ᠬᠤᠪᠣᠷ ᠨᠠᠨᠳᠢᠨ ᠠᠷᠠᠳ᠎ᠤᠨ ᠰᠤᠶᠤᠯ ᠤᠷᠠᠯᠢᠭ᠎ᠤᠨ ᠳᠠᠭᠤ ᠱᠢᠩᠬᠡᠬᠡᠯᠳᠡ᠎ᠶ᠋ᠢᠨ ᠮᠠᠲ᠋ᠧᠷᠢᠶᠠᠯ᠎ᠢ ᠲᠤᠭᠠᠴᠢᠯᠠᠭᠤᠯᠤᠨ ᠬᠠᠳᠠᠭᠠᠯᠠᠯ᠎ᠠ
2020-10-21 09:34:08
ᠵᠣᠬᠢᠶᠠᠭ᠍ᠴᠢ᠄
ᠱᠢᠶᠡᠩ ᠴᠦᠨ
ᠣᠩᠱᠢᠭ᠍ᠰᠠᠨ ᠣᠳᠠᠭ᠎ᠠ᠄
★★★☆☆

10 ᠰᠠᠷ᠎ᠠ᠎ᠶ᠋ᠢᠨ 12 ᠎ᠤᠨ ᠡᠳᠦᠷ᠂ ᠥᠪᠥᠷ ᠮᠣᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠳᠠᠭᠤ ᠱᠢᠩᠭᠡᠭᠡᠯᠲᠡ᠎ᠶ᠋ᠢᠨ ᠳᠠᠩᠰᠠ ᠡᠪᠬᠡᠮᠡᠯ᠎ᠢ ᠰᠡᠯᠪᠢᠨ ᠰᠡᠷᠬᠦᠭᠡᠵᠦ᠍ ᠲᠤᠭᠠᠴᠢᠯᠠᠭᠤᠯᠤᠨ ᠬᠠᠳᠠᠭᠠᠯᠠᠬᠤ ᠬᠤᠷᠠᠯ ᠥᠪᠡᠷᠲᠡᠭᠡᠨ ᠵᠠᠰᠠᠬᠤ ᠣᠷᠣᠨ᠎ᠤ ᠳᠠᠩᠰᠠ ᠡᠪᠬᠡᠮᠡᠯ᠎ᠤᠨ ᠰᠠᠩ᠎ᠳᠤ ᠶᠠᠪᠤᠭ᠍ᠳᠠᠪᠠ᠃


QQ图片20201021091154.png


2019 — 2020 ᠣᠨ ᠪᠣᠯᠲᠠᠯ᠎ᠠ᠂ ᠥᠪᠥᠷ ᠮᠣᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠭᠤᠷᠪᠠᠨ ᠦᠶ᠎ᠠ᠎ᠶ᠋ᠢᠨ ᠰᠤᠳᠤᠯᠭᠠᠳᠠᠳ᠎ᠤᠨ ᠣᠯᠠᠨ ᠵᠢᠯ ᠴᠤᠭ᠍ᠯᠠᠭᠤᠯᠤᠨ ᠬᠠᠳᠠᠭᠠᠯᠠᠭ᠍ᠰᠠᠨ 131 ᠲᠠᠪᠠᠭ ᠠᠷᠠᠳ᠎ᠤᠨ ᠰᠤᠶᠤᠯ ᠤᠷᠠᠯᠢᠭ᠎ᠤᠨ ᠮᠠᠲ᠋ᠧᠷᠢᠶᠠᠯ (ᠡᠭᠦᠨ᠎ᠳᠤ 125 ᠬᠤᠪᠢ ᠤᠷᠢᠶᠠᠮᠠᠬ ᠲᠠᠪᠠᠭ ᠪᠠ 6 ᠺᠠᠰᠧᠲ) ᠎ᠢ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠤᠨ ᠰᠠᠩ᠎ᠠᠴᠠ ᠠᠪᠤᠷᠠᠯᠳᠠ᠎ᠶ᠋ᠢᠨ ᠴᠢᠨᠠᠷᠲᠠᠶ ᠰᠡᠯᠪᠢᠨ ᠵᠠᠰᠠᠵᠦ᠍᠂ ᠲᠤᠭᠠᠴᠢᠯᠠᠭᠤᠯᠤᠨ ᠬᠠᠳᠠᠭᠠᠯᠠᠬ᠍ᠰᠠᠨ ᠪᠠᠢᠨ᠎ᠠ᠃

ᠲᠤᠰ ᠤᠳᠠᠭ᠎ᠠ᠎ᠶ᠋ᠢᠨ ᠰᠡᠯᠪᠢᠨ ᠵᠠᠰᠠᠵᠦ᠍᠂ ᠲᠤᠭᠠᠴᠢᠯᠠᠭᠤᠯᠤᠨ ᠬᠠᠳᠠᠭᠠᠯᠠᠬ᠍ᠰᠠᠨ ᠮᠠᠲ᠋ᠧᠷᠢᠶᠡᠯ᠎ᠤᠳ᠎ᠲᠤ᠌᠂ ᠤᠷᠲᠤ᠎ᠶ᠋ᠢᠨ ᠳᠠᠭᠤᠤ᠂ ᠪᠤᠭᠤᠨᠢ ᠳᠠᠭᠤᠤ᠂ ᠦᠯᠢᠬᠡᠷᠳᠦ ᠠᠷᠠᠳ᠎ᠤᠨ ᠳᠠᠭᠤᠤ ᠵᠡᠷᠭᠡ ᠠᠷᠠᠳ᠎ᠤᠨ ᠲᠠᠭᠤᠤ᠎ᠶ᠋ᠢᠨ ᠮᠠᠲ᠋ᠧᠷᠢᠶᠠᠯ ᠪᠠᠷᠤᠭ 5 ᠴᠠᠭ; ᠪᠠᠷᠭᠤ ᠲᠤᠤᠯᠢ᠂ ᠭᠡᠰᠡᠷ᠂ ᠵᠠᠩᠭᠠᠷ᠂ ᠬᠤᠭᠤᠷ᠎ᠤᠨ ᠥᠯᠢᠭᠡᠷ᠂ ᠬᠤᠪᠢᠰᠭᠠᠯ᠎ᠤᠨ ᠰᠡᠳᠦᠪᠳᠦ ᠬᠤᠭᠤᠷ᠎ᠤᠨ ᠥᠯᠢᠭᠡᠷ᠂ ᠬᠦᠤᠷᠨᠢᠯ ᠱᠢᠯᠦᠭ ᠵᠡᠷᠬᠡ ᠪᠠᠭᠠᠳᠤᠷᠯᠢᠭ ᠲᠤᠤᠯᠢ᠎ᠶ᠋ᠢᠨ ᠰᠡᠳᠦᠪᠳᠦ ᠮᠠᠲ᠋ᠧᠷᠢᠶᠠᠯ ᠪᠠᠷᠤᠬ 105 ᠴᠠᠭ; ᠠᠮᠢᠳᠤᠷᠠᠯ᠎ᠤᠨ ᠥᠯᠢᠭᠡᠷ᠂ ᠪᠠᠭᠠᠲᠤᠷ᠎ᠤᠨ ᠥᠯᠢᠭᠡᠷ᠂ ᠬᠤᠱᠤᠩ ᠱᠤᠭ ᠵᠡᠷᠬᠡ ᠥᠯᠢᠭᠡᠷ᠎ᠤᠨ ᠲᠥᠷᠥᠯ᠎ᠤᠨ ᠮᠠᠲ᠋ᠧᠷᠢᠶᠠᠯ ᠪᠠᠷᠤᠭ 3 ᠴᠠᠭ; ᠢᠷᠦᠬᠡᠯ ᠮᠠᠭ᠍ᠲᠠᠭᠠᠯ᠎ᠤᠨ ᠱᠢᠨᠵᠢᠳᠠᠢ ᠬᠤᠯᠪᠣᠭ᠎ᠠ᠂ ᠲᠠᠭᠠᠷᠢᠯᠴᠠᠭ᠎ᠠ᠂ ᠲᠡᠤᠬᠡᠨ ᠰᠡᠳᠦᠪᠳᠦ ᠬᠤᠯᠪᠤᠭ᠎ᠠ ᠵᠡᠷᠬᠡ 6 ᠴᠠᠭ ᠱᠢᠬᠠᠮ᠂ ᠨᠡᠢᠳᠡ 119 ᠴᠠᠭ᠎ᠤᠨ ᠳᠠᠭᠤ ᠱᠢᠩᠬᠡᠬᠡᠯᠳᠡ᠎ᠶ᠋ᠢ ᠪᠠᠭ᠍ᠳᠠᠭᠠᠬ᠍ᠰᠠᠨ ᠪᠠᠢᠨ᠎ᠠ᠃

ᠡᠳᠡᠭᠡᠷ ᠠᠷᠠᠳ᠎ᠤᠨ ᠰᠤᠶᠤᠯ ᠤᠷᠠᠯᠢᠭ᠎ᠤᠨ ᠳᠠᠭᠤ ᠱᠢᠩᠭᠡᠭᠡᠯᠲᠡ᠎ᠶ᠋ᠢᠨ ᠮᠠᠲ᠋ᠧᠷᠢᠶᠠᠯ ᠪᠤᠯ ᠦᠪᠦᠷ ᠮᠤᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠠᠬᠠᠮᠠᠳ ᠡᠷᠳᠡᠮᠳᠡᠨ ᠲᠤᠷᠤᠩᠭ᠎ᠠ᠂ ᠪᠦᠬᠡᠴᠢᠯᠠᠭᠤ ᠵᠡᠷᠭᠡ ᠬᠡᠳᠦᠨ ᠦᠶ᠎ᠡ᠎ᠶ᠋ᠢᠨ ᠬᠥᠮᠦᠰ᠎ᠤᠨ 60 ᠭᠠᠷᠤᠢ ᠵᠢᠯ᠎ᠤᠨ ᠬᠤᠭᠤᠴᠠᠭᠠᠨ᠎ᠳᠤ ᠴᠤᠭ᠍ᠯᠠᠭᠤᠯᠵᠤ ᠬᠠᠳᠠᠭᠠᠯᠠᠭ᠍ᠰᠠᠨ ᠡᠷᠬᠢᠮ ᠨᠡᠨᠳᠢᠨ ᠲᠠᠭᠤ ᠱᠢᠩᠬᠡᠬᠡᠯᠳᠡ ᠪᠤᠯᠤᠨ᠎ᠠ᠃

— ᠲᠤᠰ ᠤᠳᠠᠭ᠎ᠠ᠎ᠶ᠋ᠢᠨ ᠠᠪᠤᠷᠠᠨ ᠰᠡᠷᠬᠦᠬᠡᠭ᠌ᠰᠡᠨ ᠲᠠᠭᠤᠤ ᠱᠢᠩᠬᠡᠬᠡᠯᠳᠡ᠎ᠶ᠋ᠢᠨ ᠮᠠᠲ᠋ᠧᠷᠢᠶᠠᠯ᠎ᠨᠢ ᠲᠡᠬᠡᠷ᠎ᠠ ᠵᠠᠭᠤᠨ᠎ᠤ ᠲᠠᠪᠢᠭᠠᠳ ᠤᠨ᠎ᠤ ᠰᠡᠬᠦᠯᠴᠢ᠎ᠠᠴᠠ ᠵᠢᠷᠠᠭᠠᠳ ᠤᠨ᠎ᠤ ᠡᠬᠢᠨ᠎ᠤ ᠦᠶ᠎ᠠ᠎ᠶ᠋ᠢᠨ ᠱᠢᠩᠬᠡᠬᠡᠯᠳᠡ᠎ᠪᠠᠷ ᠭᠤᠤᠯᠯᠠᠵᠦ᠍᠂ ᠴᠦᠬᠡᠪᠳᠦᠷ ᠲᠤᠭᠠᠨ᠎ᠤ ᠶᠡᠷᠡᠭᠡᠳ ᠤᠨ᠎ᠤ ᠱᠢᠩᠬᠡᠬᠡᠯᠳᠡ᠎ᠪᠠᠷ ᠪᠦᠷᠢᠯᠳᠦᠵᠡᠢ᠃ ᠠᠭᠤᠯᠭ᠎ᠠ᠎ᠶ᠋ᠢᠨ ᠬᠤᠪᠢ᠎ᠳᠤ᠂ ᠪᠠᠭᠠᠳᠤᠷᠯᠢᠭ ᠲᠤᠤᠯᠢ᠂ ᠶᠠᠪᠠᠭᠠᠨ ᠦᠯᠢᠬᠡᠷ᠂ ᠪᠠᠭᠠᠳᠤᠷᠯᠢᠭ ᠦᠯᠢᠬᠡᠷ᠂ ᠠᠷᠠᠳ᠎ᠤᠨ ᠲᠠᠭᠤᠤ᠂ ᠬᠤᠯᠪᠤᠭ᠎ᠠ ᠪᠠ ᠦᠯᠢᠬᠡᠷᠳᠦ ᠲᠠᠭᠤᠤ ᠵᠡᠷᠬᠡ ᠮᠠᠰᠢ ᠤᠯᠠᠨ ᠬᠤᠪᠤᠷ ᠴᠤᠬᠠᠭ ᠮᠠᠲ᠋ᠧᠷᠢᠶᠠᠯ᠎ᠤᠳ ᠪᠤᠢ᠃ ᠤᠨᠴᠠᠯᠠᠨ ᠲᠤᠷᠠᠳᠭᠤ᠎ᠠᠴᠠ᠂ ᠠᠯᠳᠠᠷᠳᠦ ᠬᠤᠭᠤᠷᠴᠢ ᠫᠠᠵᠠᠢ᠎ᠶ᠋ᠢᠨ ᠲᠤᠤᠯᠢ᠎ᠶ᠋ᠢᠨ ᠬᠡᠯᠪᠡᠷᠢ᠎ᠪᠠᠷ ᠬᠠᠢᠯᠠᠬ᠍ᠰᠠᠨ 《ᠬᠡᠰᠡᠷ᠎ᠤᠨ ᠲᠤᠭᠤᠵᠢ》 80 ᠱᠢᠬᠠᠮ ᠴᠠᠬ᠎ᠢ ᠡᠵᠡᠯᠡᠵᠦ᠍ ᠪᠤᠢ᠃ ᠬᠦᠮᠦᠰ ᠫᠠᠵᠠᠢ᠎ᠶ᠋ᠢ ᠵᠠᠩᠭᠠᠷ ᠬᠠᠢᠯᠠᠬ᠍ᠰᠠᠨ ᠬᠡᠵᠤ ᠶᠡᠷᠢᠳᠠᠬ ᠪᠤᠯᠪᠠᠴᠦ᠍ ᠰᠤᠨᠤᠰᠤᠭ᠍ᠰᠠᠨ ᠬᠦᠮᠦᠨ ᠮᠠᠰᠢ ᠴᠦᠬᠡᠨ᠃ ᠲᠤᠰ ᠤᠳᠠᠭ᠎ᠠ᠎ᠶ᠋ᠢᠨ ᠱᠢᠩᠬᠡᠬᠡᠯᠳᠡ᠎ᠳᠤ ᠪᠠᠰᠠ ᠲᠡᠬᠦᠨ᠎ᠤ ᠬᠠᠢᠯᠠᠬ᠍ᠰᠠᠨ ᠵᠠᠩᠭᠠᠷ ᠪᠤᠢ᠃ ᠵᠢᠴᠢ ᠫᠠᠵᠠᠢ᠎ᠶ᠋ᠢᠨ ᠦᠪᠡᠷ᠎ᠢᠶᠠᠨ ᠵᠤᠬᠢᠶᠠᠵᠦ᠍ ᠬᠡᠯᠡᠭ᠌ᠰᠡᠨ 《ᠬᠦᠷᠡᠯᠪᠠᠭᠠᠳᠤᠷ》 ᠬᠡᠬᠦ᠌ ᠬᠤᠪᠢᠰᠭᠠᠯ᠎ᠤᠨ ᠰᠡᠳᠦᠪᠳᠦ ᠨᠠᠢᠷᠠᠭ᠍ᠯᠠᠯ ᠪᠤᠢ᠃ ᠮᠡᠳᠡᠬᠡᠵᠢ᠂ ᠮᠤᠩᠭᠤᠯ ᠤᠷᠤᠨ᠎ᠳᠤ ᠤᠯᠠᠮᠵᠢᠯᠠᠬ᠍ᠳᠠᠬ᠍ᠰᠠᠨ ᠬᠤᠭᠤᠷ᠎ᠤᠨ ᠦᠯᠢᠬᠡᠷ᠎ᠤᠨ ᠤᠯᠠᠩᠬᠢ᠎ᠨᠢ ᠬᠢᠳᠡᠳ ᠤᠷᠤᠨ᠎ᠤ ᠪᠧᠨᠰᠡᠨ ᠦᠯᠢᠬᠡᠷ᠎ᠢᠶᠠᠷ ᠭᠤᠤᠯᠯᠠᠳᠠᠭ᠂ ᠬᠡᠪᠡᠴᠦ᠍ ᠮᠤᠩᠭᠤᠯᠴᠤᠳ ᠪᠠᠰᠠ ᠦᠪᠡᠷ᠎ᠤᠨ ᠠᠮᠢᠳᠤᠷᠠᠯ᠎ᠢᠶᠠᠷ ᠰᠡᠳᠦᠪᠯᠡᠭ᠌ᠰᠡᠨ ᠤᠯᠠᠨ ᠰᠤᠩᠭᠤᠳᠠᠭ ᠦᠯᠢᠬᠡᠷ᠎ᠢ ᠵᠤᠬᠢᠶᠠᠵᠦ᠍ ᠬᠡᠯᠡᠵᠦ᠍ ᠪᠠᠢᠬ᠍ᠰᠠᠨ᠎ᠤ ᠨᠢᠬᠡᠨ ᠱᠢᠯᠢᠳᠡᠭ ᠵᠢᠱ᠌ᠢᠶ᠎ᠠ ᠪᠤᠯᠬᠤ ᠦᠰᠭᠦᠪᠤᠶᠠᠨ᠎ᠤ 《ᠪᠤᠶᠠᠨᠳᠤᠬᠤᠢ᠎ᠶ᠋ᠢᠨ ᠲᠡᠮᠡᠴᠡᠯ》 ᠬᠡᠬᠦ᠌ ᠦᠯᠢᠬᠡᠷ ᠪᠠᠰᠠ ᠪᠦᠷᠢᠨ ᠪᠦᠳᠦᠨ᠎ᠢᠶᠠᠷ ᠦᠯᠡᠳᠡᠭ᠌ᠰᠡᠨ ᠪᠠᠢᠨ᠎ᠠ᠃ ᠡᠬᠦᠨ᠎ᠠᠴᠠ ᠭᠠᠳᠠᠨ᠎ᠠ᠂ ᠮᠤᠩᠭᠤᠯ ᠬᠡᠯᠡ ᠰᠤᠶᠤᠯ᠎ᠤᠨ ᠪᠠᠶᠠᠯᠢᠭ᠎ᠢ ᠭᠠᠢᠬᠠᠭᠤᠯᠤᠬ᠍ᠰᠠᠨ ᠬᠤᠷᠢᠮ᠎ᠤᠨ ᠬᠤᠯᠪᠣᠭ᠎ᠠ᠂ 《ᠬᠢᠯᠪᠡᠷ ᠵᠤᠤ᠎ᠶ᠋ᠢᠨ ᠮᠠᠭ᠍ᠲᠠᠭᠠᠯ》 ᠵᠡᠷᠭᠡ ᠥᠩᠭᠡᠷᠡᠭ᠌ᠰᠡᠨ᠎ᠳᠤ ᠨᠡᠢᠳᠡᠯᠡᠭ᠌ᠳᠡᠭᠡ ᠦᠬᠡᠢ ᠪᠤᠶᠤ ᠪᠦᠷᠢᠨ ᠪᠦᠳᠦᠨ᠎ᠢᠶᠠᠷ ᠨᠡᠢᠳᠡᠯᠡᠭ᠌ᠳᠡᠭᠡ ᠦᠭᠡᠢ ᠮᠠᠰᠢ ᠤᠯᠠᠨ ᠬᠤᠪᠤᠷ ᠴᠤᠬᠠᠬ ᠮᠠᠲ᠋ᠧᠷᠢᠶᠠᠯ᠎ᠤᠳ ᠪᠤᠢ ᠬᠡᠵᠦ᠍ ᠲᠤᠰ ᠠᠵᠢᠯ᠎ᠢ ᠰᠡᠳᠦᠵᠦ᠍ ᠬᠢᠭ᠌ᠰᠡᠨ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠰᠤᠳᠤᠯᠤᠭᠠᠴᠢ ᠪᠦᠬᠡᠴᠢᠯᠠᠭᠤ ᠶᠠᠷᠢᠨ᠎ᠠ᠃

ᠬᠡᠪᠡᠴᠦ᠍᠂ ᠬᠡᠳᠦᠨ ᠦᠶ᠎ᠠ᠎ᠶ᠋ᠢᠨ ᠠᠬᠠᠮᠠᠳ ᠡᠷᠳᠡᠮᠳᠡᠳ᠎ᠤᠨ ᠵᠤᠪᠠᠨ ᠵᠦᠳᠡᠨ ᠱᠢᠩᠬᠡᠬᠡᠨ ᠴᠤᠭ᠍ᠯᠠᠭᠤᠯᠤᠬ᠍ᠰᠠᠨ ᠡᠳᠡᠬᠡᠷ ᠬᠠᠭᠤᠴᠢᠨ ᠬᠡᠯᠪᠡᠷᠢ᠎ᠶ᠋ᠢᠨ ᠰᠤᠷᠢᠨᠵᠢᠨ ᠪᠦᠰᠡ᠎ᠶ᠋ᠢᠨ ᠬᠠᠳᠠᠭᠠᠯᠠᠬ᠍ᠰᠠᠨ ᠴᠠᠭ᠎ᠨᠢ ᠤᠷᠲᠤ᠌᠂ ᠬᠠᠳᠠᠭᠠᠯᠠᠬ᠍ᠰᠠᠨ ᠨᠥᠬᠦᠴᠡᠯ᠎ᠨᠢ ᠠᠨᠠᠢ᠂ ᠤᠨᠴᠠᠭᠠᠢᠯᠠᠨ ᠤᠳᠦ ᠴᠠᠬ᠎ᠤᠨ ᠮᠠᠱᠢᠨ ᠲᠡᠬᠡᠷ᠎ᠠ ᠰᠤᠨᠤᠰᠴᠦ᠍ ᠠᠱᠢᠬ᠍ᠯᠠᠬᠤ᠎ᠶ᠋ᠢᠨ ᠠᠷᠭ᠎ᠠ ᠦᠬᠡᠢ ᠪᠤᠯᠤᠬ᠍ᠰᠠᠨ᠎ᠠᠴᠠ ᠠᠪᠤᠷᠠᠨ ᠬᠠᠮᠠᠭᠠᠯᠠᠬᠤ ᠠᠵᠢᠯ ᠮᠠᠰᠢ ᠲᠤᠯᠭᠠᠮ ᠪᠠᠢᠵᠠᠢ᠃ ᠵᠤᠯ᠎ᠢᠶᠠᠷ᠂ ᠡᠨᠡ ᠬᠦ᠌ ᠠᠵᠢᠯ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠤᠨ ᠰᠠᠩ᠎ᠤᠨ ᠲᠠᠮᠵᠢᠯᠬᠡ᠎ᠶ᠋ᠢ ᠬᠦᠷᠳᠡᠵᠦ᠍᠂ ᠬᠤᠪᠣᠷ ᠨᠠᠨᠳᠢᠨ ᠠᠷᠠᠳ᠎ᠤᠨ ᠰᠤᠶᠤᠯ ᠤᠷᠠᠯᠢᠭ᠎ᠤᠨ ᠳᠠᠭᠤ ᠱᠢᠩᠬᠡᠬᠡᠯᠳᠡ᠎ᠶ᠋ᠢᠨ ᠮᠠᠲ᠋ᠧᠷᠢᠶᠠᠯ ᠦᠷᠬᠡᠨ ᠤᠯᠠᠨ᠎ᠤ ᠰᠤᠨᠤᠷ᠎ᠲᠤ ᠬᠦᠷᠬᠦ᠌ ᠪᠤᠯᠤᠮᠵᠢ᠎ᠲᠠᠢ ᠪᠤᠯᠤᠬ᠍ᠰᠠᠨ ᠪᠠᠢᠯ᠎ᠠ᠃

ᠬᠠᠭᠤᠴᠢᠨ ᠰᠤᠷᠢᠨᠵᠢᠨ ᠪᠦᠰᠡ᠎ᠶ᠋ᠢ ᠰᠡᠯᠪᠢᠨ ᠰᠡᠷᠬᠦᠬᠡᠬᠦ᠌ ᠬᠡᠵᠦ᠍ ᠪᠠᠰᠠ ᠮᠠᠰᠢ ᠦᠨᠳᠦᠷ ᠲᠦᠪᠱᠢᠨ᠎ᠤ ᠮᠡᠷᠬᠡᠵᠢᠯ᠎ᠤᠨ ᠠᠵᠢᠯ ᠪᠠᠢᠯ᠎ᠠ᠃ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠤᠨ ᠰᠠᠩ᠎ᠤᠨ᠎ᠬᠢᠨ ᠬᠠᠭᠤᠴᠢᠨ ᠰᠤᠷᠢᠨᠵᠢᠨ ᠪᠦᠰᠡ᠎ᠶ᠋ᠢ ᠹᠢᠽᠢᠺ᠎ᠤᠨ ᠠᠷᠭ᠎ᠠ᠎ᠪᠠᠷ ᠤᠬᠢᠶᠠᠨ ᠴᠡᠪᠡᠷᠯᠡᠬᠦ᠂ ᠲᠠᠰᠤᠷᠠᠬ᠍ᠰᠠᠨ ᠬᠡᠰᠡᠭ᠎ᠢ ᠵᠠᠯᠭᠠᠬᠤ᠂ ᠲᠤᠭᠠᠴᠢᠯᠠᠭᠤᠯᠤᠨ ᠡᠮᠬᠢᠳᠭᠡᠵᠦ᠍ ᠲᠠᠭᠤ ᠱᠢᠩᠬᠡᠬᠡᠯᠳᠡ᠎ᠶ᠋ᠢᠨ ᠬᠡᠯᠪᠡᠷᠢ᠎ᠶ᠋ᠢ ᠬᠤᠪᠢᠷᠠᠭᠤᠯᠬᠤ᠂ ᠲᠠᠭᠤ᠎ᠨᠢ ᠪᠠᠯᠠᠷᠬᠠᠢ ᠲᠤᠳᠤᠷᠬᠠᠢ ᠦᠬᠡᠢ ᠪᠤᠯᠤᠬ᠍ᠰᠠᠨ ᠬᠡᠰᠡᠭ᠎ᠢ ᠵᠦᠬᠡᠯᠡᠨ ᠲᠤᠨᠤᠭ᠎ᠢᠶᠠᠷ ᠰᠡᠷᠬᠦᠬᠡᠬᠦ᠂ ᠰᠡᠷᠬᠦᠬᠡᠭ᠌ᠰᠡᠨ ᠮᠠᠲ᠋ᠧᠷᠢᠶᠠᠯ᠎ᠳᠠᠭᠠᠨ ᠭᠠᠷᠴᠠᠭ ᠵᠡᠬᠦᠯᠳᠡ ᠬᠠᠳᠠᠬᠤ ᠵᠡᠷᠬᠡ ᠮᠠᠰᠢ ᠨᠠᠷᠢᠯᠢᠭ ᠪᠤᠳᠤᠯᠢᠶᠠᠨᠳᠠᠢ ᠮᠡᠷᠬᠡᠵᠢᠯ᠎ᠤᠨ ᠠᠷᠭ᠎ᠠ᠎ᠪᠠᠷ ᠡᠳᠡᠬᠡᠷ ᠡᠪᠳᠡᠭ᠌ᠳᠡᠮᠡᠷ ᠪᠣᠯᠤᠭ᠍ᠰᠠᠨ ᠬᠤᠪᠣᠷ ᠨᠠᠨᠳᠢᠨ ᠲᠠᠭᠤ ᠱᠢᠩᠬᠡᠬᠡᠯᠳᠡ᠎ᠶ᠋ᠢᠨ ᠮᠠᠲᠧᠷᠢᠶᠠᠯ᠎ᠢ ᠴᠠᠭ ᠲᠤᠬᠠᠢ᠎ᠳᠤᠨᠢ ᠠᠪᠤᠷᠠᠨ ᠰᠡᠷᠬᠦᠬᠡᠭ᠌ᠰᠡᠨ ᠪᠠᠢᠨ᠎ᠠ᠃ 《ᠲᠠᠩᠰᠠ ᠡᠪᠬᠡᠮᠡᠯ᠎ᠤᠨ ᠰᠠᠩ ᠪᠤᠯ ᠲᠠᠩᠰᠡ ᠡᠪᠬᠡᠮᠡᠯ᠎ᠢ ᠤᠷᠳᠦ ᠬᠤᠭᠤᠴᠠᠭ᠎ᠠ᠎ᠪᠠᠷ ᠬᠠᠳᠠᠭᠠᠯᠠᠬᠤ ᠤᠯᠤᠰ᠎ᠤᠨ ᠪᠠᠢᠭᠤᠯᠤᠮᠵᠢ ᠮᠦᠨ᠃ ᠪᠢᠳᠡᠨ᠎ᠤ ᠤᠳᠦ᠎ᠶ᠋ᠢᠨ ᠰᠡᠷᠬᠦᠬᠡᠨ ᠲᠤᠭᠠᠴᠢᠯᠠᠭᠤᠯᠤᠬ᠍ᠰᠠᠨ ᠡᠳᠡᠬᠡᠷ ᠲᠠᠭᠤ ᠱᠢᠩᠬᠡᠬᠡᠯᠳᠡ᠎ᠶ᠋ᠢᠨ ᠮᠠᠲ᠋ᠧᠷᠢᠶᠠᠯ᠎ᠢ ᠺᠤᠮᠫᠢᠥ᠋ᠲᠧᠷ᠂ ᠭᠠᠷ ᠤᠳᠠᠰᠦ᠎ᠪᠠᠷ ᠱᠢᠭᠤᠳ ᠰᠤᠨᠤᠰᠴᠦ᠍ ᠲᠡᠢᠯᠦᠨ᠎ᠠ᠂ ᠰᠦᠯᠵᠢᠶ᠎ᠠ᠎ᠪᠠᠷ ᠲᠠᠮᠵᠢᠭᠤᠯᠵᠦ᠍ ᠲᠡᠢᠯᠦᠨ᠎ᠠ᠃ ᠤᠳᠤ ᠴᠠᠬ᠎ᠲᠤ ᠠᠱᠢᠬ᠍ᠯᠠᠬᠤ᠎ᠳᠤ ᠮᠠᠰᠢ ᠲᠦᠬᠦᠮ ᠪᠤᠯᠤᠬ᠍ᠰᠠᠨ ᠪᠦᠬᠡᠳ ᠡᠳᠡᠬᠡᠷ ᠬᠤᠪᠤᠷ ᠴᠤᠬᠠᠭ ᠮᠤᠩᠭᠤᠯ ᠰᠤᠶᠤᠯ᠎ᠤᠨ ᠦᠪ᠎ᠢ ᠤᠷᠳᠦ ᠬᠤᠭᠤᠴᠠᠭ᠎ᠠ᠎ᠪᠠᠷ᠂ ᠠᠮᠦᠷ ᠲᠦᠪᠱᠢᠨ᠎ᠢᠶᠠᠷ ᠬᠠᠳᠠᠭᠠᠯᠠᠬᠤ᠎ᠳᠤ ᠪᠦᠷ ᠠᠱᠢᠬ᠍ᠳᠠᠢ》 ᠬᠡᠵᠦ᠍ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠤᠨ ᠰᠠᠩ᠎ᠤᠨ ᠴᠤᠭ᠍ᠯᠠᠭᠤᠯᠤᠨ ᠡᠮᠬᠢᠳᠭᠡᠬᠦ᠌ ᠬᠡᠯᠳᠡᠰ᠎ᠤᠨ ᠡᠷᠬᠢᠯᠡᠭ᠌ᠴᠢ ᠮᠦᠷᠡᠨ ᠰᠤᠷᠪᠤᠯᠵᠢᠯᠬᠠᠴᠢ᠎ᠳᠤ ᠶᠠᠷᠢᠬᠤ᠎ᠳᠠᠭᠠᠨ ᠤᠷᠮ᠎ᠠ᠎ᠲᠠᠢ ᠪᠠᠢᠯ᠎ᠠ᠃

ᠠᠷᠠᠳ᠎ᠤᠨ ᠰᠤᠶᠤᠯ ᠤᠷᠠᠯᠢᠭ᠎ᠤᠨ ᠳᠠᠭᠤ ᠱᠢᠩᠬᠡᠬᠡᠯᠳᠡ᠎ᠶ᠋ᠢᠨ ᠤᠤᠯ ᠡᠬᠢ᠎ᠶ᠋ᠢ ᠬᠠᠳᠠᠭᠠᠯᠠᠨ ᠬᠠᠮᠠᠭᠠᠯᠠᠵᠦ᠍᠂ ᠰᠤᠳᠤᠯᠭᠠᠨ᠎ᠳᠤ ᠠᠱᠢᠭ᠍ᠯᠠᠬᠤ᠎ᠨᠢ ᠮᠠᠰᠢ ᠴᠢᠬᠤᠯᠠ ᠠᠯᠤᠰ ᠬᠡᠳᠦ᠎ᠶ᠋ᠢᠨ ᠠᠴᠢ ᠬᠤᠯᠪᠤᠭ᠍ᠳᠠᠯ᠎ᠲᠠᠢ ᠪᠢᠯᠡ᠃ 《ᠶᠠᠭᠤᠨ᠎ᠤ ᠤᠷᠢᠳ᠂ ᠲᠡᠬᠡᠷ᠎ᠠ ᠵᠠᠭᠤᠨ᠎ᠤ ᠵᠢᠷᠠ ᠲᠠᠯᠠᠭᠠᠳ ᠤᠨ᠎ᠳᠤ᠂ ᠡᠷᠳᠡᠨ᠎ᠤ ᠠᠷᠠᠳ᠎ᠤᠨ ᠠᠮᠠᠨ ᠵᠤᠬᠢᠶᠠᠯ᠂ ᠠᠮᠠᠨ ᠦᠯᠢᠬᠡᠷ᠎ᠢ ᠲᠡᠮᠳᠡᠭ᠌ᠯᠡᠨ ᠱᠢᠩᠬᠡᠭᠡᠭ᠌ᠰᠡᠨ ᠴᠤ᠌ ᠴᠠᠭᠠᠰᠦ᠂ ᠮᠡᠷᠬᠡᠵᠢᠯ ᠵᠡᠷᠬᠡ ᠤᠯᠠᠨ ᠲᠠᠯ᠎ᠠ᠎ᠶ᠋ᠢᠨ ᠬᠢᠵᠠᠭᠠᠷᠯᠠᠯ᠎ᠠᠴᠠ ᠪᠤᠯᠵᠦ᠍ ᠪᠦᠬᠦ᠌ ᠠᠭᠤᠯᠭ᠎ᠠ᠎ᠶ᠋ᠢ ᠪᠦᠷᠢᠨ᠎ᠢᠶᠠᠷ ᠨᠡᠢᠳᠡᠯᠡᠬᠦ᠌ ᠪᠤᠯᠤᠮᠵᠢ ᠦᠬᠡᠢ ᠪᠠᠢᠳᠠᠬ᠃ ᠵᠢᠴᠢ ᠴᠠᠬ ᠨᠡᠢᠬᠡᠮ᠎ᠤᠨ ᠪᠠᠢᠳᠠᠯ᠎ᠳᠤ ᠨᠠᠢᠴᠡᠬᠦᠯᠬᠦ᠌᠎ᠶ᠋ᠢᠨ ᠲᠤᠯᠠᠳᠠ ᠶᠡᠭᠡ ᠬᠡᠮᠵᠢᠶ᠎ᠠ᠎ᠪᠠᠷ ᠵᠠᠰᠠᠵᠦ᠍ ᠨᠠᠢᠷᠠᠭᠤᠯᠳᠠᠭ᠎ᠠᠴᠠ ᠤᠬ ᠱᠢᠩᠬᠡᠬᠡᠯᠳᠡ᠎ᠶ᠋ᠢᠨ ᠮᠠᠲ᠋ᠧᠷᠢᠶᠠᠯ᠎ᠯᠤᠭ᠎ᠠ ᠨᠡᠯᠢᠶᠡᠳ ᠵᠦᠷᠢᠶ᠎ᠠ᠎ᠲᠠᠢ ᠪᠤᠯᠤᠬ᠍ᠰᠠᠨ ᠪᠠᠢᠳᠠᠭ᠃ ᠡᠢᠮᠦ᠎ᠠᠴᠠ᠂ ᠤᠭ ᠡᠬᠢ᠎ᠶ᠋ᠢ ᠰᠤᠨᠤᠰᠴᠦ᠍ ᠠᠱᠢᠬ᠍ᠯᠠᠬᠤ ᠪᠤᠯ ᠡᠷᠳᠡᠮ ᠱᠢᠨᠵᠢᠯᠡᠬᠡᠨ᠎ᠤ ᠴᠢᠬᠤᠯᠠ ᠨᠢᠬᠡᠨ ᠭᠤᠭ᠍ᠴᠤᠭ᠎ᠠ ᠪᠤᠯᠤᠨ᠎ᠠ᠃ ᠡᠢᠮᠦᠷᠬᠦᠦ ᠲᠤᠭᠠᠴᠢᠯᠠᠭᠤᠯᠬᠤ ᠴᠢᠬᠤᠯᠠᠳᠠᠢ ᠬᠤᠪᠤᠷ ᠴᠤᠬᠠᠭ ᠲᠠᠭᠤ ᠱᠢᠩᠬᠡᠬᠡᠯᠳᠡ᠎ᠶ᠋ᠢᠨ ᠮᠠᠲᠧᠷᠢᠶᠠᠯ ᠪᠠᠰᠠ ᠤᠯᠠᠨ ᠪᠤᠢ》 ᠬᠡᠵᠦ᠍ ᠰᠤᠳᠤᠯᠤᠭᠠᠴᠢ ᠪᠦᠬᠡᠪᠠᠭᠠᠳᠤᠷ᠎ᠠᠴᠠ ᠳᠠᠭᠤ ᠱᠢᠩᠬᠡᠬᠡᠯᠳᠡ᠎ᠶ᠋ᠢᠨ ᠤᠤᠯ ᠡᠬᠢ᠎ᠶ᠋ᠢ ᠬᠠᠳᠠᠭᠠᠯᠠᠨ ᠬᠠᠮᠠᠭᠠᠯᠠᠬᠤ᠎ᠶ᠋ᠢᠨ ᠴᠢᠬᠤᠯᠠ ᠴᠢᠨᠡᠷ᠎ᠢ ᠶᠠᠷᠢᠬ᠍ᠰᠠᠨ ᠪᠤᠯ᠂ 《ᠬᠡᠯᠡ ᠰᠤᠳᠤᠯᠤᠯ᠎ᠤᠨ ᠬᠤᠪᠢ᠎ᠳᠤ ᠡᠳᠡᠬᠡᠷ ᠤᠳᠭ᠎ᠠ ᠵᠤᠬᠢᠶᠠᠯ᠂ ᠠᠷᠠᠳ᠎ᠤᠨ ᠠᠮᠠᠨ ᠮᠠᠲ᠋ᠧᠷᠢᠶᠠᠯ᠎ᠤᠳ᠎ᠨᠢ ᠮᠠᠰᠢ ᠬᠤᠪᠤᠷ ᠴᠤᠬᠠᠭ᠂ ᠲᠡᠳᠡᠭᠡᠷ᠎ᠨᠢ ᠲᠤᠬᠠᠢ᠎ᠶ᠋ᠢᠨ ᠴᠠᠬ᠎ᠤᠨ ᠬᠦᠮᠤᠰ᠎ᠤᠨ ᠬᠡᠯᠡ ᠶᠡᠷᠢᠶ᠎ᠠ᠂ ᠠᠮᠠᠨ ᠠᠶᠠᠯᠭᠤ᠎ᠶ᠋ᠢ ᠰᠤᠳᠤᠯᠬᠤ᠎ᠳᠤ ᠮᠠᠰᠢ ᠴᠢᠬᠤᠯᠠ ᠦᠨ᠎ᠠ ᠦᠷᠳᠡᠭ᠎ᠲᠠᠢ᠃ ᠲᠤᠰ ᠤᠳᠠᠭ᠎ᠠ᠎ᠶ᠋ᠢᠨ ᠰᠡᠯᠪᠢᠨ ᠰᠡᠷᠬᠦᠭᠡᠭ᠌ᠰᠡᠨ ᠪᠠᠭᠠᠳᠤᠷᠯᠢᠭ ᠲᠤᠤᠯᠢ᠎ᠠᠴᠠ ᠦᠭ᠌ᠰᠦᠬᠦᠯᠦᠭᠡᠳ ᠤᠷᠴᠢᠨ ᠦᠶ᠎ᠠ᠎ᠶ᠋ᠢᠨ ᠨᠠᠢᠬᠡᠮ ᠠᠬᠤᠢ᠎ᠶ᠋ᠢ ᠲᠤᠰᠭᠠᠬ᠍ᠰᠠᠨ ᠬᠤᠪᠢᠰᠭᠠᠯ᠎ᠤᠨ ᠲᠠᠭᠤᠤ ᠬᠦᠷᠳᠡᠯᠡᠬᠢ ᠡᠷᠳᠡ ᠪᠠ ᠤᠳᠦ ᠦᠶ᠎ᠠ᠎ᠶ᠋ᠢ ᠬᠠᠮᠤᠷᠤᠬ᠍ᠰᠠᠨ ᠬᠤᠪᠤᠷ ᠴᠤᠬᠠᠭ ᠮᠠᠲᠧᠷᠢᠶᠠᠯ᠎ᠤᠳ᠎ᠨᠢ ᠡᠷᠳᠡᠮ ᠱᠢᠨᠵᠢᠯᠡᠬᠡᠨ᠎ᠤ᠎ᠬᠢᠨ᠎ᠳᠤ ᠠᠱᠢᠬ᠍ᠯᠠᠬ᠍ᠳᠠᠨ᠂ ᠱᠢᠨ᠎ᠠ ᠰᠤᠳᠤᠯᠭᠠᠨ᠎ᠤ ᠦᠷ᠎ᠠ ᠪᠦᠳᠦᠬᠡᠯ ᠤᠯᠬᠤ᠎ᠨᠢ ᠯᠠᠪᠳᠠᠢ》 ᠬᠡᠵᠦ᠍ ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠵᠠᠯᠠᠭᠤ ᠰᠤᠳᠤᠯᠤᠭᠠᠴᠢ ᠱᠦ᠍ ᠯᠢᠨ ᠲᠤᠭ᠍ᠳᠤᠯᠤᠨ ᠶᠡᠷᠢᠵᠦ᠍ ᠪᠠᠢᠯ᠎ᠠ᠃

ᠡᠳᠡᠬᠡᠷ ᠬᠤᠪᠣᠷ ᠨᠠᠨᠳᠢᠨ ᠠᠷᠠᠳ᠎ᠤᠨ ᠰᠤᠶᠤᠯ ᠤᠷᠠᠯᠢᠭ᠎ᠤᠨ ᠳᠠᠭᠤ ᠱᠢᠩᠬᠡᠬᠡᠯᠳᠡ᠎ᠶ᠋ᠢᠨ ᠮᠠᠲ᠋ᠧᠷᠢᠶᠠᠯ᠎ᠢ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠤᠨ ᠰᠠᠩ᠎ᠳᠤ ᠲᠤᠭᠠᠴᠢᠯᠠᠭᠤᠯᠤᠨ ᠬᠠᠳᠠᠭᠠᠯᠠᠬ᠍ᠰᠠᠨ᠎ᠨᠢ ᠮᠠᠲ᠋ᠧᠷᠢᠶᠠᠯ᠎ᠤᠨ ᠠᠮᠤᠷ ᠲᠦᠪᠱᠢᠨ᠎ᠳᠤ ᠠᠱᠢᠭ᠍ᠲᠠᠶ ᠪᠦᠬᠡᠳ ᠨᠡᠢᠭᠡᠮ ᠨᠡᠢᠲᠡ᠎ᠶ᠋ᠢᠨ ᠬᠤᠪᠢᠶᠠᠯᠴᠠᠨ ᠠᠱᠢᠬ᠍ᠯᠠᠬᠤ᠎ᠳᠤ ᠠᠱᠢᠬ᠍ᠳᠠᠢ ᠪᠠᠢᠵᠦ᠍᠂ ᠠᠷᠠᠳ᠎ᠤᠨ ᠰᠤᠶᠤᠯ ᠤᠷᠠᠯᠢᠭ᠎ᠤᠨ ᠡᠬᠢ ᠪᠠᠶᠠᠯᠢᠭ᠎ᠢ ᠬᠠᠮᠠᠭᠠᠯᠠᠨ ᠬᠠᠳᠠᠭᠠᠯᠠᠬᠤ ᠠᠵᠢᠯ᠎ᠤᠨ ᠱᠢᠨ᠎ᠡ ᠨᠢᠭᠡᠨ ᠠᠮᠵᠢᠯᠳᠠ᠎ᠶ᠋ᠢ ᠡᠬᠦᠳᠦᠭ᠌ᠰᠡᠨ ᠪᠠᠢᠨ᠎ᠠ᠃ ᠵᠢᠴᠢ ᠳᠠᠭᠤ ᠱᠢᠩᠬᠡᠬᠡᠯᠳᠡ᠎ᠶ᠋ᠢᠨ ᠮᠠᠲ᠋ᠧᠷᠢᠶᠠᠯ᠎ᠤᠨ ᠤᠤᠯ ᠡᠬᠢ᠎ᠶ᠋ᠢ ᠦᠪᠦᠷ ᠮᠤᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠤᠳᠭ᠎ᠠ ᠵᠣᠬᠢᠶᠠᠯ ᠰᠤᠳᠤᠯᠬᠤ ᠭᠠᠵᠠᠷ᠎ᠤᠨ ᠠᠷᠠᠳ᠎ᠤᠨ ᠰᠣᠶᠣᠯ᠎ᠤᠨ ᠮᠠᠲ᠋ᠧᠷᠢᠶᠠᠯ᠎ᠤᠨ ᠲᠠᠰᠤᠭ᠎ᠲᠤ ᠬᠠᠳᠠᠭᠠᠯᠠᠬᠤ ᠪᠦᠬᠡᠳ ᠲᠠᠷᠠᠭᠠᠴᠢ᠎ᠪᠠᠷ ᠲᠤᠰᠭᠠᠶ ᠮᠡᠷᠭᠡᠵᠢᠯᠲᠡᠨ ᠡᠷᠳᠡᠮᠲᠡᠳ᠎ᠠᠴᠠ ᠭᠠᠷᠴᠠᠭ᠎ᠢ ᠨᠠᠢᠷᠠᠭᠤᠯᠬᠤ᠂ ᠦᠰᠦᠭ ᠪᠢᠴᠢᠭ᠎ᠤᠨ ᠬᠡᠯᠪᠡᠷᠢ᠎ᠪᠠᠷ ᠪᠠᠭᠤᠯᠭᠠᠬᠤ ᠪᠠ ᠬᠡᠪᠯᠡᠬᠦ᠌ ᠰᠤᠳᠤᠯᠬᠤ ᠵᠡᠷᠭᠡ ᠠᠵᠢᠯ᠎ᠢ ᠶᠠᠪᠤᠭ᠍ᠳᠠᠭᠤᠯᠵᠦ᠍᠂ ᠡᠷᠳᠡᠮ ᠱᠢᠨᠵᠢᠯᠡᠭᠡᠨ᠎ᠤ᠎ᠬᠢᠨ ᠪᠠ ᠨᠡᠢᠭᠡᠮ ᠨᠡᠢᠲᠡ᠎ᠶ᠋ᠢᠨ ᠠᠱᠢᠬ᠍ᠯᠠᠬᠤ᠎ᠳᠤ ᠨᠡᠩ ᠲᠦᠬᠦᠮ ᠪᠤᠯᠭᠠᠬᠤ ᠪᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号