ᠠᠷᠪᠠᠭᠠᠳ ᠵᠦᠢᠯ᠎ᠤᠨ ᠰᠢᠨ᠎ᠠ ᠡᠬᠦᠳᠦᠯᠳᠡ ᠲᠡᠢ ᠠᠨᠭᠬ᠎ᠠ ᠲᠤᠮᠳᠠᠳᠤ ᠵᠢᠨ ᠰᠤᠷᠤᠬᠴᠢ
2021-11-05 09:08:30
ᠵᠣᠬᠢᠶᠠᠭ᠍ᠴᠢ᠄
​ᠰᠤᠯᠤᠡᠭᠭ᠎ᠠ ᠪᠤᠶᠠᠨᠳᠤ
ᠣᠩᠱᠢᠭ᠍ᠰᠠᠨ ᠣᠳᠠᠭ᠎ᠠ᠄
★★★☆☆

ᠣᠷᠳᠣᠰ ᠬᠣᠲᠠ᠎ᠶᠢᠨ ᠮᠣᠩᠭᠣᠯ ᠦᠨᠳᠦᠰᠦᠲᠡᠨ᠎ᠦ ᠬᠣᠶᠠᠳᠤᠭᠠᠷ ᠳᠤᠮᠳᠠᠳᠤ ᠰᠤᠷᠭᠠᠭᠤᠯᠢ᠎ᠶᠢᠨ 176 ᠳ᠋ᠤᠭᠠᠷ ᠠᠩᠭᠢ᠎ᠶᠢᠨ ᠰᠤᠷᠤᠭᠴᠢ ᠰᠦᠶ᠎ᠠ ᠪᠤᠯ ᠡᠬᠡᠯ ᠪᠤᠷᠤᠭᠵᠢᠭᠤᠨ᠂ ᠴᠤᠪᠤᠭᠤ ᠲᠡᠭᠵᠢᠨ᠂ ᠪᠠᠶᠠᠯᠢᠭ ᠰᠡᠳᠬᠢᠬᠦᠢ ᠲᠠᠢ ᠮᠣᠩᠭᠣᠯ ᠦᠬᠢᠨ ᠶᠤᠮ᠃ ᠲᠡᠷᠡ ᠰᠢᠨ᠎ᠡ ᠰᠡᠪᠡᠬᠦᠨ ᠵᠦᠢᠯᠡᠰ᠎ᠢ ᠰᠤᠨᠢᠭᠤᠴᠢᠯᠠᠨ ᠰᠤᠳᠤᠯᠵᠤ ᠡᠬᠦᠳᠦᠨ ᠪᠦᠲᠦᠬᠡᠬᠦ ᠲᠤᠷᠠᠳᠠᠢ ᠪᠤᠯᠬᠤᠷ ᠪᠠᠭᠰᠢ ᠪᠤᠯᠤᠨ ᠬᠠᠮᠲᠤ ᠰᠤᠷᠤᠯᠭᠠᠲᠠᠨ᠎ᠤ ᠪᠠᠨ ᠲᠤᠮᠳᠠ 《ᠪᠢᠴᠢᠬᠠᠨ ᠡᠭᠦᠳᠦᠨ ᠪᠦᠲᠦᠭᠡᠯᠴᠢᠨ》 ᠬᠡᠵᠦ ᠠᠯᠳᠠᠷᠰᠢᠭᠰᠠᠨ ᠪᠠᠢᠨ᠎ᠠ᠃


QQ截图20211105091159.png


ᠰᠦᠶ᠎ᠠ ᠪᠠᠭ᠎ᠠ ᠰᠤᠷᠭᠠᠭᠤᠯᠢ᠎ᠶᠢᠨ ᠨᠢᠭᠡ ᠬᠣᠶᠠᠳᠤᠭᠠᠷ ᠣᠨ᠎ᠳᠤ ᠪᠠᠢᠬᠤ᠎ᠳᠠᠭᠠᠨ ᠤᠷᠴᠢᠨ ᠲᠤᠭᠤᠷᠢᠨ᠎ᠤ ᠠᠷᠢᠭᠤᠨ ᠴᠡᠪᠡᠷ᠎ᠤᠨ ᠠᠵᠢᠯᠳᠠᠨ ᠵᠠᠮ᠎ᠤᠨ ᠴᠠᠰᠤ᠎ᠶᠢ ᠴᠡᠪᠡᠷᠯᠡᠬᠦ᠎ᠳᠦ ᠵᠦᠳᠡᠷᠡᠯᠲᠡᠢ ᠮᠦᠷᠳᠡᠬᠡᠨ ᠠᠮᠤᠷ ᠲᠦᠪᠰᠢᠨ᠎ᠦ ᠭᠡᠮ ᠰᠣᠭᠣᠭ ᠣᠷᠣᠰᠢᠵᠤ ᠪᠠᠢᠬᠤ᠎ᠶᠢ ᠤᠯᠵᠤ ᠦᠵᠡᠬᠡᠳ ᠨᠢᠬᠡᠨ ᠠᠮᠤᠷ ᠲᠦᠪᠰᠢᠨ᠂ ᠲᠦᠬᠦᠮ ᠲᠦᠳᠡ ᠴᠠᠰᠤ ᠠᠷᠢᠯᠭᠠᠬᠤ ᠮᠠᠰᠢᠨ ᠡᠬᠦᠳᠬᠦ ᠪᠡᠷ ᠎ᠵᠣᠷᠢᠭ ᠎ᠰᠢᠭᠤᠳᠴᠠᠢ᠃ ᠭᠡᠷ ᠎ᠲᠡᠬᠡᠨ ᠎ᠬᠠᠷᠢᠭᠰᠠᠨ ᠎ᠤ ᠲᠠᠷᠠᠭ᠎ᠠ ᠎ᠠᠪᠤ ᠡᠵᠢ ᠲᠡᠶ᠎ᠪᠡᠨ ᠵᠥᠪᠳᠡᠯᠴᠡᠭᠡᠳ ᠥᠪᠡᠷ᠎ᠦᠨ ᠡᠭᠦᠳᠦᠨ ᠪᠦᠲᠦᠭᠡᠬᠦ ᠪᠤᠳᠤᠯ᠎ᠢᠶᠠᠨ ᠳᠥᠭᠥᠮᠬᠡᠨ ᠵᠢᠷᠤᠭ ᠪᠣᠯᠭᠠᠨ ᠵᠢᠷᠤᠵᠤ᠂ ᠠᠪᠤ ᠡᠵᠢ ᠪᠣᠯᠤᠨ ᠪᠠᠭᠰᠢ᠎ᠶᠢᠨ᠎ᠢᠶᠠᠨ ᠵᠢᠯᠤᠭᠤᠳᠤᠯᠭ᠎ᠠ᠎ᠲᠤᠤᠷ᠎ᠠ《ᠴᠠᠰᠤ ᠬᠠᠢᠯᠤᠭᠤᠯᠬᠤ ᠤᠯᠠᠨ ᠬᠡᠷᠡᠭᠴᠡᠭᠡᠲᠦ ᠲᠡᠷᠭᠡ》ᠡᠬᠦᠳᠴᠦ ᠬᠢᠭᠰᠡᠨ ᠪᠠᠢᠨ᠎ᠠ᠃ ᠡᠨᠡ ᠲᠦᠬᠦᠬᠡᠷᠦᠮᠵᠢ ᠨᠢ 《ᠰᠠᠴᠤᠬᠤ᠂ ᠬᠣᠯᠢᠬᠤ᠂ ᠬᠤᠰᠤᠬᠤ》 ᠭᠤᠷᠪᠠᠨ ᠠᠯᠬᠤᠮ ᠵᠢᠡᠷ ᠠᠵᠢᠯᠯᠠᠵᠤ᠂ ᠤᠷᠢᠳ᠎ᠢᠶᠠᠷ ᠵᠠᠮ ᠲᠡᠭᠡᠷ᠎ᠠ ᠲᠠᠪᠤᠰᠤ ᠰᠠᠴᠤᠵᠤ᠂ ᠳᠠᠬᠢᠨ ᠴᠠᠰᠤ ᠪᠣᠯᠤᠨ ᠳᠠᠪᠤᠰᠤ᠎ᠶᠢ ᠬᠣᠯᠢᠵᠤ᠂ ᠴᠠᠰᠤ ᠬᠠᠢᠯᠤᠭᠰᠠᠨ᠎ᠤ ᠲᠠᠷᠠᠭ᠎ᠠ ᠵᠠᠮ᠎ᠤᠨ ᠬᠠᠵᠠᠭᠤ᠎ᠳᠤ ᠬᠤᠰᠤᠵᠤ ᠭᠠᠷᠭᠠᠳᠠᠭ᠃ ᠡᠨᠡ ᠪᠤᠯ ᠰᠦᠶ᠎ᠠ ᠵᠢᠨ ᠤᠤᠭᠠᠨ ᠪᠦᠲᠦᠬᠡᠯ ᠪᠤᠯᠤᠨ᠎ᠠ᠃

ᠰᠦᠶ᠎ᠠ ᠪᠤᠯ ᠰᠢᠨᠵᠢᠯᠡᠬᠦ ᠤᠬᠠᠭᠠᠨ ᠲᠸᠭᠨᠢᠭ ᠮᠡᠷᠬᠡᠵᠢᠯ᠂ ᠰᠢᠨ᠎ᠠ ᠡᠭᠦᠳᠦᠯᠳᠡ ᠳ᠋ᠤ ᠪᠠᠬᠠᠳᠠᠢ᠎ᠮᠦᠷᠳᠡᠬᠡᠨ᠎ᠪᠠᠰᠠ᠎ᠬᠢᠴᠢᠶᠠᠯ᠎ᠳᠡᠭᠡᠨ᠎ᠰᠢᠮᠳᠠᠵᠤ᠂᠎ᠲᠠᠮᠢᠷ᠎ᠤᠨ᠎ᠬᠦᠳᠡᠯᠬᠡᠬᠡᠨ᠎ᠳᠤ ᠢᠳᠡᠪᠬᠢᠯᠡᠨ ᠤᠷᠤᠯᠴᠠᠳᠠᠭ ᠰᠢᠯᠢᠳᠡᠭ ᠰᠤᠷᠤᠭᠴᠢ ᠪᠤᠯᠬᠤ ᠶᠤᠮ᠃ ᠠᠪᠤ ᠡᠵᠢ ᠨᠢ ᠰᠦᠶ᠎ᠠ ᠵᠢ ᠬᠠᠷᠠᠬᠠᠨ ᠪᠠᠭ᠎ᠠ᠎ᠡᠴᠡ᠎ᠨᠢ ᠳᠤᠷ᠎ᠠ ᠰᠣᠨᠢᠷᠬᠠᠯ᠎ᠢ ᠨᠢ ᠢᠳᠡᠪᠬᠢᠲᠡᠶ ᠳᠡᠮᠵᠢᠵᠦ᠂ ᠦᠷᠭᠦᠯᠵᠢ ᠡᠯ᠎ᠡ ᠭᠠᠵᠠᠷ ᠵᠢᠡᠷ ᠳᠠᠭᠠᠭᠤᠯᠤᠨ ᠤᠷᠤᠯᠳᠤᠭᠠᠨ᠎ᠳᠤ ᠣᠷᠣᠯᠴᠠᠭᠤᠯᠵᠤ ᠲᠠᠪᠳᠠᠨ ᠪᠤᠯᠪᠠᠰᠤᠷᠠᠭᠤᠯᠤᠭᠰᠠᠨ ᠨᠢ ᠲᠡᠬᠦᠨ᠎ᠤ ᠪᠦᠬᠦ ᠲᠠᠯ᠎ᠠ ᠵᠢᠨ ᠦᠰᠦᠨ ᠪᠤᠢᠵᠢᠯᠳᠠ᠎ᠳᠤ ᠰᠠᠭᠤᠷᠢ ᠲᠠᠯᠪᠢᠵᠠᠢ᠃

ᠰᠦᠶ᠎ᠠ 2021 ᠤᠨ᠎ᠳ᠋ᠤ ᠦᠦᠰᠢᠨ ᠬᠤᠰᠢᠭᠤᠨ᠎ᠤ ᠰᠢᠨ᠎ᠡ᠎ᠶᠢ ᠡᠭᠦᠳᠦᠭᠰᠡᠨ《ᠰᠢᠨ᠎ᠡ ᠴᠠᠭ ᠦᠶ᠎ᠡ᠎ᠶᠢᠨ ᠰᠢᠯᠢᠳᠡᠭ ᠪᠠᠭᠠᠴᠤᠳ》 ᠵᠢᠡᠷ ᠦᠨᠡᠯᠡᠭᠳᠡᠭᠰᠡᠨ ᠪᠠᠢᠨ᠎ᠠ᠃ ᠡᠳᠦᠬᠡ ᠲᠡᠷᠡ ᠬᠢᠮᠢ ᠵᠢᠨ ᠪᠤᠷᠳᠤᠭᠤᠷ ᠨᠠᠢᠷᠠᠭᠤᠯᠬᠤ ᠲᠦᠬᠦᠬᠡᠷᠦᠮᠵᠢ᠂ ᠠᠢᠷᠠᠭ ᠪᠦᠯᠢᠬᠦ ᠮᠠᠰᠢᠨ᠂ ᠰᠢᠯ ᠵᠦᠯᠬᠦᠬᠦ ᠮᠠᠰᠢᠨ ᠵᠡᠷᠬᠡ ᠮᠠᠯᠵᠢᠬᠤ ᠲᠠᠷᠢᠶᠠᠯᠠᠬᠤ ᠤᠷᠤᠨ᠎ᠤ ᠦᠢᠯᠡᠳᠪᠦᠷᠢᠯᠡᠯ ᠠᠮᠢᠳᠤᠷᠠᠯ᠎ᠳᠤ ᠲᠤᠬᠢᠷᠠᠭᠰᠠᠨ ᠬᠡᠷᠡᠭᠯᠡᠬᠡᠨ᠎ᠤ ᠴᠢᠨᠠᠷᠳᠠᠢ ᠠᠷᠪᠠᠭᠠᠳ ᠵᠦᠢᠯ᠎ᠤᠨ ᠰᠢᠨ᠎ᠠ ᠡᠬᠦᠳᠦᠯᠳᠡ ᠲᠠᠢ ᠪᠤᠯᠵᠠᠢ᠃

ᠮᠡᠷᠭᠡᠨ ᠴᠤᠬᠤᠷ᠎ᠢ ᠰᠢᠷᠪᠢᠵᠦ ᠨᠠᠷᠢᠨ ᠠᠭᠤᠯᠭ᠎ᠠ᠎ᠶᠢ ᠨᠢ ᠦᠵᠡᠭᠡᠷᠡᠢ!

QQ截图20211105091149.png


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号