ᠨᠠᠶᠠᠨ ᠲᠠᠪᠤᠳᠠᠢ ᠨᠠᠰᠤᠳᠠᠨ᠎ᠤ ᠭᠤᠤ᠎ᠠᠴᠠ ᠭᠠᠷᠤᠬ᠍ᠰᠡᠨ ᠲᠠᠮᠳᠡᠭ᠌ᠯᠡᠯ
2020-12-27 09:44:36
ᠵᠣᠬᠢᠶᠠᠭ᠍ᠴᠢ᠄
ᠲᠦᠮᠡᠨᠬᠡᠱᠢᠭ ᠴᠠᠩ ᠡᠾᠧ ᠪᠤᠤ ᠴᠢᠩ ᠱᠧᠩ ᠡᠤ ᠬᠤᠷᠴᠠ
ᠣᠩᠱᠢᠭ᠍ᠰᠠᠨ ᠣᠳᠠᠭ᠎ᠠ᠄
★★★☆☆

ᠡᠪᠤᠯ᠎ᠤᠨ ᠨᠠᠷᠠ ᠴᠤᠩᠬᠤᠨ ᠱᠢᠯ᠎ᠢ ᠨᠠᠪᠳᠠᠯᠤᠨ ᠬᠢᠯᠠᠢᠳᠠᠯ᠎ᠠ ᠵᠦᠯᠬᠦᠭ᠌ᠰᠡᠨ ᠱᠠᠭᠠᠵᠠᠩ ᠱᠠᠯᠠ ᠲᠡᠭᠡᠷ᠎ᠠ ᠲᠤᠰᠴᠤ᠌ ᠭᠡᠷᠡᠯ ᠤᠢ᠍ᠢᠨ᠎ᠠ᠂ ᠴᠤᠩᠬᠤᠨ ᠲᠠᠢᠰᠠᠠ ᠲᠡᠭᠡᠷᠡᠬᠢ ᠬᠡᠳᠦᠨ ᠫᠧᠩᠰᠡ ᠬᠤᠸᠠᠷ ᠡᠪᠦᠯ᠎ᠢ ᠤᠮᠠᠷᠳᠠᠨ ᠴᠡᠴᠡᠭ ᠲᠡᠯᠭᠡᠷᠡᠵᠤ᠂ ᠠᠯᠢᠪᠠ ᠪᠦᠬᠦᠨ ᠰᠡᠳᠭᠢᠯ᠎ᠳᠤ ᠠᠶᠠᠳᠠᠢ᠃


QQ截图20201227085012.jpg


ᠬᠠᠨᠵᠤᠨ᠎ᠤ ᠵᠡᠭᠦᠨ ᠬᠠᠶᠠᠭ᠎ᠠ ᠲᠦᠱᠢᠬᠦᠯᠤᠨ ᠵᠠᠰᠠᠬ᠍ᠰᠡᠨ ᠵᠦᠭᠡᠯᠡᠨ ᠤᠯᠪᠤᠭ ᠲᠡᠭᠡᠷ᠎ᠠ ᠪᠤᠭᠤᠨᠢᠬᠠᠨ ᠪᠠᠶ᠎ᠠ᠎ᠲᠠᠢ᠂ ᠮᠠᠩᠨᠠᠢ ᠲᠦᠭᠦᠷᠡᠩ ᠦᠷᠴᠢᠯᠡᠭᠡᠰᠦ᠎ᠲᠠᠢ᠂ ᠤᠯᠠᠭᠠᠨ ᠦᠡᠭ᠌ᠭᠡ᠎ᠶ᠋ᠢᠨ ᠨᠤᠤᠰᠤᠨ ᠬᠦᠷᠮ᠎ᠠ ᠡᠮᠦᠰᠦᠭ᠌ᠰᠡᠨ ᠨᠠᠰᠤᠳᠠᠨ ᠨᠠᠮᠪᠠᠭᠠᠳᠠᠢᠬᠠᠨ ᠰᠠᠭᠤᠵᠦ᠍᠄ 《〈ᠠᠮᠢᠳᠦ ᠶᠠᠪᠤᠪᠠᠯ ᠠᠯᠳᠠᠨ ᠠᠶᠠᠭᠠᠨ᠎ᠠᠴᠠ ᠤᠰᠦ ᠤᠤᠭᠤᠨ᠎ᠠ〉 ᠬᠡᠳᠡᠭ᠎ᠢᠶᠠᠷ ᠠᠮᠢᠳᠦ ᠶᠠᠪᠤᠭ᠎ᠠ ᠨᠠᠰᠤᠨ᠎ᠳᠠᠭᠠᠨ ᠭᠤᠤ᠎ᠶ᠋ᠢᠨ ᠢᠷᠤᠭᠠᠷ᠎ᠠᠴᠠ ᠨᠡᠬᠦᠨ ᠱᠢᠨ᠎ᠠ ᠪᠠᠭᠤᠴᠠ᠎ᠳᠤ ᠰᠠᠭᠤᠷᠢᠱᠢᠵᠦ᠍᠂ ᠪᠡᠶᠡᠨ ᠴᠢᠨᠡᠭᠡᠯᠢᠭ ᠠᠮᠢᠳᠤᠷᠠᠨ᠎ᠠ ᠬᠡᠭ᠌ᠴᠢ ᠵᠡᠬᠦᠳᠤᠨ᠎ᠳᠤ ᠤᠷᠤᠭ᠍ᠰᠠᠨ ᠦᠬᠡᠢ ᠶᠠᠪᠤᠳᠠᠯ ᠱᠢᠤ》 ᠬᠡᠵᠦ᠍ ᠦᠯᠢᠭᠡᠷ ᠱᠢᠤᠬᠠᠨ ᠶᠠᠭᠤᠮ᠎ᠠ ᠬᠦᠤᠷᠨᠢᠨ᠎ᠡ᠃

ᠬᠦᠷᠢᠶ᠎ᠠ ᠬᠤᠱᠢᠭᠤ ᠬᠡᠵᠦ᠍ ᠭᠤᠤ ᠭᠠᠨᠭ᠌ᠭ᠎ᠠ ᠤᠯᠠᠨ᠎ᠢᠶᠠᠷ᠎ᠢᠶᠠᠨ ᠠᠯᠳᠠᠷᠱᠢᠬ᠍ᠰᠡᠨ ᠶᠤᠮ᠃ ᠬᠤᠯᠠ᠎ᠠᠴᠠ ᠬᠠᠷᠠᠬᠤ᠎ᠳᠤ ᠲᠠᠯ᠎ᠠ ᠵᠤᠤ ᠱᠢᠤᠬᠠᠨ ᠬᠠᠷᠠᠬ᠍ᠳ᠋ᠬᠠᠤ ᠪᠤᠯᠪᠠᠴᠦ᠍ ᠶᠠᠪᠤᠵᠦ᠍ ᠪᠠᠢᠳᠠᠯ᠎ᠠ ᠬᠡᠳᠤᠨ ᠠᠷᠪᠠᠨ ᠮᠧᠲᠷ ᠴᠢᠨᠠᠬ᠍ᠰᠢᠯᠡᠨ ᠵᠠᠭᠤ ᠱᠢᠬᠠᠮ ᠮᠧᠲᠷ ᠬᠦᠨ᠂ ᠬᠡᠳᠤᠨ ᠭᠠᠵᠡᠷ ᠦᠷᠭᠡᠨ ᠭᠤᠤ ᠬᠦᠨᠳᠠᠯᠢᠰᠦᠨ ᠦᠷᠬᠦᠯᠵᠢᠯᠡᠬᠦ᠌᠎ᠨᠢ ᠵᠦᠡᠭ᠌ᠳᠡᠭᠡᠨ ᠲᠤᠬᠢᠶᠠᠯᠳᠤᠨ᠎ᠠ᠃ ᠨᠤᠳᠤᠭ᠎ᠤᠨ ᠬᠦᠮᠤᠰ᠎ᠤᠨ ᠬᠡᠯᠡᠬᠦ᠌᠎ᠪᠠᠷ᠂ ᠬᠦᠷᠢᠶ᠎ᠠ ᠬᠤᠱᠢᠭᠤ ᠶᠢᠰᠤᠨ ᠵᠠᠭᠤ ᠶᠡᠷᠨ ᠶᠢᠰᠤᠨ ᠭᠤᠤ᠎ᠲᠠᠢ ᠬᠡᠬᠦ᠌ ᠶᠤᠮ᠂ ᠪᠠᠰᠠ ᠵᠡᠷᠢᠮ᠎ᠨᠢ ᠶᠢᠰᠤᠨ ᠮᠢᠩᠭ᠎ᠠ ᠶᠢᠰᠤᠨ ᠵᠠᠭᠤ ᠶᠡᠷᠨ ᠶᠢᠰᠤᠨ ᠭᠤᠤ᠎ᠲᠠᠢ ᠴᠤ᠌ ᠬᠡᠬᠦ᠌ ᠶᠤᠮ᠃ ᠴᠤᠬᠤᠮ ᠬᠡᠳᠤᠢ ᠭᠤᠤ᠎ᠲᠠᠢ᠎ᠶ᠋ᠢ ᠬᠡᠨ ᠴᠤ᠌ ᠪᠦᠷᠢᠳᠭᠡᠵᠦ᠍ ᠦᠵᠡᠭᠡ ᠦᠭᠡᠢ ᠪᠤᠯᠪᠠᠴᠦ᠍ ᠭᠤᠤ ᠪᠤᠯᠭᠠᠨ᠎ᠳᠤᠨᠢ ᠬᠦᠮᠦᠨ ᠠᠷᠡᠳ᠎ᠤᠨ ᠠᠮᠢᠳᠤᠷᠡᠯ ᠲᠡᠮᠡᠴᠡᠯ᠎ᠤᠨ ᠤᠯᠠ ᠮᠦᠷ᠎ᠢ ᠲᠠᠮᠠᠭᠠᠯᠠᠬ᠍ᠰᠡᠨ ᠦᠯᠢᠭᠡᠷ ᠤᠴᠠᠷᠡᠯ ᠵᠦᠩᠳᠡᠭᠡᠨ ᠪᠠᠢᠳᠠᠭ ᠬᠡᠳᠡᠭ᠎ᠨᠢ ᠮᠠᠷᠭᠤᠰᠢ ᠦᠭᠡᠢ᠃


QQ截图20201227085020.jpg


ᠦᠯᠢᠭᠡᠷ ᠡᠬᠢᠯᠡᠬᠦᠯᠵᠦ᠍ ᠪᠠᠢᠭ᠎ᠠ 85 ᠎ᠲᠠᠢ ᠡᠨᠡ ᠨᠠᠰᠤᠳᠠᠨ᠎ᠢ ᠱᠢᠤᠢ ᠹᠸᠡᠭ ᠾᠧ ᠬᠡᠳᠡᠭ᠂ ᠬᠦᠷᠢᠶ᠎ᠠ ᠬᠤᠱᠢᠭᠤᠨ᠎ᠤ ᠬᠦᠬᠦᠨ ᠪᠠᠯᠭᠠᠰᠤ᠎ᠶ᠋ᠢᠨ ᠦ᠋ ᠱᠢᠩ ᠲᠤᠰᠭᠤᠨ᠎ᠤ ᠨᠠᠰᠤ᠎ᠪᠠᠷ ᠬᠠᠮᠤᠭ᠎ᠤᠨ ᠠᠬᠠᠮᠠᠳ ᠪᠤᠭᠤᠷᠤᠯ ᠪᠢᠯᠠ᠃ ᠲᠡᠬᠦᠨ᠎ᠤ ᠦᠯᠢᠭᠡᠷ ᠭᠠᠵᠡᠷ᠎ᠤᠨ ᠲᠦᠪᠱᠢᠨ᠎ᠠᠴᠠ ᠲᠤᠭᠤᠬ᠍ᠰᠢ ᠵᠠᠭᠤ ᠭᠠᠷᠤᠢ ᠮᠧᠲᠷ᠎ᠤᠨ ᠬᠦᠨ᠎ᠳᠠᠬᠢ ᠦᠭᠡᠷᠳᠦ ᠭᠤᠤ᠎ᠠᠴᠠ ᠡᠬᠢᠯᠡᠯ᠎ᠠ᠄ 《ᠮᠢᠨᠦ᠍ ᠮᠡᠳᠡᠬᠦ᠌᠎ᠪᠠᠷ ᠦᠭᠡᠷᠳᠦ ᠭᠤᠤ ᠬᠡᠵᠦ᠍ 300 ᠭᠠᠷᠤᠢ ᠵᠢᠯ᠎ᠤᠨ ᠲᠡᠤᠭᠡ᠎ᠲᠠᠢ ᠶᠤᠮ᠃ ᠮᠢᠨᠦ᠍ ᠡᠪᠦᠭᠡ ᠪᠤᠯᠤᠨ ᠠᠪᠤ ᠪᠦᠷ ᠯᠠ ᠦᠭᠡᠷᠳᠦ ᠭᠤᠤ᠎ᠳᠤ ᠲᠦᠷᠦᠵᠦ᠍ ᠦᠰᠴᠦ᠍᠂ ᠶᠠᠳᠠᠭᠤ ᠵᠦᠳᠡᠬᠦᠤ ᠠᠮᠢᠳᠤᠷᠠᠬ᠍ᠰᠡᠨ᠎ᠢ ᠪᠤᠤ ᠬᠡᠯᠡ᠂ ᠭᠤᠤ᠎ᠶ᠋ᠢᠨ ᠠᠮᠠᠰᠠᠷ᠎ᠠᠴᠠ ᠴᠠᠭᠠᠰᠢ ᠭᠠᠵᠡᠷ ᠪᠠᠢᠬᠤ᠎ᠶ᠋ᠢ ᠮᠡᠳᠡᠪᠡᠴᠤ᠌ ᠪᠠᠢᠭᠠᠯᠢ᠎ᠶ᠋ᠢᠨ ᠨᠦᠭᠦᠴᠡᠯ᠂ ᠠᠮᠢᠳᠤᠷᠠᠯ᠎ᠤᠨ ᠵᠦᠳᠡᠷᠡᠯ᠎ᠠᠴᠠ ᠪᠤᠯᠵᠤ᠂ ᠭᠤᠤ᠎ᠠᠴᠠ ᠲᠡᠮᠡᠢ ᠭᠠᠷᠤᠬ᠍ᠰᠠᠨ ᠦᠭᠡᠢ ᠪᠢᠯᠡ᠃ ᠪᠢ ᠴᠤ᠌ ᠲᠠᠷᠠ ᠭᠤᠤ᠎ᠳᠤ ᠪᠦᠳᠤᠨ 82 ᠵᠢᠯ ᠠᠵᠦ᠍ ᠲᠦᠷᠦᠨ ᠠᠮᠢᠳᠤᠷᠡᠵᠦ᠍᠂ ᠬᠠᠯᠠ᠎ᠲᠠᠢ ᠬᠡᠴᠡᠬᠦᠤ ᠠᠮᠢᠳᠤᠷᠡᠯ᠎ᠢ ᠬᠠᠱᠢᠷᠠᠳᠠᠯ᠎ᠠ ᠦᠡᠭ᠌ᠭᠡᠷᠡᠬᠦᠯᠵᠦ᠍ ᠪᠠᠢᠬ᠍ᠰᠡᠨ᠎ᠢᠶᠠᠨ ᠪᠤᠳᠤᠪᠠᠯ ᠵᠢᠷᠤᠭᠡ ᠱᠢᠮᠱᠢᠷᠠᠮᠡᠷ ᠶᠤᠮ》 ᠬᠡᠵᠦ᠍ ᠬᠡᠯᠡᠬᠦ᠌᠎ᠶ᠋ᠢᠨ ᠲᠠᠭᠠᠤ ᠨᠠᠰᠤᠳᠠᠨ ᠭᠠᠷ ᠦᠵᠦᠬᠦᠷ ᠪᠠᠢᠬ᠍ᠰᠡᠨ ᠶᠠᠨᠵᠤᠤᠷ ᠲᠡᠮᠡᠬᠢ᠎ᠪᠠᠨ ᠨᠤᠴᠤᠭᠠᠨ ᠬᠦᠴᠦᠳᠠᠢ ᠬᠡᠭ᠌ᠴᠢ ᠬᠤᠶᠡᠷ ᠰᠤᠷᠤᠭᠠᠳ᠄ 《ᠠᠷᠪᠠᠭᠠᠳ ᠵᠢᠯ᠎ᠤᠨ ᠡᠮᠤᠨᠡᠬᠢ ᠨᠢᠬᠡᠨ ᠤᠳᠠᠭ᠎ᠠ᠎ᠶ᠋ᠢᠨ ᠶᠡᠭᠡ ᠴᠠᠰᠤᠨ᠎ᠳᠤ ᠪᠠᠢᠵᠦ᠍ ᠪᠢᠯᠠ᠃ ᠲᠤᠰᠭᠤᠨ ᠬᠢᠭᠡᠳ ᠭᠠᠳᠠᠨᠠᠬᠢ ᠶᠢᠷᠳᠢᠨᠴᠦ᠎ᠲᠠᠢ ᠨᠠᠪᠳᠡᠷᠡᠬᠦ᠌ ᠴᠤᠷ᠎ᠤᠨ ᠭᠠᠭ᠍ᠴᠠ ᠨᠠᠯᠠᠤ ᠵᠠᠮ ᠪᠦᠭ᠌ᠯᠡᠷᠡᠬᠡᠳ ᠭᠠᠷᠴᠦ᠍ ᠤᠷᠤᠵᠦ᠍ ᠴᠢᠳᠠᠬᠤ ᠦᠭᠡᠢ ᠬᠤᠶᠡᠷ ᠰᠠᠷ᠎ᠠ ᠭᠠᠷᠤᠢ ᠪᠤᠯᠵᠠᠢ᠃ ᠬᠤᠵᠢᠮ᠎ᠨᠢ ᠪᠦᠬᠦᠳᠡᠭᠡᠷ ᠴᠠᠰᠤᠨ ᠲᠤᠮᠳᠠᠭᠤᠷ ᠨᠠᠷᠢᠬᠠᠨ ᠱᠡᠳᠦᠨ ᠵᠠᠮ ᠭᠠᠷᠭᠠᠵᠤ ᠬᠡᠳᠤᠨ ᠬᠦᠮᠦᠨ᠎ᠢ ᠲᠤᠮᠢᠯᠠᠨ ᠶᠠᠪᠠᠭᠠᠨ᠎ᠢᠶᠠᠷ ᠪᠠᠯᠭᠠᠰᠤᠨ᠎ᠳᠤ ᠤᠴᠢᠭᠤᠯᠵᠦ᠍ ᠡᠳᠤᠷ ᠲᠤᠳᠤᠮ᠎ᠤᠨ ᠪᠠᠷᠠᠭ᠎ᠠ ᠲᠠᠸᠡᠷ ᠠᠪᠴᠢᠷᠠᠭᠤᠯᠵᠦ᠍᠂ ᠪᠠᠴᠢᠮ ᠪᠠᠢᠳᠠᠯ᠎ᠢ ᠠᠷᠭᠠᠴᠠᠭᠠᠬ᠍ᠰᠡᠨ ᠶᠤᠮ》 ᠬᠡᠵᠦ᠍ ᠶᠡᠷᠢᠨ᠎ᠠ᠃

ᠲᠡᠬᠦᠨ᠎ᠤ ᠡᠷᠬᠢᠴᠡᠬᠦᠯᠬᠦ᠌᠎ᠪᠠᠷ᠂ ᠤᠤᠯ᠎ᠳᠠᠭᠠᠨ ᠲᠠᠳᠠ ᠴᠠᠰᠦ ᠪᠤᠷᠤᠭᠠᠨ᠂ ᠦᠶᠡᠷ ᠤᠰᠤᠳᠤᠯ ᠪᠤᠯᠪᠠᠯ ᠦᠭᠡᠷᠳᠦ ᠭᠤᠤ᠎ᠳᠠᠭᠠᠨ ᠬᠠᠱᠢᠬ᠍ᠳᠠᠨ 《ᠵᠢᠷᠦᠭᠡ᠎ᠪᠠᠨ ᠭᠠᠷ᠎ᠲᠠᠭᠠᠨ ᠪᠠᠷᠢᠵᠤ》 ᠰᠠᠭᠤᠬᠤ᠎ᠠᠴᠠ ᠦᠭᠡᠷ᠎ᠠ ᠠᠷᠭ᠎ᠠ ᠦᠭᠡᠢ ᠪᠠᠢᠯ᠎ᠠ᠃ ᠤᠨᠴᠠᠭᠠᠢᠯᠡᠨ ᠲᠠᠳᠠᠨ᠎ᠤ ᠬᠠᠮᠤᠭ᠎ᠤᠨ ᠰᠠᠨᠠᠭ᠎ᠠ ᠪᠤᠯᠳᠠᠭ ᠶᠠᠪᠤᠳᠠᠯ ᠪᠤᠯ ᠨᠠᠮᠤᠷ᠎ᠤᠨ ᠬᠤᠷᠢᠶᠠᠯᠳᠠ ᠠᠪᠬᠤ ᠪᠠ ᠬᠤᠳᠠᠯᠳᠤᠬᠤ ᠊ᠦᠶ᠎ᠠ ᠪᠤᠯᠤᠨ᠎ᠠ᠃ ᠭᠤᠤ᠎ᠶ᠋ᠢᠨ ᠭᠠᠳᠠᠨ᠎ᠠ ᠲᠠᠷᠢᠬ᠍ᠰᠡᠨ ᠲᠠᠷᠢᠶ᠎ᠠ ᠲᠦᠮᠦᠰᠦ᠎ᠪᠠᠨ ᠪᠠᠭ᠎ᠠ ᠰᠠᠭ᠎ᠠ᠎ᠪᠠᠷ ᠵᠦᠬᠡᠬᠡᠪᠦᠷᠢᠯᠡᠨ ᠦᠳᠦᠷᠮ᠎ᠠ᠎ᠳᠡᠭᠡᠨ ᠤᠷᠤᠭᠤᠯᠤᠬ᠍ᠰᠡᠨ᠎ᠤ ᠲᠠᠷᠠᠭ᠎ᠠ ᠶᠠᠪᠤᠭᠤᠯ ᠮᠠᠢᠮᠠᠢᠴᠢᠨ᠎ᠢ ᠨᠢᠳᠤᠨ᠎ᠠᠴᠠ᠎ᠪᠠᠨ ᠤᠰᠦ ᠭᠠᠷᠳᠠᠯ᠎ᠠ ᠬᠦᠯᠢᠶᠡᠨ᠎ᠠ᠃ ᠤᠳᠠᠵᠦ᠍ ᠤᠳᠠᠭᠠᠳ ᠢᠷᠡᠬᠦ᠌᠎ᠳᠤ ᠦᠭ᠌ᠬᠦᠭ᠌ᠰᠡᠨ ᠬᠠᠩᠰᠢ᠎ᠨᠢ ᠵᠠᠬ᠎ᠠ ᠲᠠᠯᠬᠡᠬᠦᠷ᠎ᠤᠨ ᠦᠨ᠎ᠠ᠎ᠠᠴᠠ ᠬᠤᠯᠠ ᠬᠢᠮᠳᠠ ᠪᠤᠯᠪᠠᠴᠦ᠍ ᠬᠤᠳᠠᠯᠳᠤᠬᠤ ᠦᠭᠡᠢ ᠪᠠᠰᠠ ᠠᠷᠭ᠎ᠠ ᠦᠭᠡᠢ ᠪᠤᠯᠬᠤᠷ ᠵᠢᠯ᠎ᠤᠨ ᠤᠷᠤᠯᠭ᠎ᠠ ᠬᠡᠵᠦ᠍ ᠶᠠᠭᠤ ᠯᠠ ᠪᠠᠢᠬᠤᠪ ᠳ᠋ᠠ᠃ ᠲᠡᠭᠡᠷ᠎ᠠ᠎ᠨᠢ ᠮᠠᠯ ᠤᠨᠤᠭ᠎ᠠ ᠴᠦᠭᠡᠨ᠂ ᠠᠷᠡᠴᠢᠯᠡᠵᠦ᠍ ᠲᠡᠵᠢᠬᠡᠬᠦ᠌᠎ᠳᠤ ᠲᠦᠬᠦᠮ ᠦᠭᠡᠢ ᠵᠡᠷᠭᠡ ᠱᠢᠯᠳᠠᠭᠠᠨ᠎ᠠᠴᠠ ᠦᠭᠡᠷᠳᠦ ᠭᠤᠤ᠎ᠳᠠᠬᠢ 32 ᠡᠷᠦᠭᠡ᠎ᠠᠴᠠ 28 ᠡᠷᠦᠭᠡ᠎ᠨᠢ ᠶᠠᠳᠠᠭᠤ ᠬᠦᠴᠢᠷᠳᠠᠯᠳᠠᠢ ᠡᠷᠦᠭᠡ᠎ᠶ᠋ᠢᠨ ᠲᠠᠩᠰᠠᠨ᠎ᠳᠤ ᠤᠷᠤᠵᠤ᠂ ᠢᠳᠡᠵᠦ᠍ ᠡᠮᠤᠰᠭᠦ ᠦᠨᠳᠤᠰᠤᠨ ᠠᠰᠠᠭᠤᠳᠠᠯ᠎ᠢᠶᠠᠨ ᠯᠡ ᠱᠢᠢᠳᠪᠤᠷᠢᠯᠡᠨ᠂ ᠱᠢᠷ᠎ᠠ ᠡᠳᠤᠷ ᠪᠤᠷᠦ᠍ ᠬᠤᠨᠤᠭ᠎ᠢ ᠤᠢ᠍ᠢᠳᠭᠠᠷ᠎ᠲᠠᠢ ᠦᠡᠭ᠌ᠭᠡᠷᠡᠬᠦᠯᠬᠦ᠌᠎ᠳᠡᠭᠡᠨ ᠭᠤᠤ᠎ᠠᠴᠠ ᠭᠠᠷᠬᠤ᠎ᠠᠴᠠ ᠪᠤᠰᠤᠳ ᠬᠦᠰᠡᠯ ᠵᠡᠬᠦᠳᠦ ᠬᠡᠵᠦ᠍ ᠦᠭᠡᠢ ᠪᠠᠢᠯ᠎ᠠ᠃ ᠡᠨᠡ ᠬᠦ᠌ ᠬᠦᠰᠡᠯ ᠵᠡᠭᠦᠳᠦ᠎ᠨᠢ ᠬᠠᠷᠢᠨ 2017 ᠤᠨ᠎ᠳᠤ ᠪᠡᠶᠡᠯᠡᠭ᠌ᠳᠡᠭ᠌ᠰᠡᠨ ᠪᠠᠢᠯ᠎ᠠ᠃ ᠲᠤᠰ ᠵᠢᠯ᠎ᠤᠨ ᠵᠤᠨ᠂ ᠤᠯᠤᠰ᠎ᠤᠨ ᠤᠨᠳᠤᠤ ᠭᠠᠵᠠᠷ᠎ᠲᠤ ᠨᠡᠭᠦᠯᠭᠡᠨ ᠶᠠᠳᠠᠭᠤ᠎ᠶ᠋ᠢ ᠲᠡᠳᠬᠦᠬᠦ᠌ ᠲᠦᠷᠦ᠎ᠶ᠋ᠢᠨ ᠪᠤᠳᠤᠯᠭ᠎ᠠ᠎ᠶ᠋ᠢᠨ ᠢᠪᠡᠭᠡᠯ᠎ᠢᠶᠠᠷ ᠦᠭᠡᠷᠳᠦ ᠭᠤᠤ᠎ᠶ᠋ᠢᠨ 32 ᠡᠷᠦᠭᠡ᠎ᠶ᠋ᠢᠨ 113 ᠠᠮᠠ ᠪᠦᠯᠢ ᠪᠦᠬᠦᠨ᠎ᠢᠶᠠᠷ᠎ᠢᠶᠠᠨ ᠭᠤᠤ᠎ᠠᠴᠠ 3 ᠭᠠᠵᠡᠷ᠎ᠤᠨ ᠵᠠᠢᠳᠠᠢ ᠪᠠᠢᠭ᠎ᠠ ᠱᠢᠨ᠎ᠠ ᠲᠤᠰᠭᠤᠨ᠎ᠳᠤ ᠪᠠᠭᠤᠪᠠ᠃ 《ᠦᠭᠡᠷᠳᠦ ᠭᠤᠤ᠎ᠶ᠋ᠢᠨ ᠬᠡᠳᠤᠨ ᠦᠶ᠎ᠠ᠎ᠶ᠋ᠢᠨ ᠬᠦᠮᠤᠰ᠎ᠤᠨ ᠭᠤᠤ᠎ᠠᠴᠠ ᠭᠠᠷᠬᠤ ᠬᠦᠰᠠᠯ ᠵᠡᠬᠦᠳᠦ ᠱᠢᠨ᠎ᠠ ᠴᠠᠭ ᠦᠶ᠎ᠠ᠎ᠳᠤ ᠰᠠᠶᠢ ᠲᠡᠷᠭᠡᠯᠱᠢᠯ᠎ᠠ᠃ ᠪᠢ ᠡᠨᠡ ᠬᠦ᠌ ᠠᠵᠠ ᠵᠢᠷᠭᠠᠯᠳᠦ ᠮᠦᠴᠠ᠎ᠶ᠋ᠢ ᠪᠡᠶ᠎ᠠ᠎ᠪᠠᠷ᠎ᠢᠶᠠᠨ ᠦᠡᠭ᠌ᠭᠡᠷᠡᠬᠦᠯᠬᠦ᠌ ᠭᠡᠭ᠌ᠴᠢ ᠶᠠᠭᠤᠳᠠᠢ ᠪᠠᠶᠡᠷ ᠵᠢᠷᠭᠠᠯ ᠪᠤᠢ》 ᠬᠡᠵᠦ᠍ ᠨᠠᠰᠤᠳᠠᠨ ᠡᠷᠬᠢᠴᠡᠬᠦᠯᠤᠨ ᠬᠡᠯᠡᠬᠦ᠌᠎ᠳᠡᠭᠡᠨ ᠬᠤᠪᠢ᠎ᠶ᠋ᠢᠨ ᠭᠠᠳᠠᠨ᠎ᠠ ᠰᠡᠳᠭᠢᠯ ᠲᠤᠬ᠍ᠳᠤᠯᠤᠨ᠎ᠠ᠃

ᠠᠯᠤᠰ᠎ᠠᠴᠠ ᠰᠤᠨᠤᠯᠵᠠᠬᠤ ᠵᠠᠰᠠᠮᠠᠯ ᠵᠠᠮ᠎ᠢ ᠬᠠᠪᠢᠳᠠᠨ ᠱᠢᠨᠡᠭᠡᠨ ᠤᠷᠤᠢ᠎ᠲᠠᠢ ᠸᠠᠭᠠᠷ᠎ᠤᠨ ᠭᠡᠷ ᠵᠢᠭ᠌ᠳᠡᠷᠡᠵᠤ᠂ ᠸᠠᠭᠠᠷ ᠲᠤᠭᠤᠰᠭ᠎ᠠ᠎ᠶ᠋ᠢᠨ ᠪᠦᠳᠦᠴᠡ᠎ᠲᠠᠢ ᠬᠡᠷ ᠪᠠᠢᠱᠢᠩ᠂ ᠬᠠᠱᠢᠶ᠎ᠠ ᠰᠠᠷᠡᠪᠴᠢ ᠲᠡᠷᠢ ᠲᠡᠭ᠌ᠰᠢᠭᠡᠨ ᠬᠠᠷᠠᠬ᠍ᠳᠠᠬᠤ ᠪᠦᠭᠡᠳ ᠬᠠᠱᠢᠶ᠎ᠠ ᠰᠡᠷᠡᠪᠴᠢ ᠪᠦᠷᠢ᠎ᠳᠤᠨᠢ ᠲᠠᠷᠭᠤ ᠰᠠᠢᠳᠠᠢ ᠱᠢᠷ᠎ᠠ ᠠᠯᠠᠬ ᠦᠭᠡᠷ᠎ᠤᠳ ᠲᠠᠭᠠᠳᠠᠢ ᠬᠡᠪᠢᠵᠤ᠂ ᠠᠵᠢᠯᠴᠢ ᠲᠦᠮᠠᠨ᠎ᠤ ᠠᠮᠢᠳᠤᠷᠠᠯ᠎ᠤᠨ ᠪᠤᠷᠦ᠍ ᠵᠢᠷᠤᠭ ᠲᠡᠯᠭᠡᠭ᠌ᠳᠡᠨ᠎ᠠ᠃

《ᠭᠤᠷᠪᠡᠨ ᠵᠢᠯ᠎ᠤᠨ ᠲᠤᠷᠰᠢ᠂ ᠲᠡᠭᠡᠳᠤ ᠱᠠᠳᠤᠨ᠎ᠠᠴᠠ ᠶᠠᠳᠠᠭᠤ ᠬᠦᠴᠢᠷᠳᠡᠯᠳᠠᠢ ᠠᠷᠡᠳ᠎ᠢ ᠤᠨᠳᠤᠤ ᠭᠠᠵᠠᠷ᠎ᠲᠤ ᠨᠡᠭᠦᠯᠭᠡᠨ ᠶᠠᠳᠠᠭᠤ᠎ᠶ᠋ᠢ ᠲᠡᠳᠬᠦᠬᠦ᠌ ᠢᠨᠵᠧᠨᠧᠷᠢᠩ᠎ᠢ ᠬᠡᠷᠡᠭ᠌ᠵᠢᠭᠦᠯᠵᠤ᠂ ᠬᠡᠷᠡᠯᠴᠢ ᠴᠡᠨᠡᠭ᠎ᠤᠨ ᠠᠵᠦ᠍ ᠤᠢ᠍ᠢᠯᠡᠰ ᠬᠢᠭᠡᠳ ᠲᠡᠵᠢᠭᠡᠪᠤᠷᠢ᠎ᠶ᠋ᠢᠨ ᠤᠢ᠍ᠢᠯᠡᠰ ᠵᠡᠷᠭᠡ ᠤᠷᠤᠨ ᠨᠤᠳᠤᠭ᠎ᠤᠨ ᠪᠤᠳᠡᠳᠤ ᠪᠠᠢᠳᠠᠯ᠎ᠲᠠᠢ ᠤᠶᠠᠯᠳᠤᠬ᠍ᠰᠡᠨ ᠠᠵᠦ᠍ ᠤᠢ᠍ᠢᠯᠡᠰ᠎ᠤᠨ ᠬᠡᠯᠬᠢᠶ᠎ᠠ᠎ᠶ᠋ᠢ ᠪᠠᠢᠭᠤᠯᠤᠬ᠍ᠰᠡᠨ ᠪᠠ ᠨᠠᠮ᠎ᠤᠨ ᠡᠬᠦᠷ᠎ᠤᠨ ᠲᠠᠭᠠᠭᠤᠯᠭ᠎ᠠ᠎ᠪᠠᠷ ᠤᠳᠤ ᠮᠠᠨ᠎ᠤ ᠲᠤᠰᠭᠤᠨ᠎ᠤ ᠬᠦᠮᠦᠨ ᠲᠤᠮᠳᠠᠴᠢ᠎ᠶ᠋ᠢᠨ ᠵᠢᠯ᠎ᠤᠨ ᠴᠡᠪᠡᠷ ᠤᠷᠤᠯᠭ᠎ᠠ ᠲᠦᠮᠡᠨ ᠲᠦᠭᠦᠷᠢᠭ᠎ᠢ ᠲᠠᠪᠠᠵᠦ᠍᠂ ᠤᠤᠯ᠎ᠠᠴᠠ᠎ᠪᠠᠨ ᠭᠤᠷᠪᠡᠨ ᠲᠠᠬᠢᠨ ᠨᠡᠮᠡᠭ᠌ᠳᠡᠵᠠᠢ᠂ 28 ᠶᠠᠳᠠᠭᠤ ᠬᠦᠴᠢᠷᠳᠠᠯᠳᠠᠢ ᠡᠷᠦᠭᠡ ᠪᠦᠬᠦᠨ᠎ᠢᠶᠠᠷ᠎ᠢᠶᠠᠨ ᠶᠠᠳᠠᠭᠤ᠎ᠠᠴᠠ ᠠᠩᠬᠢᠵᠢᠷᠠᠵᠤ᠂ ᠦᠭᠡᠷᠳᠦ ᠭᠤᠤ ᠬᠡᠰᠡᠨ ᠨᠠᠷ᠎ᠠ᠎ᠪᠠᠨ ᠱᠢᠨ᠎ᠠ ᠠᠢᠯ ᠬᠡᠵᠦ᠍ ᠰᠤᠯᠢᠭᠠᠳ ᠡᠷᠦᠬᠡ ᠪᠤᠯᠭᠠᠨ ᠱᠢᠨ᠎ᠠ ᠠᠮᠢᠳᠤᠷᠠᠯ᠎ᠢᠶᠠᠨ ᠡᠬᠢᠯᠡᠬᠦᠯᠦᠯ᠎ᠠ》 ᠬᠡᠵᠦ᠍ ᠦ᠋ ᠱᠢᠩ ᠲᠤᠰᠭᠤᠨ᠎ᠤ ᠨᠠᠮ᠎ᠤᠨ ᠡᠬᠦᠷ᠎ᠤᠨ ᠱᠦᠵᠢ ᠱᠢᠤᠢ ᠳ᠋ᠠ ᠸᠧᠢ ᠲᠠᠨᠢᠯᠴᠠᠭᠤᠯᠬᠤ ᠶᠤᠮ᠃

ᠱᠢᠤᠢ ᠹᠸᠡᠭ ᠾᠧ ᠨᠠᠰᠤᠳᠠᠨ ᠭᠤᠤ᠎ᠠᠴᠠ ᠭᠠᠷᠴᠦ᠍ ᠢᠷᠡᠭᠡᠳ ᠠᠩᠬ᠎ᠠ ᠤᠳᠠᠭ᠎ᠠ ᠬᠦᠷᠢᠶ᠎ᠠ ᠪᠠᠯᠭᠠᠰᠦ᠂ ᠲᠦᠡᠭ᠌ᠯᠢᠶᠤᠤ ᠬᠤᠳᠠ᠎ᠳᠤ ᠬᠦᠷᠦᠯ᠎ᠠ᠂ ᠪᠠᠰᠠ ᠲᠦᠷᠭᠡᠨ᠎ᠤ ᠭᠠᠯᠳᠦ ᠲᠡᠷᠭᠡᠨ᠎ᠳᠤ ᠰᠠᠭᠤᠵᠦ᠍ ᠹᠦᠱᠢᠨ᠎ᠳᠤ ᠤᠴᠢᠵᠠᠢ᠃ ᠲᠡᠭᠡᠭᠡᠳ ᠰᠠᠶᠢ ᠬᠤᠳᠠ ᠭᠠᠵᠡᠷ᠎ᠤᠨ ᠬᠦᠭ᠌ᠵᠢᠶᠡᠨ᠂ ᠠᠰᠠᠷ ᠲᠠᠬ᠍ᠳᠦ᠎ᠶ᠋ᠢᠨ ᠦᠨᠳᠤᠷ᠂ ᠲᠡᠷᠭᠡ ᠬᠦᠰᠭᠡ᠎ᠶ᠋ᠢᠨ ᠠᠷᠪᠢᠨ᠎ᠢ ᠮᠡᠳᠡᠵᠤ᠂ ᠨᠢᠳᠦ ᠨᠡᠭᠡᠭᠡᠨ ᠶᠠᠭᠤᠮ᠎ᠠ ᠦᠵᠡᠭ᠌ᠰᠡᠨ᠎ᠢᠶᠠᠷ ᠪᠠᠷᠠᠬᠤ ᠦᠭᠡᠢ ᠭᠠᠷ ᠤᠳᠡᠰᠦ ᠮᠡᠳᠤ᠎ᠶ᠋ᠢ ᠬᠡᠷᠡᠭ᠌ᠯᠡᠨ ᠴᠠᠭ ᠦᠶ᠎ᠠ᠎ᠶ᠋ᠢᠨ ᠬᠦᠭ᠌ᠵᠢᠯᠳᠠ᠎ᠶ᠋ᠢᠨ ᠦᠷ᠎ᠠ ᠪᠦᠳᠦᠮᠵᠢ᠎ᠶ᠋ᠢ ᠡᠳ᠋ᠯᠠᠨ ᠰᠡᠳᠭᠢᠯ ᠬᠠᠨᠭ᠌ᠬᠤᠯᠤᠨ ᠠᠮᠢᠳᠤᠷᠡᠨ᠎ᠠ᠃ ᠲᠡᠬᠦᠨ᠎ᠤ ᠬᠦᠤ ᠱᠢᠤᠢ ᠭᠦᠸᠧ ᠽᠠᠢ ᠦᠭᠡᠷ ᠪᠤᠷᠳᠤᠨ ᠲᠡᠵᠢᠬᠡᠵᠤ ᠵᠢᠯ᠎ᠳᠤ 10 ᠲᠦᠮᠡ ᠭᠠᠷᠤᠢ ᠲᠦᠬᠦᠷᠢᠭ᠎ᠤᠨ ᠴᠡᠪᠡᠷ ᠤᠷᠤᠯᠭ᠎ᠠ ᠤᠯᠵᠤ ᠪᠠᠢᠭ᠎ᠠ ᠠᠵᠢ᠃ ᠱᠢᠤᠢ ᠭᠦᠸᠧ ᠽᠠᠢ᠎ᠲᠠᠢ ᠠᠳᠠᠯᠢ᠎ᠪᠠᠷ ᠱᠢᠨ᠎ᠠ ᠠᠢᠯ ᠲᠤᠭᠤᠢ᠍ᠢᠯᠠᠩ᠎ᠤᠨ᠎ᠬᠢᠨ ᠡᠷᠦᠭᠡ ᠪᠤᠯᠭᠠᠨ ᠲᠡᠭ᠌ᠰᠢᠳᠭᠡᠭᠡᠳ 10 ᠭᠠᠷᠤᠢ ᠦᠭᠡᠷ ᠲᠡᠵᠢᠭᠡᠵᠤ ᠪᠠᠢᠬᠤ ᠮᠦᠷᠳᠡᠭᠡᠨ ᠲᠠᠳᠠ ᠦᠭᠡᠷ ᠪᠤᠷᠳᠤᠨ ᠲᠠᠷᠭᠤᠯᠠᠭᠤᠯᠬᠤ ᠲᠤᠷᠱᠢᠯᠭ᠎ᠠ ᠵᠢᠴᠢ ᠪᠤᠷᠤᠯᠠᠭᠤᠯᠤᠨ ᠬᠤᠳᠠᠯᠳᠤᠬᠤ ᠠᠷᠭ᠎ᠠ ᠬᠡᠯᠪᠡᠷᠢ᠎ᠶ᠋ᠢ ᠰᠤᠷᠤᠯᠴᠠᠨ ᠤᠷᠤᠯᠭ᠎ᠠ᠎ᠪᠠᠨ ᠨᠡᠮᠡᠭ᠌ᠳᠡᠬᠦᠯᠵᠦ᠍ ᠶᠠᠪᠤᠨ᠎ᠠ᠃ 《ᠭᠤᠤ᠎ᠠᠴᠠ ᠭᠠᠷᠴᠦ᠍ ᠢᠷᠡᠭ᠌ᠰᠡᠨ ᠬᠤᠪᠢᠷᠠᠯᠳᠠ᠎ᠶ᠋ᠢ ᠶᠠᠭᠤ᠎ᠪᠠᠷ ᠴᠤ᠌ ᠦᠯᠢᠳᠭᠡᠬᠦ᠌᠎ᠶ᠋ᠢᠨ ᠠᠷᠭ᠎ᠠ ᠦᠭᠡᠢ᠂ ᠤᠳᠤ ᠭᠠᠳᠠᠬ᠍ᠰᠢ ᠶᠠᠪᠤᠵᠦ᠍ ᠬᠦᠴᠤᠨ᠎ᠤ ᠠᠵᠢᠯ ᠬᠢᠵᠦ᠍ ᠪᠠᠢᠭ᠎ᠠ ᠬᠦᠮᠦᠨ ᠨᠢᠭᠡ ᠴᠤ᠌ ᠦᠭᠡᠢ ᠪᠤᠯᠵᠤ᠂ ᠪᠦᠷ ᠯᠠ ᠮᠠᠯ ᠤᠨᠤᠭ᠎ᠠ᠎ᠪᠠᠨ ᠠᠷᠡᠴᠢᠯᠠᠭᠠᠳ ᠲᠠᠷᠢᠶ᠎ᠠ ᠮᠤᠳᠦ᠎ᠪᠠᠨ ᠲᠤᠳᠤᠮᠳᠤᠭᠠᠳ ᠪᠠᠶᠠᠵᠢᠴᠢᠬᠠᠵᠠᠢ᠃ ᠡᠨᠡ ᠴᠢᠨᠢ ᠠᠷᠡᠳ ᠲᠦᠮᠠᠨ᠎ᠢᠶᠠᠨ ᠲᠡᠭᠡᠳᠤᠯᠡᠭ᠌ᠰᠡᠨ ᠠᠴᠢᠳᠤ ᠨᠠᠮ᠎ᠤᠨ ᠬᠠᠢᠷ᠎ᠠ ᠬᠠᠯᠠᠮᠵᠢ ᠱᠢᠤ!》 ᠬᠡᠵᠦ᠍ ᠱᠢᠤᠢ ᠹᠸᠡᠭ ᠾᠧ ᠨᠠᠰᠤᠳᠠᠨ ᠪᠠᠶᠡᠷ᠎ᠤᠨ ᠮᠦᠱᠢᠶᠡᠳᠦ ᠲᠤᠳᠤᠷᠠᠭᠤᠯᠤᠨ᠎ᠠ᠃

ᠪᠢᠳᠡ ᠬᠦᠡᠭ᠌ᠭᠡᠨ ᠮᠠᠱᠢᠨ ᠲᠡᠷᠬᠡ᠎ᠪᠠᠷ ᠱᠢᠨ᠎ᠠ ᠠᠢᠯ ᠲᠤᠭᠤᠢ᠍ᠢᠯᠠᠩ᠎ᠤᠨ ᠰᠠᠭᠤᠷᠢᠱᠢᠯ᠎ᠠᠴᠠ ᠮᠤᠷᠳᠠᠨ ᠨᠢᠭᠡ ᠭᠠᠵᠡᠷ ᠱᠢᠬᠠᠮ ᠲᠠᠪᠬᠢᠭᠤᠯᠵᠦ᠍᠂ ᠲᠡᠬᠢᠨ ᠨᠤᠳᠤᠭ᠎ᠤᠨ ᠱᠢᠷ᠎ᠠ ᠵᠠᠮ᠎ᠢᠶᠠᠷ ᠬᠡᠰᠡᠭ ᠶᠠᠪᠤᠵᠦ᠍ ᠪᠠᠷᠤᠭ ᠯᠠ 45 ᠭᠷᠠᠳᠦ᠋ᠰ᠎ᠤᠨ ᠨᠠᠯᠤᠴᠠ᠎ᠲᠠᠢ ᠵᠠᠮ᠎ᠢᠶᠠᠷ ᠲᠤᠷᠤᠬ᠍ᠰᠢᠯᠠᠨ ᠦᠭᠡᠷᠳᠦ ᠭᠤᠤ᠎ᠶ᠋ᠢᠨ ᠦᠷᠤᠴᠡᠨ᠎ᠳᠤ ᠬᠦᠷᠴᠠᠢ᠃ ᠲᠡᠨᠳᠡ ᠬᠠᠭᠤᠴᠢᠨ ᠭᠡᠷ ᠪᠠᠷᠢᠯᠭ᠎ᠠ ᠲᠡᠮᠡᠢ ᠬᠠᠷᠠᠬ᠍ᠳᠠᠬᠤ᠎ᠪᠠᠨ ᠪᠤᠯᠢᠵᠤ᠂ ᠤᠷᠤᠨ᠎ᠳᠤᠨᠢ ᠬᠠᠷᠢᠨ ᠨᠠᠷᠡᠰᠦ ᠤᠯᠢᠶᠡᠰᠤᠨ ᠤᠢ ᠦᠷᠭᠦᠯᠵᠢᠯᠡᠭ᠌ᠰᠡᠨ ᠪᠠᠢᠪᠠ᠃ ᠬᠠᠶᠠ ᠨᠢᠭᠡ ᠬᠠᠷᠠᠬ᠍ᠳᠠᠬᠤ ᠱᠢᠪᠠᠷ ᠭᠡᠷ᠎ᠤᠨ ᠪᠠᠭᠤᠷᠢ᠎ᠨᠢ ᠬᠡᠳᠤᠨ ᠵᠠᠭᠤᠨ ᠵᠢᠯ᠎ᠤᠨ ᠲᠡᠤᠭᠡ᠎ᠶ᠋ᠢ ᠡᠷᠬᠢᠴᠡᠬᠦᠯᠤᠨ᠂ ᠦᠯᠢᠭᠡᠷ ᠬᠦᠤᠷᠨᠢᠵᠦ᠍ ᠪᠠᠢᠮᠠᠷᠬᠠᠨ ᠪᠤᠳᠤᠬ᠍ᠳᠠᠭᠤᠯᠬᠤ ᠶᠤᠮ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号