ᠪᠠᠶᠠᠵᠢᠯ ᠴᠢᠨᠡᠬᠡᠯᠢᠭ᠌ᠵᠢᠯ ᠎ᠤᠨ ᠳᠡᠬᠦᠰ ᠦᠵᠡᠮᠵᠢ ᠵᠢᠨ ᠵᠢᠷᠤᠭ᠍ᠯᠠᠯ — ᠬᠤᠷᠴᠢᠨ ᠪᠠᠷᠠᠭᠤᠨ ᠭᠠᠷᠤᠨ ᠡᠮᠦᠨᠡᠳᠤ ᠬᠤᠱᠢᠭᠤ ᠵᠢᠨ ᠰᠤᠯᠤᠨ ᠪᠠᠯᠭᠠᠰᠤ ᠵᠢᠨ ᠯᠢᠶᠠᠨ ᠹᠧᠩ ᠭᠠᠴᠠᠭ᠎ᠠ ᠵᠢᠨ ᠠᠮᠢ ᠠᠬᠤᠢ ᠵᠢᠨ ᠠᠵᠤ ᠦᠢᠯᠡᠰ ᠵᠢᠨᠷ ᠠᠷᠠᠳ ᠵᠢᠡᠨ ᠪᠠᠶᠠᠵᠢᠭᠤᠯᠤᠭ᠍ᠰᠠᠨ ᠳᠡᠮᠳᠡᠭ᠌ᠯᠡᠯ
2020-11-23 10:56:11
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠬᠤᠷᠴᠢᠨ ᠪᠠᠷᠠᠭᠤᠨ ᠭᠠᠷᠤᠨ ᠡᠮᠦᠨᠡᠳᠤ ᠬᠤᠱᠢᠭᠤ ᠵᠢᠨ ᠬᠤᠢ᠍ᠢᠳᠤ ᠬᠡᠰᠡᠭ ᠲᠡᠬᠢ ᠠᠭᠤᠯᠠ ᠬᠠᠳᠠᠠ ᠳ᠋ᠤ ᠬᠦᠷᠢᠶᠡᠯᠡᠬ᠍ᠳᠡᠨ᠂ ᠤᠢ ᠮᠤᠳᠤᠨ ᠳ᠋ᠤ ᠪᠦᠷᠬᠦᠭ᠌ᠳᠡᠭ᠌ᠰᠡᠨ ᠰᠤᠯᠤᠨ ᠪᠠᠯᠭᠠᠰᠤ ᠵᠢᠨ ᠯᠢᠶᠠᠨ ᠹᠧᠩ ᠭᠠᠴᠠᠭ᠎ᠠ ᠬᠡᠭ᠌ᠴᠢ ᠭᠤᠷᠪᠠᠨ ᠭᠤᠤᠯ᠎ᠤᠨ ᠠᠭᠤᠯᠵᠠᠷ ᠲᠤ ᠪᠠᠢᠷᠢᠯᠠᠭ᠍ᠰᠠᠨ ᠵᠢᠡᠷ᠂ ᠠᠭᠤᠯᠠ ᠨᠢ ᠬᠦᠬᠡ ᠤᠰᠤ ᠨᠢ ᠳᠤᠩᠭᠠᠯᠠᠭ ᠦᠵᠡᠮᠵᠢ ᠳᠡᠬᠦᠰ ᠪᠠᠢᠭᠠᠯᠢ ᠠᠬᠤᠢ ᠳᠠᠢ ᠠᠮᠢᠵᠢᠷᠠᠯ ᠪᠢᠯᠬᠠᠭ᠍ᠰᠠᠨ ᠭᠠᠴᠠᠭ᠎ᠠ ᠪᠢᠯᠡ᠃ ᠠᠯᠤᠰ ᠡᠴᠡ ᠬᠠᠷᠠᠬᠤ ᠳ᠋ᠤ ᠬᠦᠬᠡ ᠤᠷᠤᠢ ᠲᠠᠢ ᠸᠠᠭᠠᠷ ᠳᠤᠭᠤᠰᠭᠠᠨ ᠪᠠᠢᠱᠢᠩ ᠵᠢᠭ᠌ᠳᠡᠷᠡᠨ᠂ ᠬᠦᠷᠢᠶ᠎ᠠ ᠬᠠᠱᠢᠶ᠎ᠠ ᠳ᠋ᠤᠨᠢ ᠡᠯᠪᠡᠭ ᠬᠤᠷᠢᠶᠠᠯᠳᠠ ᠵᠢᠨ ᠪᠠᠶᠠᠰᠤᠯ ᠪᠢᠯᠬᠠᠬ᠍ᠰᠠᠨ ᠡᠨᠡ ᠭᠠᠴᠠᠭ᠎ᠠ ᠵᠢᠨ ᠠᠷᠠᠳ ᠤᠯᠠᠨ ᠠᠵᠢᠯᠴᠢ ᠬᠢᠴᠢᠶᠠᠡᠭ᠌ᠬᠦᠢ ᠠᠷᠢᠭᠤᠨ ᠬᠦᠳᠡᠯᠮᠦᠷᠢ ᠪᠡᠷ ᠵᠢᠡᠨ ᠴᠢᠨᠡᠬᠡᠯᠢᠭ ᠠᠮᠢᠳᠤᠷᠠᠯ᠎ᠤᠨ ᠵᠠᠮ ᠵᠢᠡᠨ ᠢᠳᠡᠷᠠᠬᠦᠨ ᠵᠤᠷᠢᠨ᠎ᠠ᠃

ᠯᠢᠶᠠᠨ ᠹᠧᠩ ᠭᠠᠴᠠᠭ᠎ᠠ ᠵᠢᠨ ᠤᠢ᠍ᠢᠷ᠎ᠠ ᠬᠠᠪᠢ ᠪᠡᠷ ᠠᠭᠤᠯᠠ ᠬᠠᠳᠠ ᠰᠦᠨᠳᠡᠷᠯᠡᠨ᠂ ᠤᠢ ᠮᠤᠳᠤ ᠰᠦᠭ᠌ᠯᠡᠢᠨ᠂ ᠡᠯᠳᠡᠪ ᠵᠦᠢᠯ᠎ᠤᠨ ᠡᠪᠡᠰᠤᠨ ᠡᠮ ᠤᠷᠭᠤᠳᠠᠭ ᠪᠦᠬᠡᠳ ᠢᠯᠠᠩᠭᠤᠶ᠎ᠠ ᠴᠢᠨ᠋ᠸ᠎ᠠ ᠵᠢᠨ ᠬᠠᠯᠳᠠᠷ ᠤᠯᠠᠨ ᠤᠷᠭᠤᠳᠠᠭ ᠵᠢᠡᠷ ᠡᠨᠳᠡᠬᠢ ᠠᠷᠠᠳ ᠠᠭᠤᠯᠠᠨ ᠳ᠋ᠤ ᠭᠠᠷᠴᠤ᠌ ᠡᠪᠡᠰᠦᠨ ᠡᠮ ᠮᠠᠯᠳᠠᠳᠠᠭ ᠪᠠᠢᠵᠠᠢ᠃《ᠤᠤᠯ ᠨᠢ ᠠᠭᠤᠯᠠᠨ ᠳ᠋ᠤ ᠭᠠᠷᠴᠤ᠌ ᠡᠪᠡᠰᠦᠨ ᠡᠮ ᠮᠠᠯᠳᠠᠪᠠᠯ ᠡᠳᠦᠷ ᠲᠤ 300 ᠲᠦᠬᠦᠷᠢᠭ ᠡᠴᠡ 500 ᠲᠦᠬᠦᠷᠢᠭ ᠡᠪᠦᠷᠳᠦᠯᠡᠳᠡᠭ᠂ ᠡᠨᠡ ᠨᠢ ᠳᠠᠷᠢᠶᠠᠴᠢᠨ ᠠᠢᠯ ᠳ᠋ᠤ ᠠᠪᠴᠤ᠌ ᠬᠡᠯᠡᠪᠡᠯ  ᠪᠠᠭ᠎ᠠ ᠪᠤᠰᠤ ᠤᠷᠤᠯᠭ᠎ᠠ ᠱᠢᠤ》ᠬᠡᠵᠦ᠍ ᠯᠢᠶᠠᠨ ᠹᠧᠩ ᠭᠠᠴᠠᠭ᠎ᠠ ᠵᠢᠨ ᠨᠠᠮ ᠎ᠤᠨ ᠡᠬᠦᠷ ᠎ᠤᠨ ᠱᠦᠵᠢ ᠭᠦᠩ ᠯᠢ ᠸᠧᠢ ᠳᠠᠨᠢᠯᠴᠠᠭᠤᠯᠤᠨ᠎ᠠ᠃ ᠬᠡᠪᠡᠴᠦ᠍᠂ ᠬᠦᠬᠡᠮᠳᠦᠭ ᠨᠤᠭᠤᠭᠠᠠ ᠠᠭᠤᠯᠠ ᠤᠰᠤ ᠪᠠᠨ ᠬᠠᠮᠠᠭᠠᠯᠠᠬᠤ᠂ ᠠᠮᠢ ᠠᠬᠤᠢ ᠵᠢᠨ ᠤᠷᠴᠢᠨ ᠳᠤᠭᠤᠷᠢᠨ᠎ᠢ ᠬᠠᠮᠠᠭᠠᠯᠬᠠᠤ ᠬᠦᠨᠳᠤ ᠡᠬᠦᠷᠬᠡ ᠵᠢᠨ ᠡᠮᠦᠨ᠎ᠡ᠂ ᠡᠨᠳᠡᠬᠢ ᠠᠭᠤᠯᠠ ᠤᠰᠤᠨ᠎ᠤ ᠡᠬᠢ ᠪᠠᠶᠠᠯᠢᠭ ᠵᠢᠡᠨ ᠲᠦᠱᠢᠵᠦ᠍ ᠠᠮᠢᠳᠤᠷᠠᠳᠠᠭ ᠠᠷᠠᠳ᠎ᠤᠨ ᠤᠷᠤᠯᠭ᠎ᠠ ᠪᠠᠭᠠᠰᠴᠤ᠌᠂ ᠳᠤᠰᠭᠤᠨ᠎ᠤ ᠠᠷᠠᠳ᠎ᠤᠨ ᠠᠮᠢᠳᠤᠷᠠᠯ ᠬᠦᠴᠢᠷᠳᠡᠯᠳᠡᠢ ᠪᠤᠯᠵᠤ ᠢᠷᠡᠵᠡᠢ᠃

ᠬᠦᠭ᠌ᠵᠢᠯᠳᠡ ᠵᠢᠨ ᠰᠡᠳᠭᠢᠴᠡ ᠪᠠᠨ ᠬᠤᠪᠢᠷᠠᠭᠤᠯᠪᠠᠯ ᠶᠠᠪᠤᠬᠤ ᠵᠠᠮ ᠦᠷᠬᠡᠨ ᠬᠡᠭ᠌ᠴᠢ ᠪᠡᠷ ᠯᠢᠶᠠᠨ ᠹᠧᠩ ᠭᠠᠴᠠᠭ᠎ᠠ ᠵᠢᠨ ᠨᠠᠮ᠎ᠤᠨ ᠡᠬᠦᠷ᠎ᠤᠨ ᠱᠦᠵᠢ ᠬᠦᠩ ᠯᠢ ᠸᠧᠢ ᠠᠵᠤ ᠦᠢᠯᠡᠰ ᠪᠠ ᠠᠮᠢ ᠠᠬᠤᠢ ᠵᠢ ᠤᠷᠭᠠᠨᠢᠭ ᠵᠢᠡᠷ ᠤᠶᠠᠯᠳᠤᠭᠤᠯᠪᠠᠯ ᠰᠠᠶᠢ ᠠᠮᠢ ᠠᠬᠤᠢ ᠵᠢ ᠬᠠᠮᠠᠭᠠᠯᠠᠬᠤ ᠵᠢᠨ ᠬᠠᠮᠳᠤ ᠠᠷᠠᠳ᠎ᠤᠨ ᠤᠷᠤᠯᠭ᠎ᠠ ᠵᠢ ᠴᠤ᠌ ᠨᠡᠮᠡᠭ᠌ᠳᠡᠬᠦᠯᠵᠦ᠍ ᠴᠢᠳᠠᠨ᠎ᠠ ᠬᠡᠳᠡᠭ᠎ᠢ ᠳᠠᠨᠢᠵᠤ ᠤᠯᠤᠯ᠎ᠠ᠃ ᠲᠡᠳᠡ《ᠬᠦᠷᠦᠰᠤ ᠰᠠᠢᠳᠠᠢ ᠭᠠᠵᠠᠷ ᠲᠠᠭᠠᠨ ᠠᠮᠤ ᠪᠤᠳᠠᠭ᠎ᠠ ᠳᠠᠷᠢᠵᠤ᠂ ᠬᠦᠷᠦᠰᠤ ᠨᠢᠮᠬᠡᠨ ᠭᠠᠵᠠᠷ ᠲᠤ ᠡᠪᠡᠰᠦᠨ ᠡᠮ ᠳᠠᠷᠢᠬᠤ》ᠳᠤᠬᠠᠢ ᠵᠢᠨ ᠭᠠᠵᠠᠷ᠎ᠤᠨ ᠨᠠᠮ ᠵᠠᠰᠠᠭ᠎ᠤᠨ ᠱᠢᠨᠵᠢᠯᠡᠬᠦ᠌ ᠤᠬᠠᠭᠠᠨᠴᠢ ᠳᠠᠭᠠᠭᠤᠯᠭ᠎ᠠ ᠵᠢᠴᠢ 《ᠬᠢᠳᠠᠳ ᠡᠪᠡᠰᠤᠨ ᠡᠮ ᠎ᠤᠨ ᠪᠡᠶ᠎ᠠ ᠰᠤᠪᠢᠯᠠᠯᠳᠠ ᠵᠢᠨ ᠪᠠᠯᠭᠠᠰᠤ》ᠪᠠᠢᠭᠤᠯᠬᠤ ᠳᠤᠬᠢᠶᠠᠯ᠎ᠢ ᠠᠱᠢᠬ᠍ᠯᠠᠵᠤ᠂ ᠳᠤᠬᠠᠢ ᠵᠢᠨ ᠭᠠᠵᠠᠷ᠎ᠤᠨ ᠪᠠᠢᠭᠠᠯᠢ ᠠᠬᠤᠢ ᠳ᠋ᠠᠭᠠᠨ ᠲᠤᠬᠢᠷᠠᠭᠤᠯᠵᠤ ᠬᠢᠳᠠᠳ ᠡᠪᠡᠰᠦᠨ ᠡᠮ᠎ᠤᠨ ᠮᠠᠲ᠋ᠧᠷᠢᠶᠠᠯ᠎ᠤᠨ ᠳᠠᠷᠢᠮᠠᠯ᠎ᠢ ᠬᠦᠭ᠌ᠵᠢᠬᠦᠯᠵᠦ᠍᠂ ᠠᠮᠢ ᠠᠬᠤᠢ ᠵᠢᠨ ᠳᠠᠪᠠᠭᠤᠯᠢᠭ ᠵᠢᠡᠨ ᠠᠵᠤ ᠦᠢᠯᠡᠰ᠂ ᠠᠵᠤ ᠠᠬᠤᠢ᠂ ᠬᠦᠭ᠌ᠵᠢᠯᠳᠡ ᠵᠢᠨ ᠳᠠᠪᠠᠭᠤᠯᠢᠭ ᠪᠤᠯᠭᠠᠨ ᠬᠤᠪᠢᠷᠠᠭᠤᠯᠪᠠ᠃

2017 ᠤᠨ ᠳ᠋ᠤ ᠰᠤᠯᠤᠨ ᠪᠠᠯᠭᠠᠰᠤ ᠨᠢ ᠠᠨᠾᠦ᠋ᠢ ᠮᠤᠵᠢ ᠵᠢᠨ ᠵᠢᠩ ᠴᠢᠤᠸᠠᠨ ᠬᠢᠳᠠᠳ ᠡᠮ ᠎ᠤᠨ ᠮᠠᠲ᠋ᠧᠷᠢᠶᠠᠯ ᠎ᠤᠨ ᠬᠢᠵᠠᠭᠠᠷᠳᠤ ᠺᠤᠮᠫᠠᠨᠢ ᠵᠢ ᠤᠷᠤᠭᠤᠯᠤᠨ ᠠᠪᠴᠢᠷᠠᠵᠤ᠂《ᠵᠠᠰᠠᠭ ᠎ᠤᠨ ᠤᠷᠳᠤᠨ + ᠲᠠᠭᠠᠭᠤᠯᠤᠬ᠍ᠴᠢ ᠠᠵᠤ ᠠᠬᠤᠢ᠍ᠢᠯᠠᠯ + ᠰᠠᠭᠤᠷᠢᠨ+ ᠬᠠᠮᠳᠤ ᠵᠢᠨ ᠠᠵᠤ ᠠᠬᠤᠢ + ᠳᠠᠷᠢᠶᠠᠴᠢᠨ ᠡᠷᠦᠬᠡ》 ᠵᠢᠨ ᠠᠵᠤ ᠦᠢᠯᠡᠰᠵᠢᠭ᠌ᠰᠡᠨ ᠡᠵᠡᠩᠨᠡᠯᠳᠡ ᠵᠢᠨ ᠬᠡᠯᠪᠡᠷᠢ ᠪᠠ ᠲᠦᠭ᠌ᠰᠢᠬᠦᠷᠢ ᠵᠢ ᠬᠠᠮᠳᠤ ᠪᠡᠷ ᠡᠬᠦᠷᠭᠡᠯᠡᠬᠦ᠂ ᠠᠱᠢᠭ ᠤᠷᠤᠯᠭ᠎ᠠ ᠪᠠᠨ ᠬᠠᠮᠳᠤ ᠪᠡᠷ ᠡᠳ᠋ᠯᠡᠬᠦ᠌ ᠳᠤᠭ᠍ᠳᠠᠴᠠ ᠵᠢ ᠪᠠᠢᠭᠤᠯᠪᠠ᠃ ᠳᠤᠬᠠᠢ ᠵᠢᠨ ᠵᠢᠯ ᠳ᠋ᠤ ᠲᠤᠰ ᠭᠠᠴᠠᠭ᠎ᠠ ᠲᠦᠮᠡᠨ ᠳᠡᠭ᠌ᠰᠢ ᠲᠦᠷᠪᠡᠯᠵᠢᠨ ᠮᠧᠲ᠋ᠷ᠎ᠤᠨ ᠳᠠᠯᠠᠪᠠᠢ ᠳᠠᠢ 19 ᠰᠠᠭᠤᠷᠢ ᠳᠤᠯᠠᠭᠠᠨ ᠬᠦᠯᠡᠮᠵᠢ ᠪᠠᠢᠭᠤᠯᠵᠤ᠂ ᠤᠰᠤ ᠴᠠᠬᠢᠯᠭᠠᠨ᠎ᠢ ᠪᠦᠷᠢᠳᠦᠬᠦᠯᠪᠡ᠃ ᠭᠠᠴᠠᠭ᠎ᠠ ᠵᠢᠨ ᠬᠠᠮᠳᠤ ᠵᠢᠨ ᠠᠵᠤ ᠠᠬᠤᠢ ᠪᠠᠨ ᠬᠦᠭ᠌ᠵᠢᠬᠦᠯᠬᠦ᠌ ᠵᠢᠨ ᠲᠦᠯᠦᠬᠡ᠂ ᠳᠤᠯᠠᠭᠠᠨ ᠬᠦᠯᠡᠮᠵᠢ ᠪᠠᠨ ᠵᠢᠩ ᠴᠢᠤᠸᠠᠨ ᠬᠢᠳᠠᠳ ᠡᠮ᠎ᠤᠨ ᠮᠠᠲ᠋ᠧᠷᠢᠶᠠᠯ᠎ᠤᠨ ᠳᠠᠷᠢᠮᠠᠯ᠎ᠤᠨ ᠬᠢᠵᠠᠭᠠᠷᠳᠤ ᠺᠤᠮᠫᠠᠨᠢ ᠳ᠋ᠤ ᠳᠠᠭᠠᠭᠠᠴᠢᠯᠠᠨ ᠦᠭ᠌ᠴᠦ᠂ ᠭᠤᠤᠯᠳᠠᠭᠤ ᠴᠢᠨ᠋ᠸ᠎ᠠ ᠵᠢᠨ ᠬᠠᠯᠳᠠᠷ᠎ᠤᠨ ᠴᠢᠬᠢ ᠪᠤᠢ᠍ᠢᠵᠢᠭᠤᠯᠵᠠᠢ᠃  ᠵᠢᠩ ᠴᠢᠤᠸᠠᠨ ᠬᠢᠳᠠᠳ ᠡᠮ᠎ᠤᠨ ᠮᠠᠲ᠋ᠧᠷᠢᠶᠠᠯ᠎ᠤᠨ ᠳᠠᠷᠢᠮᠠᠯ᠎ᠤᠨ ᠬᠢᠵᠠᠭᠠᠷᠳᠤ ᠺᠤᠮᠫᠠᠨᠢ ᠨᠢ ᠪᠠᠰᠠ ᠯᠢᠶᠠᠨ ᠹᠧᠩ ᠭᠠᠴᠠᠭ᠎ᠠ ᠵᠢᠨ 1060 ᠮᠦ᠍ ᠭᠠᠵᠠᠷ᠎ᠢ ᠱᠢᠯᠵᠢᠬᠦᠯᠦᠨ ᠠᠪᠴᠤ᠌ 1000 ᠲᠦᠮᠡᠨ ᠰᠠᠭᠤᠷᠢ ᠴᠢᠨ᠋ᠸ᠎ᠠ ᠵᠢᠨ ᠬᠠᠯᠳᠠᠷ ᠳᠠᠷᠢᠭ᠍ᠰᠠᠨ ᠪᠠᠢᠨ᠎ᠠ᠃ ᠺᠤᠮᠫᠠᠨᠢ ᠵᠢᠨ ᠴᠢᠬᠢ ᠪᠤᠢ᠍ᠢᠵᠢᠭᠤᠯᠬᠤ ᠰᠠᠭᠤᠷᠢᠨ᠎ᠤ ᠵᠢᠱ᠌ᠢᠶ᠎ᠠ ᠦᠵᠡᠬᠦᠯᠬᠦ᠌ ᠵᠢᠯᠤᠭᠤᠳᠤᠯᠭ᠎ᠠ ᠳᠤᠤᠷ᠎ᠠ᠂ 《ᠡᠪᠡᠰᠦᠨ ᠡᠮ᠎ᠤᠨ ᠮᠠᠲ᠋ᠧᠷᠢᠶᠠᠯ ᠎ᠤᠨ ᠰᠠᠭᠤᠷᠢᠨ + ᠬᠠᠮᠳᠤ ᠵᠢᠨ ᠠᠵᠤ ᠠᠬᠤᠢ + ᠳᠠᠷᠢᠶᠠᠴᠢᠨ ᠡᠷᠦᠬᠡ》 ᠵᠢᠨ ᠵᠠᠠᠠᠪᠤᠷ ᠎ᠢ ᠪᠦᠷᠢᠯᠳᠦᠬᠦᠯᠵᠦ᠍ ᠂ ᠳᠠᠷᠢᠶᠠᠴᠢᠳ᠎ᠤᠨ ᠤᠷᠤᠯᠭ᠎ᠠ ᠵᠢ ᠳᠠᠬᠢᠨ ᠵᠢᠡᠷ ᠨᠡᠮᠡᠭ᠌ᠳᠡᠬᠦᠯᠵᠦ᠍᠂ ᠡᠪᠡᠰᠦᠨ ᠡᠮ ᠮᠠᠯᠳᠠᠵᠤ ᠪᠠᠢᠭ᠍ᠰᠠᠨ ᠡᠴᠡ ᠪᠠᠨ ᠡᠪᠡᠰᠦᠨ ᠡᠮ᠎ᠤᠨ ᠮᠠᠲ᠋ᠧᠷᠢᠶᠠᠯ ᠳᠠᠷᠢᠬᠤ ᠪᠤᠯᠵᠤ᠂ ᠬᠠᠱᠢᠶ᠎ᠠ ᠬᠦᠷᠢᠶᠡᠨ ᠳ᠋ᠡᠬᠡᠨ ᠴᠤ᠌ ᠡᠪᠡᠰᠦᠨ ᠡᠮ ᠳᠠᠷᠢᠬᠤ ᠬᠠᠯᠠᠭᠤᠨ ᠦᠷᠨᠢᠯᠳᠡ ᠪᠤᠯᠵᠤ᠂ ᠢᠮᠠᠬᠤ ᠱᠢᠷᠤᠢ ᠡᠴᠡ ᠴᠤ᠌ ᠤᠷᠤᠯᠭ᠎ᠠ ᠤᠯᠬᠤ ᠪᠤᠯᠪᠠ᠃

ᠠᠭᠤᠳᠠᠮ ᠰᠠᠷᠠᠭᠤᠯ ᠱᠢᠨ᠎ᠡ ᠪᠠᠢᠱᠢᠩ ᠳᠠᠢ᠂ ᠴᠡᠪᠡᠷ ᠴᠡᠮᠴᠡᠬᠡᠷ ᠬᠦᠷᠢᠶ᠎ᠠ ᠬᠠᠱᠢᠶ᠎ᠠ ᠳᠠᠢ ᠯᠢᠤᠢ ᠵᠢᠶᠠᠨ ᠨᠠᠨ᠎ᠤ ᠬᠢᠨ ᠳ᠋ᠤ ᠤᠷᠤᠬᠤ ᠳ᠋ᠤ ᠴᠠᠭᠠᠨ ᠴᠠᠨ᠎ᠠ᠂ ᠴᠢᠨ᠋ᠸ᠎ᠠ ᠵᠢᠨ ᠬᠠᠯᠳᠠᠷ᠎ᠢ ᠬᠠᠱᠢᠶ᠎ᠠ ᠲᠦᠬᠦᠷᠡᠩ ᠳᠠᠷᠢᠭᠠᠳ ᠪᠠᠢᠯ᠎ᠠ᠃ ᠳᠡᠳᠡᠨᠡᠢᠬᠢᠨ 2 ᠮᠦ᠍ ᠢᠯᠡᠬᠦᠦ ᠨᠤᠭᠤᠭᠠᠨ ᠬᠠᠱᠢᠶᠠᠨ ᠳ᠋ᠠᠭᠠᠨ ᠡᠪᠡᠰᠦᠨ ᠡᠮ᠎ᠤᠨ ᠮᠠᠲ᠋ᠧᠷᠢᠶᠠᠯ ᠳᠠᠷᠢᠭᠠᠳ ᠭᠤᠷᠪᠠᠳᠡᠬᠢ ᠵᠢᠯ ᠵᠢᠡᠨ ᠪᠤᠯᠵᠤ ᠪᠠᠢᠭ᠎ᠠ ᠪᠦᠬᠡᠳ ᠵᠢᠯ ᠎ᠳ᠋ᠤ 1.2 ᠲᠦᠮᠡᠨ ᠲᠦᠬᠦᠷᠢᠭ᠎ᠤᠨ ᠤᠷᠤᠯᠭ᠎ᠠ ᠤᠯᠳᠠᠭ ᠪᠠᠢᠯ᠎ᠠ᠃ ᠯᠢᠶᠠᠨ ᠹᠧᠩ ᠭᠠᠴᠠᠭ᠎ᠠ ᠵᠢᠨ 60% ᠵᠢᠨ ᠠᠢᠯ ᠡᠷᠦᠬᠡ ᠬᠠᠱᠢᠶᠠᠨ ᠳ᠋ᠠᠭᠠᠨ ᠡᠪᠡᠰᠦᠨ ᠡᠮ᠎ᠤᠨ ᠮᠠᠲ᠋ᠧᠷᠢᠶᠠᠯ ᠳᠠᠷᠢᠵᠤ᠂ ᠡᠷᠦᠬᠡ ᠪᠦᠷᠢ ᠵᠢᠨ ᠳᠤᠮᠳᠠᠴᠢ ᠵᠢᠯ᠎ᠤᠨ ᠤᠷᠤᠯᠭ᠎ᠠ  ᠨᠢ 5000 ᠲᠦᠬᠦᠷᠢᠭ ᠲᠤ ᠬᠦᠷᠴᠡᠢ᠃

ᠬᠦᠳᠡᠬᠡ ᠳᠤᠰᠭᠤᠨ ᠎ᠢ ᠬᠦᠭ᠌ᠵᠢᠬᠦᠯᠦᠨ ᠮᠠᠨᠳᠤᠭᠤᠯᠬᠤ ᠳ᠋ᠤ ᠠᠵᠤ ᠦᠢᠯᠡᠰ᠎ᠢ ᠬᠦᠭ᠌ᠵᠢᠬᠦᠯᠬᠦ᠌ ᠪᠦᠬᠡᠳ  ᠠᠮᠢᠳᠤᠷᠠᠨ ᠰᠠᠭᠤᠷᠢᠱᠢᠬᠤ ᠤᠷᠴᠢᠨ ᠠᠬᠤᠢ ᠵᠢ ᠴᠤ᠌ ᠰᠠᠢᠵᠢᠷᠠᠭᠤᠯᠬᠤ ᠴᠢᠬᠤᠯᠠ ᠳᠠᠢ᠃ ᠡᠪᠡᠰᠦᠨ ᠡᠮ᠎ᠤᠨ ᠠᠵᠤ ᠦᠢᠯᠡᠰ᠎ᠢ ᠬᠦᠭ᠌ᠵᠢᠬᠦᠯᠦᠬᠡᠳ ᠬᠠᠮᠳᠤ ᠵᠢᠨ ᠠᠵᠤ ᠠᠬᠤᠢ ᠴᠤ᠌ ᠵᠤᠭᠤᠰ ᠵᠤᠭ᠎ᠠ ᠳᠠᠢ ᠪᠤᠯᠵᠤ᠂ ᠭᠠᠴᠠᠭ᠎ᠠ ᠵᠢᠨ ᠠᠷᠠᠳ᠎ᠤᠨ ᠤᠷᠤᠯᠭ᠎ᠠ  ᠨᠡᠮᠡᠭ᠌ᠳᠡᠭ᠌ᠰᠡᠨ ᠵᠢᠡᠷ ᠲᠡᠳᠡ ᠠᠮᠢᠳᠤᠷᠠᠨ ᠰᠠᠭᠤᠷᠢᠱᠢᠬᠤ ᠤᠷᠴᠢᠨ ᠳᠤᠭᠤᠷᠢᠨ ᠵᠢᠡᠨ ᠰᠠᠢᠵᠢᠷᠠᠭᠤᠯᠵᠤ ᠡᠬᠢᠯᠡᠪᠡ᠃ 2019 ᠤᠨ ᠳ᠋ᠤ ᠤᠯᠠᠨ ᠳᠠᠯ᠎ᠠ ᠪᠡᠷ ᠴᠢᠷᠮᠠᠢᠵᠤ ᠪᠠᠢᠭᠠᠳ ᠪᠡᠯᠡ ᠮᠦᠩᠬᠦ᠌ ᠤᠯᠵᠤ᠂ ᠦᠪᠡᠷ᠎ᠤᠨ ᠴᠤᠭ᠍ᠯᠠᠭᠤᠯᠤᠭ᠍ᠰᠠᠨ ᠪᠡᠯᠡ ᠮᠦᠩᠬᠦ᠌ ᠲᠠᠢ ᠪᠠᠨ ᠨᠡᠢᠯᠡᠬᠦᠯᠦᠨ ᠭᠠᠴᠠᠭ᠎ᠠ ᠵᠢᠨ ᠬᠠᠪᠢ ᠪᠡᠷ ᠤᠷᠤᠰᠳᠠᠭ ᠭᠤᠤᠯ᠎ᠤᠨ ᠲᠡᠬᠡᠬᠦᠷ ᠬᠦᠬᠦᠷᠬᠡ ᠵᠠᠰᠠᠵᠦ᠍᠂ ᠳᠠᠷᠢᠶᠠᠴᠢᠳ᠎ᠤᠨ ᠶᠠᠪᠤᠵᠤ ᠰᠠᠭᠤᠬᠤ᠎ᠳᠤ ᠲᠦᠬᠦᠮ ᠪᠤᠯᠭᠠᠪᠠ᠃ ᠳᠠᠷᠢᠶᠠᠨ ᠭᠠᠵᠠᠷ᠎ᠤᠨ ᠬᠤᠭᠤᠷᠤᠨᠳᠤᠬᠢ ᠵᠠᠮ᠎ᠢ ᠳᠡᠭ᠌ᠰᠢᠯᠡᠨ᠎ᠡ᠂ ᠭᠠᠴᠠᠭ᠎ᠠ ᠵᠢᠨ ᠵᠠᠮ᠎ᠤᠨ ᠬᠤᠶᠠᠷ ᠳᠠᠯ᠎ᠠ ᠪᠡᠷ ᠮᠤᠳᠤ ᠳᠠᠷᠢᠨ᠎ᠠ ᠁ ᠠᠮᠢᠳᠤᠷᠠᠯ ᠦᠢᠯᠡᠳᠪᠦᠷᠢᠯᠡᠯ᠎ᠤᠨ ᠤᠷᠴᠢᠨ ᠳᠤᠭᠤᠷᠢᠨ ᠵᠢᠡᠨ ᠰᠠᠢᠵᠢᠷᠠᠭᠤᠯᠬᠤ ᠵᠢᠨ ᠲᠠᠭᠠᠤ ᠳᠤᠰᠭᠤᠨ᠎ᠤ ᠠᠷᠠᠳ᠎ᠤᠨ ᠤᠶᠤᠨ᠎ᠤ ᠪᠤᠯᠪᠠᠰᠤᠨ᠎ᠤ ᠪᠠᠢᠭᠤᠯᠤᠯᠳᠠ ᠵᠢ ᠴᠤ᠌ ᠰᠠᠢᠳᠤᠷ ᠬᠢᠵᠦ᠍ ᠪᠠᠢᠯ᠎ᠠ᠃ ᠳᠤᠰᠭᠤᠨ᠎ᠤ ᠬᠤᠶᠠᠷ ᠵᠦᠪᠯᠡᠯ ᠨᠢ 《ᠰᠠᠢᠨ ᠪᠡᠷᠢ》᠂ 《ᠰᠠᠢᠨ ᠬᠦᠷᠰᠢ》᠂ 《ᠵᠠᠭᠤᠨ ᠱᠢᠯᠢᠳᠡᠭ ᠪᠤᠯᠪᠠᠰᠤᠨ ᠡᠷᠦᠬᠡ》 ᠵᠢ ᠱᠢᠯᠭᠠᠷᠠᠭᠤᠯᠵᠤ᠂ ᠳᠤᠰᠭᠤᠨ᠎ᠤ ᠪᠤᠯᠪᠠᠰᠤᠨ ᠬᠡᠪ ᠰᠤᠷᠳᠠᠯ᠎ᠢ ᠳᠠᠢᠴᠢᠯᠠᠯ᠎ᠠ᠃

ᠡᠨᠡ ᠵᠢᠯ ᠬᠢᠩᠭᠠᠨ ᠠᠢᠮᠠᠭ᠎ᠤᠨ ᠡᠮᠡᠭ᠌ᠳᠡᠢᠴᠤᠳ᠎ᠤᠨ ᠬᠤᠯᠪᠤᠭ᠎ᠠ ᠡᠴᠡ ᠳᠤᠰᠭᠤᠨ᠎ᠤ ᠠᠷᠠᠳ ᠯᠢ ᠴᠢᠦ ᠱᠢᠶᠠᠩ᠎ᠢ ᠬᠦᠳᠡᠬᠡ ᠳᠤᠰᠭᠤᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠬᠡᠵᠢᠯ ᠵᠢᠡᠷ ᠪᠠᠶᠠᠵᠢᠭᠤᠯᠬᠤ ᠭᠠᠷᠮᠠᠭᠠᠢ ᠡᠮᠡᠭ᠌ᠳᠡᠢ ᠪᠡᠷ ᠴᠤᠯᠠᠯᠠᠵᠠᠢ᠃ ᠯᠢ ᠴᠢᠦ ᠱᠢᠶᠠᠩ᠎ᠤᠨ ᠱᠢᠨᠡᠬᠡᠨ ᠪᠠᠷᠢᠭ᠍ᠰᠠᠨ 6 ᠳᠠᠰᠤᠯᠭ᠎ᠠ ᠪᠠᠢᠱᠢᠩ ᠨᠢ ᠤᠨᠴᠠ ᠵᠢᠨ ᠢᠯᠡ ᠳᠡᠢ ᠬᠠᠷᠠᠭ᠍ᠳᠠᠨ᠎ᠠ᠃ ᠬᠦᠷᠢᠶ᠎ᠡ ᠬᠠᠱᠢᠶᠠᠨ ᠳ᠋ᠡᠬᠢ ᠢᠳᠡᠱᠢᠨ ᠨᠤᠭᠤᠭ᠎ᠠ᠂ ᠴᠢᠨᠤ᠎ᠠ ᠵᠢᠨ ᠬᠠᠯᠳᠠᠷ ᠤᠷᠭᠤᠴᠠ ᠰᠠᠢᠳᠠᠢ ᠪᠠᠢᠵᠤ᠂ ᠠᠵᠢᠯᠴᠢ ᠠᠢᠯ ᠪᠤᠯᠬᠤ ᠨᠢ ᠠᠷᠭ᠎ᠠ ᠦᠬᠡᠢ ᠮᠡᠳᠡᠷᠡᠭ᠌ᠳᠡᠨ᠎ᠡ᠃ ᠡᠳᠡᠨ᠎ᠤ ᠬᠢᠨ 6 ᠠᠮᠠ ᠪᠦᠯᠢ ᠳᠠᠢ᠃ 《ᠮᠢᠨᠦ᠍ ᠨᠦᠬᠦᠷ ᠭᠠᠳᠠᠨ᠎ᠠ ᠬᠦᠯᠦᠰᠦᠨ ᠠᠵᠢᠯ ᠬᠢᠳᠡᠭ᠂ ᠵᠢᠯ᠎ᠤᠨ ᠤᠷᠤᠯᠭ᠎ᠠ ᠠᠷᠪᠠ ᠭᠠᠷᠤᠢ ᠲᠦᠮᠡᠨ ᠲᠦᠬᠦᠷᠢᠭ ᠬᠦᠷᠳᠡᠭ ᠪᠤᠯ ᠪᠢ ᠴᠤ᠌ ᠡᠨᠡ  ᠬᠦᠷᠢᠶ᠎ᠠ ᠬᠠᠱᠢᠶ᠎ᠠ ᠡᠴᠡ ᠪᠠᠨ ᠬᠡᠳᠦᠨ ᠲᠦᠮᠡᠨ ᠲᠦᠬᠦᠷᠢᠭ ᠤᠯᠳᠠᠭ ᠪᠦᠬᠡᠳ ᠨᠠᠰᠤᠳᠠᠨ ᠨᠢᠯᠬᠠᠰ ᠵᠢᠡᠨ ᠴᠤ᠌ ᠬᠠᠷᠠᠭᠠᠯᠵᠠᠴᠢᠬᠠᠨ᠎ᠠ》 ᠬᠡᠵᠦ᠍ ᠯᠢ ᠴᠢᠦ ᠱᠢᠶᠠᠩ ᠢᠨᠢᠶᠡᠮᠰᠦᠭ᠌ᠯᠡᠨ ᠬᠡᠯᠡᠨ᠎ᠡ᠃

ᠤᠷᠤᠱᠢᠨ ᠰᠠᠭᠤᠷᠢᠱᠢᠬᠤ ᠳ᠋ᠤ ᠳᠠᠭᠠᠯᠠᠮᠵᠢᠳᠠᠢ᠂ ᠦᠢᠯᠡᠳᠪᠦᠷᠢᠯᠡᠯ ᠠᠮᠢᠳᠤᠷᠠᠯ ᠳ᠋ᠤᠨᠢ ᠳᠤᠬᠢᠷᠠᠮᠵᠢᠳᠠᠢ ᠠᠵᠤ ᠦᠢᠯᠡᠰᠵᠢᠭ᠌ᠰᠡᠨ ᠬᠦᠳᠡᠬᠡ ᠨᠤᠳᠤᠭ᠎ᠢ ᠴᠤᠭ᠍ᠴᠠᠯᠠᠬᠤ ᠳ᠋ᠤ ᠠᠵᠤ ᠠᠬᠤᠢ ᠪᠠ ᠠᠮᠢ ᠠᠬᠤᠢ ᠵᠢ ᠤᠷᠭᠠᠨᠢᠭ ᠵᠢᠡᠷ ᠤᠶᠠᠯᠳᠤᠭᠤᠯᠬᠤ ᠴᠢᠬᠤᠯᠠ ᠳᠠᠢ᠃ ᠤᠯᠠᠨ ᠵᠢᠯ᠎ᠤᠨ ᠳᠤᠷᠰᠢ᠂ ᠰᠤᠯᠤᠨ ᠪᠠᠯᠭᠠᠰᠤ ᠨᠢ 《ᠬᠢᠳᠠᠳ ᠡᠮ᠎ᠤᠨ ᠰᠤᠪᠢᠯᠠᠯᠳᠠ ᠵᠢᠨ ᠵᠢᠷᠭᠠᠯᠳᠤ ᠤᠷᠤᠨ  ᠠᠮᠢ ᠠᠬᠤᠢ ᠵᠢᠨ ᠰᠤᠯᠤᠨ ᠪᠠᠯᠭᠠᠰᠤ》 ᠵᠢ ᠪᠦᠬᠦ᠌ ᠬᠦᠴᠦᠨ ᠵᠢᠡᠷ ᠪᠠᠢᠭᠤᠯᠵᠤ᠂ ᠳᠤᠭᠤᠷ ᠭᠤᠤᠯ᠎ᠤᠨ ᠬᠦᠪᠡᠬᠡ ᠪᠡᠷ ᠰᠤᠯᠤᠨ ᠨᠠᠭᠤᠷ ᠠᠭᠤᠳᠠᠮ ᠳᠠᠯᠠᠪᠠᠢ ᠪᠠᠢᠭᠤᠯᠵᠤ᠂ ᠰᠤᠯᠤᠨ ᠪᠠᠯᠭᠠᠰᠤ ᠵᠢᠨ ᠠᠷᠤ ᠪᠡᠷ ᠶᠤᠤ ᠸᠠᠩ ᠹᠧᠩ ᠦᠵᠡᠮᠵᠢ ᠵᠢᠨ ᠤᠷᠤᠨ᠎ᠢ ᠪᠠᠢᠭᠤᠯᠵᠤ᠂ ᠳᠤᠰᠭᠤᠨ᠎ᠤ ᠠᠷᠠᠳ ᠲᠤ ᠦᠵᠡᠮᠵᠢ ᠰᠤᠨᠢᠷᠬᠠᠨ ᠳᠤᠭᠤᠷᠢᠨ ᠵᠢᠭᠤᠯᠴᠢᠯᠠᠬᠤ ᠰᠡᠯᠡᠬᠦᠴᠡᠯ ᠎ᠤᠨ ᠭᠠᠵᠠᠷ ᠭᠠᠷᠭᠠᠨ ᠦᠭ᠌ᠴᠡᠢ᠃

ᠡᠬᠢ ᠪᠠᠶᠠᠯᠢᠭ ᠵᠢᠡᠨ ᠠᠱᠢᠬ᠍ᠯᠠᠵᠤ ᠠᠵᠤ ᠦᠢᠯᠡᠰ᠎ᠢ ᠬᠦᠭ᠌ᠵᠢᠬᠦᠯᠦᠭ᠌ᠰᠡᠨ ᠵᠢᠡᠷ ᠯᠢᠶᠠᠨ ᠹᠧᠩ ᠭᠠᠴᠠᠭ᠎ᠠ ᠵᠢᠨ ᠠᠷᠠᠳ ᠴᠢᠨᠡᠬᠡᠯᠢᠭ᠌ᠵᠢᠯ᠎ᠤᠨ ᠵᠠᠮ ᠵᠢᠡᠷ ᠢᠳᠡᠷᠡᠬᠦᠨ ᠵᠢᠪᠬᠤᠭ᠎ᠠ ᠳᠠᠢ ᠠᠯᠬᠤᠨ᠂ ᠲᠦᠷᠦ᠍ ᠵᠢᠨ ᠪᠤᠳᠤᠯᠭ᠎ᠠ ᠵᠢᠨ ᠳᠡᠮᠵᠢᠯᠬᠡ ᠨᠢ ᠯᠢᠶᠠᠨ ᠹᠧᠩ ᠭᠠᠴᠠᠭ᠎ᠠ ᠵᠢ ᠴᠢᠨᠡᠬᠡᠯᠢᠭ᠌ᠵᠢᠯ᠎ᠤᠨ ᠵᠠᠮ ᠵᠢᠡᠷ ᠬᠦᠳᠦᠯᠦᠯ᠎ᠡ᠃

ᠯᠢ ᠢᠤᠢ ᠡᠷ᠎ᠡ ᠡᠮ᠎ᠡ ᠬᠤᠶᠠᠭᠤᠯᠠ ᠪᠠᠨ ᠡᠪᠡᠳᠴᠢᠨ ᠡᠮᠬᠡᠭ ᠳᠠᠢ᠃ 2016 ᠤᠨ ᠳ᠋ᠤ ᠳᠠᠩᠰᠠᠯᠠᠨ ᠺᠠᠷᠲ᠋ᠯᠠᠭ᠍ᠰᠠᠨ ᠶᠠᠳᠠᠭᠤ ᠬᠦᠴᠢᠷᠳᠡᠯᠳᠡᠢ ᠡᠷᠦᠬᠡ ᠪᠤᠯᠵᠠᠢ᠃ ᠶᠠᠳᠠᠭᠤ ᠵᠢ ᠳᠡᠳᠬᠦᠬᠦ᠌ ᠲᠦᠷᠦ᠍ ᠵᠢᠨ ᠪᠤᠳᠤᠯᠭ᠎ᠠ ᠵᠢᠨ ᠳᠡᠮᠵᠢᠯᠬᠡ ᠪᠡᠷ ᠬᠡᠷ ᠲᠡᠷᠬᠡ ᠵᠢ ᠨᠢ ᠰᠠᠢᠵᠢᠷᠠᠭᠤᠯᠵᠤ ᠦᠭ᠌ᠬᠦᠭ᠌ᠰᠡᠨ ᠵᠢᠡᠷ ᠪᠠᠷᠠᠬᠤ ᠦᠬᠡᠢ ᠳᠡᠬᠦᠨ ᠳ᠋ᠤ ᠳᠤᠭ᠍ᠳᠠᠪᠤᠷᠢᠳᠠᠢ ᠠᠵᠢᠯ ᠤᠯᠭᠤᠪᠠ᠃ ᠯᠢ ᠢᠤᠢ ᠵᠢᠨ ᠤᠤᠯ᠎ᠤᠨ ᠰᠠᠭᠤᠵᠤ ᠪᠠᠢᠭ᠍ᠰᠠᠨ ᠬᠤᠷᠢᠨ ᠬᠡᠳᠦᠨ ᠵᠢᠯ᠎ᠤᠨ ᠱᠢᠪᠠᠷ ᠪᠠᠢᠱᠢᠩ᠎ᠢ ᠨᠤᠷᠠᠬᠤ ᠠᠶᠤᠯᠳᠠᠢ ᠬᠡᠷ ᠪᠠᠢᠱᠢᠩ᠎ᠢ ᠦᠬᠡᠷᠡᠴᠢᠯᠡᠨ ᠰᠠᠢᠵᠢᠷᠠᠭᠤᠯᠬᠤ ᠢᠨᠵᠸ᠋ᠨ᠋ᠸ᠋ᠷᠢᠩ ᠵᠢᠡᠷ ᠳᠠᠮᠵᠢᠨ᠂ ᠡᠪᠦᠯ ᠳ᠋ᠡᠬᠡᠨ ᠳᠤᠯᠠᠭᠠᠨ ᠵᠤᠨ ᠳ᠋ᠠᠭᠠᠨ ᠰᠡᠷᠢᠬᠦᠨ ᠱᠢᠨ᠎ᠠ ᠪᠠᠢᠱᠢᠩ ᠪᠤᠯᠭᠠᠵᠠᠢ᠃ ᠬᠦᠷᠢᠶ᠎ᠠ ᠲᠦᠬᠦᠷᠡᠩ ᠳᠠᠬᠢᠶ᠎ᠠ ᠭᠠᠯᠠᠭᠤ ᠲᠠᠢ᠂ ᠬᠠᠱᠢᠶ᠎ᠠ ᠲᠦᠬᠦᠷᠡᠩ ᠨᠤᠭᠤᠭ᠎ᠠ ᠲᠠᠢ ᠠᠮᠢᠳᠤᠷᠠᠯ ᠳ᠋ᠠᠭᠠᠨ ᠰᠡᠳᠭᠢᠯ ᠬᠠᠩᠬᠤᠯᠤᠭᠤᠨ ᠪᠦᠬᠡᠳ ᠨᠡᠩ ᠴᠤ᠌ ᠵᠢᠷᠠ ᠭᠠᠷᠤᠭᠠᠳ ᠳᠤᠭ᠍ᠳᠠᠮᠠᠯ ᠠᠵᠢᠯ ᠳᠠᠢ ᠪᠤᠯᠤᠭ᠍ᠰᠠᠨ ᠳ᠋ᠠᠭᠠᠨ ᠯᠢ ᠢᠤᠢ ᠬᠡᠮᠵᠢᠶᠡᠯᠡᠰᠢ ᠦᠬᠡᠢ ᠪᠠᠶᠠᠷᠯᠠᠨ᠎ᠠ᠃ ᠪᠢ ᠴᠢᠨᠢ ᠠᠮᠢ ᠠᠬᠤᠢ ᠵᠢᠨ ᠬᠠᠮᠢᠶᠠᠷᠤᠯᠳᠠ ᠵᠢᠨ ᠠᠵᠢᠯᠳᠠᠨ ᠪᠤᠯᠤᠭᠠᠳ ᠵᠢᠯ ᠳ᠋ᠡᠬᠡᠨ ᠲᠦᠮᠡᠨ ᠲᠦᠬᠦᠷᠢᠭ᠎ᠤᠨ ᠤᠷᠤᠯᠭ᠎ᠠ ᠳᠠᠢ᠂ ᠠᠵᠤ ᠦᠢᠯᠡᠰ ᠵᠢᠡᠷ ᠶᠠᠳᠠᠭᠤ ᠵᠢ ᠳᠡᠳᠬᠦᠬᠦ᠌ ᠳ᠋ᠤ ᠬᠤᠪᠢ ᠤᠷᠤᠭᠠᠳ ᠵᠢᠯ ᠳ᠋ᠤ 1200 ᠲᠦᠬᠦᠷᠢᠭ᠎ᠤᠨ ᠤᠷᠤᠯᠭ᠎ᠠ ᠳᠠᠢ᠂ ᠳᠠᠷᠢᠶᠠᠨ ᠭᠠᠵᠠᠷ ᠵᠢᠡᠨ ᠪᠤᠰᠤᠳ ᠲᠤ ᠱᠢᠯᠵᠢᠬᠦᠯᠦᠬᠡᠳ 2000 ᠱᠢᠬᠠᠮ ᠲᠦᠬᠦᠷᠢᠭ᠎ᠤᠨ ᠤᠷᠤᠯᠭ᠎ᠠ ᠳᠠᠢ ᠪᠤᠯᠵᠠᠢ᠃《ᠡᠳᠡᠬᠡᠷ ᠴᠢᠨᠢ ᠪᠦᠷ ᠨᠢᠬᠡ ᠵᠢᠯ᠎ᠤᠨ ᠳᠤᠭ᠍ᠳᠠᠭ᠍ᠰᠠᠨ ᠤᠷᠤᠯᠭ᠎ᠠ ᠱᠢᠤ᠂ ᠬᠠᠱᠢᠶᠠᠨ᠎ᠤ ᠴᠢᠨᠤ᠎ᠠ ᠵᠢᠨ ᠬᠠᠯᠳᠠᠷ ᠵᠢᠡᠨ ᠬᠤᠳᠠᠯᠳᠤᠭᠠᠳ ᠴᠤ᠌ ᠨᠡᠯᠢᠶᠡᠳ ᠤᠷᠤᠯᠭ᠎ᠠ ᠤᠯᠴᠢᠬᠠᠨ᠎ᠠ᠂ ᠠᠮᠢᠳᠤᠷᠠᠯ ᠡᠳᠦᠷ ᠡᠴᠡ ᠡᠳᠦᠷ ᠰᠠᠢᠵᠢᠷᠠᠵᠤ ᠪᠠᠢᠨ᠎ᠠ᠂ ᠨᠠᠮ᠎ᠤᠨ ᠰᠠᠢᠨ ᠲᠦᠷᠦ᠍ ᠵᠢᠨ ᠪᠤᠳᠤᠯᠭ᠎ᠠ ᠪᠡᠷ ᠪᠢᠳᠡ ᠶᠠᠳᠠᠭᠤ ᠮᠠᠯᠠᠭᠠᠢ ᠪᠠᠨ ᠲᠠᠶᠠᠭ᠍ᠳᠠᠭ᠍ᠰᠠᠨ ᠱᠢᠤ》 ᠬᠡᠵᠦ᠍  ᠯᠢ ᠢᠤᠢ ᠶᠠᠷᠢᠨ᠎ᠠ᠃

ᠯᠢᠶᠠᠨ ᠹᠧᠩ ᠭᠠᠴᠠᠭ᠎ᠠ ᠡᠯ᠎ᠠ ᠵᠦᠢᠯ᠎ᠤᠨ ᠶᠠᠳᠠᠭᠤ ᠵᠢ ᠳᠡᠳᠬᠦᠬᠦ᠌ ᠲᠦᠷᠦ᠍ ᠵᠢᠨ ᠪᠤᠳᠤᠯᠭ᠎ᠠ ᠵᠢ ᠪᠦᠬᠦ᠌ ᠳᠠᠯ᠎ᠠ ᠪᠡᠷ ᠰᠠᠢᠳᠤᠷ ᠨᠠᠢᠳᠠᠪᠤᠷᠢᠵᠢᠭᠤᠯᠵᠤ᠂ 2017 ᠤᠨ ᠡᠴᠡ 2019 ᠤᠨ᠎ᠤ ᠬᠤᠭᠤᠷᠤᠨᠳᠤ 28 ᠡᠷᠦᠬᠡ ᠵᠢᠨ ᠨᠤᠷᠠᠬᠤ ᠠᠶᠤᠯᠳᠠᠢ ᠬᠡᠷ ᠪᠠᠢᠱᠢᠩ᠎ᠢ ᠵᠠᠰᠠᠨ ᠱᠢᠨᠡᠳᠭᠡᠪᠡ᠃ ᠨᠡᠢᠳᠡ ᠵᠢᠨ ᠠᠰᠠᠷᠠᠮᠵᠢ ᠵᠢᠨ ᠴᠢᠨᠠᠷᠳᠠᠢ ᠠᠵᠢᠯ᠎ᠤᠨ ᠪᠠᠢᠷᠢ ᠳ᠋ᠤ ᠨᠦᠬᠦᠴᠡᠯ ᠳ᠋ᠤ ᠨᠡᠢᠴᠡᠬᠦ᠌ ᠳᠠᠩᠰᠠᠯᠠᠵᠤ ᠺᠠᠷᠲ᠋ᠯᠠᠭ᠍ᠰᠠᠨ ᠶᠠᠳᠠᠭᠤ ᠬᠦᠴᠢᠷᠳᠡᠯᠳᠡᠢ ᠬᠦᠳᠡᠯᠮᠦᠷᠢ ᠬᠦᠴᠦᠨ ᠳ᠋ᠤ ᠠᠵᠢᠯ ᠤᠯᠭᠤᠵᠤ᠂ ᠨᠡᠢᠳᠡ ᠵᠢᠨ ᠠᠰᠠᠷᠠᠮᠵᠢ ᠵᠢᠨ ᠴᠢᠨᠠᠷᠳᠠᠢ ᠴᠠᠯᠢᠩ  29.12 ᠲᠦᠮᠡᠨ ᠲᠦᠬᠦᠷᠢᠭ ᠤᠯᠭᠤᠭ᠍ᠰᠠᠨ ᠪᠠᠢᠨ᠎ᠠ᠃ 21 ᠡᠷᠦᠬᠡ ᠵᠢᠨ 38 ᠬᠦᠮᠦᠨ᠎ᠳᠤ ᠤᠯᠤᠰ᠎ᠤᠨ ᠡᠷᠡᠬᠦᠯ ᠮᠡᠨᠳᠤ ᠪᠡᠷ ᠶᠠᠳᠠᠭᠤ ᠵᠢ ᠳᠡᠳᠬᠦᠬᠦ᠌ ᠲᠦᠷᠦ᠍ ᠵᠢᠨ ᠪᠤᠳᠤᠯᠭ᠎ᠠ ᠵᠢᠨ ᠠᠱᠢᠭ᠎ᠢ ᠬᠦᠷᠳᠡᠭᠡᠵᠦ᠍᠂ ᠬᠦᠮᠦᠰ᠎ᠤᠨ ᠡᠪᠡᠳᠴᠢᠨ ᠡᠮᠬᠡᠭ ᠡᠴᠡ ᠪᠤᠯᠵᠤ ᠳᠠᠬᠢᠨ ᠶᠠᠳᠠᠭᠤᠷᠠᠬᠤ ᠵᠢ ᠬᠤᠷᠢᠬ᠍ᠯᠠᠵᠤ᠂ ᠲᠦᠷᠦ᠍ ᠵᠢᠨ ᠪᠤᠳᠤᠯᠭ᠎ᠠ ᠵᠢᠨ ᠦᠨᠳᠦᠰᠦᠨ ᠵᠦᠢᠯ ᠵᠢᠡᠷ ᠶᠠᠳᠠᠭᠤ ᠵᠢ ᠳᠡᠳᠬᠦᠬᠦ᠌ ᠪᠡᠷ ᠳᠠᠮᠵᠢᠨ 86 ᠡᠷᠦᠬᠡ ᠵᠢᠨ 127 ᠬᠦᠮᠦᠨ᠎ᠢ ᠠᠮᠢᠳᠤᠷᠠᠯ᠎ᠤᠨ ᠨᠠᠭᠠᠳᠤ ᠵᠠᠬ᠎ᠠ ᠵᠢᠨ ᠪᠠᠳᠤᠯᠠᠪᠤᠷᠢ ᠵᠢᠨ ᠬᠡᠪᠴᠢᠶᠡᠨ ᠳ᠋ᠤ ᠤᠷᠤᠭᠤᠯᠤᠨ ᠤᠷᠤᠯᠭ᠎ᠠ ᠵᠢ ᠨᠢ ᠨᠡᠮᠡᠭ᠌ᠳᠡᠬᠦᠯᠦᠭ᠌ᠰᠡᠨ ᠪᠠᠢᠨ᠎ᠠ᠃

ᠬᠦᠳᠡᠬᠡ ᠵᠢᠨ ᠠᠷᠠᠳ ᠎ᠤᠨ ᠤᠷᠤᠯᠭ᠎ᠠ ᠨᠡᠮᠡᠭ᠌ᠳᠡᠯ᠎ᠡ ᠂ ᠠᠮᠢᠳᠤᠷᠠᠨ ᠤᠷᠤᠱᠢᠬᠤ ᠨᠦᠬᠦᠴᠡᠯ ᠰᠠᠢᠵᠢᠷᠠᠯ᠎ᠠ᠂  ᠠᠮᠢᠳᠤᠷᠠᠯ ᠴᠢᠨᠡᠬᠡᠯᠢᠭ᠌ᠵᠢᠯ᠎ᠡ᠃ ᠵᠤᠯ ᠵᠢᠷᠭᠠᠯ ᠵᠢᠡᠷ ᠪᠢᠯᠬᠠᠭ᠍ᠰᠠᠨ ᠠᠮᠢᠳᠤᠷᠠᠯ ᠨᠢ ᠬᠦᠳᠡᠬᠡ ᠨᠤᠳᠤᠭ᠎ᠤᠨ ᠭᠤᠶᠤ ᠦᠵᠡᠮᠵᠢ ᠪᠤᠯᠤᠨ ᠳᠤᠳᠤᠷᠠᠨ᠎ᠠ᠃





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号