ᠮᠠᠯᠴᠢᠨ ᠲᠠᠷᠢᠶᠠᠴᠢᠨ᠎ᠤ ᠣᠷᠣᠯᠭ᠎ᠠ᠎ᠶ᠋ᠢᠨ ᠪᠠᠳᠣᠯᠠᠭ᠎ᠠ
2021-01-07 09:40:53
ᠵᠣᠬᠢᠶᠠᠭ᠍ᠴᠢ᠄
ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆

2020 ᠤᠨ᠎ᠤ ᠰᠡᠬᠦᠯᠴᠢ᠎ᠪᠠᠷ ᠰᠣᠷᠪᠣᠯᠵᠢᠯᠠᠬ᠍ᠴᠢ ᠳᠠᠯᠠᠳ ᠬᠤᠱᠢᠭᠤᠨ᠎ᠤ ᠵᠠᠭᠡᠰᠤᠳᠠᠢ ᠪᠠᠯᠭᠠᠰᠤᠨ᠎ᠤ ᠭᠸᠥ ᠱᠢᠨ ᠵᠤᠤ ᠲᠣᠰᠭᠤᠨ᠎ᠳᠠᠬᠢ ᠬᠤᠤ ᠵᠢᠶᠠ ᠮᠠᠯᠵᠢᠯ᠎ᠤᠨ ᠲᠠᠯᠠᠪᠠᠢ᠎ᠳᠤ ᠬᠥᠷᠦᠭ᠌ᠰᠡᠨ᠎ᠠ᠂ 5000 ᠭᠠᠷᠤᠢ ᠰᠠᠭᠠᠯᠢ᠎ᠶ᠋ᠢᠨ  ᠦᠨᠢᠶ᠎ᠡ ᠪᠠᠷᠢᠮᠵᠢᠶᠠᠵᠢᠭ᠍ᠰᠠᠨ ᠦᠬᠡᠷ᠎ᠤᠨ ᠫᠸᠡᠭ᠎ᠳᠤ ᠲᠠᠪᠠᠳᠠᠢ ᠢᠳᠡᠱᠢᠯᠠᠵᠣ᠂ ᠳᠣᠰ ᠳᠣᠰᠭᠤᠨ᠎ᠤ ᠯᠢ ᠪᠥᠸᠧ ᠨᠠᠷ ᠥᠬᠡᠷ ᠲᠡᠵᠢᠬᠡᠵᠣ ᠶᠠᠭᠠᠷᠠᠯᠳᠤᠵᠤ ᠪᠠᠢᠯ᠎ᠠ᠃

《ᠥᠩᠭᠡᠷᠡᠭ᠌ᠰᠡᠨ᠎ᠳᠤ ᠵᠥᠪᠬᠡᠨ ᠲᠠᠷᠢᠶ᠎ᠠ ᠲᠠᠷᠢᠳᠠᠬ ᠪᠣᠯᠬᠤᠷ ᠬᠡᠷ᠎ᠤᠨ ᠠᠮᠢᠳᠣᠷᠠᠯ ᠶᠠᠳᠠᠭᠤᠬᠠᠨ ᠪᠠᠢᠵᠠᠢ᠃ ᠬᠤᠤ ᠵᠢᠶᠠ ᠮᠠᠯᠵᠢᠯ᠎ᠤᠨ ᠲᠠᠯᠠᠪᠠᠢ ᠨᠠᠳᠠ᠎ᠳᠤ ᠠᠵᠢᠯ ᠣᠯᠬᠤ ᠲᠣᠬᠢᠶᠠᠯ ᠣᠯᠭᠤᠭ᠍ᠰᠠᠨ᠎ᠢᠶᠠᠷ ᠮᠠᠨ᠎ᠤ ᠭᠡᠷ᠎ᠤᠨ ᠠᠮᠢᠳᠤᠷᠠᠯ᠎ᠤᠨ ᠳᠠᠷᠤᠭᠠᠰᠤ᠎ᠶ᠋ᠢ ᠶᠡᠭᠡ᠎ᠪᠠᠷ ᠬᠥᠩᠭᠡᠷᠡᠬᠦᠯᠦᠭ᠌ᠰᠡᠨ ᠱᠢᠤ》 ᠭᠡᠵᠦ᠍ ᠯᠢ ᠪᠥᠸᠧ ᠬᠡᠳᠦᠨ ᠵᠢᠯ᠎ᠤᠨ ᠡᠮᠦᠨᠡᠬᠢ ᠠᠮᠢᠳᠤᠷᠡᠯ᠎ᠢᠶᠠᠨ ᠡᠷᠬᠢᠴᠡᠬᠦᠯᠤᠨ᠎ᠠ᠃

ᠳᠠᠯᠠᠳ ᠬᠤᠱᠢᠭᠤᠨ᠎ᠤ ᠶᠢᠦ ᠷᠠᠨ ᠮᠠᠯ ᠠᠵᠤ ᠠᠬᠤᠢ᠎ᠶ᠋ᠢᠨ ᠬᠢᠵᠠᠭᠠᠷᠲᠤ ᠺᠣᠮᠫᠠᠨᠢ᠎ᠶ᠋ᠢᠨ ᠬᠤᠤ ᠵᠢᠶᠠ ᠮᠠᠯᠵᠢᠯ᠎ᠤᠨ ᠲᠠᠯᠠᠪᠠᠢ 2017 ᠎ᠤᠨ᠎ᠤ 8 ᠰᠠᠷ᠎ᠠ᠎ᠳᠤ ᠠᠱᠢᠭ᠍ᠯᠠᠯᠲᠠ᠎ᠳᠤ ᠣᠷᠣᠵᠤ᠂ ᠶᠡᠷᠦᠩᠬᠡᠶ ᠪᠡᠯᠡ ᠣᠷᠣᠭᠤᠯᠤᠯᠲᠠ 1.9 ᠳ᠋ᠦᠩᠱᠢᠭᠤᠷ ᠲᠥᠭᠦᠷᠢᠭ᠎ᠲᠤ ᠬᠦᠷᠴᠦ᠍᠂ ᠮᠠᠯᠵᠢᠯ᠎ᠤᠨ ᠲᠠᠯᠠᠪᠠᠢ᠎ᠳᠤ 5500 ᠦᠬᠡᠷ ᠲᠡᠵᠢᠭᠡᠬᠦ᠌᠎ᠪᠠᠷ ᠲᠥᠯᠥᠪᠯᠡᠵᠠᠢ᠃ ᠲᠥᠷᠥᠯ ᠵᠦᠢᠯ᠎ᠤᠨ ᠪᠥᠲᠥᠭᠡᠨ ᠪᠠᠢᠭᠤᠯᠤᠯᠲᠠ᠎ᠶ᠋ᠢ ᠦᠢᠯᠡᠳᠪᠦᠷᠢᠯᠡᠯ᠎ᠤᠨ ᠳᠣᠭᠤᠷᠢᠬ ᠪᠠ ᠠᠮᠢᠳᠤᠷᠠᠯ᠎ᠤᠨ ᠳᠣᠭᠤᠷᠢᠬ ᠭᠡᠵᠦ᠍ ᠬᠤᠶᠠᠷ ᠬᠡᠰᠡᠭ ᠬᠤᠪᠢᠶᠠᠵᠤ᠂ ᠪᠠᠷᠢᠯᠭ᠎ᠠ᠎ᠶ᠋ᠢᠨ ᠲᠠᠯᠠᠪᠠᠶ᠎ᠨᠢ ᠪᠠᠷᠤᠭ 9 ᠲᠦᠮᠡᠨ ᠲᠡᠭ᠌ᠰᠢ ᠳᠥᠷᠪᠡᠯᠵᠢᠨ ᠮᠧᠲᠷ ᠬᠦᠷᠪᠡ᠃

《ᠮᠠᠯᠵᠢᠯ᠎ᠤᠨ ᠲᠠᠯᠠᠪᠠᠶ᠎ᠳᠤ᠂ ᠪᠦᠷᠢᠨ ᠪᠦᠳᠤᠨ ᠠᠵᠢᠯᠯᠠᠭᠠᠨ᠎ᠤ ᠶᠠᠪᠤᠴᠠ ᠵᠢᠴᠢ ᠬᠠᠮᠢᠶᠠᠷᠤᠯᠲᠠ᠎ᠶ᠋ᠢᠨ ᠱᠢᠰᠲ᠋ᠧᠮ᠎ᠲᠠᠢ ᠪᠠᠢᠳᠠᠭ᠂ ᠣᠳᠣᠬᠢᠴᠢᠯᠠᠭ᠍ᠰᠠᠨ ᠲᠡᠵᠢᠭᠡᠨ ᠦᠷᠡᠵᠢᠭᠦᠯᠬᠦ᠌ ᠮᠡᠷᠭᠡᠵᠢᠯ ᠵᠢᠴᠢ ᠲᠡᠷᠢᠭᠦᠨ᠎ᠤ ᠲᠤᠨᠤᠭ ᠲᠥᠬᠦᠭᠡᠷᠦᠮᠵᠢ᠎ᠶ᠋ᠢ ᠬᠡᠷᠡᠭ᠌ᠯᠡᠵᠦ᠍᠂ ᠲᠤᠰ ᠭᠠᠵᠠᠷ᠎ᠤᠨ ᠲᠠᠷᠢᠮᠠᠯ᠎ᠤᠨ ᠦᠢᠯᠡᠰ᠎ᠤᠨ ᠬᠥᠭ᠌ᠵᠢᠯᠲᠡ᠎ᠶ᠋ᠢ ᠳᠠᠢᠴᠢᠯᠠᠬ᠍ᠰᠠᠨ᠎ᠢᠶᠠᠷ ᠪᠠᠷᠠᠬᠤ ᠦᠭᠡᠶ ᠲᠤᠬᠠᠶ᠎ᠶ᠋ᠢᠨ ᠭᠠᠵᠠᠷ᠎ᠤᠨ ᠦᠯᠡᠭᠦᠤ ᠬᠥᠳᠡᠯᠮᠦᠷᠢ ᠬᠦᠴᠦᠨ᠎ᠤ ᠠᠵᠢᠯ ᠣᠯᠭᠤᠯᠲᠠ᠎ᠶ᠋ᠢ ᠱᠢᠢᠳᠪᠦᠷᠢᠯᠡᠵᠦ᠍ ᠪᠣᠢ》 ᠬᠡᠵᠣ ᠶᠢᠣ ᠷᠠᠨ ᠺᠣᠮᠫᠠᠨᠢ᠎ᠶ᠋ᠢᠨ ᠲᠠᠭᠠᠭᠠᠮᠠᠯ ᠳ᠋ᠥᠩ ᠷᠥᠩ ᠬᠤᠸᠨ ᠲᠠᠨᠢᠯᠴᠠᠭᠤᠯᠣᠨ᠎ᠠ᠃

ᠵᠠᠭᠡᠰᠤᠳᠠᠢ ᠪᠠᠯᠭᠠᠰᠤᠨ᠎ᠤ ᠨᠠᠮ᠎ᠤᠨ ᠬᠤᠷᠢᠶᠠᠨ᠎ᠤ ᠳᠡᠳ᠋ ᠱᠦᠵᠢ᠂ ᠪᠠᠯᠭᠠᠰᠤᠨ᠎ᠤ ᠳᠠᠷᠤᠭ᠎ᠠ ᠯᠢ ᠮᠤᠤ᠄ 《ᠲᠤᠰ ᠲᠥᠷᠥᠯ ᠵᠦᠢᠯ᠎ᠤᠨ ᠬᠡᠷᠡᠭ᠌ᠵᠢᠭᠦᠯᠦᠯᠲᠡ᠎ᠨᠢ ᠮᠠᠨ᠎ᠤ ᠪᠠᠯᠭᠠᠰᠤᠨ᠎ᠤ ᠪᠣᠷᠳᠤᠭ᠎ᠠ ᠪᠣᠯᠪᠠᠰᠤᠷᠠᠭᠤᠯᠬᠤ᠂ ᠲᠠᠷᠢᠮᠠᠯ᠎ᠤᠨ  ᠦᠢᠯᠡᠰ ᠵᠡᠷᠭᠡ ᠠᠵᠤ ᠦᠢᠯᠡᠰ᠎ᠤᠨ ᠬᠥᠭ᠌ᠵᠢᠯᠲᠡ᠎ᠶ᠋ᠢ ᠳᠠᠢᠴᠢᠯᠠᠭ᠍ᠰᠠᠨ᠎ᠢᠶᠠᠷ ᠪᠠᠷᠠᠬᠤ ᠥᠬᠡᠢ ᠬᠥᠳᠡᠯᠮᠦᠷᠢᠯᠡᠬᠦ᠌ ᠴᠢᠳᠠᠪᠤᠷᠢ᠎ᠲᠠᠢ ᠶᠠᠳᠠᠭᠤ ᠬᠦᠴᠢᠷᠳᠡᠯᠲᠡᠶ ᠬᠥᠮᠦᠨ᠎ᠢ ᠲᠤᠬᠠᠶ᠎ᠶ᠋ᠢᠨ ᠭᠠᠵᠠᠷ᠎ᠲᠤᠨᠢ ᠠᠵᠢᠯ ᠣᠯᠭᠤᠵᠠᠢ》 ᠬᠡᠯ᠎ᠠ᠃

ᠰᠣᠷᠪᠣᠯᠵᠢᠯᠠᠬ᠍ᠴᠢ ᠳᠣᠰ ᠳᠣᠰᠭᠤᠨ᠎ᠤ ᠱᠢᠷᠠᠬᠤᠤᠡᠳᠤᠬ ᠬᠤᠢᠳᠣ ᠬᠤᠷᠱᠢᠶ᠎ᠠ᠎ᠳᠤ ᠪᠠᠢᠷᠢᠱᠢᠵᠣ ᠪᠠᠢᠭ᠎ᠠ ᠣᠷᠳᠣᠰ ᠬᠤᠲᠠ᠎ᠶ᠋ᠢᠨ ᠯᠠᠨ ᠲᠢᠶᠠᠨ ᠮᠠᠯ ᠠᠵᠤ ᠠᠬᠤᠢ᠎ᠶ᠋ᠢᠨ ᠬᠢᠵᠠᠭᠠᠷᠲᠤ ᠺᠣᠮᠫᠠᠨᠢ᠎ᠶ᠋ᠢᠨ ᠱᠢᠨ᠎ᠡ᠎ᠪᠠᠷ ᠪᠠᠢᠭᠤᠯᠤᠭ᠍ᠰᠠᠨ ᠲᠦᠮᠡᠨ ᠰᠠᠭᠠᠯᠢ᠎ᠶ᠋ᠢᠨ ᠦᠨᠢᠶᠡᠨ᠎ᠤ ᠱᠢᠨᠵᠢᠯᠡᠬᠦ᠌ ᠤᠬᠠᠭᠠᠨ ᠮᠡᠷᠭᠡᠵᠢᠯ᠎ᠤᠨ ᠵᠢᠱ᠌ᠢᠶ᠎ᠡ ᠦᠵᠡᠭᠦᠯᠬᠦ᠌ ᠬᠦᠷᠢᠶᠡᠯᠡᠩ ᠲᠣᠭᠤᠷᠢᠭ᠎ᠤᠨ ᠲᠥᠷᠥᠯ ᠵᠦᠢᠯ᠎ᠤᠨ ᠪᠠᠷᠢᠯᠭ᠎ᠠ᠎ᠶ᠋ᠢᠨ ᠲᠤᠬᠠᠶ᠎ᠶ᠋ᠢᠨ ᠲᠠᠯᠠᠪᠠᠢ᠎ᠳᠤ ᠬᠥᠷᠦᠭ᠌ᠰᠡᠨ᠎ᠠ᠂ ᠡᠷᠭᠦᠭᠦᠷ ᠲᠡᠷᠭᠡ ᠶᠠᠭᠠᠷᠠᠯᠳᠠᠢ ᠠᠵᠢᠯᠯᠠᠵᠤ᠂ ᠡᠪᠡᠰᠦ ᠪᠣᠷᠳᠣᠭᠠᠨ᠎ᠤ ᠲᠣᠭᠤᠷᠢᠭ ᠪᠣᠯᠤᠨ ᠠᠯᠪᠠᠨ ᠠᠰᠠᠷ᠎ᠤᠨ ᠪᠠᠷᠢᠯᠭ᠎ᠠ᠎ᠶ᠋ᠢᠨ ᠠᠵᠢᠯ ᠡᠮᠬᠢ ᠴᠡᠭ᠌ᠴᠡ᠎ᠲᠠᠢ ᠶᠠᠪᠤᠭ᠍ᠳᠠᠵᠤ ᠪᠠᠢᠯ᠎ᠠ᠃ ᠳᠣᠰ ᠳᠥᠷᠥᠯ ᠵᠥᠢᠯ᠎ᠤᠨ ᠶᠡᠷᠦᠩᠬᠡᠶ ᠪᠡᠯᠡ ᠣᠷᠣᠭᠤᠯᠤᠯᠲᠠ 3.7 ᠳ᠋ᠦᠩᠱᠢᠭᠤᠷ ᠲᠥᠭᠦᠷᠢᠭ᠎ᠲᠤ ᠬᠦᠷᠴᠦ᠍᠂ ᠳᠠᠯᠠᠳ ᠬᠤᠱᠢᠭᠤᠨ᠎ᠤ ᠠᠷᠠᠯᠵᠢᠶᠠᠴᠢᠨ ᠤᠷᠢᠵᠤ ᠪᠡᠯᠡ ᠮᠦᠡᠭ᠌ᠬᠦ ᠣᠷᠣᠭᠤᠯᠵᠤ ᠠᠪᠴᠢᠷᠠᠭ᠍ᠰᠠᠨ ᠲᠥᠷᠥᠯ ᠵᠦᠢᠯ᠎ᠤᠨ ᠨᠢᠭᠡ ᠪᠣᠯᠬᠤ ᠶᠤᠮ᠃ ᠯᠠᠨ ᠲᠢᠶᠠᠨ ᠮᠠᠯ ᠠᠵᠤ ᠠᠬᠤᠶ᠎ᠶ᠋ᠢᠨ ᠬᠢᠵᠠᠭᠠᠷᠳᠤ ᠺᠤᠮᠫᠠᠨᠢ ᠣᠷᠳᠣᠰ ᠬᠤᠲᠠ᠎ᠶ᠋ᠢᠨ ᠳᠠᠭᠠᠭᠤᠯᠤᠭ᠍ᠴᠢ ᠠᠵᠤ ᠠᠬᠤᠢᠯᠠᠯ᠎ᠢ ᠪᠠᠢᠭᠤᠯᠬᠤ᠎ᠪᠠᠷ ᠬᠠᠷᠠᠯᠲᠠ ᠪᠣᠯᠭᠠᠵᠤ᠂ ᠪᠠᠯᠭᠠᠰᠤᠨ᠎ᠤ ᠮᠠᠯᠴᠢᠨ ᠲᠠᠷᠢᠶᠠᠴᠢᠨ᠎ᠢ ᠳᠠᠢᠴᠢᠯᠠᠨ ᠡᠪᠡᠰᠦ ᠪᠣᠷᠳᠤᠭ᠎ᠠ ᠲᠠᠷᠢᠵᠤ ᠲᠠᠷᠢᠶᠠᠯᠠᠩ᠎ᠤᠨ ᠪᠦᠲᠦᠭᠡᠭ᠌ᠳᠡᠬᠦᠨ᠎ᠢ ᠲᠤᠬᠠᠶ᠎ᠶ᠋ᠢᠨ ᠭᠠᠵᠠᠷ᠎ᠲᠤᠨᠢ ᠤᠨᠳᠤᠤᠱᠢᠭᠤᠯᠤᠨ ᠥᠷᠲᠡᠭ ᠨᠡᠮᠡᠭ᠌ᠳᠡᠭᠦᠯᠬᠦ᠌᠎ᠶ᠋ᠢ ᠠᠬᠢᠭᠤᠯᠤᠨ᠂ ᠣᠷᠣᠨ ᠨᠤᠳᠤᠭ᠎ᠤᠨ ᠠᠵᠤ ᠠᠬᠤᠢ᠎ᠶ᠋ᠢᠨ ᠨᠡᠮᠡᠭ᠌ᠳᠡᠯ᠎ᠢ ᠳᠥᠷᠬᠡᠳᠭᠡᠬᠦ᠌ ᠪᠣᠯᠣᠨ᠎ᠠ᠃

ᠳᠣᠰ ᠪᠠᠯᠭᠠᠰᠤᠨ᠎ᠤ ᠭᠸᠥ ᠱᠢᠨ ᠵᠤᠤ ᠲᠣᠰᠭᠤᠨ᠎ᠳᠤ ᠪᠠᠢᠷᠢᠱᠢᠵᠣ ᠪᠠᠢᠭ᠎ᠠ ᠥᠪᠥᠷ ᠮᠣᠩᠭᠤᠯ᠎ᠤᠨ ᠳ᠋ᠠ ᠴᠢ ᠢᠳᠡᠭᠡᠨ᠎ᠤ ᠬᠢᠵᠠᠭᠠᠷᠲᠤ ᠺᠣᠮᠫᠠᠨᠢ᠎ᠪᠠᠷ ᠬᠦᠷᠬᠦ᠌᠎ᠳᠤ᠂ 2270 ᠲᠡᠭ᠌ᠰᠢ ᠳᠥᠷᠪᠡᠯᠵᠢᠨ ᠮᠧᠲᠷ᠎ᠤᠨ  ᠦᠢᠯᠡᠳᠪᠦᠷᠢ᠎ᠶ᠋ᠢᠨ ᠲᠠᠰᠤᠭ᠎ᠲᠤ ᠠᠵᠢᠯᠴᠢᠳ ᠶᠠᠭᠠᠷᠠᠯᠳᠠᠢ ᠠᠵᠢᠯᠯᠠᠵᠤ ᠪᠠᠢᠯ᠎ᠠ᠃ ᠲᠤᠰᠭᠤᠨ᠎ᠤ ᠠᠷᠠᠳ ᠵᠠᠩ᠎ᠪᠠᠨ ᠨᠶ᠋ᠢ᠄ 《ᠳᠣᠰ ᠺᠤᠮᠫᠠᠨᠢ ᠮᠠᠨ᠎ᠤ ᠲᠣᠰᠭᠤᠨ᠎ᠳᠤ ᠨᠤᠳᠤᠭ᠍ᠰᠢᠬ᠍ᠰᠠᠨ ᠪᠣᠯᠬᠤᠷ ᠲᠣᠰᠭᠤᠨ᠎ᠤ ᠠᠷᠠᠳ ᠮᠠᠰᠢ ᠪᠠᠶᠠᠷᠯᠠᠵᠤ ᠪᠠᠢᠨ᠎ᠠ᠃ ᠪᠢᠳᠡ ᠨᠢᠭᠡ ᠲᠠᠯ᠎ᠠ᠎ᠪᠠᠷ ᠠᠳᠡ ᠠᠵᠢᠯᠯᠠᠵᠤ᠂ ᠨᠥᠬᠦᠬᠡ ᠲᠠᠯ᠎ᠠ᠎ᠪᠠᠷ ᠭᠡᠷ᠎ᠤᠨ᠎ᠢᠶᠠᠨ ᠲᠠᠷᠢᠶᠠᠨ ᠠᠵᠢᠯ ᠪᠣᠯᠤᠨ ᠨᠠᠰᠤᠲᠠᠨ᠎ᠢᠶᠠᠨ ᠬᠠᠷᠠᠭᠠᠯᠵᠠᠵᠤ ᠲᠡᠢᠯᠬᠦ᠌ ᠪᠤᠯᠤᠨ᠎ᠠ》 ᠭᠡᠵᠦ᠍ ᠪᠠᠶᠠᠷᠲᠠᠢᠬᠠᠨ ᠬᠡᠯᠠᠯ᠎ᠠ᠃

ᠥᠪᠥᠷ ᠮᠣᠩᠭᠤᠯ᠎ᠤᠨ ᠳ᠋ᠠ ᠴᠢ ᠢᠳᠡᠭᠡᠨ᠎ᠤ ᠬᠢᠵᠠᠭᠠᠷᠲᠤ ᠺᠣᠮᠫᠠᠨᠢ ᠪᠣᠯ ᠨᠢᠭᠡᠨ ᠱᠢᠨᠵᠢᠯᠡᠬᠦ᠌ ᠤᠬᠠᠭᠠᠨ᠎ᠤ ᠰᠤᠳᠤᠯᠭᠠᠠ᠂ ᠨᠡᠭᠡᠭᠡᠨ ᠠᠱᠢᠭ᠍ᠯᠠᠯᠲᠠ᠂  ᠦᠢᠯᠡᠳᠪᠦᠷᠢᠯᠡᠯ᠂ ᠪᠣᠷᠣᠯᠠᠭᠤᠯᠭ᠎ᠠ ᠪᠣᠯᠤᠨ ᠦᠢᠯᠡᠴᠢᠯᠡᠭᠡ᠎ᠶ᠋ᠢ ᠨᠢᠭᠡ ᠴᠣᠭ᠍ᠴᠠᠵᠢᠭᠤᠯᠤᠭ᠍ᠰᠠᠨ ᠣᠳᠣᠬᠢᠴᠢᠯᠠᠭ᠍ᠰᠠᠨ ᠢᠳᠡᠭᠡᠨ᠎ᠤ ᠠᠵᠤ ᠠᠬᠤᠢᠯᠠᠯ ᠪᠣᠯᠤᠨ᠎ᠠ᠃ ᠲᠤᠬᠠᠶ᠎ᠶ᠋ᠢᠨ ᠭᠠᠵᠠᠷ᠎ᠲᠤ ᠣᠨᠴᠠ ᠪᠠᠢᠳᠠᠭ ᠤᠯᠠᠭᠠᠨ ᠰᠣᠩᠭᠢᠨ᠎ᠠ᠎ᠶ᠋ᠢ ᠥᠪᠥᠷ ᠮᠣᠩᠭᠤᠯ᠎ᠤᠨ ᠲᠠᠯ᠎ᠠ ᠨᠤᠲᠤᠭ᠎ᠤᠨ ᠦᠬᠡᠷ᠎ᠤᠨ ᠮᠢᠬ᠎ᠠ᠎ᠲᠠᠢ ᠤᠶᠠᠯᠳᠤᠭᠤᠯᠤᠨ ᠣᠷᠣᠨ ᠨᠤᠲᠤᠭ᠎ᠤᠨ ᠣᠨᠴᠠᠯᠢᠭ᠎ᠲᠠᠢ ᠱᠢᠷᠢᠰ ᠦᠢᠯᠡᠳᠬᠦᠨ᠎ᠢ ᠰᠤᠳᠤᠯᠤᠨ ᠨᠡᠭᠡᠭᠡᠬᠦ᠌ ᠪᠤᠯᠤᠨ᠎ᠠ᠃ ᠺᠣᠮᠫᠠᠨᠢ᠎ᠶ᠋ᠢ ᠭᠤᠷᠪᠠᠨ ᠬᠤᠭᠤᠴᠠᠭ᠎ᠠ ᠬᠤᠪᠢᠶᠠᠨ ᠲᠥᠯᠥᠪᠵᠢᠭᠦᠯᠦᠨ ᠪᠦᠲᠦᠭᠡᠨ ᠪᠠᠢᠭᠤᠯᠵᠤ᠂ ᠨᠢᠭᠡᠳᠦᠭᠡᠷ ᠬᠤᠭᠤᠴᠠᠭᠠᠨ᠎ᠤ ᠢᠨᠵᠧᠨᠧᠷᠢᠩ᠎ᠨᠢ ᠤᠯᠠᠭᠠᠨ ᠰᠣᠩᠭᠢᠨ᠎ᠠ᠂ ᠲᠠᠯ᠎ᠠ ᠨᠤᠲᠤᠭ᠎ᠤᠨ ᠦᠬᠡᠷ᠎ᠤᠨ ᠮᠢᠬ᠎ᠠ᠂ ᠬᠡᠭᠡᠷ᠎ᠡ᠎ᠶ᠋ᠢᠨ ᠮᠥᠭᠦ᠌᠂ ᠯᠠᠵᠤᠤ ᠵᠡᠷᠭᠡ᠎ᠪᠠᠷ ᠭᠤᠤᠯ ᠲᠦᠭᠦᠬᠡᠶ ᠮᠠᠲ᠋ᠧᠷᠢᠶᠠᠯ ᠪᠣᠯᠭᠠᠵᠤ᠂ ᠵᠢᠯ᠎ᠤᠨ ᠦᠢᠯᠡᠳᠪᠦᠷᠢᠯᠡᠬᠦ᠌ ᠴᠢᠳᠠᠪᠤᠷᠢ 2000 ᠲᠣᠨ ᠬᠦᠷᠬᠦ᠌ ᠪᠣᠯᠤᠨ᠎ᠠ᠃ ᠨᠢᠭᠡᠳᠦᠭᠡᠷ ᠬᠤᠭᠤᠴᠠᠭᠠᠨ᠎ᠤ ᠪᠠᠷᠢᠯᠭ᠎ᠠ ᠳᠠᠭᠤᠰᠭᠠᠭᠠᠳ ᠠᠱᠢᠭ᠍ᠯᠠᠯᠲᠠ᠎ᠳᠤ ᠣᠷᠣᠭ᠍ᠰᠠᠨ᠎ᠤ ᠳᠠᠷᠠᠭ᠎ᠠ᠂ ᠵᠢᠱ᠌ᠢᠯᠲᠡ᠎ᠪᠠᠷ ᠪᠣᠷᠣᠯᠠᠭᠤᠯᠭ᠎ᠠ᠎ᠶ᠋ᠢᠨ ᠣᠷᠣᠯᠭ᠎ᠠ 2400 ᠲᠦᠮᠡᠨ ᠲᠥᠭᠦᠷᠢᠭ᠎ᠲᠤ ᠬᠦᠷᠴᠦ᠍᠂ ᠵᠢᠯ᠎ᠳᠤ ᠲᠤᠬᠠᠶ᠎ᠶ᠋ᠢᠨ ᠭᠠᠵᠠᠷ᠎ᠤᠨ ᠤᠯᠠᠭᠠᠨ ᠰᠣᠩᠭᠢᠨ᠎ᠠ᠎ᠶ᠋ᠢ 800 ᠲᠣᠨ᠂ ᠦᠬᠡᠷ᠎ᠤᠨ ᠮᠢᠬ᠎ᠠ᠎ᠶ᠋ᠢ 400 ᠲᠣᠨ ᠬᠡᠷᠡᠭ᠌ᠰᠡᠵᠣ᠂ ᠲᠤᠬᠠᠶ᠎ᠶ᠋ᠢᠨ ᠭᠠᠵᠠᠷ᠎ᠤᠨ ᠮᠠᠯᠴᠢᠨ ᠲᠠᠷᠢᠶᠠᠴᠢᠨ᠎ᠤ ᠣᠷᠣᠯᠭ᠎ᠠ᠎ᠶ᠋ᠢ ᠶᠡᠭᠡ᠎ᠪᠠᠷ ᠨᠡᠮᠡᠭ᠌ᠳᠡᠭᠦᠯᠬᠦ᠌ ᠪᠣᠯᠣᠨ᠎ᠠ᠃

ᠲᠤᠰ ᠺᠣᠮᠫᠠᠨᠢ᠎ᠶ᠋ᠢᠨ ᠳᠠᠭᠠᠭᠠᠮᠠᠯ ᠵᠠᠩ ᠪᠥᠸᠧ᠄ 《ᠳᠣᠰ ᠲᠥᠷᠥᠯ ᠵᠦᠢᠯ᠎ᠢ ᠪᠦᠬᠦᠨ᠎ᠢ ᠪᠠᠢᠭᠤᠯᠵᠤ ᠳᠠᠭᠤᠰᠭᠠᠭᠠᠳ ᠠᠱᠢᠭ᠍ᠯᠠᠯᠲᠠ᠎ᠳᠤ ᠣᠷᠣᠭᠤᠯᠤᠭ᠍ᠰᠠᠨ᠎ᠤ ᠳᠠᠷᠠᠭ᠎ᠠ᠂ ᠵᠢᠱ᠌ᠢᠯᠲᠡ᠎ᠪᠠᠷ 300 ᠭᠠᠷᠤᠶ ᠬᠥᠮᠦᠨ᠎ᠳᠤ ᠠᠵᠢᠯ᠎ᠤᠨ ᠪᠠᠢᠷᠢ ᠬᠠᠩᠭᠠᠨ᠎ᠠ》 ᠬᠡᠪᠠ᠃

ᠵᠠᠭᠡᠰᠤᠳᠠᠢ ᠪᠠᠯᠭᠠᠰᠤᠨ᠎ᠤ ᠨᠠᠮ᠎ᠤᠨ ᠬᠤᠷᠢᠶᠠᠨ᠎ᠤ ᠱᠦᠵᠢ ᠯᠢᠦ ᠹᠸᠢ᠄ 《2020 ᠤᠨ᠎ᠳᠤ ᠣᠷᠣᠭᠤᠯᠵᠤ ᠠᠪᠴᠢᠷᠠᠭ᠍ᠰᠠᠨ ᠳᠣᠷᠣᠨᠠᠳᠠᠬᠢᠨ᠎ᠤ ᠬᠦᠰᠡᠯ ᠺᠣᠮᠫᠠᠨᠢ᠎ᠶ᠋ᠢᠨ ᠭᠠᠭ᠍ᠠᠢ ᠲᠡᠵᠢᠭᠡᠬᠦ᠌ ᠲᠦᠷᠦᠯ ᠵᠦᠢᠯ ᠪᠣᠯᠤᠨ ᠯᠠᠨ ᠲᠢᠶᠠᠨ ᠮᠠᠯ ᠠᠵᠤ ᠠᠬᠤᠢ᠎ᠶ᠋ᠢᠨ ᠬᠢᠵᠠᠭᠠᠷᠳᠤ ᠺᠤᠮᠫᠠᠨᠢ᠎ᠶ᠋ᠢᠨ ᠲᠦᠮᠡᠨ ᠰᠠᠭᠠᠯᠢ᠎ᠶ᠋ᠢᠨ ᠦᠨᠢᠶᠡᠨ᠎ᠤ ᠲᠦᠷᠦᠯ ᠵᠦᠢᠯ ᠮᠠᠨ᠎ᠤ ᠪᠠᠯᠭᠠᠰᠤᠨ᠎ᠤ ᠴᠢᠨᠠᠷ ᠰᠠᠢᠲᠠᠶ ᠮᠠᠯ᠎ᠢ ᠲᠡᠵᠢᠭᠡᠨ ᠦᠷᠡᠵᠢᠭᠦᠯᠬᠦ᠌ ᠬᠦᠷᠢᠶᠡᠯᠡᠩ ᠲᠣᠭᠤᠷᠢᠭ᠎ᠢ ᠪᠦᠲᠦᠭᠡᠨ ᠪᠠᠢᠭᠤᠯᠬᠤ ᠪᠠᠢᠯᠳᠤᠬᠤ ᠪᠣᠳᠣᠯᠭ᠎ᠠ᠎ᠶ᠋ᠢᠨ ᠪᠠᠢᠷᠢᠯᠠᠭᠤᠯᠤᠯᠲᠠ᠎ᠶ᠋ᠢ ᠬᠦᠴᠦᠲᠡᠶ ᠠᠬᠢᠭᠤᠯᠵᠠᠢ᠃ ᠶᠢᠥ ᠷᠠᠨ ᠮᠠᠯ ᠠᠵᠤ ᠠᠬᠤᠶ᠎ᠶ᠋ᠢ ᠪᠠᠭ᠍ᠲᠠᠭᠠᠭ᠍ᠰᠠᠨ ᠣᠯᠠᠨ ᠠᠵᠣ ᠠᠬᠤᠢ᠍ᠢᠯᠠᠯ᠎ᠤᠨ ᠳ᠋ᠦᠩᠱᠢᠭᠤᠷ ᠳᠥᠬᠦᠷᠢᠭ᠎ᠤᠨ ᠳᠡᠰ᠎ᠤᠨ ᠪᠡᠯᠡ ᠣᠷᠣᠭᠤᠯᠣᠯᠳᠠ᠎ᠲᠠᠢ ᠲᠡᠵᠢᠭᠡᠨ ᠦᠷᠡᠵᠢᠭᠦᠯᠬᠦ᠌ ᠠᠵᠤ ᠠᠬᠤᠢᠯᠠᠯ᠎ᠤᠨ ᠵᠢᠱ᠌ᠢᠶ᠎ᠡ ᠦᠵᠡᠭᠦᠯᠬᠦ᠌᠎ᠪᠠᠷ ᠳᠠᠮᠵᠢᠨ᠂ ᠪᠠᠯᠭᠠᠰᠤᠨ᠎ᠤ ᠲᠡᠵᠢᠭᠡᠨ ᠦᠷᠡᠵᠢᠭᠦᠯᠬᠦ᠌ ᠠᠵᠣ ᠥᠢᠯᠡᠰ ᠳᠥᠷᠬᠡᠨ ᠨᠡᠮᠡᠭ᠌ᠳᠡᠵᠣ᠂ ᠲᠡᠵᠢᠭᠡᠯ ᠪᠣᠷᠳᠣᠭᠠᠨ᠎ᠤ ᠦᠢᠯᠡᠤᠡᠪᠦᠷᠢᠯᠡᠯ᠂ ᠱᠢᠬᠡᠭ ᠪᠤᠷᠳᠤᠭᠤᠷ᠎ᠢ ᠠᠱᠢᠭ᠍ᠯᠠᠬᠤ᠂ ᠪᠠᠷᠠᠭᠠᠨ᠎ᠤ ᠭᠦᠢᠯᠭᠡᠭᠡ᠂ ᠲᠡᠭᠡᠭᠡᠪᠦᠷᠢ ᠵᠡᠷᠭᠡ ᠭᠤᠭ᠍ᠴᠤᠭ᠎ᠠ᠎ᠶ᠋ᠢ ᠪᠠᠭ᠍ᠲᠠᠭᠠᠭ᠍ᠰᠠᠨ ᠪᠦᠬᠦ᠌ ᠠᠵᠤ ᠦᠢᠯᠡᠰ᠎ᠤᠨ  ᠬᠡᠯᠬᠢᠶ᠎ᠡ᠎ᠶ᠋ᠢ ᠱᠢᠯᠢᠳᠡᠭ᠌ᠵᠢᠭᠦᠯᠦᠨ ᠳᠡᠰ ᠳᠡᠪᠱᠢᠭᠦᠯᠵᠣ᠂ ᠪᠠᠯᠭᠠᠰᠤᠨ᠎ᠤ ᠠᠵᠤ ᠠᠬᠤᠢ᠎ᠶ᠋ᠢᠨ ᠬᠥᠭ᠌ᠵᠢᠯᠲᠡ ᠪᠠ ᠨᠡᠢᠭᠡᠮ᠎ᠤᠨ ᠳᠠᠪᠱᠢᠯᠲᠠ᠎ᠶ᠋ᠢ ᠠᠬᠢᠭᠤᠯᠤᠨ᠎ᠡ》 ᠬᠡᠵᠣ ᠶᠠᠷᠢᠯ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号