ᠤᠷ᠎ᠠ ᠡᠷᠳᠠᠮ᠎ᠢᠶᠠᠨ ᠮᠦᠴᠡᠭᠡᠷᠭᠡᠭ᠌ᠰᠡᠨ ᠲᠠᠮᠢᠷᠴᠢᠳ
2020-01-20 17:44:22
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

    2019 ᠤᠨ᠎ᠤ 12 ᠰᠠᠷ᠎ᠠ᠎ᠶ᠋ᠢᠨ 27 — 30 ᠎ᠤ ᠡᠳᠦᠷ ᠪᠤᠯᠲᠠᠯ᠎ᠠ᠂ ᠠᠷᠪᠠᠨ ᠳᠦᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠤᠯᠠᠭᠠᠨᠬᠠᠳᠠ ᠤᠷᠤᠯᠳᠤᠭᠠᠨ᠎ᠤ ᠲᠤᠭᠤᠷᠢᠭ᠎ᠤᠨ ᠦᠨᠳᠦᠷ ᠠᠭᠤᠯᠠ᠎ᠶ᠋ᠢᠨ ᠴᠠᠨᠠᠯᠠᠯᠲᠠ᠎ᠶ᠋ᠢᠨ ᠤᠷᠤᠯᠳᠤᠭᠠᠨ ᠮᠡᠢᠷᠡᠨ ᠭᠤᠤ ᠴᠠᠨᠠᠯᠠᠯᠲᠠ᠎ᠶ᠋ᠢᠨ ᠲᠠᠯᠠᠪᠠᠢ᠎ᠳᠤ ᠢᠳᠡ ᠬᠦᠭ᠎ᠲᠠᠢ ᠶᠠᠪᠤᠭ᠍ᠳᠠᠵᠤ᠂ ᠪᠦᠬᠦ᠌ ᠤᠯᠤᠰ᠎ᠤᠨ ᠡᠯ᠎ᠡ ᠭᠠᠵᠠᠷ᠎ᠠᠴᠠ ᠬᠦᠷᠦᠯᠴᠡᠨ ᠢᠷᠡᠭ᠌ᠰᠡᠨ ᠰᠤᠳᠤᠨ ᠱᠢᠯᠢᠳᠡᠭ ᠲᠠᠮᠢᠷᠴᠢᠳ ᠴᠢᠳᠠᠯ ᠤᠬᠠᠭᠠᠨ᠎ᠢᠶᠠᠨ ᠱᠢᠯᠭᠠᠵᠤ᠂ ᠮᠦᠰᠦ ᠴᠠᠰᠤᠨ᠎ᠤ ᠲᠠᠮᠢᠷ᠎ᠤᠨ ᠬᠦᠳᠡᠯᠭᠡᠭᠡᠨ᠎ᠤ ᠷᠢᠳᠢ ᠱᠢᠳᠢ᠎ᠶ᠋ᠢ  ᠦᠵᠡᠭ᠌ᠴᠢᠳ ᠤᠯᠠᠨ᠎ᠳᠤ ᠭᠠᠢᠬᠠᠭᠤᠯᠤᠯ᠎ᠠ᠃

    《ᠡᠨᠡ ᠪᠤᠯ ᠮᠢᠨᠦ᠍ ᠬᠠᠮᠤᠭ᠎ᠤᠨ ᠠᠩᠬᠠᠨ᠎ᠤ ᠠᠯᠲᠠᠨ ᠮᠧᠳᠡᠯ ᠪᠤᠯᠤᠨ᠎ᠠ》 ᠭᠡᠵᠦ᠎ᠨᠢ ᠶᠤᠸᠠᠢ ᠮᠢᠩ ᠪᠠᠶᠠᠷ᠎ᠲᠠᠢ ᠬᠡᠯᠡᠨ᠎ᠡ᠃ ᠡᠮᠡᠭ᠌ᠲᠡᠢ᠎ᠶ᠋ᠢᠨ ᠳᠤᠭᠤᠢ᠍ᠢᠯᠠᠩ᠎ᠤᠨ 68 ᠲᠠᠮᠢᠷᠴᠢᠨ᠎ᠤ ᠳᠤᠮᠳᠠ᠎ᠠᠴᠠ ᠴᠤᠯᠭᠤᠷᠠᠨ ᠭᠠᠷᠴᠤ᠌᠂ ᠠᠯᠲᠠᠨ ᠮᠧᠳᠡᠯ᠎ᠢ ᠡᠩᠭᠡᠷ᠎ᠲᠡᠭᠡᠨ ᠬᠢᠯᠡᠯᠵᠡᠭᠤᠯᠤᠨ ᠵᠤᠭ᠍ᠰᠤᠬᠤ᠎ᠳᠠᠭᠠᠨ ᠲᠡᠷᠡ ᠠᠴᠢᠳᠤ ᠲᠠᠰᠭᠠᠯᠵᠢᠭᠤᠯᠤᠭ᠍ᠴᠢ᠎ᠶ᠋ᠢᠨ᠎ᠢᠶᠠᠨ ᠵᠢᠭᠠᠨ ᠵᠢᠯᠤᠭᠤᠳᠤᠯᠭ᠎ᠠ᠎ᠳᠤ ᠲᠠᠯᠠᠷᠬᠠᠬᠤ᠎ᠪᠠᠨ ᠮᠠᠷᠲᠠᠭ᠎ᠠ ᠦᠭᠡᠢ᠂ ᠤᠯᠤᠰ᠎ᠤᠨ ᠰᠠᠢᠨ ᠲᠦᠷᠦ᠎ᠶ᠋ᠢᠨ ᠪᠤᠳᠤᠯᠭ᠎ᠠ᠎ᠠᠴᠠ ᠠᠱᠢᠭ ᠬᠦᠷᠲᠡᠭ᠌ᠰᠡᠨ᠎ᠢᠶᠠᠨ ᠴᠤ᠌ ᠴᠡᠭᠡᠵᠢᠯᠡᠭ᠌ᠰᠡᠭᠡᠷ᠃ ᠦᠨᠳᠦᠷ ᠠᠭᠤᠯᠠ᠎ᠶ᠋ᠢᠨ ᠴᠠᠨᠠᠯᠠᠯᠲᠠ᠎ᠶ᠋ᠢᠨ ᠤᠷᠤᠯᠳᠤᠭᠠᠨ᠎ᠢ ᠬᠤᠷᠳᠤᠴᠠ᠎ᠶ᠋ᠢᠨ ᠲᠦᠷᠦᠯ ᠪᠠ ᠮᠡᠷᠭᠡᠵᠢᠯ᠎ᠤᠨ ᠲᠦᠷᠦᠯ ᠭᠡᠵᠦ᠍ ᠬᠤᠪᠢᠶᠠᠵᠤ᠂ ᠬᠤᠷᠳᠤᠴᠠ᠎ᠶ᠋ᠢᠨ ᠲᠦᠷᠦᠯ᠎ᠳᠤ ᠲᠦᠷᠭᠡᠨ ᠪᠠᠭᠤᠬᠤ᠂ ᠬᠡᠳᠦ ᠶᠡᠭᠡ ᠲᠤᠤᠷ ᠬᠤᠶᠠᠷ ᠲᠦᠷᠦᠯ᠎ᠢ ᠪᠠᠭ᠍ᠲᠠᠭᠠᠵᠤ᠂ ᠨᠢᠭᠡ ᠤᠳᠠᠭᠠᠨ᠎ᠤ ᠴᠠᠨᠠᠯᠠᠯᠲᠠ ᠬᠢᠭ᠌ᠰᠡᠨ ᠬᠢᠷᠢ ᠪᠦᠲᠦᠮᠵᠢ᠎ᠪᠠᠷ ᠤᠷᠤᠯᠳᠤᠭᠠᠨ᠎ᠤ ᠡᠴᠦᠰ᠎ᠤᠨ ᠳ᠋ᠦᠩ᠎ᠢ ᠲᠤᠭ᠍ᠲᠠᠭᠠᠳᠠᠭ᠃ ᠮᠡᠷᠭᠡᠵᠢᠯ᠎ᠤᠨ ᠲᠦᠷᠦᠯ᠎ᠳᠤ ᠶᠡᠭᠡ ᠲᠤᠤᠷ ᠪᠡ ᠲᠤᠤᠷ᠎ᠤᠨ ᠬᠤᠶᠠᠷ ᠲᠦᠷᠦᠯ᠎ᠢ ᠪᠠᠭ᠍ᠲᠠᠭᠠᠵᠤ᠂ ᠬᠤᠶᠠᠷ ᠤᠳᠠᠭᠠᠨ᠎ᠤ ᠴᠠᠨᠠᠯᠠᠯᠲᠠ ᠬᠢᠭ᠌ᠰᠡᠨ ᠶᠡᠷᠦᠩᠬᠡᠢ ᠬᠢᠷᠢ ᠪᠦᠲᠦᠮᠵᠢ᠎ᠪᠠᠷ ᠤᠷᠤᠯᠳᠤᠭᠠᠨ᠎ᠤ ᠡᠴᠦᠰ᠎ᠤᠨ ᠳ᠋ᠦᠩ᠎ᠢ ᠲᠤᠭ᠍ᠲᠠᠭᠠᠨ᠎ᠠ᠃ ᠦᠨᠳᠦᠷ ᠠᠭᠤᠯᠠ᠎ᠶ᠋ᠢᠨ ᠴᠠᠨᠠᠯᠠᠯᠲᠠ᠎ᠶ᠋ᠢᠨ ᠤᠷᠤᠯᠳᠤᠭᠠᠨ᠎ᠤ ᠵᠠᠮ ᠳᠠᠭᠠᠤ ᠤᠯᠠᠭᠠᠨ ᠬᠦᠭᠡ ᠦᠩᠭᠡ᠎ᠶ᠋ᠢᠨ ᠲᠤᠭ᠎ᠤᠨ ᠡᠭᠦᠳᠡ ᠪᠤᠰᠭᠠᠵᠤ᠂ ᠲᠠᠮᠢᠷᠴᠢᠳ ᠵᠠᠪᠠᠯ ᠡᠳᠡᠭᠡᠷ ᠡᠭᠦᠳᠡ᠎ᠶ᠋ᠢ ᠵᠠᠬ᠎ᠠ ᠳᠠᠷᠠᠭᠠᠯᠠᠨ ᠲᠤᠭᠤᠷᠢᠨ ᠦᠩᠭᠡᠷᠡᠬᠦ᠌ ᠬᠡᠷᠡᠭ᠌ᠲᠡᠢ᠂ ᠤᠷᠬᠢᠭ᠍ᠳᠠᠭᠤᠯᠬᠤ ᠪᠤᠶᠤ ᠳᠡᠭᠡᠭᠦᠷ᠎ᠨᠢ ᠳᠠᠷᠤᠵᠤ ᠭᠠᠷᠪᠠᠯ ᠳᠦᠷᠢᠮ᠎ᠠᠴᠠ ᠵᠦᠷᠢᠴᠡᠭ᠌ᠰᠡᠨ᠎ᠢᠶᠠᠷ ᠪᠤᠳᠤᠳᠠᠭ᠃

    12 ᠰᠠᠷ᠎ᠠ᠎ᠶ᠋ᠢᠨ 29 ᠎ᠤ ᠡᠳᠦᠷ᠎ᠤᠨ 9᠄ 30 ᠎ᠲᠤ᠌᠂ ᠦᠨᠳᠦᠷ ᠠᠭᠤᠯᠠ᠎ᠶ᠋ᠢᠨ ᠴᠠᠨᠠᠯᠠᠯᠲᠠ᠎ᠶ᠋ᠢᠨ ᠲᠤᠤᠷ᠎ᠤᠨ ᠤᠷᠤᠯᠳᠤᠭᠠᠨ ᠡᠬᠢᠯᠡᠪᠡ᠃ ᠮᠡᠢᠷᠡᠨ ᠭᠤᠤ᠎ᠶ᠋ᠢᠨ ᠴᠠᠨᠠᠯᠠᠯᠲᠠ᠎ᠶ᠋ᠢᠨ ᠲᠠᠯᠠᠪᠠᠢ᠎ᠳᠤ ᠮᠠᠨᠠᠨ ᠬᠦᠳᠡᠩ ᠲᠤᠨᠤᠷᠠᠵᠤ᠂ ᠬᠤᠯᠠ ᠤᠢ᠍ᠢᠷ᠎ᠠ᠎ᠶ᠋ᠢᠨ ᠪᠠᠷ᠎ᠠ ᠳᠤᠲᠤᠬᠠᠨ ᠬᠠᠷᠠᠭ᠍ᠳᠠᠬᠤ ᠦᠭᠡᠢ ᠪᠠᠢᠯ᠎ᠠ᠃ ᠰᠠᠨᠠᠭᠠᠨ᠎ᠠᠴᠠ ᠭᠠᠳᠠᠭᠤᠷ ᠡᠢᠮᠦᠷᠬᠦᠦ ᠠᠭᠤᠷ ᠠᠮᠢᠰᠭᠤᠯ᠎ᠨᠢ ᠴᠤ᠌ ᠲᠠᠮᠢᠷᠴᠢᠳ᠎ᠤᠨ ᠤᠷᠤᠯᠳᠤᠭᠠᠨ᠎ᠤ ᠬᠢᠷᠢ ᠪᠦᠲᠦᠮᠵᠢ᠎ᠶ᠋ᠢ ᠦᠴᠦᠬᠡᠨ ᠴᠤ᠌ ᠨᠦᠯᠦᠭᠡᠯᠡᠭ᠌ᠰᠡᠨ ᠦᠭᠡᠢ᠃ ᠦᠨᠳᠦᠷ ᠠᠭᠤᠯᠠ᠎ᠶ᠋ᠢᠨ ᠴᠠᠨᠠᠯᠠᠯᠲᠠ᠎ᠶ᠋ᠢᠨ ᠲᠤᠤᠷ᠎ᠤᠨ ᠤᠷᠤᠯᠳᠤᠭᠠᠨ᠎ᠤ ᠡᠷᠡᠭ᠌ᠲᠡᠢ᠎ᠶ᠋ᠢᠨ ᠳᠤᠭᠤᠢ᠍ᠢᠯᠠᠩ᠎ᠤᠨ ᠮᠠᠩᠯᠠᠢᠯᠠᠭ᠍ᠴᠢ᠂ ᠭᠢᠷᠢᠨ ᠮᠤᠵᠢ᠎ᠶ᠋ᠢᠨ ᠲᠦᠯᠦᠭᠡᠯᠡᠭ᠌ᠴᠢ᠎ᠶ᠋ᠢᠨ ᠪᠦᠯᠭᠦᠮ᠎ᠤᠨ ᠵᠠᠩ ᠶᠠᠩ ᠮᠢᠩ᠎ᠤᠨ ᠬᠡᠯᠡᠭ᠌ᠰᠡᠨᠴᠢᠯᠡᠨ 《ᠶᠡᠷᠦ᠎ᠨᠢ ᠡᠢᠮᠦ᠍ ᠠᠭᠤᠷ ᠠᠮᠢᠰᠭᠤᠯ᠎ᠳᠤ ᠤᠯᠠᠨ ᠤᠳᠠᠭ᠎ᠠ ᠪᠤᠯᠪᠠᠰᠤᠷᠠᠵᠤ ᠪᠠᠢᠭ᠍ᠰᠠᠨ ᠪᠤᠯᠬᠤᠷ᠂ ᠡᠨᠡ᠎ᠨᠢ ᠪᠢᠳᠡᠨ᠎ᠳᠤ ᠠᠪᠴᠤ᠌ ᠬᠡᠯᠡᠪᠡᠯ ᠰᠠᠨᠠᠭᠠᠱᠢᠷᠠᠮᠠᠷ ᠵᠦᠢᠯ ᠪᠢᠰᠢ᠂ ᠰᠤᠨᠢᠨ ᠶᠠᠪᠤᠳᠠᠯ ᠴᠤ᠌ ᠪᠢᠰᠢ》 ᠪᠠᠢᠵᠠᠢ᠃

    ᠲᠤᠰ ᠤᠳᠠᠭᠠᠨ᠎ᠤ ᠦᠨᠳᠦᠷ ᠠᠭᠤᠯᠠ᠎ᠶ᠋ᠢᠨ ᠴᠠᠨᠠᠯᠠᠯᠲᠠ᠎ᠶ᠋ᠢᠨ ᠲᠤᠤᠷ᠎ᠤᠨ ᠤᠷᠤᠯᠳᠤᠭᠠᠨ᠎ᠳᠤ ᠬᠠᠷᠠᠮᠦᠷᠡᠨ᠂ ᠭᠢᠷᠢᠨ᠂ ᠱᠢᠨᠵᠢᠶᠠᠩ᠂ ᠦᠪᠦᠷ ᠮᠤᠩᠭᠤᠯ ᠵᠡᠷᠭᠡ 21 ᠲᠦᠯᠦᠭᠡᠯᠡᠭ᠌ᠴᠢ᠎ᠶ᠋ᠢᠨ ᠪᠦᠯᠬᠦᠮ᠎ᠤᠨ 112 ᠲᠠᠮᠢᠷᠴᠢᠨ ᠤᠷᠤᠯᠴᠠᠵᠤ᠂ 4 ᠴᠠᠭ ᠭᠠᠷᠤᠢ᠎ᠶ᠋ᠢᠨ ᠦᠷᠢᠰᠦᠯᠳᠦᠭᠡᠨ᠎ᠢᠶᠠᠷ ᠳᠠᠮᠵᠢᠨ᠂ ᠳᠤᠮᠳᠠᠳᠤ ᠤᠯᠤᠰ᠎ᠢ ᠲᠦᠯᠦᠭᠡᠯᠡᠨ 2018 ᠤᠨ᠎ᠤ ᠴᠠᠩ ᠫᠢᠩ᠎ᠤᠨ ᠡᠪᠦᠯ᠎ᠤᠨ ᠤᠯᠠᠷᠢᠯ᠎ᠤᠨ ᠤᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠤᠷᠤᠯᠴᠠᠭ᠍ᠰᠠᠨ ᠭᠢᠷᠢᠨ ᠮᠤᠵᠢ᠎ᠶ᠋ᠢᠨ ᠲᠦᠯᠦᠭᠡᠯᠡᠭ᠌ᠴᠢ᠎ᠶ᠋ᠢᠨ ᠪᠦᠯᠭᠦᠮ᠎ᠤᠨ ᠵᠠᠩ ᠶᠠᠩ ᠮᠢᠩ ᠡᠷᠡᠭ᠌ᠲᠡᠢ᠎ᠶ᠋ᠢᠨ ᠳᠤᠭᠤᠢ᠍ᠢᠯᠠᠩ᠎ᠤᠨ ᠲᠡᠷᠢᠭᠦᠨ ᠨᠡᠷᠡᠰ᠎ᠲᠤ ᠲᠤᠳᠤᠷᠠᠪᠠ᠃  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠴᠣᠷᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号