ᠲᠠᠩᠰᠤᠭ ᠨᠠᠮᠤᠷ᠎ᠤᠨ 10 ᠰᠠᠷ᠎ᠠ᠎ᠳᠤ᠂ ᠬᠢᠩᠭᠠᠨ ᠠᠢᠮᠠᠭ᠎ᠤᠨ ᠲᠦᠴᠢᠦᠸᠠᠨ ᠱᠢᠶᠠᠨ᠎ᠤ ᠲᠦᠴᠢᠦᠸᠠᠨ ᠪᠠᠯᠭᠠᠰᠤᠨ᠎ᠤ ᠶᠦᠩ ᠪᠦᠦ ᠲᠣᠰᠭᠤᠨ᠎ᠤ ᠬᠠᠶ ᠪᠥᠸᠧ ᠲᠡᠷᠢᠮᠠᠯ᠎ᠤᠨ ᠦᠢᠯᠡᠰ᠎ᠤᠨ ᠲᠤᠰᠭᠠᠶ ᠬᠤᠷᠱᠢᠶ᠎ᠠ᠎ᠶ᠋ᠢᠨ ᠯᠠᠵᠤᠤ᠎ᠶ᠋ᠢᠨ ᠲᠠᠷᠢᠶᠠᠨ᠎ᠳᠤ ᠲᠤᠰᠭᠤᠨ᠎ᠤ ᠠᠷᠠᠳ ᠯᠠᠵᠤᠤ᠎ᠪᠠᠨ ᠲᠡᠷᠬᠡᠡᠳᠤ ᠠᠴᠢᠵᠥ᠍ ᠶᠠᠭᠠᠷᠠᠯᠳᠤᠨ᠎ᠠ᠃ ᠬᠠᠶ ᠪᠥᠸᠧ ᠲᠡᠷᠢᠮᠠᠯ᠎ᠤᠨ ᠦᠢᠯᠡᠰ᠎ᠤᠨ ᠲᠤᠰᠭᠠᠢ ᠬᠤᠷᠱᠢᠶ᠎ᠠ᠎ᠶ᠋ᠢᠨ ᠬᠠᠷᠢᠭᠤᠴᠠᠯᠭᠠᠲᠠᠨ ᠰᠦᠨ ᠬᠠᠶ ᠪᠥᠸᠧ᠄ 《ᠡᠨᠡ ᠵᠢᠯ ᠮᠠᠨ᠎ᠤ ᠬᠤᠷᠱᠢᠶ᠎ᠠ 120 ᠭᠠᠷᠤᠶ ᠮᠥ᠍ ᠯᠠᠵᠤᠤ ᠳᠠᠷᠢᠭᠠᠳ ᠮᠥ᠍ ᠨᠢᠬᠡᠴᠢ᠎ᠶ᠋ᠢᠨ ᠤᠨᠠᠯᠲᠠ 4500 ᠵᠢᠩ᠂ ᠶᠡᠷᠦᠩᠬᠡᠶ ᠤᠨᠠᠯᠳᠠ 60 ᠲᠦᠮᠡᠨ ᠵᠢᠩ᠎ᠳᠤ ᠬᠦᠷᠪᠠ᠃ ᠣᠳᠣᠬᠠᠠᠤ ᠵᠠᠬ᠎ᠠ ᠳᠡᠯᠭᠡᠭᠦᠷ᠎ᠤᠨ ᠦᠨ᠎ᠡ ᠬᠠᠩᠰᠢ᠎ᠶ᠋ᠢᠨ ᠪᠠᠢᠳᠠᠯ ᠰᠠᠢᠨ ᠪᠠᠢᠨ᠎ᠠ᠂ ᠵᠢᠩ᠎ᠳᠡᠭᠡᠨ 0.9 ᠲᠥᠭᠦᠷᠢᠭ ᠬᠦᠷᠴᠤ᠌ ᠪᠤᠢ᠃ ᠡᠨᠡ ᠵᠢᠯ᠎ᠤᠨ ᠣᠷᠣᠯᠭ᠎ᠠ ᠪᠠᠷᠤᠭ 50 ᠲᠦᠮᠡᠨ ᠲᠥᠭᠦᠷᠢᠭ ᠬᠦᠷᠴᠢᠬᠡᠨᠠ᠃ ᠦᠪᠡᠷ᠎ᠤᠨ ᠦᠷᠳᠡᠭ᠎ᠢᠶᠠᠨ ᠭᠠᠷᠭᠠᠪᠠᠯ 20 ᠭᠠᠷᠤᠶ ᠲᠦᠮᠡᠨ ᠲᠥᠭᠦᠷᠢᠭ᠎ᠤᠨ ᠴᠡᠪᠠᠷ ᠤᠷᠤᠯᠭ᠎ᠠ᠎ᠲᠠᠢ᠂ ᠡᠷᠳᠡᠨᠢ ᠱᠢᠰᠢ ᠲᠠᠷᠢᠬ᠍ᠰᠠᠠᠠᠴᠠ ᠣᠷᠣᠯᠭ᠎ᠠ ᠰᠠᠢᠠ》 ᠬᠡᠵᠦ᠍ ᠪᠠᠢᠯ᠎ᠠ᠃

ᠯᠠᠵᠤᠤ᠎ᠶ᠋ᠢᠨ ᠭᠠᠷᠤᠯᠲᠠ ᠥᠨᠳᠥᠷ᠂ ᠴᠢᠨᠠᠷ ᠰᠠᠢᠨ᠂ ᠡᠨᠡ ᠵᠢᠯ᠎ᠤᠨ ᠲᠠᠷᠢᠭ᠍ᠰᠠᠨ ᠤᠯᠠᠭᠠᠨ ᠯᠠᠵᠤᠤ ᠡᠯᠪᠡᠭ ᠬᠤᠷᠢᠶᠠᠯᠲᠠ ᠤᠯᠤᠭ᠍ᠰᠠᠠ᠎ᠨᠢ ᠬᠠᠶ ᠪᠥᠸᠧ ᠲᠡᠷᠢᠮᠠᠯ᠎ᠤᠨ ᠦᠢᠯᠡᠰ᠎ᠤᠨ ᠲᠤᠰᠭᠠᠶ ᠬᠤᠷᠱᠢᠶ᠎ᠠ᠎ᠶ᠋ᠢᠨ ᠥᠨᠳᠥᠷ ᠪᠠᠷᠢᠮᠵᠢᠶ᠎ᠠ᠂ ᠣᠳᠣᠬᠢᠴᠢᠯᠠᠭ᠍ᠰᠠᠨ ᠲᠠᠷᠢᠮᠠᠯ᠎ᠤᠨ ᠬᠠᠮᠢᠶᠠᠷᠤᠯᠲᠠ᠎ᠶ᠋ᠢᠨ ᠬᠡᠪ ᠵᠠᠭ᠍ᠪᠤᠷ᠎ᠲᠠᠢ ᠨᠢᠬ᠍ᠳᠠ ᠬᠤᠯᠪᠤᠭ᠎ᠠ᠎ᠲᠠᠢ᠃ ᠬᠤᠷᠱᠢᠶ᠎ᠠ᠎ᠠᠴᠠ ᠯᠠᠵᠤᠤ᠎ᠶ᠋ᠢᠨ ᠴᠢᠬᠢ᠎ᠶ᠋ᠢ ᠨᠠᠷᠢᠯᠢᠭ ᠪᠤᠢᠵᠢᠭᠤᠯᠵᠤ ᠨᠢᠮᠪᠠᠢ ᠲᠤᠳᠤᠮᠳᠠᠨᠠ᠃ ᠡᠭᠦᠨ᠎ᠤ ᠬᠠᠮᠲᠤ ᠲᠠᠷᠢᠶᠠᠨ ᠭᠠᠵᠠᠷ᠎ᠲᠤ ᠰᠦᠯᠢᠶᠤᠤ ᠪᠦᠷᠬᠦᠪᠴᠢ᠎ᠶ᠋ᠢᠨ ᠳᠣᠤᠷ᠎ᠠ ᠤᠰᠤ ᠪᠣᠷᠲᠣᠭᠤᠷ᠎ᠢ ᠨᠢᠭᠡ ᠴᠣᠭ᠍ᠴᠠᠵᠢᠭᠤᠯᠤᠨ ᠳᠤᠰᠤᠯᠭᠠᠨ ᠤᠰᠤᠯᠠᠬᠤ ᠬᠠᠮᠢᠶᠠᠷᠤᠯᠲᠠ᠎ᠶ᠋ᠢ ᠬᠡᠷᠡᠭ᠌ᠵᠢᠭᠦᠯᠵᠦ᠍᠂ ᠳᠠᠬᠢᠨ ᠨᠠᠷᠢᠨ ᠵᠢᠷᠤᠬ᠎ᠠ᠎ᠪᠠᠷ ᠵᠢᠭ᠌ᠳᠡ ᠲᠠᠷᠢᠬᠤ ᠮᠡᠷᠭᠡᠵᠢᠯ᠎ᠢᠶᠠᠷ ᠠᠵᠢᠯᠯᠠᠭᠤᠯᠤᠨ᠎ᠠ᠃ ᠬᠠᠶ ᠪᠥᠸᠧ ᠲᠡᠷᠢᠮᠠᠯ᠎ᠤᠨ ᠦᠢᠯᠡᠰ᠎ᠤᠨ ᠲᠤᠰᠭᠠᠶ ᠬᠤᠷᠱᠢᠶ᠎ᠠ 2016 ᠣᠨ᠎ᠳᠤ ᠪᠠᠢᠭᠤᠯᠤᠭ᠍ᠳᠠᠪᠠ᠃ ᠰᠦᠨ ᠬᠠᠢ ᠪᠥᠸᠧ᠎ᠶ᠋ᠢᠨ ᠳᠠᠢᠴᠢᠯᠠᠭ᠎ᠠ᠎ᠪᠠᠷ ᠲᠤᠰ ᠵᠢᠯ᠎ᠤᠨ ᠬᠤᠪᠢ ᠣᠷᠣᠭᠤᠯᠤᠭ᠍ᠰᠠᠨ ᠬᠤᠷᠱᠢᠶ᠎ᠠ᠎ᠶ᠋ᠢᠨ 5 ᠭᠡᠱᠢᠭᠦᠨ᠎ᠤ ᠤᠷᠤᠯᠭ᠎ᠠ 1 ᠲᠦᠮᠡᠨ ᠲᠥᠭᠦᠷᠢᠭ ᠨᠡᠮᠡᠭ᠌ᠳᠡᠭ᠌ᠰᠡᠡᠳᠤ ᠳᠠᠷᠠᠭ᠎ᠠ ᠵᠢᠯ᠎ᠨᠢ ᠬᠤᠷᠱᠢᠶᠠᠨ᠎ᠳᠤ ᠬᠤᠪᠢ ᠣᠷᠣᠵᠤ ᠬᠠᠮᠲᠤ ᠲᠠᠷᠢᠬᠤ᠎ᠪᠠᠷ ᠭᠤᠶᠤᠴᠢᠯᠠᠭ᠍ᠰᠠᠳ ᠤᠯᠠᠱᠢᠷᠠᠵᠡᠢ᠃ ᠲᠤᠰ ᠲᠣᠰᠭᠤᠨ᠎ᠤ ᠠᠷᠠᠳ ᠸᠠᠩ ᠬᠦᠶ ᠫᠢᠩ ᠡᠨᠡ ᠵᠢᠯ᠎ᠤᠨ ᠡᠬᠢᠠ᠎ᠳᠤ ᠬᠤᠷᠱᠢᠶ᠎ᠠ᠎ᠶ᠋ᠢᠨ ᠬᠡᠱᠢᠬᠦᠠ ᠪᠤᠯᠬᠤ᠎ᠪᠠᠷ ᠭᠤᠶᠤᠴᠢᠯᠠᠵᠦ᠍ ᠯᠠᠵᠤᠤ ᠲᠠᠷᠢᠵᠠᠢ᠃ ᠡᠯᠪᠡᠭ ᠬᠤᠷᠢᠶᠠᠭ᠍ᠰᠠᠨ ᠤᠯᠠᠭᠠᠨ ᠯᠠᠵᠤᠤ᠎ᠪᠠᠨ ᠬᠠᠷᠠᠭᠠᠳ᠄ 《ᠯᠠᠵᠤᠤ᠎ᠶ᠋ᠢᠨ ᠠᠱᠢᠭ ᠣᠷᠣᠯᠭ᠎ᠠ ᠦᠨᠡᠬᠡᠷ ᠦᠨᠳᠤᠷ᠂ 1 ᠮᠦ᠍ ᠡᠷᠳᠡᠨᠢ ᠱᠢᠰᠢ᠎ᠶ᠋ᠢᠨ ᠤᠷᠤᠯᠭ᠎ᠠ ᠬᠠᠮᠤᠭ᠎ᠤᠨ ᠦᠨᠳᠤᠷᠲᠡᠭᠡᠨ 1200 ᠲᠥᠭᠦᠷᠢᠭ ᠬᠦᠷᠦᠨ᠎ᠠ᠂ 1 ᠮᠦ᠍ ᠯᠠᠵᠤᠤ᠎ᠶ᠋ᠢᠨ ᠤᠷᠤᠯᠭ᠎ᠠ 4000 ᠲᠥᠭᠦᠷᠢᠭ᠂ ᠳᠠᠷᠠᠭ᠎ᠠ ᠵᠢᠯ ᠯᠠᠵᠤᠤ ᠲᠠᠷᠢᠬᠤ ᠬᠡᠪᠴᠢᠶ᠎ᠡ᠎ᠪᠠᠨ ᠥᠷᠭᠡᠳᠭᠡᠨ᠎ᠡ》 ᠬᠡᠵᠥ᠍ ᠪᠠᠢᠯ᠎ᠠ᠃

ᠯᠠᠵᠤᠤ ᠲᠠᠷᠢᠬᠤ ᠴᠢᠳᠠᠪᠤᠷᠢ᠎ᠲᠠᠢ ᠲᠣᠰᠭᠤᠨ᠎ᠤ ᠠᠷᠠᠳ᠎ᠢ ᠳᠠᠢᠴᠢᠯᠠᠨ ᠬᠠᠮᠲᠤ᠎ᠪᠠᠷ ᠪᠠᠶᠠᠵᠢᠭᠤᠯᠬᠤ᠎ᠠᠴᠠ ᠭᠠᠳᠠᠨ᠎ᠠ᠂ ᠬᠤᠷᠱᠢᠶ᠎ᠠ᠎ᠠᠴᠠ ᠬᠠᠪᠤᠷ ᠴᠢᠬᠢ ᠪᠤᠢᠵᠢᠭᠤᠯᠬᠤ᠂ ᠵᠤᠨ᠎ᠤ ᠠᠷᠠᠴᠢᠯᠠᠭ᠎ᠠ ᠲᠤᠳᠤᠮᠳᠠᠯᠭ᠎ᠠ᠎ᠠᠴᠠ ᠨᠠᠮᠤᠷ᠎ᠤᠨ ᠬᠤᠷᠢᠶᠠᠯᠲᠠ ᠬᠦᠷᠲᠡᠯ᠎ᠡ ᠴᠥᠮ ᠶᠡᠭᠡ ᠬᠡᠮᠵᠢᠶᠡᠡᠤ ᠬᠥᠳᠡᠯᠮᠦᠷᠢ ᠬᠦᠴᠦ᠍ ᠬᠡᠷᠡᠭ᠌ᠰᠡᠨᠠ᠃ ᠡᠨᠡ᠎ᠨᠢ ᠲᠣᠰᠭᠤᠠᠤ ᠠᠷᠠᠳ᠎ᠲᠤ ᠲᠤᠰᠭᠤᠠᠳᠠᠭᠠᠨ ᠠᠵᠢᠯ ᠬᠢᠵᠥ᠍ ᠵᠤᠭᠤᠰ ᠤᠯᠬᠤ ᠠᠵᠠ ᠵᠠᠪᠱᠢᠶᠠᠠ ᠤᠯᠭᠤᠵᠡᠢ᠃ 《ᠪᠢ ᠬᠤᠷᠱᠢᠶ᠎ᠠ᠎ᠳᠤ 10 ᠮᠥ᠍ ᠲᠠᠷᠢᠶᠠᠨ ᠭᠠᠵᠠᠷ᠎ᠤᠨ ᠡᠵᠡᠩᠨᠡᠯᠳᠡ᠎ᠶ᠋ᠢᠨ ᠡᠷᠬᠡ᠎ᠪᠠᠨ ᠱᠢᠯᠵᠢᠭᠦᠯᠪᠡ᠃ ᠬᠤᠷᠱᠢᠶ᠎ᠠ᠎ᠶ᠋ᠢᠨ ᠲᠦᠷᠢᠶᠡᠰᠦᠨ ᠮᠥᠩᠭᠦ᠌ ᠵᠠᠬ᠎ᠠ ᠳᠡᠯᠭᠡᠭᠦᠷ᠎ᠤᠨ ᠦᠨ᠎ᠡ ᠬᠠᠩᠰᠢ᠎ᠠᠴᠠ ᠥᠨᠳᠥᠷ᠂ ᠮᠦ᠍ ᠪᠦᠷᠢ᠎ᠳᠤ ᠢᠯᠡᠬᠦᠦ 150 ᠲᠥᠭᠦᠷᠢᠭ ᠤᠯᠤᠨ᠎ᠠ᠂ ᠬᠤᠷᠱᠢᠶᠠᠨ᠎ᠳᠤ ᠬᠥᠯᠥᠰᠥᠨ ᠠᠵᠢᠯ ᠬᠢᠪᠠᠯ ᠪᠠᠰᠠ ᠡᠳᠦᠷ ᠪᠦᠷᠢ 120 ᠲᠥᠭᠦᠷᠢᠭ᠎ᠤᠨ ᠤᠷᠤᠯᠭ᠎ᠠ᠎ᠲᠠᠢ᠂ ᠡᠨᠡ ᠵᠢᠯ ᠡᠨᠡ ᠬᠤᠶᠠᠷ ᠵᠦᠢᠯ᠎ᠠᠴᠠ ᠪᠢ ᠢᠯᠡᠭᠦᠦ 6000 ᠭᠠᠷᠤᠢ ᠲᠥᠭᠦᠷᠢᠭ᠎ᠤᠨ ᠣᠷᠣᠯᠭ᠎ᠠ ᠣᠯᠤᠨ᠎ᠠ᠂ ᠡᠨᠡ᠎ᠨᠢ ᠮᠠᠨ᠎ᠤ ᠭᠡᠷ᠎ᠲᠤ ᠠᠪᠴᠤ᠌ ᠬᠡᠯᠡᠪᠡᠯ ᠪᠠᠭ᠎ᠠ ᠪᠤᠰᠤ ᠣᠷᠣᠯᠭ᠎ᠠ ᠱᠢᠤ》 ᠬᠡᠵᠥ᠍ ᠸᠠᠩ ᠴᠢᠩ ᠯᠢ ᠪᠠᠶᠠᠷᠯᠠᠨ ᠶᠠᠷᠢᠵᠦ᠍ ᠪᠢᠯᠡ᠃
ᠶᠦᠩ ᠪᠦᠦ ᠲᠤᠰᠭᠤᠨ᠎ᠤ ᠯᠠᠵᠤᠤ᠎ᠶ᠋ᠢᠨ ᠠᠵᠤ ᠦᠢᠯᠡᠰ᠎ᠤᠨ ᠬᠥᠭ᠌ᠵᠢᠯᠲᠡ ᠲᠠᠷᠢᠶᠠᠴᠢᠳ᠎ᠤᠨ ᠤᠷᠤᠯᠭ᠎ᠠ᠎ᠶ᠋ᠢ ᠨᠡᠮᠡᠭ᠌ᠳᠡᠬᠦᠯᠵᠥ᠍᠂ ᠬᠤᠷᠱᠢᠶ᠎ᠠ ᠪᠣᠯᠤᠨ ᠲᠣᠰᠭᠤᠨ᠎ᠤ ᠠᠷᠠᠳ᠎ᠤᠨ ᠴᠢᠨᠡᠬᠡᠯᠢᠭ᠌ᠵᠢᠠ ᠪᠠᠶᠠᠵᠢᠬᠤ ᠢᠲᠡᠭᠡᠯ ᠵᠣᠷᠢᠭ᠎ᠢ ᠨᠡᠮᠡᠭ᠌ᠳᠡᠭᠦᠯᠵᠦ᠍᠂ ᠶᠦᠩ ᠪᠦᠦ ᠲᠣᠰᠭᠤᠨ᠎ᠤ ᠲᠠᠷᠢᠶᠠᠯᠠᠩ᠎ᠤᠨ ᠠᠵᠤ ᠦᠶᠯᠡᠰ᠎ᠤᠨ ᠪᠦᠲᠦᠴᠡ᠎ᠳᠤ ᠲᠤᠬᠢᠷᠠᠭᠤᠯᠤᠯᠳᠠ ᠬᠢᠬᠦ᠌ ᠵᠤᠷᠢᠭ᠎ᠢ ᠬᠦᠪᠴᠢᠯᠠᠵᠠᠢ᠃ ᠲᠤᠰ ᠲᠣᠰᠭᠤᠨ ᠤᠳᠤ ᠳᠠᠷᠠᠭᠠᠴᠢ᠎ᠶ᠋ᠢᠨ ᠯᠠᠵᠤᠤ᠎ᠶ᠋ᠢᠨ ᠠᠵᠤ ᠦᠢᠯᠡᠰ᠎ᠤᠨ ᠬᠥᠭ᠌ᠵᠢᠯᠲᠡ᠎ᠪᠠᠨ ᠤᠬᠠᠭᠠᠯᠠᠨ ᠲᠦᠰᠦᠪᠯᠡᠵᠥ᠍᠂ ᠨᠡᠩ ᠶᠡᠭᠡ ᠠᠵᠤ ᠦᠶᠯᠡᠰ᠎ᠤᠨ ᠬᠡᠯᠬᠢᠶ᠎ᠡ᠎ᠶ᠋ᠢ ᠪᠦᠷᠢᠯᠳᠦᠭᠦᠯᠬᠦ᠌᠎ᠪᠠᠷ ᠴᠢᠷᠮᠠᠢᠵᠤ ᠪᠠᠢᠨ᠎ᠠ᠃