ᠰᠤᠷᠭᠠᠯ ᠰᠠᠢᠳᠠᠢ ᠠᠢᠯ᠎ᠠᠴᠠ ᠮᠤᠷᠠᠯ᠎ᠲᠠᠢ ᠭᠡᠤᠭᠡᠳ ᠭᠦᠮᠦᠵᠢᠭ᠌ᠳᠡᠨ᠎ᠠ
2020-11-16 11:14:07
ᠵᠣᠬᠢᠶᠠᠭ᠍ᠴᠢ᠄
ᠦᠷᠴᠠᠢᠬᠤ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠬ᠍ᠴᠢ ᠤᠷᠴᠢᠮᠬᠠᠨ ᠰᠤᠷᠤᠬ᠍ᠴᠢ ᠭᠡᠷ᠎ᠤᠨ ᠠᠬᠠᠮᠠᠳ ᠤᠯᠠᠨ ᠤᠷᠤᠯᠴᠠᠭ᠍ᠰᠠᠨ ᠨᠢᠭᠡᠨ ᠠᠵᠢᠯᠯᠠᠭ᠎ᠠ᠎ᠶ᠋ᠢ ᠰᠤᠷᠪᠤᠯᠵᠢᠯᠠᠬᠤ᠎ᠪᠠᠷ ᠬᠦᠷᠦᠭ᠌ᠰᠡᠨ ᠶᠤᠮ᠃ ᠲᠤᠬᠠᠢ᠎ᠶ᠋ᠢᠨ ᠳᠠᠯᠠᠪᠠᠢ᠎ᠶ᠋ᠢᠨ ᠳᠠᠢᠯᠪᠤᠷᠢᠯᠠᠬ᠍ᠴᠢ᠎ᠶ᠋ᠢ ᠤᠯᠠᠨ ᠰᠤᠷᠤᠬ᠍ᠴᠢ ᠢᠪ ᠱᠢᠬᠠᠯᠴᠠᠨ ᠬᠦᠷᠢᠶᠡᠯᠡᠵᠤ᠂ ᠳᠠᠢᠯᠪᠤᠷᠢᠯᠠᠬ᠍ᠴᠢ ᠬᠦᠳᠡᠯᠬᠦ᠌ ᠵᠠᠢ ᠦᠭᠡᠢ ᠪᠤᠯᠤᠬ᠍ᠰᠠᠨ᠎ᠳᠤ ᠪᠠᠭ᠍ᠰᠢ᠎ᠨᠢ ᠬᠡᠳᠦᠨᠳᠡ ᠬᠤᠢᠰᠢ᠎ᠪᠠᠨ ᠤᠬᠤᠷᠢᠨ ᠵᠤᠬ᠍ᠰᠤᠬᠤ᠎ᠶ᠋ᠢ ᠰᠠᠨᠠᠭᠤᠯᠤᠬ᠍ᠰᠠᠨ ᠪᠤᠯᠪᠠᠴᠤ᠌ ᠬᠦᠳᠡᠯᠦᠭ᠌ᠰᠡᠨ ᠰᠤᠷᠤᠬ᠍ᠴᠢ ᠦᠭᠡᠢ᠃ ᠠᠷᠭ᠎ᠠ ᠪᠠᠷᠠᠬᠤ᠎ᠳᠠᠭᠠᠨ ᠪᠠᠭ᠍ᠰᠢ᠎ᠨᠢ ᠡᠮᠦᠨᠡᠰᠢ ᠤᠴᠢᠵᠤ᠂ ᠰᠤᠷᠤᠬ᠍ᠴᠢᠳ᠎ᠢ ᠭᠡᠳᠡᠷᠭᠦ ᠱᠢᠭ ᠵᠤᠭ᠍ᠰᠤᠭᠠᠷᠠᠢ ᠭᠡᠵᠦ᠍ ᠢᠳᠭᠠᠬᠤ᠎ᠶ᠋ᠢᠨ ᠳᠠᠭᠠᠤ ᠰᠤᠷᠤᠬ᠍ᠴᠢᠳ᠎ᠢᠶᠠᠨ ᠬᠤᠢᠰᠢ ᠳᠠᠳᠠᠵᠤ ᠪᠠᠢᠪᠠ᠃ ᠡᠨᠡ ᠦᠶ᠎ᠡ᠎ᠳᠤ ᠨᠢᠭᠡᠨ ᠭᠡᠷ᠎ᠤᠨ ᠠᠬᠠᠮᠠᠳ ᠴᠢᠷᠠᠢ ᠪᠠᠷᠦ᠋ᠢᠵᠤ ᠨᠢᠳᠤ ᠭᠦᠯᠢᠯᠭᠡᠨ᠄ 《ᠴᠢ ᠮᠢᠨᠤ ᠬᠡᠦᠬᠡᠳ᠎ᠢ ᠶᠠᠭᠤ ᠭᠡᠵᠤ ᠳᠠᠳᠠᠵᠤ ᠪᠠᠢᠬᠤ ᠪᠤᠢ?》 ᠭᠡᠵᠤ ᠠᠭ᠍ᠰᠤᠮᠨᠠᠭ᠍ᠰᠠᠨ᠎ᠨᠢ ᠨᠠᠳᠠ᠎ᠳᠤ ᠪᠠᠢᠨ ᠳᠠᠬᠢᠨ ᠪᠤᠳᠤᠬ᠍ᠳᠠᠨ᠎ᠠ᠃

ᠲᠡᠷᠡ ᠭᠡᠷ᠎ᠤᠨ ᠠᠬᠠᠮᠠᠳ᠎ᠤᠨ ᠬᠡᠯᠡᠭ᠌ᠰᠡᠨ᠎ᠢ ᠰᠤᠨᠤᠰᠤᠭᠠᠳ ᠬᠡᠦᠬᠡᠳ᠎ᠨᠢ ᠶᠠᠭᠤ ᠭᠡᠵᠤ ᠪᠤᠳᠤᠬ᠍ᠰᠠᠨ ᠪᠤᠯ ᠬᠡᠵᠦ᠍ ᠪᠢ ᠭᠠᠢᠬᠠᠱᠢᠷᠠᠨ᠎ᠠ᠃ ᠲᠡᠷᠡ ᠬᠡᠦᠬᠡᠳ ᠴᠤᠬᠤᠮ ᠬᠡᠨ᠎ᠤ ᠪᠤᠷᠤᠭᠤ ᠭᠡᠵᠤ ᠪᠤᠳᠤᠬ᠍ᠰᠠᠨ ᠪᠤᠯ? ᠬᠤᠵᠢᠮ ᠪᠠᠭ᠍ᠰᠢ ᠪᠠ ᠭᠡᠷ᠎ᠤᠨ ᠠᠬᠠᠮᠠᠳ᠎ᠤᠨ ᠠᠯᠢᠨ᠎ᠤ ᠬᠢᠨᠢ ᠦᠭᠡ᠎ᠶ᠋ᠢ ᠰᠤᠨᠤᠰᠴᠤ᠌᠂ ᠠᠯᠢᠨ᠎ᠤ ᠬᠢᠨᠢ ᠨᠦᠯᠦᠭᠡ᠎ᠶ᠋ᠢ ᠬᠦᠷᠳᠡᠳᠡᠭ ᠪᠤᠯ? ᠱᠢᠯᠭᠠᠯᠳᠠ᠎ᠶ᠋ᠢ ᠠᠷᠭᠠᠴᠠᠭᠠᠬᠤ ᠰᠤᠷᠭᠠᠨ ᠬᠦᠮᠦᠵᠢᠯ᠎ᠤᠨ ᠳᠠᠷᠤᠯᠳᠠ ᠳᠤᠤᠷ᠎ᠠ ᠭᠡᠷ ᠪᠦᠯᠢ᠂ ᠰᠤᠷᠭᠠᠭᠤᠯᠢ᠎ᠶ᠋ᠢᠨ ᠰᠤᠷᠭᠠᠨ ᠬᠦᠮᠦᠵᠢᠯ᠎ᠨᠢ ᠪᠠᠷᠤᠭ ᠯᠡ ᠪᠦᠷ ᠤᠶᠤᠨ ᠮᠡᠳᠡᠯᠭᠡ᠎ᠶ᠋ᠢ ᠬᠦᠨᠳᠦᠳᠭᠡᠵᠤ᠂ ᠶᠤᠰᠤ ᠮᠤᠷᠠᠯ᠎ᠤᠨ ᠬᠦᠮᠦᠵᠢᠯ᠎ᠢ ᠬᠦᠩᠭᠡᠪᠴᠢᠯᠡᠵᠤ ᠪᠠᠢᠨ᠎ᠠ᠃ ᠶᠠᠭ ᠡᠢᠮᠦ᠎ᠠᠴᠠ ᠵᠠᠷᠢᠮ ᠬᠦᠮᠦᠰ ᠵᠠᠯᠠᠭᠤ ᠨᠢᠭᠡ ᠦᠶ᠎ᠡ᠎ᠶ᠋ᠢᠨ᠎ᠬᠢᠨ ᠪᠤᠯ ᠤᠷᠤᠭᠤᠳᠠᠵᠤ ᠪᠠᠢᠭ᠎ᠠ ᠨᠢᠭᠡ ᠦᠶ᠎ᠡ᠂ ᠬᠦᠨᠳᠦ ᠡᠭᠦᠷᠭᠡ ᠡᠭᠦᠷᠭᠡᠯᠡᠵᠤ ᠴᠢᠳᠠᠬᠤ ᠦᠭᠡᠢ ᠨᠢᠭᠡ ᠦᠶ᠎ᠡ᠎ᠶ᠋ᠢᠨ᠎ᠬᠢᠨ ᠭᠡᠵᠤ ᠶᠠᠷᠢᠵᠤ ᠪᠠᠢᠳᠠᠭ᠃

ᠪᠠᠭ᠍ᠰᠢ ᠪᠠ ᠭᠡᠷ᠎ᠤᠨ ᠠᠬᠠᠮᠠᠳ ᠪᠤᠯ ᠬᠡᠦᠬᠡᠳ᠎ᠤᠨ ᠦᠰᠦᠨ ᠪᠤᠢᠵᠢᠯᠳᠡ᠎ᠶ᠋ᠢᠨ ᠳᠤᠮᠳᠠᠬᠢ ᠮᠠᠰᠢ ᠴᠢᠬᠤᠯᠠ ᠬᠦᠮᠦᠰ ᠶᠤᠮ᠃ ᠳᠡᠳᠡ ᠬᠡᠦᠬᠡᠳ᠎ᠢ ᠬᠦᠳᠦᠯᠦᠨ ᠵᠢᠯᠤᠭᠤᠳᠴᠤ᠌ ᠶᠢᠷᠳᠢᠨᠴᠦ᠎ᠶ᠋ᠢ ᠳᠠᠨᠢᠭᠤᠯᠤᠨ᠂ ᠦᠵᠡᠯᠳᠡ ᠳᠠᠨᠢᠯᠳᠠ᠎ᠶ᠋ᠢ᠎ᠨᠢ ᠬᠦᠮᠦᠵᠢᠭᠦᠯᠳᠡᠭ᠃ ᠮᠢᠨᠦ᠍ ᠦᠵᠡᠬᠦ᠌᠎ᠪᠠᠷ ᠮᠤᠷᠠᠯ᠎ᠤᠨ ᠬᠦᠮᠦᠵᠢᠯ᠎ᠳᠤ ᠭᠡᠷ ᠪᠦᠯᠢ᠎ᠶ᠋ᠢᠨ ᠨᠦᠯᠦᠭᠡ ᠨᠡᠩ ᠢᠯᠡᠭᠦᠦ ᠦᠢᠯᠡᠳᠦᠯ ᠦᠵᠡᠭᠦᠯᠦᠨ᠎ᠡ᠃ ᠭᠡᠷ᠎ᠤᠨ ᠠᠬᠠᠮᠠᠳ ᠪᠤᠯ ᠬᠡᠦᠬᠡᠳ᠎ᠤᠨ ᠳᠠᠭᠤᠷᠢᠶᠠᠯ᠂ ᠳᠠᠭᠤᠷᠢᠶᠠᠯ ᠪᠤᠯᠤᠬ᠍ᠰᠠᠳ ᠦᠭᠡ ᠶᠠᠷᠢᠶ᠎ᠠ ᠦᠢᠯᠡ ᠠᠵᠢᠯᠯᠠᠭ᠎ᠠ᠎ᠪᠠᠨ ᠠᠩᠬᠠᠷᠬᠤ ᠴᠢᠬᠤᠯᠠ᠎ᠲᠠᠢ᠃ ᠠᠪᠤ ᠡᠵᠢ᠎ᠨᠢ ᠪᠠᠭ᠍ᠰᠢ᠎ᠶ᠋ᠢ ᠬᠦᠨᠳᠦᠳᠭᠡᠬᠦ᠌ ᠦᠭᠡᠢ ᠶᠤᠮ ᠪᠤᠯ ᠬᠡᠦᠬᠡᠳ᠎ᠨᠢ ᠴᠤ᠌ ᠪᠠᠭ᠍ᠰᠢ᠎ᠪᠠᠨ ᠬᠦᠨᠳᠦᠯᠡᠬᠦ᠌ ᠦᠭᠡᠢ ᠪᠤᠯᠤᠨ᠎ᠠ᠃ ᠪᠠᠭ᠍ᠰᠢ᠎ᠪᠠᠨ ᠬᠦᠨᠳᠦᠯᠡᠬᠦ᠌ ᠦᠭᠡᠢ ᠰᠤᠷᠤᠬ᠍ᠴᠢ ᠬᠢᠴᠢᠶᠡᠯ ᠰᠤᠷᠤᠯᠭ᠎ᠠ᠎ᠳᠠᠭᠠᠨ ᠰᠤᠨᠢᠷᠬᠠᠯ ᠪᠠᠭ᠎ᠠ᠂ ᠮᠡᠳᠡᠯᠭᠡ᠎ᠶ᠋ᠢᠨ ᠬᠢᠷᠢ ᠲᠦᠪᠱᠢᠨ ᠴᠦ᠍ ᠠᠨᠠᠢ ᠪᠤᠯᠵᠤ ᠮᠡᠳᠡᠨ᠎ᠠ᠃ ᠶᠡᠭᠡ ᠮᠡᠳᠡᠯᠭᠡ ᠮᠡᠷᠭᠡᠵᠢᠯ᠎ᠲᠠᠢ ᠪᠤᠯᠴᠢᠬᠠᠬᠤ᠎ᠪᠠᠷ ᠪᠤᠳᠤᠬᠤ᠎ᠳᠤ ᠪᠠᠭ᠍ᠰᠢ᠎ᠪᠠᠨ ᠬᠦᠨᠳᠦᠳᠭᠡᠳᠡᠭ ᠦᠭᠡᠢ ᠰᠤᠷᠤᠬ᠍ᠴᠢ ᠦᠭᠡᠯᠠᠢ ᠪᠤᠯᠤᠭᠠᠳ ᠦᠷᠦᠭᠡᠯ ᠪᠤᠰᠤᠳ᠎ᠢ ᠨᠡᠩ ᠴᠦ᠍ ᠬᠦᠨᠳᠦᠳᠭᠡᠬᠦ᠌ ᠦᠭᠡᠢ ᠴᠤ᠌ ᠪᠠᠢᠵᠤ ᠮᠡᠳᠡᠨ᠎ᠡ᠃ ᠡᠢᠮᠦᠷᠬᠦᠦ ᠬᠦᠮᠦᠨ ᠶᠠᠮᠠᠷ ᠶᠡᠭᠡ ᠡᠷᠳᠡᠮ ᠮᠡᠳᠡᠯᠭᠡ᠎ᠲᠠᠢ ᠪᠤᠯᠤᠬ᠍ᠰᠠᠨ ᠴᠦ᠍ ᠨᠡᠢᠬᠡᠮ ᠨᠡᠢᠲᠡ᠎ᠶ᠋ᠢᠨ ᠵᠢᠮᠡᠯᠡᠯ᠎ᠳᠤ ᠤᠴᠠᠷᠠᠬᠤ ᠪᠤᠯᠤᠨ᠎ᠠ᠃ ᠶᠤᠰᠤ ᠮᠤᠷᠠᠯ᠎ᠢᠶᠠᠷ ᠳᠤᠲᠠᠮᠠᠭ ᠬᠡᠦᠬᠡᠳ ᠪᠤᠷᠤᠭᠤ ᠵᠠᠮ᠎ᠢᠶᠠᠷ ᠶᠠᠪᠤᠬᠤ᠎ᠳᠤ ᠨᠡᠩ ᠴᠦ᠍ ᠠᠮᠠᠷᠬᠠᠨ ᠪᠠᠢᠳᠠᠭ᠃

 ᠮᠠᠨ᠎ᠤ ᠤᠯᠤᠰ ᠡᠷᠳᠡᠨ᠎ᠠᠴᠠ᠎ᠪᠠᠨ ᠶᠤᠰᠤ ᠰᠤᠷᠳᠠᠬᠤᠨ᠎ᠢ ᠮᠠᠰᠢ ᠬᠦᠨᠳᠦᠳᠭᠡᠨ ᠦᠵᠡᠵᠤ᠂ ᠬᠦᠮᠦᠨ᠎ᠢ ᠮᠠᠬ᠍ᠳᠠᠬᠤ ᠦᠭᠡᠨ᠎ᠳᠤ ᠬᠦᠷᠳᠡᠯ᠎ᠡ ᠮᠤᠷᠠᠯ ᠴᠢᠳᠠᠪᠤᠷᠢ ᠬᠤᠤᠰᠯᠠᠬ᠍ᠰᠠᠨ ᠭᠡᠵᠤ ᠴᠢᠳᠠᠪᠤᠷᠢ᠎ᠶ᠋ᠢᠨ ᠡᠮᠦᠨ᠎ᠡ ᠮᠤᠷᠠᠯ᠎ᠢ ᠶᠠᠷᠢᠳᠠᠭ᠃ ᠮᠤᠩᠭᠤᠯ ᠦᠨᠳᠦᠰᠦᠳᠡᠨ ᠴᠦ᠍ ᠡᠷᠲᠡ ᠳᠡᠭᠡᠳᠦ ᠦᠶ᠎ᠡ᠎ᠠᠴᠠ᠎ᠪᠠᠨ ᠭᠡᠷ᠎ᠤᠨ ᠰᠤᠷᠭᠠᠯ᠎ᠢ ᠬᠦᠨᠳᠦᠳᠭᠡᠵᠦ᠍᠂ ᠰᠤᠷᠭᠠᠯ ᠰᠠᠢᠲᠠᠢ ᠠᠢᠯ᠎ᠤᠨ ᠬᠡᠦᠬᠡᠳ᠎ᠢᠶᠠᠷ ᠦᠯᠢᠭᠡᠷ ᠳᠠᠭᠤᠷᠢᠶᠠᠯ ᠪᠤᠯᠭᠠᠬ᠍ᠰᠠᠭᠠᠷ ᠢᠷᠡᠵᠠᠢ᠃ ᠠᠵᠢᠯ ᠠᠮᠢᠳᠤᠷᠠᠯ᠎ᠤᠨ ᠳᠤᠮᠳᠠ ᠬᠦᠮᠦᠰ ᠤᠪᠤᠷ᠎ᠤᠨ ᠬᠦᠴᠦᠨ ᠴᠢᠳᠠᠯ᠎ᠢ ᠮᠠᠰᠢ ᠴᠢᠬᠤᠯᠠᠴᠢᠯᠠᠳᠠᠭ᠃ ᠶᠤᠰᠤ ᠮᠤᠷᠠᠯ ᠪᠤᠯ ᠳᠠᠷᠤᠢ ᠪᠢᠳᠡᠨ᠎ᠤ ᠪᠤᠰᠤᠳ᠎ᠲᠤ ᠬᠠᠨᠳᠤᠬᠤ ᠵᠦᠪ ᠤᠪᠤᠷ᠂ ᠢᠳᠡᠪᠬᠢ ᠤᠪᠤᠷ ᠭᠡᠵᠤ ᠤᠢ᠍ᠢᠯᠠᠭᠠᠵᠤ ᠪᠤᠯᠤᠨ᠎ᠠ᠃

ᠬᠡᠦᠬᠡᠳ᠎ᠤᠨ ᠶᠤᠰᠤ ᠮᠤᠷᠠᠯ ᠨᠢᠭᠡ ᠭᠡᠷ ᠪᠦᠯᠢ᠎ᠶ᠋ᠢᠨ ᠰᠤᠷᠭᠠᠯ ᠰᠤᠷᠳᠠᠯ᠎ᠢ ᠢᠯᠡᠷᠡᠬᠦᠯᠵᠦ᠍ ᠪᠠᠢᠬᠤ᠎ᠪᠠᠷ ᠪᠠᠷᠠᠬᠤ ᠦᠭᠡᠢ᠂ ᠡᠨᠡ ᠬᠦ᠌ ᠭᠡᠷ ᠪᠦᠯᠢ᠎ᠶ᠋ᠢᠨ ᠬᠤᠵᠢᠮ ᠢᠷᠡᠭᠡᠳᠦᠢ᠎ᠲᠠᠢ ᠴᠤ᠌ ᠬᠤᠯᠪᠤᠭ᠍ᠳᠠᠵᠤ ᠪᠠᠢᠳᠠᠭ᠃ ᠰᠤᠷᠭᠠᠯ ᠰᠠᠢᠳᠠᠢ ᠠᠢᠯ᠎ᠠᠴᠠ ᠮᠤᠷᠠᠯ᠎ᠲᠠᠢ ᠬᠡᠦᠬᠡᠳ ᠬᠦᠮᠦᠵᠢᠭ᠌ᠳᠡᠨ᠎ᠡ᠂ ᠭᠡᠷ᠎ᠤᠨ ᠠᠬᠠᠮᠠᠳ ᠵᠢᠴᠢ ᠪᠠᠭ᠍ᠰᠢ ᠨᠠᠷ ᠬᠡᠦᠬᠡᠳ᠎ᠤᠨ ᠶᠤᠰᠤ ᠮᠤᠷᠠᠯ᠎ᠤᠨ ᠬᠦᠮᠦᠵᠢᠯ᠎ᠢ ᠶᠠᠭᠠᠬᠢᠬ᠍ᠰᠠᠨ ᠴᠤ᠌ ᠤᠮᠳᠤᠭᠠᠢᠯᠠᠵᠤ ᠪᠤᠯᠬᠤ ᠦᠬᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠢᠦᠢ ᠬᠦᠭ᠌ᠵᠢᠯᠲᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号