《ᠰᠠᠨᠰᠠᠷ᠎ᠤᠨ ᠦᠷ᠎ᠡ》 ᠎ᠶ᠋ᠢ ᠠᠮᠢᠯᠠᠭᠤᠯᠤᠭ᠍ᠰᠠᠨ ᠮᠦᠩᠬᠡᠪᠡᠶᠡᠷ
2020-11-15 10:09:55
ᠵᠣᠬᠢᠶᠠᠭ᠍ᠴᠢ᠄
ᠡᠦ ᠬᠤᠷᠴᠠ ᠬᠠᠢ ᠯᠢ ᠶᠠᠨ
ᠣᠩᠱᠢᠭ᠍ᠰᠠᠨ ᠣᠳᠠᠭ᠎ᠠ᠄
★★★☆☆

ᠮᠦᠩᠬᠡᠪᠡᠶᠠᠷ ᠭᠤᠸᠠᠢ᠎ᠳᠤ ᠤᠮᠤᠬ᠍ᠰᠢᠮᠠᠷ ᠶᠠᠭᠤᠮ᠎ᠠ ᠮᠤᠩᠳᠠᠬᠤ ᠦᠭᠡᠢ᠃ ᠲᠡᠭᠡᠬᠦ᠌᠎ᠳᠤ ᠲᠡᠷᠡ ᠪᠦᠬᠦᠨ᠎ᠤ ᠲᠤᠳᠤᠷ᠎ᠠ ᠬᠠᠮᠤᠭ᠎ᠠᠴᠠ ᠪᠠᠭ᠍ᠠᠷᠬᠠᠯ ᠪᠤᠯᠭᠠᠳᠠᠭ᠎ᠨᠢ ᠰᠠᠨᠰᠠᠷ᠎ᠢᠶᠠᠷ ᠠᠶᠠᠯᠠᠭᠤᠯᠤᠬ᠍ᠰᠠᠨ 1 ᠭᠷᠠᠮ ᠴᠠᠭᠠᠨ ᠭᠤᠶᠤᠤ᠎ᠶ᠋ᠢᠨ ᠦᠷ᠎ᠡ᠎ᠶ᠋ᠢ ᠠᠮᠵᠢᠯᠳᠠ᠎ᠲᠠᠢ ᠲᠠᠷᠢᠵᠤ ᠪᠤᠢᠵᠢᠭᠤᠯᠤᠭᠠᠳ 15000 ᠭᠷᠠᠮ ᠦᠷ᠎ᠡ ᠬᠤᠷᠢᠶᠠᠬ᠍ᠰᠠᠨ ᠪᠦᠭᠡᠳ 400 ᠮᠦ᠍ ᠪᠤᠯᠭᠠᠵᠤ ᠬᠡᠪᠴᠢᠶᠡᠵᠢᠭᠦᠯᠦᠨ ᠲᠠᠷᠢᠬ᠍ᠰᠠᠨ ᠶᠠᠪᠤᠳᠠᠯ ᠪᠤᠯᠬᠤ ᠶᠤᠮ᠃ ᠰᠠᠨᠰᠠᠷ᠎ᠢᠶᠠᠷ ᠠᠶᠠᠯᠠᠭᠤᠯᠤᠭ᠍ᠰᠠᠨ ᠨᠢᠭᠡᠯᠬᠡᠨ ᠭᠷᠠᠮ ᠦᠷ᠎ᠡ᠎ᠶ᠋ᠢ ᠲᠡᠭ᠌ᠷᠢ ᠡᠯᠡᠰᠦ᠎ᠳᠤ ᠠᠮᠢᠯᠠᠭᠤᠯᠤᠨ ᠪᠤᠢᠵᠢᠭᠤᠯᠵᠤ ᠦᠩ ᠦᠷᠬᠡᠨ ᠠᠯᠠᠱᠠ᠎ᠳᠤ ᠦᠨᠳᠦᠰᠦ ᠬᠠᠳᠭᠤᠭᠤᠯᠵᠤ ᠦᠷᠡᠯᠡᠬᠦᠯᠦᠨ ᠰᠠᠴᠤᠭ᠍ᠰᠠᠨ ᠶᠠᠪᠤᠳᠠᠯ᠎ᠢᠶᠠᠨ ᠲᠡᠷᠡ᠄ 《ᠪᠢ ᠴᠢᠨᠢ ᠠᠵᠠ᠎ᠲᠠᠢ ᠬᠦᠮᠦᠨ᠂ ᠠᠮᠵᠢᠯᠳᠠ᠎ᠲᠠᠢ ᠬᠦᠮᠦᠨ ᠱᠢᠤ》 ᠭᠡᠵᠤ ᠦᠷᠦᠭᠡᠯ ᠪᠤᠰᠤᠳ᠎ᠲᠤ ᠶᠠᠷᠢᠳᠠᠭ ᠪᠠᠢᠪᠠ᠃ 

ᠤᠴᠢᠷ ᠶᠠᠪᠤᠳᠠᠯ᠎ᠢ ᠶᠠᠷᠢᠬᠤ᠎ᠳᠤ ᠡᠢᠮᠤ ᠪᠠᠢᠨ᠎ᠠ᠃ 2006 ᠣᠨ᠎ᠤ ᠬᠠᠪᠤᠷ᠎ᠤᠨ ᠨᠢᠭᠡᠨ ᠡᠳᠦᠷ᠂ ᠮᠥᠩᠬᠡᠪᠠᠶᠠᠷ᠎ᠤᠨ᠎ᠬᠢᠨ᠎ᠳᠤ ᠠᠢᠮᠠᠭ᠎ᠤᠨ ᠶᠠᠳᠠᠭᠤ᠎ᠶ᠋ᠢ ᠲᠡᠳᠬᠦᠬᠦ᠌ ᠨᠡᠬᠡᠬᠡᠯᠳᠡ᠎ᠶ᠋ᠢᠨ ᠠᠯᠪᠠᠨ ᠬᠡᠷ᠎ᠤᠨ ᠬᠠᠷᠢᠭᠤᠴᠠᠯᠭᠠᠳᠠᠨ ᠰᠠᠭᠠᠲᠠᠵᠤ᠂ ᠲᠡᠭᠦᠨ᠎ᠳᠤ ᠬᠡᠳᠤᠨ ᠮᠦᠬᠦᠯᠢᠭ ᠦᠷ᠎ᠡ ᠦᠭ᠌ᠬᠦᠬᠡᠳ ᠬᠤᠶᠠᠷ ᠭᠠᠷ᠎ᠢ᠎ᠨᠢ ᠴᠢᠩᠭ᠎ᠠ ᠠᠳᠭᠤᠵᠤ᠄ 《ᠲᠠ ᠴᠢᠨᠢ 13 ᠵᠢᠯ᠎ᠤᠨ ᠲᠤᠷᠰᠢ ᠨᠤᠲᠤᠭ ᠤᠰᠤᠨ᠎ᠤ᠎ᠪᠠᠨ ᠠᠮᠢ ᠠᠬᠤᠢ᠎ᠶ᠋ᠢ ᠰᠠᠢᠵᠢᠷᠠᠭᠤᠯᠵᠤ ᠬᠠᠮᠠᠭᠠᠯᠠᠬᠤ᠎ᠳᠤ ᠬᠤᠢᠰᠢ ᠦᠭᠡᠢ ᠵᠢᠳᠭᠦᠭ᠌ᠰᠡᠨ ᠬᠦᠮᠦᠨ᠃ ᠲᠠᠨ᠎ᠤ ᠲᠠᠷᠢᠭ᠍ᠰᠠᠨ ᠵᠠᠭ᠎ᠤᠨ ᠤᠷᠭᠤᠯᠲᠠ ᠰᠠᠢᠨ ᠪᠠᠢᠨ᠎ᠠ᠂ ᠵᠠᠭ ᠲᠠᠷᠢᠬᠤ ᠬᠠᠱᠢᠷ ᠲᠤᠷᠱᠢᠯᠭ᠎ᠠ᠎ᠲᠠᠢ ᠬᠡᠮᠡᠨ ᠨᠢᠭᠡᠨ ᠬᠦᠨᠲᠤ ᠡᠭᠦᠷᠭᠡ᠎ᠶ᠋ᠢ ᠲᠠᠨ᠎ᠳᠤ ᠲᠠᠭᠠᠭᠠᠯᠭᠠᠶ᠎ᠠ! ᠡᠨᠡ 1 ᠭᠷᠠᠮ ᠦᠷ᠎ᠡ᠎ᠶ᠋ᠢ ᠶᠠᠩ ᠯᠢ ᠸᠧᠢ ᠰᠠᠨᠰᠠᠷ᠎ᠢᠶᠠᠷ ᠲᠤᠭᠤᠷᠢᠭᠤᠯᠵᠤ ᠠᠪᠴᠢᠷᠠᠭ᠍ᠰᠠᠨ ᠶᠤᠮ᠂ ᠪᠦᠬᠦ᠌ ᠠᠯᠠᠱᠨ᠎ᠳᠤ ᠳᠦᠷᠪᠡᠭᠡᠨ ᠭᠷᠠᠮ ᠪᠤᠢ᠃ ᠤᠲᠤ ᠲᠠᠨ᠎ᠳᠤ 1 ᠭᠷᠡᠮ᠎ᠢ᠎ᠨᠢ ᠲᠤᠱᠢᠶᠠᠶ᠎ᠠ᠂ ᠶᠠᠭᠠᠬᠢᠭ᠍ᠰᠠᠨ ᠴᠤ᠌ ᠠᠮᠵᠢᠯᠲᠠ᠎ᠲᠠᠢ ᠰᠠᠢᠨ ᠲᠠᠷᠢᠵᠤ ᠪᠤᠢᠵᠢᠭᠤᠯᠬᠤ ᠬᠡᠷᠡᠭ᠌ᠲᠡᠢ᠂ ᠡᠰᠡ ᠲᠡᠢᠮᠦ᠍ ᠪᠤᠯ 200 ᠲᠦᠮᠡᠨ ᠲᠥᠭᠦᠷᠢᠭ᠎ᠢᠶᠠᠷ ᠲᠣᠷᠭᠠᠨ᠎ᠠ ᠱᠢᠤ》 ᠭᠡᠵᠤ ᠬᠦᠰᠡᠭ᠌ᠰᠡᠨ᠂ ᠨᠠᠢᠳᠠᠬ᠍ᠰᠠᠨ᠂ ᠠᠶᠤᠯᠭᠠᠬ᠍ᠰᠠᠨ᠂ ᠠᠷᠭᠠᠳᠠᠬ᠍ᠰᠠᠨ ᠱᠢᠤᠬᠠᠨ ᠶᠠᠷᠢᠭᠠᠳ ᠶᠠᠪᠤᠵᠠᠢ᠃ 


untitled.png


ᠠᠯᠠᠭᠠᠨ᠎ᠳᠤᠨᠢ ᠲᠠᠯᠪᠢᠬ᠍ᠳᠠᠬ᠍ᠰᠠᠨ 1 ᠭᠷᠠᠮ ᠦᠷ᠎ᠡ ᠮᠦᠩᠬᠡᠪᠠᠶᠠᠷ᠎ᠲᠤ ᠮᠢᠩᠭᠠᠨ ᠵᠢᠩ᠎ᠠᠴᠠ ᠴᠤ᠌ ᠬᠦᠨᠳᠤ ᠰᠠᠨᠠᠬ᠍ᠳᠠᠵᠠᠢ᠃ ᠰᠠᠨᠰᠠᠷ᠎ᠢᠶᠠᠷ ᠠᠶᠠᠯᠠᠭᠤᠯᠵᠤ ᠢᠷᠡᠭ᠌ᠰᠡᠨ ᠨᠠᠷᠢᠮᠤ᠎ᠶ᠋ᠢᠨ ᠮᠦᠬᠦᠯᠢᠭ ᠱᠢᠤᠬᠠᠨ ᠵᠢᠵᠢᠭ᠌ᠬᠡᠨ 1 ᠭᠷᠡᠮ ᠦᠷ᠎ᠡ᠎ᠶ᠋ᠢ ᠲᠡᠷᠡ ᠶᠠᠭᠤᠨ᠎ᠤ ᠤᠷᠢᠳ ᠬᠠᠮᠢᠭ᠎ᠠ ᠬᠠᠳᠠᠭᠠᠯᠠᠬᠤ᠎ᠪᠠᠨ ᠬᠦᠷᠳᠡᠯ᠎ᠡ ᠪᠤᠳᠤᠯᠬᠢᠯᠠᠵᠤ ᠠᠮᠵᠢᠪᠠ᠃ ᠭᠡᠭᠡᠴᠢᠬᠡᠪᠡᠯ ᠬᠠᠮᠢᠭ᠎ᠠ᠎ᠠᠴᠠ ᠤᠴᠢᠵᠤ ᠡᠷᠢᠨ᠎ᠠ ᠪᠤᠢ? ᠲᠡᠷᠡ ᠬᠡᠳᠦᠨ ᠡᠳᠦᠷ᠂ ᠮᠦᠩᠬᠡᠪᠠᠶᠠᠷ ᠶᠠᠭᠤ ᠨᠢᠭᠡ᠎ᠪᠠᠨ ᠭᠡᠭᠡᠴᠢᠬᠡᠪᠡᠤ ᠭᠡᠰᠡᠨ ᠱᠢᠭ ᠰᠠᠨᠠᠭ᠎ᠠ ᠰᠡᠳᠭᠢᠯ᠎ᠨᠢ ᠲᠤᠬ᠍ᠳᠠᠪᠤᠷᠢ ᠠᠯᠳᠠᠨ᠂ ᠬᠤᠯᠠ ᠶᠠᠪᠤᠬᠤ᠎ᠠᠴᠠ᠎ᠪᠠᠨ ᠴᠤ᠌ ᠬᠠᠯᠢᠷᠠᠵᠤ᠂ ᠡᠳᠦᠷ᠎ᠲᠤ ᠬᠡᠳᠤ ᠤᠳᠠᠭ᠎ᠠ ᠲᠡᠷᠡ ᠬᠦ᠌ 《ᠰᠠᠨᠰᠠᠷ᠎ᠤᠨ ᠦᠷ᠎ᠡ》 ᠎ᠪᠠᠨ ᠭᠠᠷᠭᠠᠨ ᠦᠵᠡᠵᠤ ᠱᠢᠨᠵᠢᠳᠡᠭ ᠪᠠᠢᠯ᠎ᠠ᠃

ᠪᠤᠳᠤᠯᠭ᠎ᠠ᠎ᠲᠠᠢ ᠬᠦᠮᠦᠨ ᠰᠡᠳᠭᠢᠯ ᠬᠦᠨᠳᠤ᠃ ᠦᠭᠡ ᠲᠠᠭᠤ ᠴᠦᠭᠡᠷᠡᠭ᠌ᠰᠡᠨ ᠡᠪᠦᠭᠡᠨ᠎ᠢᠶᠠᠨ ᠬᠠᠷᠠᠭᠠᠳ ᠰᠠᠮᠠᠭᠠᠨ᠎ᠨᠢ ᠬᠤ᠌ ᠨᠠᠷᠠᠨ ᠬᠦᠷᠳᠡᠯ᠎ᠡ ᠭᠠᠢᠬᠠᠰᠢ ᠠᠯᠳᠠᠵᠤ ᠪᠠᠢᠪᠠ᠃ ᠭᠡᠳᠡᠯ᠎ᠡ ᠮᠦᠩᠬᠡᠪᠠᠶᠠᠷ᠎ᠤᠨ ᠪᠤᠳᠤᠯ ᠰᠡᠳᠭᠢᠯ᠎ᠢ ᠬᠡᠨ ᠮᠡᠳᠡᠬᠦ᠌ ᠠᠵᠢ᠃ 1 ᠭᠷᠠᠮ ᠦᠷ᠎ᠡ᠎ᠪᠠᠨ ᠭᠡᠭᠡᠵᠤ ᠠᠯᠳᠠᠬᠤ᠎ᠠᠴᠠ᠎ᠪᠠᠨ ᠠᠶᠤᠨ᠎ᠠ᠂ ᠲᠠᠷᠢᠴᠢᠬᠠᠭᠠᠳ ᠡᠳᠡᠭᠡᠷᠡᠵᠤ ᠤᠷᠭᠤᠬᠤ ᠦᠭᠡᠢ᠎ᠠᠴᠠ ᠵᠤᠪᠠᠨᠢᠨ᠎ᠠ᠂ ᠨᠠᠮ ᠵᠠᠰᠠᠭ᠎ᠤᠨ ᠬᠦᠰᠡᠯ ᠨᠠᠢᠳᠠᠯᠭ᠎ᠠ᠎ᠶ᠋ᠢ ᠬᠦᠰᠡᠷᠳᠡᠭᠦᠯᠬᠦ᠌᠎ᠠᠴᠠ ᠡᠮᠢᠶᠡᠨ᠎ᠡ᠃ ᠲᠡᠭᠡᠭᠡᠳ ᠲᠠᠷᠢᠬᠤ ᠤᠯᠠᠷᠢᠯ ᠬᠦᠷᠴᠤ᠌ ᠢᠷᠡᠬᠦ᠌᠎ᠶ᠋ᠢ ᠲᠡᠰᠪᠤᠷᠢ ᠠᠯᠳᠠᠨ ᠬᠦᠯᠢᠶᠡᠵᠤ ᠰᠠᠭᠤᠵᠠᠢ᠃

ᠬᠤᠷᠢᠭᠠᠳ ᠡᠳᠦᠷ ᠬᠦᠯᠢᠶᠡᠵᠤ ᠰᠠᠭᠤᠭᠠᠳ ᠴᠠᠭᠠᠨ ᠭᠤᠶᠤᠤ ᠲᠠᠷᠢᠬᠤ ᠤᠯᠠᠷᠢᠯ᠎ᠢᠶᠠᠨ ᠤᠬ᠍ᠳᠤᠵᠤ ᠠᠪᠤᠯ᠎ᠠ᠃ ᠮᠦᠩᠬᠡᠪᠠᠶᠠᠷ ᠭᠤᠸᠠᠢ ᠲᠡᠷᠡ 1 ᠭᠷᠠᠮ ᠴᠠᠭᠠᠨ ᠭᠤᠶᠤᠤ᠎ᠶ᠋ᠢᠨ ᠦᠷ᠎ᠡ᠎ᠪᠠᠨ ᠲᠤᠳᠤᠷ ᠬᠠᠷᠮᠠᠨ᠎ᠳᠠᠭᠠᠨ ᠬᠢᠵᠤ᠂ ᠭᠡᠭᠡᠵᠤ ᠠᠯᠳᠠᠬᠤ᠎ᠠᠴᠠ ᠡᠮᠢᠶᠡᠨ ᠵᠠᠮ ᠲᠤᠵᠢ ᠤᠳᠠᠬᠤ ᠦᠭᠡᠢ ᠤᠳᠠᠬᠤ ᠦᠭᠡᠢ ᠲᠡᠮᠳᠡᠷᠢᠨ ᠶᠠᠪᠤᠬ᠍ᠰᠠᠭᠠᠷ ᠰᠤᠩᠭᠤᠬ᠍ᠰᠠᠨ 15 ᠰᠠᠭᠤᠷᠢ ᠵᠠᠭ᠎ᠤᠨ ᠦᠨᠳᠦᠰᠦᠨ᠎ᠳᠤ 1.5 ᠮᠧᠲᠷ ᠭᠦᠨ ᠲᠠᠷᠢᠵᠤ ᠲᠠᠯᠪᠢᠭᠠᠳ ᠤᠷᠳᠤ ᠭᠡᠭ᠌ᠴᠢ ᠠᠮᠢᠰᠭᠤᠭ᠎ᠠ ᠠᠪᠤᠬ᠍ᠰᠠᠨ ᠪᠢᠯᠡ᠃

ᠬᠦᠯᠢᠶᠡᠯᠳᠡ ᠭᠡᠭ᠌ᠴᠢ ᠤᠳᠠᠭᠠᠨ᠃ ᠮᠦᠩᠬᠡᠪᠠᠶᠠᠷ ᠪᠠᠷᠤᠭ ᠯᠡ ᠡᠳᠦᠷ ᠪᠤᠯᠭᠠᠨ ᠲᠠᠷᠢᠬ᠍ᠰᠠᠨ ᠴᠠᠭᠠᠨ ᠭᠤᠶᠤᠤ᠎ᠪᠠᠨ ᠡᠷᠬᠢᠵᠤ ᠦᠵᠡᠨ᠎ᠡ᠃ ᠬᠤᠯᠤᠭᠠᠨ᠎ᠠ ᠱᠢᠪᠠᠭᠤ ᠮᠠᠯᠳᠠᠵᠤ ᠭᠠᠷᠭᠠᠭᠠᠳ ᠢᠳᠡᠴᠢᠬᠡᠬᠦ᠌᠎ᠠᠴᠠ ᠠᠶᠤᠨ᠎ᠠ᠂ ᠤᠰᠤ ᠴᠢᠬᠢᠭ ᠲᠤᠳᠠᠭᠠᠳ ᠭᠠᠩᠳᠠᠴᠢᠬᠠᠬᠤ᠎ᠠᠴᠠ ᠡᠮᠢᠶᠡᠨ᠎ᠡ᠃ ᠢᠩᠭᠢᠵᠦ᠍ ᠭᠡᠷ ᠵᠠᠭ᠎ᠤᠨ ᠬᠤᠭᠤᠷᠤᠨᠳᠤ 1000 ᠭᠠᠷᠤᠢ ᠡᠳᠦᠷ ᠬᠦᠶᠦᠵᠤ᠂ 3 ᠵᠢᠯ ᠦᠩᠭᠡᠷᠡᠬᠦ᠌᠎ᠳᠤ ᠲᠠᠷᠢᠬ᠍ᠰᠠᠨ ᠴᠠᠭᠠᠨ ᠭᠤᠶᠤᠤ᠎ᠶ᠋ᠢᠨ ᠲᠤᠯᠤᠭᠠᠢ᠎ᠨᠢ ᠭᠠᠵᠠᠷ᠎ᠠᠴᠠ ᠴᠤᠬᠤᠢ᠍ᠢᠭᠠᠳ ᠢᠷᠡᠬᠦ᠌᠎ᠪᠠᠷ ᠪᠦᠷ ᠰᠠᠨᠠᠭ᠎ᠠ ᠠᠮᠠᠷᠠᠵᠤ᠂ ᠬᠠᠮᠠᠭᠠᠯᠠᠵᠤ ᠠᠷᠠᠴᠢᠯᠠᠬᠤ᠎ᠪᠠᠨ ᠴᠢᠩᠭᠠᠳᠭᠠᠵᠠᠢ᠃

ᠴᠠᠭᠠᠨ ᠭᠤᠶᠤᠤ᠎ᠨᠢ ᠦᠰᠦᠭᠡᠳ ᠯᠡ ᠪᠠᠢᠪᠠ᠂ ᠨᠢᠭᠡ ᠮᠡᠳᠡᠬᠦ᠌᠎ᠳᠤ ᠮᠧᠳ᠋ᠷ ᠱᠢᠬᠠᠮ ᠦᠨᠳᠦᠷ ᠪᠤᠯᠴᠢᠬᠠᠵᠠᠢ᠃ ᠡᠩ᠎ᠤᠨ ᠴᠠᠭᠠᠨ ᠭᠤᠶᠤᠤ ᠲᠤᠬᠤᠢ ᠱᠢᠬᠠᠮ ᠤᠷᠭᠤᠳᠠᠭ᠎ᠢ ᠬᠠᠷᠠᠵᠤ ᠪᠠᠢᠬ᠍ᠰᠠᠨ ᠴᠤ᠌ ᠮᠦᠩᠬᠡᠪᠠᠶᠠᠷ ᠲᠠᠪᠢ ᠭᠠᠷᠳᠠᠯ᠎ᠠ ᠡᠢᠮᠤ ᠦᠨᠳᠦᠷ ᠤᠷᠭᠤᠳᠠᠭ ᠴᠠᠭᠠᠨ ᠭᠤᠶᠤᠤ᠎ᠶ᠋ᠢ ᠠᠩᠬ᠎ᠠ ᠤᠳᠠᠭ᠎ᠠ ᠬᠠᠷᠠᠭᠠᠳ ᠭᠠᠢᠬᠠᠨ ᠪᠠᠶᠠᠷᠯᠠᠯ᠎ᠠ᠃ 2009 ᠤᠨ᠎ᠤ ᠵᠤᠨ᠎ᠤ ᠰᠡᠭᠦᠯᠴᠢ ᠨᠠᠮᠤᠷ᠎ᠤᠨ ᠡᠬᠢᠨ ᠪᠣᠯᠬᠤ᠎ᠳᠤ 15 ᠰᠠᠭᠤᠷᠢ ᠴᠠᠭᠠᠨ ᠭᠤᠶᠤᠤ᠎ᠶ᠋ᠢᠨ ᠲᠤᠯᠤᠭᠠᠢ᠎ᠠᠴᠠ ᠮᠦᠩᠬᠡᠪᠠᠶᠠᠷ 2 ᠲᠦᠮᠡ ᠭᠠᠷᠤᠢ ᠲᠦᠭᠦᠷᠢᠭ᠎ᠤᠨ ᠦᠷᠳᠡᠭ ᠪᠦᠬᠦᠢ ᠴᠠᠭᠠᠨ ᠭᠤᠶᠤᠤ᠎ᠶ᠋ᠢᠨ ᠦᠷ᠎ᠡ ᠬᠤᠷᠢᠶᠠᠬ᠍ᠰᠠᠨ ᠪᠠᠢᠨ᠎ᠠ᠃ 

《ᠤᠴᠢ ᠦᠰᠦᠷᠦᠭᠡᠳ ᠠᠭᠤᠯᠠ᠎ᠶ᠋ᠢ ᠱᠢᠳᠠᠭᠠᠨ᠎ᠠ》 ᠭᠡᠭ᠌ᠴᠢ᠎ᠪᠠᠷ 2020 ᠤᠨ ᠪᠤᠯᠬᠤ᠎ᠳᠤ ᠲᠡᠷᠡ 1 ᠭᠷᠠᠮ 《ᠰᠠᠨᠰᠠᠷ᠎ᠤᠨ ᠦᠷ᠎ᠡ》 ᠎ᠪᠠᠨ ᠲᠠᠷᠢᠵᠤ ᠪᠤᠢᠵᠢᠭᠤᠯᠵᠤ ᠲᠠᠬᠢᠨ ᠬᠤᠷᠢᠶᠠᠬ᠍ᠰᠠᠨ ᠦᠷ᠎ᠡ᠎ᠪᠠᠷ᠎ᠢᠶᠠᠨ 400 ᠮᠦ᠍ ᠴᠠᠭᠠᠨ ᠭᠤᠶᠤᠤ ᠲᠠᠷᠢᠬ᠍ᠰᠠᠨ ᠪᠦᠭᠡᠳ ᠴᠠᠭᠠᠨ ᠭᠤᠶᠤᠤ᠎ᠶ᠋ᠢᠨ ᠦᠷ᠎ᠡ᠎ᠪᠠᠨ ᠠᠯᠠᠱᠠ ᠵᠠᠭᠦᠨ ᠬᠤᠱᠢᠭᠤ᠂  ᠠᠯᠠᠱᠠ ᠪᠠᠷᠠᠭᠤᠨ ᠬᠤᠱᠢᠭᠤ᠂ ᠡᠵᠡᠨ᠎ᠡ ᠬᠤᠱᠢᠭᠤ᠎ᠶ᠋ᠢᠨ ᠮᠠᠯᠴᠢᠳ᠎ᠲᠤ ᠨᠡᠢᠲᠡ 20 ᠭᠠᠷᠤᠢ ᠵᠢᠩ ᠬᠤᠳᠠᠯᠳᠤᠵᠤ᠂ ᠥᠪᠡᠷ᠎ᠢᠶᠠᠨ 3 ᠵᠢᠩ ᠤᠷᠴᠢᠮ᠎ᠢ᠎ᠨᠢ ᠬᠤᠷᠢᠶᠠᠨ ᠬᠠᠳᠠᠭᠠᠯᠠᠵᠠᠢ᠃ ᠡᠩ᠎ᠤᠨ ᠴᠠᠭᠠᠨ ᠭᠤᠶᠤᠤ᠎ᠶ᠋ᠢᠨ ᠦᠷ᠎ᠡ ᠭᠷᠠᠮ ᠪᠦᠷᠢ᠎ᠳᠡᠭᠡᠨ 20 ᠲᠦᠭᠦᠷᠢᠭ ᠲ᠋ᠦ ᠬᠦᠷᠳᠡᠭ ᠪᠤᠯ ᠰᠠᠨᠰᠠᠷ᠎ᠢᠶᠠᠷ ᠠᠶᠠᠯᠠᠭᠤᠯᠤᠭ᠍ᠰᠠᠨ ᠴᠠᠭᠠᠨ ᠭᠤᠶᠤᠤ᠎ᠶ᠋ᠢᠨ ᠦᠷ᠎ᠡ᠎ᠨᠢ ᠭᠷᠠᠮ ᠪᠦᠷᠢ᠎ᠳᠡᠭᠡᠨ 200 ᠲᠦᠭᠦᠷᠢᠭ᠎ᠲᠤ ᠬᠦᠷᠴᠦ᠍᠂ ᠦᠨᠡᠬᠡᠷ ᠠᠯᠲᠠ᠎ᠠᠴᠠ ᠴᠤ᠋ ᠦᠨᠡᠲᠡᠢ ᠡᠳ᠋ ᠪᠤᠯᠤᠭ᠍ᠰᠠᠨ ᠠᠵᠢ᠃

《ᠰᠠᠨᠰᠠᠷ᠎ᠤᠨ ᠦᠷ᠎ᠡ》 ᠎ᠠᠴᠠ ᠭᠠᠷᠤᠭ᠍ᠰᠠᠨ ᠴᠠᠭᠠᠨ ᠭᠤᠶᠤᠤ᠎ᠨᠢ ᠡᠩ᠎ᠤᠨ ᠴᠠᠭᠠᠨ ᠭᠤᠶᠤᠤ᠎ᠲᠠᠢ ᠠᠳᠠᠯᠢᠳᠭᠠᠪᠠᠯ ᠡᠳᠡᠭᠡᠷᠡᠯᠳᠡ᠎ᠶ᠋ᠢᠨ ᠨᠤᠷᠮ᠎ᠠ᠎ᠢᠶᠠᠷ ᠦᠨᠳᠦᠷ᠂ ᠴᠢᠨᠠᠷ᠎ᠢᠶᠠᠷ ᠰᠠᠢᠨ᠂ 《ᠪᠡᠶ᠎ᠡ ᠪᠢᠯᠳᠠᠷ》 ᠎ᠢᠶᠠᠷ ᠲᠤᠮᠤ ᠪᠤᠯᠬᠤᠷ ᠶᠠᠷᠢᠶᠠᠨ ᠦᠭᠡᠢ ᠦᠨ᠎ᠡ ᠬᠠᠩᠰᠢ᠎ᠪᠠᠷ ᠴᠤ᠌ ᠦᠨᠳᠦᠷ ᠪᠠᠢᠪᠠ᠃ ᠴᠠᠭᠠᠨ ᠭᠤᠶᠤᠤ᠎ᠶ᠋ᠢᠨ ᠦᠷ᠎ᠡ ᠪᠤᠢᠵᠢᠭᠤᠯᠬᠤ ᠬᠦᠨᠲᠤ ᠡᠭᠦᠷᠭᠡ᠎ᠪᠠᠨ ᠠᠮᠵᠢᠯᠲᠠ᠎ᠲᠠᠢ ᠪᠡᠶᠡᠯᠡᠭᠦᠯᠦᠭ᠌ᠰᠡᠨ᠎ᠤ ᠲᠠᠷᠠᠭ᠎ᠠ᠂ ᠤᠷᠴᠢᠮ᠎ᠤᠨ ᠬᠡᠳᠦᠨ ᠵᠢᠯ᠎ᠳᠤ ᠮᠦᠩᠬᠡᠪᠠᠶᠠᠷ ᠴᠠᠭᠠᠨ ᠭᠤᠶᠤᠤ᠎ᠪᠠᠨ ᠬᠤᠳᠠᠯᠳᠤᠬᠤ ᠠᠵᠢᠯ᠎ᠳᠤ ᠬᠦᠴᠦ᠎ᠪᠠᠨ ᠲᠠᠯᠪᠢᠵᠤ᠂ ᠴᠠᠭᠠᠨ ᠭᠤᠶᠤᠤ ᠬᠤᠳᠠᠯᠳᠤᠬ᠍ᠰᠠᠨ ᠵᠢᠯ᠎ᠤᠨ ᠤᠷᠤᠯᠭ᠎ᠠ᠎ᠨᠢ ᠠᠷᠪᠠᠭᠠᠳ ᠲᠦᠮᠡᠨ ᠲᠦᠬᠦᠷᠢᠭ᠎ᠲᠤ ᠬᠦᠷᠴᠦ᠍ ᠪᠠᠢᠨ᠎ᠠ᠃ 

ᠦᠨᠡᠨᠳᠡᠭᠡᠨ ᠮᠦᠩᠬᠡᠪᠠᠶᠠᠷ ᠪᠤᠯ ᠨᠤᠳᠤᠭ᠎ᠤᠨ᠎ᠢᠶᠠᠨ ᠠᠮᠢ ᠠᠬᠤᠢ᠎ᠶ᠋ᠢᠨ ᠲᠦᠯᠦᠭᠡ ᠨᠤᠳᠤᠭ᠎ᠲᠠᠭᠠᠨ ᠪᠤᠴᠠᠭ᠍ᠰᠠᠨ ᠬᠦᠮᠦᠨ ᠶᠤᠮ᠃ 1993 ᠣᠨ᠎ᠳᠤ ᠠᠯᠠᠱᠨ ᠵᠡᠭᠦᠨ ᠬᠤᠱᠢᠭᠤᠨ᠎ᠤ ᠴᠤᠭ᠍ᠲᠤᠬᠦ᠋ᠷᠢ᠊ ᠡᠶ᠎ᠡ ᠰᠤᠮᠤ᠎ᠶ᠋ᠢᠨ ᠤᠯᠠᠭᠠᠨᠴᠤᠨᠵᠢ ᠭᠠᠴᠠᠭ᠎ᠠ ᠤᠷᠲᠤ ᠬᠤᠭᠤᠴᠠᠭ᠎ᠠ᠎ᠪᠠᠷ ᠭᠠᠩ ᠬᠠᠭ᠍ᠰᠠᠷᠠᠭᠠᠭ᠍ᠰᠠᠨ᠂ ᠪᠡᠯᠴᠢᠬᠡᠷ᠎ᠤᠨ ᠲᠠᠭᠠᠭᠠᠴᠠ᠎ᠠᠴᠠ ᠬᠡᠳᠤᠷᠡᠳᠡᠯ᠎ᠠ ᠮᠠᠯᠵᠢᠭ᠍ᠰᠠᠨ᠂ ᠬᠠᠮᠠᠭᠠᠯᠠᠯᠲᠠ ᠳᠤᠲᠠᠭ᠍ᠳᠠᠭ᠍ᠰᠠᠨ᠎ᠠᠴᠠ ᠪᠤᠯᠵᠤ ᠨᠤᠲᠤᠭ ᠪᠡᠯᠴᠢᠭᠡᠷ ᠡᠪᠳᠡᠭ᠌ᠳᠡᠨ᠂ ᠶᠡᠭᠡ᠎ᠪᠠᠷ ᠡᠯᠡᠰᠦᠷᠬᠡᠭ᠌ᠵᠢᠵᠠᠢ᠃ ᠦᠰᠴᠤ᠌ ᠲᠦᠷᠦᠭ᠌ᠰᠡᠨ ᠦᠢᠯᠦᠬᠡᠢ ᠨᠤᠳᠤᠭ᠎ᠨᠢ ᠲᠠᠨᠢᠭ᠍ᠳᠠᠬᠤ ᠦᠭᠡᠢ ᠪᠤᠯᠲᠠᠯ᠎ᠠ ᠡᠯᠡᠰᠦᠷᠭᠡᠭ᠌ᠵᠢᠭ᠌ᠰᠡᠨ᠎ᠢ ᠬᠠᠷᠠᠭᠠᠳ ᠮᠦᠩᠬᠡᠪᠠᠶᠠᠷ ᠰᠡᠳᠭᠢᠯ ᠡᠮᠵᠡᠭ᠌ᠯᠡᠵᠤ᠂ ᠲᠡᠳ᠋ ᠭᠠᠵᠠᠷ᠎ᠤᠨ ᠲᠡᠰ᠎ᠤᠨ ᠠᠯᠪᠠᠨ ᠠᠵᠢᠯ᠎ᠢᠶᠠᠨ ᠬᠠᠶᠠᠭᠠᠳ ᠨᠤᠳᠤᠭ᠎ᠲᠠᠭᠠᠨ ᠪᠤᠴᠠᠵᠤ᠂ ᠨᠤᠳᠤᠭ ᠤᠰᠤ᠎ᠪᠠᠨ ᠪᠦᠳᠦᠭᠡᠨ ᠪᠠᠢᠭᠤᠯᠵᠤ ᠡᠬᠢᠯᠡᠭ᠌ᠰᠡᠨ ᠪᠢᠯᠡ᠃ ᠪᠠᠢᠳᠠᠭ ᠬᠦᠷᠦᠩᠭᠡ᠎ᠪᠠᠨ ᠬᠦᠨᠳᠦᠷᠴᠤ᠌ ᠦᠵᠡᠯ᠎ᠠ᠂ ᠭᠠᠷ᠎ᠢᠶᠠᠨ ᠨᠤᠬᠤᠯᠵᠤ ᠭᠠᠴᠢᠬ᠍ᠳᠠᠵᠤ ᠦᠩᠭᠡᠷᠡᠯ᠎ᠠ᠂ ᠬᠡᠳᠦᠨ ᠲᠦᠮᠡᠨ ᠲᠦᠭᠦᠷᠢᠭ᠎ᠤᠨ ᠵᠢᠭᠡᠯᠡᠯᠭᠡ᠎ᠶ᠋ᠢᠨ ᠲᠦᠯᠦᠭᠡ ᠪᠤᠰᠤᠳ᠎ᠢ ᠭᠤᠶᠤᠵᠤ ᠴᠢᠷᠠᠢᠳᠠᠯ᠎ᠠ᠂ ᠬᠦᠢᠳᠡᠨ ᠨᠦᠢᠳᠠᠨ᠎ᠳᠤ ᠵᠢᠩᠨᠠᠭᠠᠳ ᠬᠦᠯ ᠨᠢᠷᠤᠭᠤ᠎ᠨᠢ ᠡᠪᠡᠳᠬᠦ᠌ ᠠᠷᠬᠠᠭ᠎ᠲᠠᠢ ᠪᠤᠯᠤᠯ᠎ᠠ ᠁ ᠭᠡᠪᠡᠴᠤ᠌ ᠲᠡᠷᠡ ᠵᠤᠷᠢᠭ ᠬᠤᠭᠤᠷᠴᠤ᠌ ᠦᠩᠭᠡᠷᠡᠭᠡ ᠦᠭᠡᠢ᠃ ᠨᠢᠭᠡ ᠮᠡᠳᠡᠬᠦ᠌᠎ᠳᠤ ᠬᠤᠷᠢᠭᠠᠳ ᠵᠢᠯ ᠦᠡᠭ᠌ᠭᠡᠷᠡᠭ᠌ᠰᠡᠨ ᠪᠠᠢᠪᠠ᠃ ᠤᠳᠤ ᠪᠤᠯᠬᠤ᠎ᠳᠤ ᠨᠤᠳᠤᠭ᠎ᠤᠨ ᠬᠢᠨᠢ ᠠᠮᠢ ᠠᠬᠤᠢ ᠰᠠᠢᠵᠢᠷᠠᠭ᠍ᠰᠠᠨ ᠪᠦᠬᠡᠳ ᠠᠱᠢᠭ ᠤᠷᠤᠯᠭ᠎ᠠ᠎ᠨᠢ ᠴᠦ᠍ ᠵᠢᠯ᠎ᠠᠴᠠ ᠵᠢᠯ ᠨᠡᠮᠡᠭ᠌ᠳᠡᠵᠤ᠂ ᠤᠳᠤ ᠵᠢᠯ᠎ᠳᠡᠭᠡᠨ 50 ᠲᠦᠮᠡᠨ ᠲᠦᠭᠦᠷᠢᠭ᠎ᠤᠨ ᠤᠷᠤᠯᠭ᠎ᠠ᠎ᠲᠠᠢ ᠪᠤᠯᠤᠬ᠍ᠰᠠᠨ ᠪᠦᠭᠡᠳ 4300 ᠮᠦ᠍ ᠨᠤᠳᠤᠭ ᠪᠡᠯᠴᠢᠭᠡᠷ᠎ᠢᠶᠠᠨ ᠪᠦᠬᠦᠨ᠎ᠢ ᠤᠢ᠍ᠢᠵᠢᠭᠤᠯᠵᠤ ᠨᠤᠭᠤᠭᠠᠷᠠᠭᠤᠯᠤᠭ᠍ᠰᠠᠨ ᠪᠢᠯᠡ᠃ 

ᠠᠷᠢᠭᠤᠨ ᠬᠦᠯᠦᠰᠦ ᠠᠵᠢᠯᠴᠢ ᠬᠦᠳᠡᠯᠮᠤᠷᠢ ᠬᠦᠮᠦᠨ ᠪᠦᠬᠦᠨ᠎ᠢ ᠬᠦᠰᠡᠵᠤ ᠵᠤᠷᠢᠭ᠍ᠰᠠᠨ᠎ᠳᠤᠨᠢ ᠬᠦᠷᠭᠡᠬᠦ᠌ ᠲᠠᠷᠳᠠᠩ ᠵᠠᠮ᠎ᠢ ᠲᠡᠪᠢᠰᠳᠡᠭ ᠤᠴᠢᠷᠳᠠᠢ᠃ 67 ᠨᠠᠰᠤᠳᠠᠢ ᠮᠦᠩᠬᠡᠪᠠᠶᠠᠷ ᠭᠤᠸᠠᠢ ᠤᠳᠤ ᠬᠠᠷᠢᠨ᠄ 《ᠤᠮᠪᠤᠯᠤ᠎ᠳᠠᠭᠠᠨ ᠡᠯᠡᠰᠤ ᠨᠠᠭᠠᠳᠤᠭᠤᠯᠤᠶ᠎ᠠ ᠭᠡᠳ ᠦᠪᠡᠷ᠎ᠤᠨ ᠨᠤᠳᠤᠭ᠎ᠠᠴᠠ᠎ᠪᠠᠨ ᠮᠠᠩᠬ᠎ᠠ ᠤᠯᠳᠠᠬᠤ ᠦᠭᠡᠢ ᠪᠤᠯᠵᠠᠢ᠂ ᠪᠤᠰᠤᠳ᠎ᠤᠨ ᠨᠤᠳᠤᠭ᠎ᠢᠶᠠᠷ ᠬᠦᠷᠦᠶ᠎ᠡ ᠳ᠋ᠠ》 ᠭᠡᠳ ᠨᠢᠷᠤᠭᠤ ᠬᠡᠳᠡᠭᠡᠷ ᠶᠠᠷᠢᠳᠠᠭ ᠪᠤᠯᠪᠠ᠃





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号