠬᠠᠭᠤᠴᠢ ᠦᠭᠡ ᠰᠢᠨ᠎ᠡ ᠬᠥᠷᠥᠰᠥᠨ᠎ᠠᠴᠠ ᠤᠷᠭᠤᠨ ᠰᠣᠯᠣᠩᠭᠠᠷᠠᠵᠤ ᠪᠡᠶᠡᠯᠡᠨ᠎ᠡ ᠁

《ᠤᠳᠤ ᠲᠠᠢ ᠪᠤᠯᠵᠤᠭ᠎ᠠ》 ᠨᠡᠪᠳᠡᠷᠡᠭᠦᠯᠬᠡ ᠵᠢᠨ ᠲᠠᠨᠢ ᠡᠨᠡ ᠳ᠋ᠤᠭᠠᠷ ᠡᠢᠨᠬᠦ ᠦᠨᠳᠦᠷᠯᠡᠵᠦ ᠪᠠᠢᠨ᠎ᠠ᠃ ᠬᠦᠯᠢᠶᠡᠨ ᠠᠪᠴᠤ ᠰᠤᠨᠤᠰᠤᠬᠰᠠᠨ ᠲᠠ ᠪᠦᠬᠦᠨ ᠳ᠋ᠡᠭᠡᠨ ᠪᠠᠶᠠᠷᠯᠠᠯ᠎ᠠ᠃

  • ᠨᠠᠢᠷᠠᠭᠤᠯᠤᠭ᠍ᠴᠢ᠄

    ᠭᠢᠯᠪᠡᠬᠡᠨ

  • ᠨᠡᠪᠲᠡᠷᠡᠭᠦᠯᠦᠭᠴᠢ᠄

    ᠭᠢᠯᠪᠡᠬᠡᠨ

  • ᠮᠡᠷᠭᠡᠵᠢᠯ᠄

    ᠬᠤ᠌ ᠰᠠᠷᠠᠨ᠎ᠠ

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面