ᠡᠯᠳᠡᠪ ᠠᠮᠤ᠎ᠶ᠋ᠢᠨ ᠳᠠᠷᠢᠶᠠᠨ᠎ᠤ ᠡᠯᠪᠡᠭ ᠬᠤᠷᠢᠶᠠᠯᠲᠠ
2020-10-05 09:36:31
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠰᠤᠮᠤᠨ ᠠᠭᠤᠯᠠ᠎ᠶ᠋ᠢᠨ ᠬᠤᠷᠮᠣᠶ᠎ᠲᠠᠬᠢ ᠶᠠᠳᠠᠢ᠎ᠶ᠋ᠢᠨ ᠠᠢᠯ ᠲᠣᠰᠭᠤᠨ᠎ᠤ ᠯᠤᠤᠯᠢ᠂ ᠨᠠᠷᠢᠮᠤ᠂ ᠡᠷᠳᠡᠨᠢ ᠱᠢᠰᠢ᠂ ᠱᠢᠰᠢ᠂ ᠨᠣᠬᠠᠶ᠎ᠶ᠋ᠢᠨ ᠬᠤᠱᠢᠭᠤ ᠵᠡᠷᠭᠡ ᠲᠠᠷᠢᠶ᠎ᠠ ᠦᠩᠭᠡ ᠢᠯᠭᠠᠷᠠᠭᠠᠳ᠂ ᠲᠠᠷᠢᠶᠠᠨ ᠭᠠᠵᠠᠷ᠎ᠲᠤ ᠡᠯᠪᠡᠭ ᠬᠤᠷᠢᠶᠠᠯᠲᠠ᠎ᠪᠠᠨ ᠤᠬ᠍ᠳᠤᠨ ᠶᠠᠭᠠᠷᠠᠬ᠍ᠰᠠᠨ ᠬᠦᠮᠦᠰ ᠮᠠᠰᠢ ᠶᠠᠭᠠᠷᠠᠯᠳᠠᠢ ᠠᠵᠢᠯᠯᠠᠵᠠᠭᠠᠨ᠎ᠠ᠃

《ᠡᠨᠡ ᠵᠢᠯ ᠬᠤᠷ᠎ᠠ ᠪᠣᠷᠣᠭᠠᠨ ᠰᠠᠢᠨ ᠲᠤᠯᠠ ᠨᠠᠷᠢᠮᠤ ᠵᠡᠷᠭᠡ ᠡᠯᠳᠡᠪ ᠠᠮᠤ᠎ᠶ᠋ᠢᠨ ᠮᠦ᠍ ᠪᠦᠷᠢ᠎ᠶ᠋ᠢᠨ ᠤᠨᠠᠯᠲᠠ ᠪᠦᠷ ᠮᠢᠩᠭᠠᠨ ᠵᠢᠩ ᠣᠷᠴᠢᠮ ᠬᠦᠷᠦᠨ᠎ᠠ᠂ ᠣᠳᠣ ᠤᠯᠠᠭᠠᠨ ᠨᠠᠷᠢᠮᠤ᠎ᠶ᠋ᠢᠨ ᠦᠨ᠎ᠡ ᠵᠢᠩ᠎ᠳᠡᠭᠡᠨ 2.8 ᠲᠥᠭᠦᠷᠢᠭ᠎ᠳᠤ ᠬᠦᠷᠴᠤ᠌ ᠪᠠᠢᠨ᠎ᠠ》 ᠬᠡᠵᠤ ᠱᠢᠩ ᠾᠧ ᠱᠢᠶᠠᠨ᠎ᠤ ᠱᠢᠶᠦ᠋ᠩ ᠹᠸᠡᠭ ᠲᠠᠷᠢᠶᠠᠯᠠᠩ ᠮᠠᠯ ᠠᠵᠤ ᠠᠬᠤᠶ ᠲᠠᠷᠢᠶᠠᠴᠢᠨ᠎ᠤ ᠲᠤᠰᠭᠠᠶ ᠬᠤᠷᠱᠢᠶ᠎ᠠ᠎ᠶ᠋ᠢᠨ ᠬᠡᠷᠡᠭ ᠡᠷᠬᠢᠯᠡᠭ᠌ᠴᠢᠳ᠎ᠤᠨ ᠳᠠᠷᠤᠭ᠎ᠠ ᠵᠠᠩ ᠸᠧᠨ ᡁᠢ ᠲᠠᠷᠢᠶᠠᠨ᠎ᠠᠴᠠ᠎ᠪᠠᠨ ᠢᠨᠢᠶᠡᠭ᠌ᠰᠡᠬᠡᠷ ᠭᠠᠷᠴᠦ᠍ ᠢᠷᠡᠭᠡᠳ ᠰᠤᠷᠪᠤᠯᠵᠢᠯᠠᠭ᠍ᠴᠢ᠎ᠳᠤ ᠲᠠᠨᠢᠯᠴᠠᠭᠤᠯᠤᠨ᠎ᠠ᠃

ᠶᠠᠳᠠᠢ᠎ᠶ᠋ᠢᠨ ᠠᠢᠯ ᠲᠣᠰᠭᠤᠨ ᠥᠪᠡᠷᠮᠢᠴᠡ ᠠᠭᠤᠷ ᠠᠮᠢᠰᠭᠤᠯ᠎ᠤᠨ ᠨᠥᠬᠦᠴᠡᠯ᠎ᠲᠠᠢ᠂ ᠬᠢᠷᠠᠭᠤ ᠦᠭᠡᠢ ᠬᠤᠭᠤᠴᠠᠭ᠎ᠠ᠎ᠨᠢ 120 ᠡᠳᠦᠷ᠂ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ ᠶᠡᠭᠡ᠂ ᠲᠠᠷᠢᠮᠠᠯ ᠤᠷᠭᠤᠬᠤ᠎ᠳᠤ ᠮᠠᠰᠢ ᠲᠣᠬᠢᠷᠠᠮᠵᠢᠲᠠᠶ᠃ ᠲᠤᠰ ᠲᠣᠰᠭᠤᠨ᠎ᠤ ᠵᠠᠩ ᠸᠧᠨ ᡁᠢ ᠠᠷᠪᠠᠨ ᠬᠡᠳᠦᠨ ᠵᠢᠯ ᠪᠡᠭᠡᠵᠢᠩ᠎ᠳᠤ ᠠᠵᠢᠯ ᠤᠢ᠍ᠢᠯᠡᠰ ᠡᠷᠬᠢᠯᠡᠭᠡᠳ ᠵᠤᠬᠢᠬᠤ ᠠᠮᠵᠢᠯᠲᠠ ᠣᠯᠵᠠᠢ᠃ ᠲᠡᠷᠡ ᠬᠤᠲᠠ᠎ᠶ᠋ᠢᠨ ᠬᠥᠮᠦᠰ ᠴᠢᠨᠠᠷ ᠰᠠᠢᠲᠠᠶ ᠲᠠᠷᠢᠶᠠᠯᠠᠩ᠎ᠤᠨ  ᠪᠦᠲᠦᠭᠡᠭ᠌ᠳᠡᠬᠦᠨ᠎ᠢ ᠠᠪᠤᠶ᠎ᠠ ᠬᠡᠳ ᠤᠯᠳᠠᠬᠤ ᠦᠬᠡᠢ ᠪᠠᠢᠬᠤ᠎ᠳᠤ ᠨᠤᠲᠤᠭ᠎ᠤᠨ ᠰᠠᠢᠨ ᠡᠳ᠋ ᠭᠠᠷᠤᠯᠲᠠ᠎ᠶ᠋ᠢ᠎ᠨᠢ ᠬᠠᠷᠢᠨ ᠮᠡᠳᠡᠬᠦ᠌ ᠬᠦᠮᠦᠨ ᠴᠦᠭᠡᠨ᠂ ᠲᠣᠰᠭᠤᠨ᠎ᠤ ᠠᠷᠠᠳ᠎ᠤᠨ ᠣᠷᠣᠯᠭ᠎ᠠ ᠮᠠᠰᠢ ᠳᠣᠤᠷ᠎ᠠ ᠪᠠᠢᠬᠤ᠎ᠶ᠋ᠢ ᠤᠯᠵᠤ ᠮᠡᠳᠡᠪᠡ᠃ ᠢᠡᠭ᠌ᠬᠢᠭᠡᠳ ᠵᠠᠩ ᠸᠧᠠ ᡁᠢ ᠨᠤᠲᠤᠭ᠎ᠳᠠᠭᠠᠨ ᠬᠠᠷᠢᠵᠤ ᠬᠤᠷᠱᠢᠶ᠎ᠠ ᠪᠠᠢᠭᠤᠯᠬᠤ ᠪᠣᠳᠣᠯ ᠤᠷᠤᠪᠠ᠃ ᠲᠡᠭᠡᠭᠡᠳ 2011 ᠣᠨ᠎ᠳᠤ᠂ ᠱᠢᠩ ᠾᠧ ᠱᠢᠶᠠᠨ᠎ᠤ ᠱᠢᠶᠦ᠋ᠩ ᠹᠧᠩ ᠲᠠᠷᠢᠶᠠᠯᠠᠩ ᠮᠠᠯ ᠠᠵᠤ ᠠᠬᠤᠢ ᠲᠠᠷᠢᠶᠠᠴᠢᠨ᠎ᠤ ᠲᠤᠰᠭᠠᠢ ᠬᠤᠷᠱᠢᠶ᠎ᠠ ᠶᠠᠳᠠᠢ᠎ᠶ᠋ᠢᠨ ᠠᠢᠯ ᠲᠣᠰᠭᠤᠨ᠎ᠳᠤ ᠪᠠᠢᠭᠤᠯᠤᠭ᠍ᠳᠠᠵᠤ᠂ ᠭᠤᠣᠯᠳᠠᠭᠤ ᠲᠠᠷᠢᠵᠤ ᠲᠠᠵᠢᠭᠡᠬᠦ᠌ ᠤᠢ᠍ᠢᠯᠠᠰ᠂ ᠲᠠᠷᠢᠶᠠᠯᠠᠩ᠎ᠤᠨ ᠪᠦᠲᠦᠭᠡᠭ᠌ᠳᠡᠬᠦᠨ᠎ᠢ ᠡᠳ᠋ᠱᠢᠭᠦᠯᠦᠨ ᠪᠣᠭᠤᠳᠠᠯᠯᠠᠵᠤ ᠪᠣᠷᠣᠯᠠᠭᠤᠯᠬᠤ ᠠᠵᠢᠯ᠎ᠢ ᠡᠷᠬᠢᠯᠡᠪᠡ᠃ ᠵᠢᠵᠢᠭ ᠠᠭᠤᠯᠠᠨ ᠲᠣᠰᠭᠤᠨ᠎ᠤ ᠪᠠᠢᠭᠠᠯᠢᠯᠢᠭ ᠲᠠᠷᠢᠶᠠᠯᠠᠩ᠎ᠤᠨ ᠪᠦᠲᠦᠭᠡᠭ᠌ᠳᠡᠬᠦᠨ᠎ᠢ ᠳᠡᠯᠭᠡᠷᠡᠭᠦᠯᠬᠦ᠌᠎ᠶ᠋ᠢᠨ ᠲᠥᠯᠥᠭᠡ᠂ ᠲᠤᠰ ᠬᠤᠷᠱᠢᠶ᠎ᠠ ᠲᠤᠰᠭᠠᠢᠯᠠᠨ ᠶᠠᠳᠠᠢ᠎ᠶ᠋ᠢᠨ ᠠᠢᠯ ᠲᠣᠰᠭᠤᠨ᠎ᠤ ᠨᠡᠷ᠎ᠡ᠎ᠪᠠᠨ ᠲᠠᠸᠠᠷ᠎ᠤᠨ ᠲᠡᠮᠳᠡᠭ ᠪᠣᠯᠭᠠᠨ ᠳᠠᠩᠰᠠᠯᠠᠭᠤᠯᠵᠤ᠂ 《ᠶᠠ᠎ᠲᠠᠢ ᠶᠢᠩ》 ᠭᠡᠰᠡᠨ ᠨᠡᠷ᠎ᠡ ᠠᠪᠴᠠᠶ᠃ ᠬᠡᠳᠦᠨ ᠵᠢᠯ᠎ᠤᠨ ᠬᠥᠭ᠌ᠵᠢᠯᠲᠡ᠎ᠪᠠᠷ ᠳᠠᠮᠵᠢᠨ᠂ ᠨᠢᠭᠡᠨᠲᠡ ᠲᠤᠬᠠᠶ᠎ᠶ᠋ᠢᠨ ᠭᠠᠵᠠᠷ᠎ᠤᠨ ᠲᠥᠯᠥᠭᠡᠯᠡᠬᠦ᠌ ᠴᠢᠨᠠᠷᠲᠠᠶ ᠠᠵᠤ ᠠᠬᠤᠢᠯᠠᠯ ᠪᠣᠯᠵᠤ᠂ 《ᠶᠠ᠎ᠲᠠᠢ ᠶᠢᠩ》 ᠪᠣᠳᠠᠲᠤ ᠴᠣᠭ᠍ᠴᠠ᠎ᠶ᠋ᠢᠨ 3 ᠳᠡᠯᠭᠡᠭᠦᠷ ᠪᠠᠢᠭᠤᠯᠤᠭ᠍ᠰᠠᠨ᠎ᠢᠶᠠᠷ ᠪᠠᠷᠠᠬᠤ ᠥᠬᠡᠶ ᠪᠠᠰᠠ ᠲᠤᠤ ᠪᠦᠦ᠎ᠲᠠᠬᠢ ᠬᠡᠷᠡᠭ᠌ᠯᠡᠭ᠌ᠴᠢᠳ᠎ᠤᠨ ᠶᠠᠳᠠᠭᠤ᠎ᠶ᠋ᠢ ᠲᠡᠳᠬᠦᠬᠦ᠌ ᠰᠦᠯᠵᠢᠶ᠎ᠡ ᠵᠡᠷᠭᠡ ᠣᠯᠠᠨ ᠡᠯᠧᠺᠲᠷᠣᠨ ᠬᠤᠳᠠᠯᠳᠤᠭᠠᠨ᠎ᠤ ᠲᠠᠪᠴᠠᠩ᠎ᠳᠤ ᠭᠠᠷᠤᠭ᠍ᠰᠠᠨ ᠪᠠᠢᠨ᠎ᠠ᠃ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠬᠤᠤᠰ ᠵᠠᠮ᠎ᠢᠶᠠᠷ ᠪᠣᠷᠣᠯᠠᠭᠤᠯᠬᠤ ᠵᠠᠭ᠍ᠪᠤᠷ᠎ᠢᠶᠠᠷ ᠳᠠᠮᠵᠢᠭᠤᠯᠤᠨ᠂ ᠱᠢᠩ ᠾᠧ ᠱᠢᠶᠠᠨ᠎ᠤ ᠪᠣᠬᠢᠷᠲᠤᠯ ᠦᠭᠡᠢ ᠲᠠᠷᠢᠶᠠᠯᠠᠩ᠎ᠤᠨ ᠪᠦᠲᠦᠭᠡᠭ᠌ᠳᠡᠬᠦᠨ᠎ᠢ ᠪᠦᠬᠦ᠌ ᠤᠯᠤᠰ᠎ᠲᠤ ᠪᠤᠷᠤᠯᠠᠭᠤᠯᠵᠤ ᠨᠠᠩ ᠣᠯᠠᠨ ᠬᠥᠮᠦᠨ᠎ᠳᠤ ᠲᠠᠨᠢᠭᠤᠯᠤᠨ᠂ ᠲᠠᠷᠢᠶᠠᠴᠢᠨ ᠡᠷᠦᠬᠡ᠎ᠶ᠋ᠢᠨ ᠬᠠᠮᠲᠤ᠎ᠪᠠᠷ ᠪᠠᠶᠠᠵᠢᠬᠤ᠎ᠶ᠋ᠢ ᠳᠠᠢᠴᠢᠯᠠᠪᠠ᠃ ᠨᠢᠳᠤᠨᠤᠨ᠂ ᠵᠠᠬᠢᠶᠠᠯᠠᠭ᠎ᠠ᠎ᠶ᠋ᠢᠨ ᠲᠠᠷᠢᠶᠠᠯᠠᠩ᠎ᠤᠨ ᠬᠡᠯᠪᠡᠷᠢ᠎ᠪᠠᠷ 200 ᠡᠷᠦᠬᠡ ᠭᠡᠱᠢᠭᠦᠨ᠎ᠢ ᠳᠠᠢᠴᠢᠯᠠᠵᠦ᠍᠂ ᠲᠤᠬᠠᠶ᠎ᠶ᠋ᠢᠨ ᠭᠠᠵᠠᠷ᠎ᠤᠨ ᠲᠠᠪᠤᠨ ᠲᠣᠰᠭᠤᠨ᠎ᠤ 110 ᠭᠠᠷᠤᠶ ᠶᠠᠳᠠᠭᠤ ᠬᠦᠴᠢᠷᠳᠡᠯᠲᠡᠶ ᠡᠷᠦᠬᠡ ᠵᠢᠴᠢ 100 ᠭᠠᠷᠤᠶ ᠪᠠᠢᠩᠭᠤ ᠰᠠᠭᠤᠭ᠎ᠠ ᠡᠷᠦᠬᠡ᠎ᠲᠠᠢ ᠵᠠᠬᠢᠶᠠᠯᠠᠭ᠎ᠠ᠎ᠶ᠋ᠢᠨ ᠬᠡᠷ᠎ᠠ ᠲᠣᠭ᠍ᠲᠠᠵᠤ᠂ ᠲᠣᠰᠭᠤᠨ᠎ᠤ ᠠᠷᠠᠳ᠎ᠲᠤ ᠯᠤᠤᠯᠢ᠂ ᠰᠠᠢᠨ ᠡᠭᠦᠯᠳᠡᠷ᠎ᠤᠨ ᠨᠠᠷᠢᠮᠤ᠎ᠶ᠋ᠢᠨ ᠦᠷ᠎ᠠ᠎ᠶ᠋ᠢ ᠦᠨ᠎ᠠ ᠲᠥᠯᠥᠪᠦᠷᠢ ᠦᠭᠡᠶ᠎ᠪᠠᠷ ᠬᠠᠩᠭᠠᠵᠠᠶ᠃ ᠲᠡᠷᠡᠴᠢᠯᠡᠨ ᠲᠠᠷᠢᠮᠠᠯ᠎ᠤᠨ ᠮᠡᠷᠭᠡᠵᠢᠯ᠎ᠤᠨ ᠵᠢᠯᠤᠭᠤᠳᠤᠯᠭ᠎ᠠ ᠬᠢᠵᠦ᠍᠂ ᠨᠠᠮᠤᠷ᠎ᠤᠨ ᠤᠯᠠᠷᠢᠯ᠎ᠳᠤ  ᠵᠠᠬ᠎ᠠ ᠳᠡᠯᠭᠡᠭᠦᠷ᠎ᠤᠨ ᠦᠨ᠎ᠡ᠎ᠠᠴᠠ ᠳᠡᠬᠡᠬᠦᠷ ᠦᠨ᠎ᠡ᠎ᠪᠠᠷ ᠬᠤᠳᠠᠯᠳᠤᠨ ᠠᠪᠳᠠᠭ ᠪᠤᠯᠵᠠᠢ᠃ ᠵᠠᠬᠢᠶᠠᠯᠠᠭ᠎ᠠ᠎ᠶ᠋ᠢᠨ ᠬᠡᠯᠪᠡᠷᠢ᠎ᠶ᠋ᠢᠨ ᠬᠠᠮᠲᠤᠷᠠᠯᠴᠠᠭ᠎ᠠ᠎ᠪᠠᠷ ᠳᠠᠮᠵᠢᠭᠤᠯᠤᠨ᠂ ᠲᠠᠷᠢᠶᠠᠯᠠᠩ᠎ᠤᠨ ᠪᠦᠲᠦᠭᠡᠭ᠌ᠳᠡᠬᠦᠨ᠎ᠤ ᠶᠡᠷᠦᠩᠬᠡᠶ ᠣᠷᠣᠯᠭ᠎ᠠ᠎ᠶ᠋ᠢ 36 ᠲᠦᠮᠡᠨ ᠲᠥᠭᠦᠷᠢᠭ ᠨᠡᠮᠡᠭ᠌ᠳᠡᠭᠦᠯᠵᠦ᠍᠂ ᠶᠠᠳᠠᠭᠤ ᠬᠦᠴᠢᠷᠳᠡᠯᠲᠡᠶ ᠡᠷᠦᠬᠡ᠎ᠶ᠋ᠢᠨ ᠵᠢᠯ᠎ᠤᠨ ᠳᠤᠮᠳᠠᠴᠢ ᠣᠷᠣᠯᠭ᠎ᠠ᠎ᠶ᠋ᠢ 3600 ᠲᠥᠭᠦᠷᠢᠭ ᠨᠡᠮᠡᠭ᠌ᠳᠡᠭᠦᠯᠪᠡ᠃

ᠲᠤᠰ ᠬᠤᠷᠱᠢᠶ᠎ᠠ ᠡᠨᠡ ᠵᠢᠯ ᠥᠪᠡᠷᠰᠡᠳ᠎ᠢᠶᠠᠨ ᠯᠤᠤᠯᠢ᠂ ᠨᠠᠷᠢᠮᠤ ᠪᠠ ᠡᠯᠳᠡᠪ ᠪᠤᠷᠴᠠᠭ ᠲᠠᠷᠢᠵᠠᠢ᠂ ᠵᠠᠬᠢᠶᠠᠯᠠᠭ᠎ᠠ᠎ᠶ᠋ᠢᠨ ᠬᠡᠯᠪᠡᠷᠢ᠎ᠶ᠋ᠢᠨ ᠬᠠᠮᠲᠤᠷᠠᠯᠴᠠᠭ᠎ᠠ᠎ᠪᠠᠷ ᠳᠠᠮᠵᠢᠨ᠂ ᠭᠡᠱᠢᠭᠦᠳ᠎ᠤᠨ ᠲᠠᠷᠢᠭ᠍ᠰᠠᠨ ᠲᠠᠯᠠᠪᠠᠢ 2000 ᠭᠠᠷᠤᠢ ᠮᠦ᠍᠎ᠳᠤ ᠬᠦᠷᠴᠦ᠍᠂ ᠡᠭᠦᠨ᠎ᠳᠤ ᠤᠢ᠍ᠢᠷ᠎ᠠ ᠬᠠᠪᠢ᠎ᠶ᠋ᠢᠨ ᠠᠢᠯ ᠲᠣᠰᠭᠤᠨ᠎ᠤ 500 ᠱᠢᠬᠠᠮ ᠮᠦ᠍ ᠲᠠᠷᠢᠶᠠᠨ᠎ᠳᠤ ᠨᠠᠷᠢᠮᠤ᠎ᠶ᠋ᠢᠨ ᠦᠷ᠎ᠡ᠎ᠶ᠋ᠢ ᠦᠨ᠎ᠡ ᠲᠦᠯᠦᠪᠦᠷᠢ ᠦᠭᠡᠢ᠎ᠪᠠᠷ ᠦᠭ᠌ᠪᠡ᠃ 《ᠮᠠᠨ᠎ᠤ ᠬᠤᠷᠱᠢᠶ᠎ᠠ ᠡᠯᠳᠡᠪ ᠠᠮᠤ ᠪᠣᠯᠪᠠᠰᠤᠷᠠᠭᠤᠯᠬᠤ ᠲᠠᠰᠤᠭ ᠪᠠᠢᠭᠤᠯᠤᠭ᠍ᠰᠠᠨ᠎ᠤ ᠳᠠᠷᠠᠭ᠎ᠠ᠂ ᠲᠠᠷᠢᠶᠠᠴᠢᠳ ᠠᠮᠤ ᠪᠤᠳᠠᠭ᠎ᠠ᠎ᠪᠠᠨ ᠤᠢ᠍ᠢᠷ᠎ᠠ ᠬᠠᠪᠢ᠎ᠲᠠᠭᠠᠨ ᠬᠤᠳᠠᠯᠳᠤᠵᠤ ᠲᠠᠢᠯᠬᠦ᠌ ᠪᠤᠯᠵᠤ᠂ ᠠᠮᠤ ᠪᠤᠳᠠᠭ᠎ᠠ ᠲᠠᠷᠢᠬᠤ ᠢᠳᠡᠪᠬᠢᠵᠢᠯ ᠶᠡᠭᠡ᠎ᠪᠠᠷ ᠨᠡᠮᠡᠭ᠌ᠳᠡᠵᠦ᠍᠂ ᠡᠨᠡ ᠵᠢᠯ ᠱᠢᠩ ᠾᠧ ᠱᠢᠶᠠᠨ᠎ᠤ ᠳ᠋ᠢᠶᠠᠨ ᠽᠢ ᠪᠠᠯᠭᠠᠰᠤᠨ᠎ᠳᠤ 2 ᠲᠦᠮᠡ ᠭᠠᠷᠤᠢ ᠮᠦ᠍᠎ᠶ᠋ᠢᠨ ᠯᠤᠤᠯᠢ ᠪᠠ ᠨᠠᠷᠢᠮᠤ ᠲᠠᠷᠢᠵᠠᠢ》 ᠬᠡᠵᠤ ᠵᠠᠩ ᠸᠧᠨ ᡁᠢ ᠬᠤᠷᠱᠢᠶ᠎ᠠ ᠪᠠᠢᠭᠤᠯᠤᠨ ᠲᠠᠷᠢᠶᠠᠴᠢᠳ᠎ᠤᠨ ᠤᠷᠤᠯᠭ᠎ᠠ᠎ᠶ᠋ᠢ ᠨᠡᠮᠡᠭ᠌ᠳᠡᠭᠦᠯᠵᠤ ᠪᠠᠢᠭ᠎ᠠ ᠲᠤᠷᠱᠢᠯᠭ᠎ᠠ᠎ᠪᠠᠨ ᠬᠤᠪᠢᠶᠠᠯᠴᠠᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号