ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤ ᠤᠯᠤᠰ᠎ᠤᠨ ᠠᠮᠢ ᠠᠬᠤᠢ ᠵᠢᠨ ᠪᠤᠯᠪᠠᠰᠤᠨ᠎ᠤ ᠵᠢᠱ᠌ᠢᠶ᠎ᠠ ᠦᠵᠡᠬᠦᠯᠬᠦ᠌ ᠤᠷᠤᠨ ᠪᠤᠯᠪᠠ
2021-10-25 09:43:41
ᠵᠣᠬᠢᠶᠠᠭ᠍ᠴᠢ᠄
​ ᠸ·ᠭᠡᠷᠡᠯᠳᠤ
ᠣᠩᠱᠢᠭ᠍ᠰᠠᠨ ᠣᠳᠠᠭ᠎ᠠ᠄
★★★☆☆

ᠲᠦᠷᠦᠭᠦᠭᠡᠨ ᠶᠠᠪᠤᠭᠳᠠᠭᠰᠠᠨ  《ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠨᠡᠢᠲᠡ᠎ᠶ᠋ᠢᠨ ᠭᠡᠷ᠎ᠡ》  ᠶ᠋ᠢᠨ ᠭᠡᠷᠡᠲᠦ ᠲᠠᠯ᠎ᠠ᠎ᠶ᠋ᠢᠨ ᠠᠷᠪᠠᠨ ᠲᠠᠪᠤᠳᠤᠭᠠᠷ ᠤᠳᠠᠭ᠎ᠠ᠎ᠶ᠋ᠢᠨ ᠶᠡᠭᠡ ᠬᠤᠷᠠᠯ᠎ᠤᠨ ᠠᠮᠢ ᠠᠬᠤᠢ ᠵᠢᠨ ᠪᠤᠯᠪᠠᠰᠤᠨ᠎ᠤ ᠶᠠᠷᠢᠶᠠᠨ᠎ᠤ ᠲᠠᠪᠴᠠᠩ ᠲᠡᠭᠡᠷ᠎ᠠ᠂ ᠠᠮᠢ ᠠᠬᠤᠢ ᠤᠷᠴᠢᠨ ᠲᠤᠭᠤᠷᠢᠨ᠎ᠤ ᠶᠠᠮᠤᠨ ᠡᠴᠡ ᠲᠠᠪᠤᠳᠤᠭᠠᠷ ᠪᠦᠯᠦᠭ ᠎ᠤᠨ ᠤᠯᠤᠰ᠎ᠤᠨ ᠠᠮᠢ ᠠᠬᠤᠢ ᠵᠢᠨ ᠪᠤᠯᠪᠠᠰᠤᠨ᠎ᠤ  ᠪᠠᠢ᠌ᠭᠤᠯᠤᠯᠳᠠ ᠵᠢᠨ ᠵᠢᠱ᠌ᠢᠶ᠎ᠠ ᠦᠵᠡᠬᠦᠯᠬᠦ᠌ ᠤᠷᠤᠨ᠎ᠢ ᠬᠦᠬᠢᠭᠦᠯᠦᠨ ᠱᠠᠩᠨᠠᠵᠦ᠍ ᠂ ᠲᠡᠭᠦᠨ᠎ᠤ ᠲᠤᠳᠤᠷ᠎ᠠ ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤ ᠪᠠᠬ᠍ᠳᠠᠵᠦ᠍ ᠂ ᠮᠠᠨ᠎ᠤ ᠤᠷᠤᠨ᠎ᠤ ᠴᠤᠷ᠎ᠤᠨ ᠭᠠᠬ᠍ᠴᠠ ᠡᠨᠡ ᠬᠦ᠌ ᠢᠷᠠᠭᠤ ᠠᠯᠳᠠᠷ᠎ᠢ ᠬᠦᠷᠳᠡᠭ᠌ᠰᠡᠨ ᠭᠠᠵᠠᠷ ᠤᠷᠤᠨ ᠪᠤᠯᠤᠬ᠍ᠰᠠᠨ ᠪᠠᠢ᠌ᠨ᠎ᠠ ᠃

ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤ ᠮᠤᠨᠢ ᠠᠭᠤᠯᠨ ᠵᠢᠨ ᠬᠤᠢ᠌ᠳᠤ ᠪᠡᠯ᠎ᠤᠨ ᠲᠠᠯ᠎ᠠ ᠨᠤᠳᠤᠭ᠎ᠤᠨ ᠠᠮᠢ ᠠᠬᠤᠢ ᠵᠢᠨ ᠴᠢᠳᠠᠪᠬᠢᠳᠤ ᠲᠤᠭᠤᠷᠢᠭ ᠳᠦ᠍ ᠪᠠᠢ᠌ᠷᠢᠱᠢᠵᠦ᠍᠂ ᠮᠤᠨᠢ ᠠᠭᠤᠯᠨ ᠵᠢᠨ ᠠᠭᠤᠯᠠᠷᠬᠠᠭ ᠤᠷᠤᠨ ᠡᠴᠡ ᠮᠤᠩᠭᠤᠯ᠎ᠤᠨ ᠦᠨᠳᠤᠷᠯᠢᠭ᠌ ᠲᠠᠢᠰᠢ ᠰᠢᠯᠵᠢᠬᠦ ᠱᠢᠯᠵᠢᠯᠳᠡ ᠵᠢᠨ ᠪᠦᠰᠡᠨ ᠳ᠋ᠤ ᠬᠠᠷᠢᠶᠠᠯᠠᠬ᠍ᠳᠠᠵᠦ᠍᠂ ᠨᠡᠢ᠌ᠳᠡᠯᠢᠭ ᠴᠢᠨᠠᠷ ᠲᠠᠢ ᠮᠠᠯ ᠠᠵᠤ ᠠᠬᠤᠢ ᠪᠠ ᠲᠠᠷᠢᠶᠠᠯᠠᠩ᠎ᠤᠨ ᠠᠭᠤᠯᠵᠠᠷ ᠤᠷᠤᠨ ᠪᠤᠯᠤᠨ᠎ᠠ᠃ ᠲᠤᠰ ᠬᠤᠱᠢᠭᠤᠨ᠎ᠤ ᠪᠠᠢ᠌ᠭᠠᠯᠢᠯᠢᠭ ᠪᠡᠯᠴᠢᠭᠡᠷ᠎ᠤᠨ ᠲᠠᠯᠠᠪᠠᠢ ᠨᠢ ᠠᠱᠢᠬ᠍ᠯᠠᠵᠦ᠍ ᠪᠤᠯᠬᠤ ᠨᠤᠳᠤᠭ ᠲᠡᠪᠢᠰᠭᠡᠷ᠎ᠤᠨ ᠲᠠᠯᠠᠪᠠᠢ ᠵᠢᠨ 92% ᠎ᠢ ᠡᠵᠡᠯᠡᠵᠦ᠍᠂ ᠪᠤᠭᠤᠲᠤ ᠬᠤᠳᠠ ᠵᠢᠨ ᠲᠠᠯᠠᠪᠠᠢ ᠪᠡᠷ ᠬᠠᠮᠤᠭ᠎ᠤᠨ ᠲᠤᠮᠤ ᠠᠮᠢ ᠠᠬᠤᠢ ᠵᠢᠨ ᠱᠢᠰᠲ᠋ᠧᠮ ᠪᠠᠢ᠌ᠵᠦ᠍᠂ ᠠᠮᠢ ᠠᠬᠤᠢ ᠵᠢᠨ ᠪᠠᠢ᠌ᠷᠢ ᠰᠠᠭᠤᠷᠢ ᠨᠢ ᠲᠤᠩ ᠴᠢᠬᠤᠯᠠ ᠪᠠᠢ᠌ᠳᠠᠭ᠃ ᠲᠤᠰ ᠬᠤᠱᠢᠭᠤᠨ᠎ᠤ ᠬᠢᠯᠢ ᠳ᠋ᠤ ᠪᠠᠢ᠌ᠭ᠎ᠠ ᠪᠠᠶᠠᠨ ᠬᠠᠩᠭᠠᠢ ᠪᠠᠢ᠌ᠭᠠᠯᠢ ᠵᠢᠨ ᠬᠠᠮᠠᠭᠠᠯᠠᠯᠳᠠ ᠵᠢᠨ ᠤᠷᠤᠨ ᠵᠢᠴᠢ ᠲᠡᠭ᠌ᠷᠢ ᠨᠠᠭᠤᠷ᠎ᠤᠨ ᠪᠠᠢ᠌ᠭᠠᠯᠢ ᠵᠢᠨ ᠬᠠᠮᠠᠭᠠᠯᠠᠯᠳᠠ ᠵᠢᠨ ᠤᠷᠤᠨ ᠨᠢ᠂ ᠭᠤᠤᠯ ᠮᠦᠷᠡᠨ᠂ ᠠᠭᠤᠯᠠ ᠬᠠᠩᠭᠠᠢ᠂ ᠲᠠᠯ᠎ᠠ ᠨᠤᠳᠤᠭ᠂ ᠨᠠᠭᠤᠷ ᠴᠦᠬᠦᠷᠦᠮ᠎ᠢ ᠨᠢᠭᠡ ᠴᠤᠬ᠍ᠴᠠᠵᠢᠭᠤᠯᠵᠦ᠍᠂ ᠦᠪᠦᠷ ᠮᠤᠨᠭᠭᠤᠯ᠎ᠤᠨ ᠦᠨᠳᠤᠷᠯᠢᠭ᠌᠎ᠤᠨ ᠨᠢᠭᠡᠨ ᠤᠰᠤ ᠬᠠᠳᠠᠭᠠᠯᠠᠬᠤ᠂ ᠦᠶᠡᠷ᠎ᠢ ᠱᠢᠯᠤᠭᠤᠤᠡᠬᠠᠬᠤ᠂ ᠬᠦᠷᠦᠰᠤ ᠱᠢᠷᠤᠢ ᠵᠢ ᠪᠡᠬᠢᠵᠢᠬᠦᠯᠬᠦ᠌ ᠠᠮᠢ ᠠᠬᠤᠢ ᠵᠢᠨ ᠬᠠᠯᠬᠠᠪᠴᠢ ᠵᠢ ᠴᠤᠬ᠍ᠴᠠᠯᠠᠬ᠍ᠰᠠᠨ ᠪᠠᠢᠳᠠᠭ᠃ ᠲᠡᠭᠦᠨᠴᠢᠯᠡᠨ᠂ ᠲᠤᠰ ᠬᠤᠱᠢᠭᠤᠨ᠎ᠤ ᠠᠮᠢᠳᠤ ᠪᠤᠳᠠᠰ᠎ᠤᠨ ᠲᠦᠷᠤᠯ ᠵᠦᠢᠯ ᠤᠯᠠᠨ ᠶᠠᠩᠵᠦ᠍᠂ ᠤᠯᠤᠰ᠎ᠤᠨ ᠨᠢᠭᠡᠳᠦᠭᠡᠷ᠂ ᠬᠤᠶᠠᠳᠤᠭᠠᠷ ᠲᠡᠰ᠎ᠤᠨ᠎ᠬᠠᠮᠠᠭᠠᠯᠠᠯᠳᠠ ᠵᠢᠨ ᠤᠷᠭᠤᠮᠠᠯ ᠪᠤᠯᠤᠨ ᠤᠨᠴᠠᠭᠠᠢ ᠤᠷᠭᠤᠯᠳᠠ ᠵᠢᠨ ᠤᠷᠴᠢᠨ ᠲᠠᠢ ᠪᠠᠢᠵᠦ᠍᠂ ᠲᠤᠮᠳᠠ ᠲᠤᠯᠠᠭᠠᠨ ᠴᠦᠯᠯᠡᠷᠭᠡᠭ ᠲᠠᠯ᠎ᠠ ᠨᠤᠳᠤᠭ᠎ᠤᠨ ᠠᠮᠢ ᠠᠬᠤᠢ ᠵᠢᠨ ᠱᠢᠰᠲ᠋ᠧᠮ᠎ᠤ᠋ᠨ ᠡᠭᠦᠰᠤᠯ᠂ ᠬᠦᠭ᠌ᠵᠢᠯ ᠪᠤᠯᠤᠨ ᠤᠯᠠᠷᠢᠨ ᠬᠤᠪᠢᠰᠭᠤ ᠵᠢᠮ᠎ᠠ ᠬᠠᠤᠯᠢ ᠵᠢ ᠰᠤᠳᠤᠯᠬᠤ ᠵᠢᠨ ᠬᠠᠩᠭᠠᠮᠵᠢᠳᠠᠢ ᠱᠢᠨᠵᠢᠯᠡᠭᠡᠨ ᠰᠤᠳᠤᠯᠭᠠᠨ᠎ᠤ ᠰᠠᠭᠤᠷᠢᠨ ᠪᠠᠢ᠌ᠵᠦ᠍᠂ ᠮᠦᠨ ᠴᠦ᠍ ᠴᠦᠯᠯᠡᠷᠭᠡᠭ᠌ᠵᠢᠭ᠌ᠰᠡᠨ ᠲᠠᠯ᠎ᠠ ᠨᠤᠳᠤᠭ᠎ᠤᠨ ᠤᠤᠯ᠎ᠤᠨ ᠠᠮᠢ ᠠᠬᠤᠢ ᠵᠢᠨ ᠱᠢᠰᠲ᠋ᠧᠮ᠎ᠢ ᠰᠡᠷᠭᠦᠭᠡᠬᠦ᠌᠂ ᠲᠠᠬᠢᠨ ᠪᠠᠢ᠌ᠭᠤᠯᠬᠤ ᠵᠠᠬ᠍ᠪᠤᠷ᠎ᠤᠨ ᠬᠠᠮᠤᠭ᠎ᠤᠨ ᠲᠤᠬᠢᠷᠠᠮᠵᠢᠳᠠᠢ ᠭᠠᠵᠠᠷ ᠤᠷᠤᠨ ᠪᠤᠯᠤᠨ᠎ᠠ᠃

ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤ ᠲᠠᠯ᠎ᠠ ᠨᠤᠳᠤᠭ᠎ᠤᠨ ᠠᠮᠢ ᠠᠬᠤᠢ ᠵᠢᠨ ᠬᠠᠮᠠᠭᠠᠯᠠᠯᠳᠠ ᠵᠢᠨ ᠱᠠᠩᠨᠠᠵᠤ ᠨᠦᠬᠦᠪᠦᠷᠢᠯᠡᠬᠦ᠌ ᠲᠦᠷᠤ ᠵᠢᠨ ᠪᠤᠳᠤᠯᠭ᠎ᠠ ᠵᠢ ᠴᠢᠩᠭ᠎ᠠ ᠲᠤᠭᠤᠱᠢᠯᠠᠭᠤᠯᠵᠦ᠍᠂ ᠪᠦᠬᠦ᠌ ᠲᠠᠯ᠎ᠠ ᠪᠡᠷ ᠪᠡᠯᠴᠢᠭᠡᠷᠯᠡᠬᠦᠯᠬᠦ᠌ ᠵᠢ ᠵᠤᠬ᠍ᠰᠤᠭᠠᠬᠤ ᠵᠢ ᠭᠤᠢ᠌ᠪᠢᠰᠢ ᠦᠭᠡᠢ ᠬᠡᠷᠡᠭ᠌ᠵᠢᠬᠦᠯᠵᠦ᠍᠂ ᠪᠡᠭᠡᠵᠢᠩ ᠲᠢᠶᠠᠨᠵᠢᠨ᠎ᠤ ᠰᠠᠯᠬᠢ ᠡᠯᠡᠰᠤᠨ᠎ᠤ ᠡᠬᠢ ᠵᠢ ᠴᠡᠭ᠌ᠴᠡᠯᠡᠨ ᠵᠠᠰᠠᠬᠤ᠂ ᠬᠠᠭᠠᠯᠪᠤᠷᠢᠯᠠᠬᠤ ᠵᠢ ᠵᠤᠬ᠍ᠰᠤᠭᠠᠨ ᠪᠡᠯᠴᠢᠭᠡᠷ᠎ᠢ ᠰᠡᠷᠭᠦᠭᠡᠬᠦ᠂ ᠪᠠᠢ᠌ᠭᠠᠯᠢᠯᠢᠭ ᠪᠡᠯᠴᠢᠭᠡᠷ᠎ᠤᠨ ᠡᠭᠦᠯᠳᠡᠷ᠎ᠢ ᠰᠠᠢ᠌ᠵᠢᠷᠠᠭᠤᠯᠬᠤ ᠪᠤᠯᠤᠨ ᠬᠦᠮᠦᠨ᠎ᠤ ᠬᠦᠴᠦ᠍ ᠪᠡᠷ ᠪᠡᠯᠴᠢᠭᠡᠷ ᠲᠠᠷᠢᠵᠦ᠍ ᠤᠷᠭᠤᠭᠤᠯᠬᠤ ᠵᠡᠷᠭᠡ ᠢᠵᠢ ᠪᠦᠷᠢᠳᠦᠭ᠌ᠰᠡᠨ ᠲᠠᠯ᠎ᠠ ᠨᠤᠳᠤᠭ᠎ᠤᠨ ᠬᠠᠮᠠᠭᠠᠯᠠᠯᠳᠠ ᠪᠤᠯᠤᠨ ᠪᠦᠳᠦᠭᠡᠨ ᠪᠠᠢᠭᠤᠯᠤᠯᠳᠠ ᠵᠢᠨ ᠲᠦᠷᠤᠯ ᠵᠦᠢᠯ᠎ᠢ ᠬᠡᠷᠡᠭ᠌ᠵᠢᠬᠦᠯᠵᠦ᠍᠂ ᠲᠠᠯ᠎ᠠ ᠨᠤᠳᠤᠭ᠎ᠤᠨ ᠠᠮᠢ ᠠᠬᠤᠢ ᠵᠢ ᠲᠠᠰᠤᠷᠠᠯᠳᠠ ᠦᠭᠡᠢ ᠰᠠᠢ᠌ᠵᠢᠷᠠᠭᠤᠯᠤᠬ᠍ᠰᠠᠨ ᠪᠠᠢ᠌ᠨ᠎ᠠ᠃

ᠤᠳᠤ ᠲᠤᠰ ᠬᠤᠱᠢᠭᠤ ᠤᠷᠭᠤᠮᠠᠯ᠎ᠤᠨ ᠤᠯᠠᠨ ᠶᠠᠩᠵᠤᠳᠤ ᠴᠢᠨᠠᠷ ᠪᠤᠯᠤᠨ ᠲᠠᠯ᠎ᠠ ᠨᠤᠳᠤᠭ᠎ᠤᠨ ᠠᠮᠢ ᠠᠬᠤᠢ ᠵᠢᠨ ᠶᠡᠷᠦᠩᠬᠡᠢ ᠪᠠᠢ᠌ᠳᠠᠯ᠎ᠤᠨ ᠲᠤᠬ᠍ᠳᠠᠭᠤᠨ᠎ᠢ ᠪᠠᠳᠤᠯᠠᠵᠦ᠍᠂ ᠪᠡᠯᠴᠢᠭᠡᠷ ᠡᠪᠡᠰᠤᠨ᠎ᠤ ᠲᠡᠭ᠌ᠰᠢᠳᠭᠡᠭ᠌ᠰᠡᠨ ᠦᠨᠳᠤᠷ ᠨᠢ 18.2 ᠰᠡᠨᠲ᠋ᠢᠮᠧᠲ᠋ᠷ ᠦᠰᠴᠦ᠍᠂ ᠲᠠᠯ᠎ᠠ ᠨᠤᠳᠤᠭ᠎ᠤᠨ ᠤᠷᠭᠤᠮᠠᠯ᠎ᠤᠨ ᠪᠦᠷᠬᠦᠴᠡ 30.1% ᠳ᠋ᠤ ᠬᠦᠷᠴᠦ᠍᠂ ᠤᠢ ᠱᠢᠭᠤᠢ ᠵᠢᠨ ᠪᠦᠷᠬᠦᠴᠡ ᠨᠢ ᠵᠠᠭᠤᠨ᠎ᠤ ᠬᠠᠷᠢᠴᠠᠯ᠎ᠢᠶᠡᠷ 12.52  ᠬᠤᠪᠢ ᠲᠡᠭᠡᠭ᠌ᠰᠢᠯᠡᠵᠠᠢ᠃  ᠭᠤᠤᠯ ᠮᠦᠷᠡᠨ᠎ᠤ ᠴᠠᠬ᠍ᠳᠠᠨ ᠪᠠᠢ᠌ᠴᠠᠭᠠᠯᠳᠠ ᠵᠢᠨ ᠡᠷᠴᠢᠮ ᠎ᠢ ᠴᠢᠩᠭᠠᠷᠠᠭᠤᠯᠵᠦ᠍᠂ ᠠᠢ᠌ᠪᠠᠭ᠎ᠠ ᠭᠤᠤᠯ᠎ᠤᠨ ᠤᠰᠤᠨ ᠱᠢᠰᠲ᠋ᠧᠮ ᠎ᠢ ᠬᠤᠯᠪᠤᠨ ᠨᠡᠪᠳᠡᠷᠡᠭᠦᠯᠬᠦ᠌ ᠢᠨᠵᠧᠨᠧᠷᠢᠩ ᠎ᠢ ᠬᠡᠷᠡᠭ᠌ᠵᠢᠬᠦᠯᠵᠦ᠍᠂ ᠠᠮᠢ ᠠᠬᠤᠢ ᠵᠢᠨ ᠬᠠᠮᠠᠭᠠᠯᠠᠯᠳᠠ ᠵᠢᠨ ᠡᠷᠬᠢ ᠵᠢ 18.43 ᠺᠢᠯᠤᠮᠧᠲᠷ ᠪᠠᠢ᠌ᠭᠤᠯᠵᠦ᠍᠂ ᠭᠤᠤᠯ᠎ᠤᠨ ᠭᠤᠯᠳᠤᠷᠢᠯ᠎ᠢ 11.52 ᠺᠢᠯᠤᠮᠧᠲ᠋ᠷ ᠴᠡᠭ᠌ᠴᠡᠯᠡᠨ ᠵᠠᠰᠠᠵᠦ᠍᠂ ᠤᠰᠤ ᠱᠢᠷᠤᠢ ᠵᠢᠨ ᠢᠳᠡᠭ᠌ᠳᠡᠯ᠎ᠤᠨ ᠲᠠᠯᠠᠪᠠᠢ ᠵᠢ 375 ᠲᠡᠭ᠌ᠰᠢ ᠲᠦᠷᠪᠡᠯᠵᠢᠨ ᠺᠢᠯᠤᠮᠧᠲᠷ ᠴᠡᠭ᠌ᠴᠡᠯᠡᠨ ᠵᠠᠰᠠᠬ᠍ᠰᠠᠨ ᠪᠠᠢ᠌ᠨ᠎ᠠ᠃ ᠭᠤᠤᠯ ᠨᠠᠭᠤᠷ ᠨᠤᠭᠤ ᠭᠠᠵᠠᠷ᠎ᠢ ᠴᠡᠭ᠌ᠴᠡᠯᠡᠨ ᠵᠠᠰᠠᠬᠤ ᠵᠢᠴᠢ ᠵᠠᠰᠠᠨ ᠰᠡᠯᠪᠢᠬᠦ᠌ ᠢᠨᠵᠧᠨᠧᠷᠢᠩ᠎ᠢ ᠬᠡᠷᠡᠭ᠌ᠵᠢᠬᠦᠯᠵᠦ᠍᠂ ᠲᠡᠭ᠌ᠷᠢ ᠨᠠᠭᠤᠷ᠎ᠤᠨ ᠬᠠᠮᠠᠭᠠᠯᠠᠯᠳᠠ ᠵᠢᠨ ᠤᠷᠤᠨ᠎ᠤ ᠠᠮᠢ ᠠᠬᠤᠢ ᠵᠢᠨ ᠬᠠᠮᠠᠭᠠᠯᠠᠯᠳᠠ ᠪᠤᠯᠤᠨ ᠵᠠᠰᠠᠨ ᠰᠡᠷᠭᠦᠭᠡᠬᠦ᠌ ᠵᠢ 15205 ᠡᠾᠧᠺᠲ᠋ᠡᠷ ᠪᠡᠶᠡᠯᠡᠬᠦᠯᠵᠦ᠍᠂ 30 ᠭᠠᠷᠤᠢ ᠵᠢᠯ ᠬᠠᠳᠠᠵᠦ᠍ ᠱᠢᠷᠬᠢᠭ᠌ᠰᠡᠨ ᠲᠡᠭ᠌ᠷᠢ ᠨᠠᠭᠤᠷ ᠲᠠᠬᠢᠨ ᠠᠮᠢᠯᠠᠵᠦ᠍᠂ ᠨᠤᠮᠢᠨ ᠨᠤᠭᠤᠭᠠᠨ ᠦᠩᠬᠡ ᠪᠡᠷ ᠲᠤᠨᠤᠯᠵᠠᠨ᠂ ᠤᠳᠤ ᠬᠠᠳᠠᠭᠠᠯᠠᠵᠤ ᠪᠠᠢᠭ᠎ᠠ ᠤᠰᠤᠨ᠎ᠤ ᠬᠡᠮᠵᠢᠶ᠎ᠠ ᠨᠢ 1 ᠳ᠋ᠦᠩᠱᠢᠭᠤᠷ ᠪᠤᠰᠤᠭ᠎ᠠ ᠲᠦᠷᠪᠡᠯᠵᠢᠨ ᠮᠧᠲ᠋ᠷ ᠪᠤᠯᠳᠠᠯ᠎ᠠ ᠰᠡᠷᠭᠦᠵᠦ᠍᠂ ᠤᠰᠤᠨ ᠲᠦᠪᠱᠢᠨ ᠨᠢ ᠲᠡᠤᠬᠡ ᠵᠢᠨ ᠬᠠᠮᠤᠭ᠎ᠤᠨ ᠦᠨᠳᠤᠷ ᠬᠡᠮᠵᠢᠶ᠎ᠠ ᠳ᠋ᠤ ᠬᠦᠷᠴᠠᠢ᠃

ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤ ᠠᠭᠤᠷᠬᠠᠢ ᠵᠢᠨ ᠭᠠᠷᠤᠯᠳᠠ ᠵᠢ ᠨᠡᠭᠡᠭᠡᠨ ᠠᠱᠢᠬ᠍ᠯᠠᠬᠤ ᠶᠡᠷᠦᠩᠬᠡᠢ ᠬᠡᠮᠵᠢᠶ᠎ᠠ ᠵᠢ ᠬᠢᠵᠠᠭᠠᠷᠯᠠᠨ᠂ ᠠᠭᠤᠷᠬᠠᠢ ᠵᠢ ᠦᠷᠬᠦᠯᠵᠢᠯᠡᠨ ᠨᠡᠭᠡᠭᠡᠨ ᠠᠱᠢᠬ᠍ᠯᠠᠬᠤ ᠪᠤᠯᠤᠨ ᠠᠮᠢ ᠠᠬᠤᠢ ᠵᠢ ᠰᠡᠷᠭᠦᠭᠡᠬᠦ᠌ ᠵᠢ ᠪᠡᠶᠡᠯᠡᠬᠦᠯᠦᠭ᠌ᠰᠡᠨ ᠪᠠᠢᠨ᠎ᠠ᠃ ᠪᠦᠬᠦ᠌ ᠬᠤᠱᠢᠭᠤᠨ᠎ᠤ ᠠᠩᠬᠠᠨ᠎ᠤ ᠬᠤᠭᠤᠴᠠᠭᠠᠨ᠎ᠤ ᠪᠤᠯᠤᠨ ᠬᠤᠭᠤᠴᠠᠭ᠎ᠠ ᠬᠤᠪᠢᠶᠠᠨ ᠴᠡᠭ᠌ᠴᠡᠯᠡᠨ ᠵᠠᠰᠠᠵᠦ᠍ ᠪᠠᠢ᠌ᠭ᠎ᠠ ᠠᠭᠤᠷᠬᠠᠢ 46 ᠲᠦᠷᠤᠯ ᠪᠠᠢᠵᠦ᠍᠂ ᠱᠢᠪᠡᠷᠬᠦ᠋ᠷᠢᠶ᠎ᠠ ᠲᠠᠮᠤᠷ᠎ᠤᠨ ᠠᠭᠤᠷᠬᠠᠢ ᠨᠢ ᠪᠦᠬᠦ᠌ ᠤᠯᠤᠰ᠎ᠤᠨ ᠪᠤᠬᠢᠷᠳᠤᠯ ᠦᠭᠡᠢ ᠠᠭᠤᠷᠬᠠᠢ ᠪᠤᠯᠵᠠᠢ᠃ 《ᠠᠭᠤᠷᠬᠠᠢ ᠵᠢᠨ ᠠᠵᠤ ᠠᠬᠤᠢ᠌ᠯᠠᠯ ᠲᠠᠯ᠎ᠠ ᠨᠤᠳᠤᠭ᠎ᠢ ᠡᠵᠡᠯᠡᠬᠦ᠌》 ᠵᠢ ᠴᠡᠭ᠌ᠴᠡᠯᠡᠨ ᠵᠠᠰᠠᠬᠤ ᠲᠤᠰᠭᠠᠢ ᠠᠵᠢᠯᠯᠠᠭ᠎ᠠ ᠲᠠᠢ ᠤᠶᠠᠯᠳᠤᠭᠤᠯᠵᠦ᠍᠂ ᠠᠭᠤᠷᠬᠠᠢ ᠵᠢ ᠴᠡᠭ᠌ᠴᠡᠯᠡᠨ ᠵᠠᠰᠠᠬᠤ ᠪᠤᠯᠤᠨ ᠠᠮᠢ ᠠᠬᠤᠢ ᠵᠢ ᠰᠡᠷᠬᠦᠭᠡᠬᠦ᠌ ᠵᠢ ᠪᠦᠬᠦ᠌ ᠬᠦᠴᠦᠨ ᠵᠢᠡᠷ ᠦᠷᠨᠢᠬᠦᠯᠵᠦ᠍᠂ ᠪᠠᠶᠠᠠᠠᠤᠪᠤᠭ᠎ᠠ ᠬᠦᠳᠡᠷ᠎ᠤᠨ ᠠᠭᠤᠷᠬᠠᠢ ᠵᠢᠨ ᠪᠠᠷᠠᠭᠤᠨ ᠠᠭᠤᠷᠬᠠᠢ ᠴᠤ᠌ ᠤᠯᠤᠰ᠎ᠤᠨ ᠪᠤᠬᠢᠷᠳᠤᠯ ᠦᠭᠡᠢ ᠠᠭᠤᠷᠬᠠᠢ ᠪᠤᠯᠵᠠᠢ᠃

ᠪᠡᠭᠡᠵᠢᠩ ᠲᠢᠶᠠᠨᠵᠢᠨ᠎ᠤ ᠰᠠᠯᠬᠢ ᠡᠯᠡᠰᠦᠨ᠎ᠤ ᠡᠬᠢ ᠵᠢ ᠴᠡᠭ᠌ᠴᠡᠯᠡᠨ ᠵᠠᠰᠠᠬᠤ ᠵᠢᠨ ᠪᠠᠷᠠᠭᠤᠨ ᠪᠡᠶ᠎ᠠ ᠵᠢᠨ ᠡᠬᠢᠯᠡᠯᠳᠡ ᠵᠢᠨ ᠴᠡᠭ ᠮᠦᠷᠳᠡᠭᠡᠨ ᠤᠮᠠᠷᠠᠳᠤ ᠬᠡᠰᠡᠭ᠎ᠤᠨ ᠭᠠᠩ ᠬᠠᠭᠤᠷᠠᠢ ᠲᠠᠯ᠎ᠠ ᠨᠤᠳᠤᠭ᠎ᠤᠨ ᠡᠯᠡᠰᠦᠷᠭᠡᠭ᠌ᠵᠢᠯ ᠎ᠢ ᠴᠡᠭ᠌ᠴᠡᠯᠡᠨ ᠵᠠᠰᠠᠬᠤ ᠲᠤᠭᠤᠷᠢᠭ᠎ᠤᠨ ᠭᠤᠤᠯᠳᠠᠯᠭ᠎ᠠ ᠲᠠᠢ ᠭᠠᠵᠠᠷ ᠪᠤᠯᠤᠬ᠍ᠰᠠᠨ᠎ᠤ ᠬᠤᠪᠢ ᠳ᠋ᠤ ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤ ᠨᠢ ᠤᠯᠤᠰ᠎ᠤᠨ ᠨᠠᠢ᠌ᠳᠡ ᠵᠢᠨ ᠠᠰᠠᠷᠠᠮᠵᠢ ᠵᠢᠨ ᠤᠢ ᠵᠢᠨ ᠨᠦᠬᠦᠪᠦᠷᠢᠯᠡᠯ᠂ ᠪᠡᠭᠡᠵᠢᠩ ᠲᠢᠶᠠᠨᠵᠢᠨ᠎ᠤ ᠡᠯᠡᠰᠤ ᠰᠡᠯᠬᠢᠨ᠎ᠤ ᠡᠬᠢ ᠵᠢ ᠴᠡᠭ᠌ᠴᠡᠯᠡᠨ ᠵᠠᠰᠠᠬᠤ᠂ ᠬᠠᠭᠠᠯᠪᠦᠷᠢᠯᠡᠬᠤ ᠵᠢ ᠵᠤᠬ᠍ᠰᠤᠭᠠᠨ ᠤᠢ ᠱᠢᠭᠤᠢ ᠵᠢ ᠰᠡᠷᠭᠦᠭᠡᠬᠦ᠌᠂ ᠪᠡᠯᠴᠢᠭᠡᠷ᠎ᠢ ᠰᠡᠷᠭᠦᠭᠡᠬᠦ᠌ ᠵᠡᠷᠭᠡ ᠠᠮᠢ ᠠᠬᠤᠢ ᠵᠢᠨ ᠢᠨᠵᠧᠨᠧᠷᠢᠩ᠎ᠢ 140 ᠲᠦᠮᠡᠨ ᠮᠦ᠍ ᠬᠡᠷᠡᠭ᠌ᠵᠢᠬᠦᠯᠵᠦ᠍᠂ ᠲᠡᠭᠦᠨᠴᠢᠯᠡᠨ ᠪᠠᠰᠠ ᠡᠯ᠎ᠠ ᠲᠦᠷᠤᠯ᠎ᠤᠨ ᠨᠤᠭᠤᠭᠠᠷᠠᠭᠤᠯᠤᠯᠳᠠ ᠵᠢᠨ ᠢᠨᠵᠧᠨᠧᠷᠢᠩ᠎ᠢ᠋ ᠬᠡᠷᠡᠭ᠌ᠵᠢᠬᠦᠯᠵᠦ᠍᠂ ᠱᠢᠨ᠎ᠠ ᠪᠡᠷ ᠨᠡᠮᠡᠭ᠌ᠳᠡᠭᠦᠯᠦᠭ᠌ᠰᠡᠨ ᠨᠤᠭᠤᠭᠠᠷᠠᠭᠤᠯᠤᠯᠳᠠ ᠵᠢᠨ ᠲᠠᠯᠠᠪᠠᠢ ᠨᠢ 35 ᠲᠦᠮᠡᠨ ᠲᠡᠭ᠌ᠰᠢ ᠲᠦᠷᠪᠡᠯᠵᠢᠨ ᠮᠧᠲ᠋ᠷ ᠲᠤ᠌ ᠬᠦᠷᠴᠦ᠍᠂ ᠶᠡᠬᠡ ᠰᠠᠯᠬᠢ ᠲᠠᠢ ᠡᠳᠦᠷ᠎ᠤᠨ ᠲᠤᠭ᠎ᠠ 39 ᠡᠳᠦᠷ ᠪᠠᠭᠠᠰᠴᠦ᠍᠂ ᠲᠤᠮᠳᠠᠳᠤ ᠤᠯᠤᠰ᠎ᠤᠨ ᠤᠷᠴᠢᠨ ᠲᠤᠭᠤᠷᠢᠨ᠎ᠤ ᠱᠢᠨᠵᠢᠯᠡᠬᠦ᠌ ᠤᠬᠠᠭᠠᠨ᠎ᠤ ᠨᠡᠢ᠌ᠭᠡᠮᠯᠢᠭ᠌ ᠎ᠲᠤ 《2016 ᠱᠢᠨ᠎ᠠ ᠵᠢ ᠡᠭᠦᠳᠬᠦ᠌ ᠲᠤᠮᠳᠠᠳᠤ ᠤᠯᠤᠰ· ᠪᠤᠬᠢᠷᠳᠤᠯ ᠦᠭᠡᠢ ᠭᠦᠭ᠌ᠵᠢᠯᠳᠡ ᠵᠢᠨ ᠱᠢᠯᠢᠳᠡᠭ ᠬᠤᠳᠠ》 ᠪᠡᠷ ᠨᠠᠷᠠᠢᠳᠦᠭᠳᠡᠭᠰᠡᠨ ᠪᠠᠢ᠌ᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号