ᠤᠳᠤ ᠦᠶ᠎ᠠ᠎ᠶ᠋ᠢᠨ ᠳᠠᠷᠢᠶᠠᠯᠠᠩ᠎ᠤᠨ ᠴᠢᠨᠠᠷ ᠰᠠᠢᠳᠠᠢ ᠬᠦᠭ᠌ᠵᠢᠯᠳᠡ᠎ᠳᠤ ᠬᠤᠱᠢᠭᠤᠴᠢᠯᠠᠭ᠎ᠠ ᠦᠶᠦᠸᠠᠨ ᠱᠢᠶᠠᠨ
2020-11-23 10:56:03
ᠵᠣᠬᠢᠶᠠᠭ᠍ᠴᠢ᠄
ᠰᠠᠷᠭᠠᠢ
ᠣᠩᠱᠢᠭ᠍ᠰᠠᠨ ᠣᠳᠠᠭ᠎ᠠ᠄
★★★☆☆


— ᠪᠠᠶᠠᠨᠨᠠᠭᠤᠷ ᠬᠤᠳᠠ᠎ᠶ᠋ᠢᠨ ᠦᠶᠤᠧᠠᠨ ᠱᠢᠶᠠᠨ᠎ᠤ ᠪᠠᠢᠴᠠᠭᠠᠯᠳᠠ᠎ᠶ᠋ᠢᠨ ᠮᠡᠳᠡᠬᠦᠯᠦᠯᠳᠡ

ᠪᠠᠶᠠᠨᠨᠠᠭᠤᠷ ᠬᠤᠲᠠ᠎ᠶ᠋ᠢᠨ ᠦᠶᠤᠸᠠᠨ ᠱᠢᠶᠠᠨ᠎ᠨᠢ ᠬᠠᠳᠤᠨ ᠭᠤᠤᠯ᠎ᠤᠨ ᠶᠡᠭᠡ ᠲᠤᠬᠤᠢ᠎ᠶ᠋ᠢᠨ ᠬᠠᠮᠤᠭ᠎ᠤᠨ ᠬᠤᠢᠲᠤ ᠬᠦᠪᠡᠭᠡᠨ᠎ᠳᠤ ᠪᠠᠢᠷᠢᠯᠠᠵᠤ᠂ ᠬᠠᠳᠤᠨ ᠭᠤᠤᠯ᠎ᠤᠨ ᠤᠰᠤᠨ᠎ᠳᠤ ᠤᠮᠳᠠᠯᠠᠭ᠍ᠳᠠᠭ᠍ᠰᠠᠨ 230 ᠲᠦᠮᠡᠨ ᠮᠦ᠍ ᠦᠩ ᠱᠢᠮᠡᠯᠢᠭ ᠲᠠᠷᠢᠶᠠᠨ ᠭᠠᠵᠠᠷ᠎ᠲᠠᠢ᠂ 《ᠨᠡᠷᠡᠨ ᠬᠤᠸᠠᠷ᠎ᠤᠨ ᠨᠤᠲᠤᠭ》᠂ 《ᠮᠧᠷᠢᠨᠤᠰ ᠬᠤᠨᠢᠨ᠎ᠤ ᠨᠤᠳᠤᠬ》᠂ 《ᠭᠤᠸᠠ ᠵᠢᠮᠢᠰ ᠨᠣᠭᠤᠭ᠎ᠠ ᠲᠥᠪᠡᠳ ᠬᠠᠰᠢ᠎ᠶ᠋ᠢᠨ ᠨᠤᠲᠤᠭ》 ᠬᠡᠰᠡᠨ ᠰᠠᠢᠬᠠᠨ ᠠᠯᠳᠠᠷ᠎ᠲᠠᠢ᠃ ᠮᠦᠨ ᠴᠤ᠌ ᠪᠦᠬᠦ᠌ ᠤᠯᠤᠰ᠎ᠤᠨ ᠴᠢᠨᠠᠷ ᠰᠠᠢᠲᠠᠶ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠤ ᠦᠢᠯᠡᠳᠪᠦᠷᠢᠯᠡᠯ᠎ᠤᠨ ᠰᠠᠭᠤᠷᠢᠨ᠂ ᠪᠦᠬᠦ᠌ ᠤᠯᠤᠰ᠎ᠤᠨ ᠨᠠᠷᠠᠨ ᠬᠤᠧᠠᠷ᠎ᠤᠨ ᠨᠢᠭᠡᠳᠤᠭᠡᠷ ᠲᠤᠮᠤ ᠱᠢᠶᠠᠨ᠂ ᠱᠢᠯᠢᠳᠡᠭ ᠵᠢᠮᠢᠰ ᠨᠤᠭᠤᠭ᠎ᠠ᠎ᠶ᠋ᠢᠨ ᠤᠢ᠍ᠢᠯᠡᠳᠪᠤᠷᠢᠯᠡᠯ᠎ᠤᠨ ᠰᠠᠭᠤᠷᠢᠨ ᠪᠤᠯᠤᠨ᠎ᠠ᠃

ᠣᠢᠷ᠎ᠠ᠎ᠶ᠋ᠢᠨ ᠵᠢᠯ᠎ᠤᠨ ᠲᠤᠷᠰᠢ᠂ ᠦᠶᠤᠸᠠᠨ ᠱᠢᠶᠠᠨ 《ᠲᠡᠭ᠌ᠷᠢ᠎ᠶ᠋ᠢᠨ ᠬᠡᠱᠢᠭ᠌ᠳᠦ ᠪᠤᠷᠤᠳᠤᠬᠤᠢ》 ᠎ᠶ᠋ᠢᠨ ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠲᠦᠷᠦᠯ ᠲᠡᠮᠳᠡᠭ᠎ᠤᠨ ᠲᠠᠢᠴᠢᠯᠡᠯ ᠲᠤᠤᠷ᠎ᠠ᠂ ᠪᠣᠷᠣᠲᠣᠬᠤᠢ᠎ᠶ᠋ᠢᠨ ᠪᠦᠬᠦ᠌ ᠣᠷᠣᠨ ᠪᠦᠰᠡ᠎ᠶ᠋ᠢᠨ ᠪᠣᠬᠢᠷᠲᠤᠯ ᠦᠭᠡᠢ ᠣᠷᠭᠠᠨᠢᠭ ᠲᠡᠭᠡᠳᠤ ᠲᠡᠰ᠎ᠤᠨ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠤ ᠦᠢᠯᠡᠳᠪᠦᠷᠢᠯᠡᠬᠦ᠌ ᠪᠤᠯᠪᠠᠰᠤᠷᠠᠭᠤᠯᠬᠤ ᠤᠢ᠍ᠢᠯᠡᠴᠢᠯᠡᠬᠦ᠌ ᠭᠠᠷᠭᠠᠯᠳᠡ᠎ᠶ᠋ᠢᠨ ᠰᠠᠭᠤᠷᠢᠨ᠎ᠢ ᠪᠦᠬᠦ᠌ ᠬᠦᠴᠦᠨ᠎ᠢᠶᠠᠷ ᠪᠦᠲᠦᠭᠡᠨ ᠪᠠᠢᠭᠤᠯᠵᠤ᠂ ᠠᠵᠤ ᠠᠬᠤᠶ ᠨᠡᠢᠭᠡᠮ᠎ᠤᠨ ᠪᠣᠬᠢᠷᠲᠤᠯ ᠦᠭᠡᠢ ᠴᠢᠨᠠᠷ ᠰᠠᠢᠲᠠᠶ ᠬᠥᠭ᠌ᠵᠢᠯᠲᠡ᠎ᠶ᠋ᠢ ᠯᠠᠪᠳᠠᠭᠤᠨ ᠪᠠᠲᠤᠲᠠᠶ ᠠᠬᠢᠭᠤᠯᠵᠤ᠂ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ᠎ᠤᠨ ᠭᠦᠨᠵᠡᠭᠡᠶ ᠠᠭᠤᠰᠤᠯᠴᠠᠨ ᠬᠥᠭ᠌ᠵᠢᠬᠦ᠌᠎ᠶ᠋ᠢ ᠪᠡᠶᠡᠯᠡᠭᠦᠯᠵᠦ᠍᠂ ᠤᠷᠢᠳ ᠬᠤᠵᠢᠳ ᠪᠦᠬᠦ᠌ ᠤᠯᠤᠰ᠎ᠤᠨ ᠬᠥᠳᠡᠭᠡ ᠲᠣᠰᠭᠤᠨ᠎ᠤ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ᠎ᠢ ᠠᠭᠤᠰᠤᠯᠴᠠᠭᠤᠯᠤᠨ ᠬᠥᠭ᠌ᠵᠢᠭᠦᠯᠬᠦ᠌ ᠬᠤᠱᠢᠭᠤᠴᠢ ᠣᠷᠣᠨ᠂ ᠪᠦᠬᠦ᠌ ᠤᠯᠤᠰ᠎ᠤᠨ ᠵᠤᠭ᠎ᠠ ᠰᠡᠯᠡᠭᠦᠴᠡᠯ᠎ᠤᠨ ᠲᠠᠷᠢᠶᠠᠯᠠᠩ ᠬᠢᠭᠡᠳ ᠬᠥᠳᠡᠭᠡ ᠲᠣᠰᠭᠤᠨ᠎ᠤ ᠵᠢᠭᠤᠯᠴᠢᠯᠠᠯ᠎ᠤᠨ ᠵᠢᠱ᠌ᠢᠶ᠎ᠡ ᠦᠵᠡᠭᠦᠯᠬᠦ᠌ ᠱᠢᠶᠠᠨ᠂ ᠪᠦᠬᠦ᠌ ᠤᠯᠤᠰ᠎ᠤᠨ ᠡᠯᠧᠺᠲᠷᠣᠨ ᠬᠤᠳᠠᠯᠳᠤᠭᠠᠨ᠎ᠤ ᠶᠠᠪᠤᠳᠠᠯ᠎ᠢ ᠬᠥᠳᠡᠭᠡ ᠲᠣᠰᠭᠤᠨ᠎ᠳᠤ ᠣᠷᠣᠭᠤᠯᠬᠤ ᠲᠡᠷᠢᠭᠦᠨ᠎ᠤ ᠱᠢᠶᠠᠨ ᠵᠡᠷᠭᠡ ᠢᠷᠠᠭᠤ ᠠᠯᠳᠠᠷ᠎ᠢ ᠬᠦᠷᠳᠡᠵᠡᠢ᠃

ᠦᠢᠷ᠎ᠡ᠎ᠶ᠋ᠢᠨ ᠵᠢᠯ᠎ᠳᠤ᠂ ᠦᠶᠤᠸᠠᠨ ᠱᠢᠶᠠᠨ ᠰᠠᠭᠤᠷᠢ ᠪᠦᠲᠦᠭᠡᠨ ᠪᠠᠢᠭᠤᠯᠤᠯᠲᠠ᠂ ᠬᠦᠷᠢᠶᠡᠯᠡᠩ ᠲᠣᠭᠤᠷᠢᠭ᠎ᠢᠶᠠᠷ ᠬᠥᠲᠥᠯᠥᠨ ᠳᠠᠭᠠᠭᠤᠯᠬᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠠᠷ ᠲᠤᠯᠭᠠᠭᠤᠷᠢᠯᠠᠬᠤ ᠵᠡᠷᠭᠡ ᠠᠷᠭ᠎ᠠ ᠬᠡᠮᠵᠢᠶ᠎ᠡ᠎ᠪᠠᠷ ᠳᠠᠮᠵᠢᠭᠤᠯᠤᠨ᠂ ᠲᠠᠷᠢᠶᠠᠯᠠᠩ᠎ᠤᠨ ᠶᠠᠰᠤ ᠴᠢᠨᠠᠷ᠎ᠤᠨ ᠬᠤᠪᠢᠰᠤᠯᠲᠠ᠂ ᠦᠷ᠎ᠡ ᠪᠦᠲᠦᠮᠵᠢ᠎ᠶ᠋ᠢᠨ ᠬᠤᠪᠢᠰᠤᠯᠲᠠ᠂ ᠬᠥᠳᠡᠯᠭᠡᠬᠦ᠌ ᠬᠦᠴᠦᠨ᠎ᠤ ᠬᠤᠪᠢᠰᠤᠯᠲᠠ᠎ᠶ᠋ᠢ ᠠᠬᠢᠭᠤᠯᠵᠤ᠂ ᠪᠣᠬᠢᠷᠲᠤᠯ ᠦᠭᠡᠶ ᠴᠢᠨᠠᠷ ᠰᠠᠢᠲᠠᠶ ᠬᠥᠭ᠌ᠵᠢᠯᠲᠡ᠎ᠶ᠋ᠢᠨ ᠱᠢᠨ᠎ᠡ ᠵᠠᠮ᠎ᠢᠶᠠᠷ ᠵᠠᠮᠨᠠᠪᠠ᠃

ᠬᠦᠷᠢᠶᠡᠯᠡᠩ ᠲᠤᠭᠤᠷᠢᠭ᠎ᠤᠨ ᠲᠠᠢᠴᠢᠯᠡᠯ

ᠦᠶᠤᠧᠠᠨ ᠱᠢᠶᠠᠨ᠎ᠤ ᠠᠯᠳᠠᠨ ᠲᠠᠯ᠎ᠠ ᠨᠤᠳᠤᠭ᠎ᠤᠨ ᠬᠡᠤ ᠶᠠᠩ ᠬᠤᠨᠢ᠎ᠨᠢ ᠲᠠᠷᠢᠶᠠᠴᠢᠳ᠎ᠤᠨ 《ᠪᠠᠶᠠᠵᠢᠨ ᠴᠢᠨᠡᠭᠡᠯᠢᠭ᠌ᠵᠢᠬᠦ᠌ ᠬᠤᠨᠢ》 ᠪᠤᠯᠵᠡᠢ᠃ ᠱᠢᠤᠢ ᠿᠢ ᠱᠧᠩ ᠪᠣᠯ ᠦᠶᠤᠸᠠᠨ ᠱᠢᠶᠠᠨ᠎ᠤ ᠯᠦᠩ ᠱᠢᠩ ᠴᠠᠩ ᠪᠠᠯᠭᠠᠰᠤᠨ᠎ᠤ ᠷᠦᠩ ᠹᠧᠩ ᠬᠡᠷᠡᠭ ᠡᠷᠬᠢᠯᠡᠬᠦ᠌ ᠭᠠᠵᠠᠷ᠎ᠤᠨ ᠷᠦᠩ ᠢ ᠡᠤ ᠱᠧ ᠲᠣᠰᠭᠤᠨ᠎ᠤ ᠨᠡᠷᠡᠲᠡᠶ ᠲᠡᠵᠢᠭᠡᠨ ᠦᠷᠡᠵᠢᠭᠦᠯᠬᠦ᠌ ᠴᠢᠳᠠᠪᠤᠷᠢᠳᠡᠨ ᠪᠤᠯᠤᠨ᠎ᠠ᠃ ᠡᠨᠡ ᠵᠢᠯ᠂ ᠱᠢᠤᠢ ᠿᠢ ᠱᠧᠩ᠎ᠤᠨ ᠪᠠᠢᠭ᠎ᠠ ᠬᠤᠷᠱᠢᠶ᠎ᠠ᠎ᠠᠴᠠ᠎ᠨᠢ ᠠᠯᠳᠠᠨ ᠲᠠᠯ᠎ᠠ ᠨᠤᠲᠤᠭ ᠺᠤᠮᠫᠠᠨᠢ᠎ᠠᠴᠠ ᠨᠢᠭᠡᠳᠤᠯᠳᠡᠢ 800 ᠭᠠᠷᠤᠢ ᠬᠤᠨᠢ ᠬᠤᠳᠠᠯᠳᠤᠨ ᠠᠪᠴᠤ᠌᠂ ᠲᠡᠷᠡ ᠬᠤᠪᠢ᠎ᠪᠠᠷ᠎ᠢᠶᠠᠨ 200 ᠭᠠᠷᠤᠢ ᠬᠤᠨᠢ ᠠᠪᠴᠤ᠌ ᠲᠡᠵᠢᠭᠡᠵᠡᠢ᠃ 《ᠵᠠᠰᠠᠭ᠎ᠤᠨ ᠣᠷᠳᠣᠨ᠎ᠠᠴᠠ ᠲᠡᠵᠢᠭᠡᠨ ᠦᠷᠡᠵᠢᠭᠦᠯᠬᠦ᠌ ᠬᠠᠮᠢᠶ᠎ᠠ ᠪᠦᠬᠦᠢ ᠲᠥᠷᠥ᠎ᠶ᠋ᠢᠨ ᠪᠣᠳᠣᠯᠭ᠎ᠠ᠎ᠶ᠋ᠢᠨ ᠳᠡᠮᠵᠢᠯᠭᠡ᠎ᠶ᠋ᠢ ᠬᠦ᠍ᠷᠳᠡᠭᠡᠵᠤ᠂ ᠺᠣᠮᠫᠠᠨᠢ᠎ᠠᠴᠠ ᠪᠠᠰᠠ ᠮᠥᠩᠭᠦᠨ ᠭᠦᠶᠯᠭᠡᠭᠡᠨ᠎ᠤ ᠪᠠᠢᠭᠤᠯᠤᠮᠵᠢ᠎ᠶ᠋ᠢ ᠵᠣᠬᠢᠴᠠᠭᠤᠯᠤᠨ ᠦᠭ᠌ᠴᠤ ᠳᠣᠤᠷ᠎ᠠ ᠬᠦᠤ ᠮᠦᠩᠬᠦ᠌᠎ᠲᠠᠢ ᠵᠢᠭᠡᠯᠡᠯᠭᠡ ᠤᠯᠭᠤᠵᠡᠢ᠃ ᠡᠨᠡ᠎ᠨᠢ ᠮᠠᠨ᠎ᠤ ᠪᠡᠯᠡ ᠮᠥᠩᠭᠦᠨ᠎ᠤ ᠬᠦᠴᠢᠷ ᠠᠰᠠᠭᠤᠳᠠᠯ᠎ᠢ ᠱᠢᠶᠳᠪᠦᠷᠢᠯᠡᠭ᠌ᠰᠡᠨ᠎ᠢᠶᠠᠷ ᠪᠠᠷᠠᠬᠤ ᠦᠬᠡᠢ ᠲᠡᠵᠢᠭᠡᠨ ᠦᠷᠡᠵᠢᠭᠦᠯᠬᠦ᠌ ᠥᠪᠡᠷ᠎ᠤᠨ ᠥᠷᠲᠡᠭ᠎ᠢ ᠪᠠᠭᠤᠷᠠᠭᠤᠯᠵᠠᠶ᠃ ᠬᠤᠨᠢ ᠬᠤᠷᠠᠭᠠᠯᠠᠭᠠᠳ 50 ᠡᠳᠦᠷ᠎ᠤᠨ ᠪᠤᠯᠪᠠᠯ ᠺᠣᠮᠫᠠᠨᠢ᠎ᠠᠴᠠ ᠬᠤᠷᠠᠭ᠎ᠠ᠎ᠶ᠋ᠢ ᠺᠢᠯᠣᠭ᠌ᠷᠠᠮ ᠪᠦᠷᠢ᠎ᠳᠡᠭᠡᠨ ᠵᠠᠬ᠎ᠠ ᠳᠡᠯᠭᠡᠭᠦᠷ᠎ᠤᠨ ᠦᠨ᠎ᠡ᠎ᠠᠴᠠ ᠥᠨᠳᠥᠷ ᠦᠨ᠎ᠠ᠎ᠪᠠᠷ ᠬᠤᠷᠢᠶᠠᠵᠤ᠂ ᠲᠡᠵᠢᠭᠡᠨ ᠦᠷᠡᠵᠢᠭᠦᠯᠬᠦ᠌ ᠣᠷᠣᠯᠭ᠎ᠠ᠎ᠶ᠋ᠢ ᠨᠡᠮᠡᠭ᠌ᠳᠡᠭᠦᠯᠵᠡᠶ》 ᠬᠡᠵᠤ ᠱᠢᠤᠢ ᠿᠢ ᠱᠧᠩ ᠠᠯᠳᠠᠨ ᠲᠠᠯ᠎ᠠ ᠺᠤᠮᠫᠠᠨᠢ᠎ᠶ᠋ᠢᠨ ᠲᠠᠷᠢᠶᠠᠴᠢᠨ ᠡᠷᠤᠭᠡ ᠪᠤᠯᠤᠨ ᠠᠵᠤ ᠠᠬᠤᠢ᠍ᠢᠯᠡᠯ᠎ᠢ ᠬᠤᠯᠪᠤᠬᠤ ᠵᠠᠭ᠍ᠪᠤᠷ᠎ᠲᠤ ᠬᠠᠨᠤᠮᠵᠢᠳᠡᠢ ᠪᠠᠢᠯ᠎ᠠ᠃

ᠦᠶᠤᠧᠠᠨ ᠱᠢᠶᠠᠨ ᠤᠯᠠᠨ ᠡᠱᠢᠴᠢᠯᠡᠭ᠌ᠰᠡᠨ ᠲᠠᠷᠢᠶᠠᠴᠢᠨ ᠡᠷᠤᠭᠡ ᠪᠤᠯᠤᠨ ᠠᠵᠤ ᠠᠬᠤᠢ᠍ᠢᠯᠡᠯ᠎ᠤᠨ ᠠᠱᠢᠬ ᠲᠤᠰᠠ᠎ᠶ᠋ᠢ ᠬᠤᠯᠪᠤᠬᠤ ᠵᠠᠭ᠍ᠪᠤᠷ᠎ᠢ ᠪᠦᠷᠢᠯᠳᠦᠬᠦᠯᠵᠤ᠂ 3.8 ᠲᠦᠮᠡᠨ ᠲᠠᠷᠢᠶᠠᠴᠢᠨ ᠡᠷᠦᠬᠡ᠎ᠶ᠋ᠢ ᠱᠢᠤᠢ ᠿᠢ ᠱᠧᠩ᠎ᠲᠠᠢ ᠠᠳᠠᠯᠢ᠎ᠪᠠᠷ ᠳᠠᠢᠴᠢᠯᠠᠵᠤ ᠴᠢᠳᠠᠵᠡᠢ᠃ 《ᠵᠠᠭᠤᠨ ᠠᠵᠤ ᠠᠬᠤᠢᠯᠠᠯ ᠵᠠᠭᠤᠨ ᠬᠦᠷᠢᠶᠡᠯᠡᠩ ᠲᠣᠭᠤᠷᠢᠭ᠂ ᠨᠢᠭᠡ ᠬᠦᠷᠢᠶᠡᠯᠡᠩ ᠣᠯᠠᠨ ᠠᠵᠤ ᠠᠬᠤᠢᠯᠠᠯ᠎ᠤᠨ ᠢᠨᠵᠧᠨᠧᠷᠢᠩ》 ᠎ᠢ ᠶᠡᠭᠡ᠎ᠪᠠᠷ ᠬᠡᠷᠡᠭ᠌ᠵᠢᠬᠦᠯᠵᠤ᠂ ᠱᠢᠨ᠎ᠡ ᠲᠥᠷᠥᠯ ᠵᠦᠢᠯ᠂ ᠱᠢᠨ᠎ᠡ ᠮᠡᠷᠭᠡᠵᠢᠯ᠂ ᠱᠢᠨ᠎ᠡ ᠬᠡᠪ ᠵᠠᠭ᠍ᠪᠤᠷ᠂ ᠱᠢᠨ᠎ᠡ ᠭᠤᠣᠯ ᠴᠣᠭ᠍ᠴᠠ᠂ ᠱᠢᠨ᠎ᠡ ᠬᠥᠳᠡᠯᠭᠡᠭ᠌ᠴᠢ ᠡᠨᠧᠷᠭᠢ᠂ ᠱᠢᠨ᠎ᠡ ᠬᠠᠷᠠᠯᠲᠠ ᠬᠡᠬᠦ᠌ ᠵᠢᠷᠭᠤᠭᠠᠨ ᠱᠢᠨ᠎ᠠ ᠡᠯᠧᠮᠧᠨ᠋ᠲ᠎ᠲᠠᠢ ᠤᠶᠠᠯᠳᠤᠭᠤᠯᠤᠨ᠂ 142 ᠠᠵᠤ ᠠᠬᠤᠢᠯᠠᠯ᠎ᠢ ᠪᠤᠢᠵᠢᠭᠤᠯᠵᠤ ᠤᠷᠤᠭᠤᠯᠤᠨ ᠠᠪᠴᠢᠷᠠᠵᠤ᠂ 138 ᠡᠯ᠎ᠡ ᠲᠥᠷᠥᠯ᠎ᠤᠨ ᠮᠠᠯ ᠠᠵᠤ ᠠᠬᠤᠶ ᠲᠠᠷᠢᠶᠠᠯᠠᠩ᠎ᠤᠨ ᠬᠦᠷᠢᠶᠡᠯᠡᠩ ᠲᠣᠭᠤᠷᠢᠭ᠎ᠢ ᠪᠠᠢᠭᠤᠯᠵᠤ᠂ ᠪᠦᠬᠦ᠌ ᠱᠢᠶᠠᠨ᠎ᠤ 78% ᠎ᠶ᠋ᠢᠨ ᠵᠠᠰᠠᠭ ᠵᠠᠬᠢᠷᠭᠠᠨ᠎ᠤ ᠲᠣᠰᠭᠤᠨ᠂ 51% ᠎ᠶ᠋ᠢᠨ ᠲᠠᠷᠢᠶᠠᠴᠢᠨ ᠡᠷᠦᠬᠡ᠎ᠶ᠋ᠢ ᠬᠠᠮᠤᠷᠴᠤ᠌᠂ ᠪᠦᠬᠦ᠌ ᠱᠢᠶᠠᠨ᠎ᠢ ᠬᠠᠮᠤᠷᠤᠭ᠍ᠰᠠᠨ ᠠᠵᠤ ᠦᠢᠯᠡᠰ᠎ᠤᠨ ᠬᠦᠷᠢᠶᠡᠯᠡᠩ ᠲᠣᠭᠤᠷᠢᠭ᠎ᠤᠨ ᠪᠠᠢᠷᠢᠯᠠᠭᠤᠯᠤᠯᠲᠠ᠎ᠶ᠋ᠢ ᠴᠣᠭ᠍ᠴᠠᠯᠠᠨ ᠪᠠᠢᠭᠤᠯᠵᠤ᠂ ᠬᠦᠷᠢᠶᠡᠯᠡᠩ ᠲᠣᠭᠤᠷᠢᠭ᠎ᠨᠢ ᠲᠠᠷᠢᠶᠠᠴᠢᠳ᠎ᠤᠨ ᠬᠥᠮᠦᠨ ᠳᠤᠮᠳᠠᠴᠢ᠎ᠶ᠋ᠢᠨ ᠡᠵᠡᠮᠳᠡᠵᠦ᠍ ᠪᠣᠯᠬᠤ ᠣᠷᠣᠯᠭ᠎ᠠ᠎ᠶ᠋ᠢ ᠢᠯᠡᠷᠬᠡᠢ ᠲᠡᠭᠡᠭ᠌ᠰᠢᠯᠡᠬᠦᠯᠦᠭ᠌ᠰᠡᠨ ᠪᠠᠢᠨ᠎ᠠ᠃

ᠰᠠᠭᠤᠷᠢ ᠲᠦᠬᠦᠭᠡᠷᠤᠮᠵᠢ᠎ᠶ᠋ᠢᠨ ᠪᠠᠳᠤ ᠰᠠᠭᠤᠷᠢ

ᠦᠶᠤᠸᠠᠨ ᠱᠢᠶᠠᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠪᠦᠲᠦᠭᠡᠨ ᠪᠠᠢᠭᠤᠯᠤᠯᠲᠠ᠎ᠶ᠋ᠢ ᠪᠦᠬᠦ᠌ ᠬᠦᠴᠦᠨ᠎ᠢᠶᠠᠷ ᠬᠡᠷᠡᠭ᠌ᠵᠢᠭᠦᠯᠵᠦ᠍᠂ 《ᠭᠤᠷᠪᠠ᠎ᠶ᠋ᠢ ᠡᠪᠳᠡᠬᠦ᠂ ᠲᠠᠪᠤ᠎ᠶ᠋ᠢ ᠨᠢᠭᠡᠳᠭᠡᠬᠦ᠂ ᠨᠢᠭᠡ᠎ᠶ᠋ᠢ ᠲᠠᠬᠢᠨ ᠪᠠᠢᠭᠤᠯᠬᠤ》 ᠴᠡᠭ᠌ᠴᠡᠯᠡᠨ ᠵᠠᠰᠠᠬᠤ ᠵᠠᠭ᠍ᠪᠤᠷ᠎ᠢ ᠬᠡᠷᠡᠭ᠌ᠵᠢᠬᠦᠯᠪᠡ᠃ ᠪᠦᠬᠦ᠌ ᠱᠢᠶᠠᠨ᠎ᠤ 230 ᠲᠦᠮᠡᠨ ᠮᠦ᠍ ᠲᠠᠷᠢᠶᠠᠨ ᠭᠠᠵᠠᠷ᠎ᠢ ᠨᠢᠭᠡ ᠡᠭᠡᠯᠵᠢ᠎ᠳᠤ ᠢᠵᠢ ᠪᠦᠷᠢᠳᠦᠭᠦᠯᠬᠦ᠌᠎ᠶ᠋ᠢ ᠪᠡᠶᠡᠯᠡᠬᠦᠯᠵᠤ᠂ 《ᠰᠠᠭᠤᠷᠢ ᠪᠠᠷᠢᠯᠭ᠎ᠠ + ᠤᠰᠤ ᠪᠣᠷᠳᠣᠭᠤᠷ᠎ᠢ ᠨᠢᠭᠡ ᠴᠣᠭ᠍ᠴᠠᠵᠢᠭᠤᠯᠬᠤ + ᠭᠠᠵᠠᠷ᠎ᠤᠨ ᠬᠦᠴᠦ᠎ᠶ᠋ᠢ ᠳᠡᠭᠡᠭ᠌ᠰᠢᠯᠡᠭᠦᠯᠬᠦ᠌ + ᠬᠤᠵᠢᠷᠯᠢᠭ ᠭᠠᠵᠠᠷ᠎ᠢ ᠰᠠᠢᠵᠢᠷᠠᠭᠤᠯᠬᠤ》 ᠠᠷᠭ᠎ᠠ᠎ᠪᠠᠷ ᠲᠠᠮᠵᠢᠭᠤᠯᠤᠨ᠂ ᠬᠤᠵᠢᠷᠯᠢᠭ ᠲᠠᠷᠢᠶᠠᠨ ᠭᠠᠵᠠᠷ᠎ᠢ 39.5 ᠲᠦᠮᠡᠨ ᠮᠦ᠍ ᠥᠭᠡᠷᠡᠴᠢᠯᠡᠨ ᠰᠠᠢᠵᠢᠷᠠᠭᠤᠯᠵᠡᠢ᠃ ᠤᠰᠤᠨ᠎ᠤ ᠡᠬᠢ ᠪᠠᠶᠠᠯᠢᠭ᠎ᠢ ᠪᠦᠳᠦᠮᠵᠢᠳᠡᠢ ᠠᠱᠢᠬ᠍ᠯᠠᠵᠤ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠤᠰᠤ ᠠᠷᠪᠢᠯᠠᠬᠤ ᠲᠡᠷᠢᠭᠦᠨ᠎ᠤ ᠮᠡᠷᠭᠡᠵᠢᠯ᠎ᠢ ᠣᠷᠣᠭᠤᠯᠤᠨ ᠠᠪᠴᠢᠷᠠᠵᠤ᠂ ᠰᠦᠯᠢᠶᠤᠤ ᠪᠦᠷᠬᠦᠪᠴᠢ᠎ᠶ᠋ᠢᠨ ᠲᠤᠤᠷ᠎ᠠ ᠲᠤᠰᠤᠯᠭᠠᠨ ᠤᠰᠤᠯᠠᠬᠤ᠂ ᠪᠦᠷᠬᠦᠪᠴᠢ ᠦᠬᠡᠢ᠎ᠪᠠᠷ ᠬᠦᠢᠬᠡᠨ ᠪᠤᠯᠠᠵᠤ ᠲᠤᠰᠤᠯᠭᠠᠨ ᠤᠰᠤᠯᠠᠬᠤ᠂ ᠬᠠᠳᠤᠨ ᠭᠤᠤᠯ᠎ᠤᠨ ᠤᠰᠤ᠎ᠶ᠋ᠢ ᠲᠤᠰᠤᠯᠭᠠᠨ ᠤᠰᠤᠯᠠᠬᠤ᠎ᠶ᠋ᠢ ᠭᠤᠤᠯᠳᠠᠯᠭ᠎ᠠ᠎ᠲᠠᠢ ᠲᠡᠯᠭᠡᠷᠡᠬᠦᠯᠦᠨ᠂ ᠤᠰᠤ ᠪᠤᠷᠳᠤᠭᠤᠷ᠎ᠢ ᠨᠢᠭᠡ ᠴᠤᠭ᠍ᠴᠠᠵᠢᠭᠤᠯᠤᠨ ᠲᠦᠬᠦᠷᠵᠢᠬᠦᠯᠦᠭ᠌ᠰᠡᠨ ᠲᠠᠯᠠᠪᠠᠢ 19.7 ᠲᠦᠮᠡᠨ ᠮᠦ᠍᠎ᠳᠤ ᠬᠦᠷᠴᠡᠢ᠃

《ᠭᠠᠵᠠᠷ ᠱᠢᠷᠣᠢ᠎ᠶ᠋ᠢᠨ ᠡᠵᠡᠩᠨᠡᠯᠳᠡ᠎ᠶ᠋ᠢᠨ ᠡᠷᠭᠡ᠎ᠶ᠋ᠢ ᠱᠢᠯᠵᠢᠬᠦᠯᠦᠨ ᠡᠷᠬᠢᠯᠳᠦᠬᠦᠯᠦᠭ᠌ᠰᠡᠨ᠎ᠤ ᠲᠠᠷᠠᠭ᠎ᠠ ᠲᠣᠭ᠍ᠲᠠᠮᠠᠯ ᠬᠥᠯᠥᠰᠥᠨ ᠠᠵᠢᠯ ᠬᠢᠵᠤ᠂ ᠤᠷᠤᠯᠭ᠎ᠠ ᠨᠡᠮᠡᠭ᠌ᠳᠡᠭ᠌ᠰᠡᠨ ᠪᠠᠢᠨ᠎ᠠ》; 《ᠮᠠᠰᠢ ᠤᠯᠠᠨ ᠰᠣᠶᠣᠯ ᠲᠠᠮᠢᠷ᠎ᠤᠨ ᠠᠵᠢᠯᠯᠠᠭ᠎ᠠ ᠨᠡᠮᠡᠭ᠌ᠳᠡᠵᠦ᠍᠂ ᠦᠯᠡᠭᠦᠤ ᠬᠥᠳᠡᠯᠮᠦᠷᠢ ᠬᠦᠴᠦᠨ᠎ᠢ ᠱᠢᠶᠳᠪᠦᠷᠢᠯᠡᠵᠡᠶ》; 《ᠤᠷᠤᠯᠭ᠎ᠠ ᠤᠤᠯ᠎ᠤᠨ᠎ᠬᠢ᠎ᠠᠴᠠ᠎ᠪᠠᠨ ᠨᠡᠮᠡᠭ᠌ᠳᠡᠵᠡᠢ》; 《ᠰᠣᠶᠣᠯ᠎ᠤᠨ ᠥᠷᠲᠡᠭᠡ᠂ ᠪᠡᠶ᠎ᠡ ᠴᠢᠭᠢᠷᠠᠭ᠍ᠵᠢᠭᠤᠯᠬᠤ ᠪᠠᠭᠠᠵᠢ ᠬᠡᠷᠡᠭ᠌ᠰᠡᠯ᠎ᠲᠠᠢ ᠪᠣᠯᠵᠤ᠂ ᠲᠣᠰᠭᠤᠨ᠎ᠤ ᠠᠮᠢᠳᠤᠷᠠᠯ᠎ᠤᠨ ᠣᠷᠴᠢᠨ ᠲᠣᠭᠤᠷᠢᠨ ᠰᠠᠢᠵᠢᠷᠠᠪᠠ》 ᠁ ᠡᠨᠡ ᠪᠤᠯ ᠱᠢᠨ ᠭᠦᠩ ᠵᠥᠩ ᠪᠠᠯᠭᠠᠰᠤᠨ᠎ᠤ ᠭᠤᠸᠠᠩ ᠱᠧᠩ ᠲᠣᠰᠭᠤᠨ᠎ᠤ ᠠᠷᠠᠳ᠎ᠤᠨ ᠭᠠᠵᠠᠷ ᠱᠢᠷᠣᠢ᠎ᠶ᠋ᠢᠨ ᠡᠵᠡᠩᠨᠡᠯᠳᠡ᠎ᠶ᠋ᠢᠨ ᠡᠷᠭᠡ᠎ᠶ᠋ᠢ ᠱᠢᠯᠵᠢᠬᠦᠯᠦᠨ ᠡᠷᠬᠢᠯᠳᠦᠬᠦᠯᠦᠭ᠌ᠰᠡᠨ᠎ᠤ ᠳᠠᠷᠠᠭᠠᠬᠢ ᠲᠥᠷᠥᠭ᠌ᠳᠡᠯ ᠪᠤᠯᠬᠤ ᠶᠤᠮ᠃

ᠤᠢ᠍ᠢᠷ᠎ᠠ᠎ᠶ᠋ᠢᠨ ᠵᠢᠯ᠎ᠳᠤ᠂ ᠲᠥᠪ᠎ᠠᠴᠠ ᠱᠢᠨ᠎ᠡ ᠮᠠᠶᠢᠭ᠎ᠤᠨ ᠲᠠᠷᠢᠶᠠᠯᠠᠩ᠎ᠤᠨ ᠨᠡᠢᠭᠡᠮᠴᠢᠯᠡᠭ᠌ᠰᠡᠨ ᠦᠶᠯᠡᠴᠢᠯᠡᠭᠡᠨ᠎ᠤ ᠱᠢᠰᠲ᠋ᠧᠮ᠎ᠤᠨ ᠪᠠᠢᠭᠤᠯᠤᠯᠲᠠ᠎ᠶ᠋ᠢ ᠶᠡᠭᠡ᠎ᠪᠠᠷ ᠲᠡᠮᠵᠢᠭ᠌ᠰᠡᠨ᠎ᠠᠴᠠ ᠭᠤᠸᠠᠩ ᠱᠧᠩ ᠲᠣᠰᠭᠤᠨ᠎ᠤ 3 ᠳᠤᠭᠤᠢᠯᠠᠩ᠎ᠤᠨ 132 ᠡᠷᠦᠬᠡ᠎ᠶ᠋ᠢᠨ᠎ᠬᠢᠨ ᠮᠧᠩ ᠾᠦᠢ ᠶᠤᠧᠠᠨ ᠲᠠᠷᠢᠶᠠᠴᠢᠨ᠎ᠤ ᠲᠤᠰᠭᠠᠶ ᠬᠤᠷᠱᠢᠶ᠎ᠠ᠎ᠳᠤ 6485 ᠮᠦ᠍ ᠭᠠᠵᠠᠷ ᠱᠢᠷᠣᠶ᠎ᠶ᠋ᠢᠨ ᠡᠵᠡᠩᠨᠡᠯᠳᠡ᠎ᠶ᠋ᠢᠨ ᠡᠷᠭᠡ᠎ᠪᠠᠨ ᠬᠦᠢᠯᠭᠡᠭᠡᠵᠤ᠂ ᠳᠠᠭᠠᠭᠠᠴᠢᠯᠠᠯᠲᠠ᠎ᠶ᠋ᠢᠨ ᠭᠡᠷ᠎ᠡ᠎ᠪᠠᠨ 2028 ᠣᠨ ᠪᠣᠯᠲᠠᠯ᠎ᠠ ᠲᠣᠭ᠍ᠲᠠᠵᠠᠶ᠃ ᠳᠠᠭᠠᠭᠠᠴᠢᠯᠠᠯᠲᠠ᠎ᠶ᠋ᠢᠨ ᠵᠠᠷᠤᠳᠠᠯ᠎ᠢ ᠲᠣᠰ ᠲᠣᠰ ᠭᠠᠵᠠᠷ ᠱᠢᠷᠣᠶ᠎ᠶ᠋ᠢᠨ ᠶᠠᠰᠤ ᠴᠢᠨᠠᠷ ᠵᠡᠷᠭᠡ ᠨᠥᠬᠦᠴᠡᠯ ᠶᠣᠰᠣᠭᠠᠷ ᠵᠢᠯ ᠳᠠᠷᠠᠭᠠᠯᠠᠨ ᠨᠡᠮᠡᠭ᠌ᠳᠡᠬᠦᠯᠬᠦ᠌ ᠪᠤᠶᠤ ᠲᠠᠪᠤᠨ ᠵᠢᠯ᠎ᠳᠤ ᠨᠢᠭᠡ ᠤᠳᠠᠭ᠎ᠠ ᠭᠠᠷ᠎ᠤᠨ ᠦᠰᠦᠭ ᠵᠢᠷᠤᠬᠤ ᠠᠷᠭ᠎ᠠ ᠮᠠᠶᠢᠭ᠎ᠢᠶᠠᠷ ᠳ᠋ᠦᠩᠨᠡᠨ ᠪᠣᠳᠣᠵᠤ᠂ ᠶᠡᠭᠡ ᠬᠡᠮᠵᠢᠶᠡᠨ᠎ᠤ ᠬᠥᠳᠡᠯᠮᠦᠷᠢ ᠬᠦᠴᠦᠨ᠎ᠢ ᠴᠢᠯᠥᠭᠡᠯᠡᠵᠦ᠍᠂ ᠮᠠᠰᠢ ᠤᠯᠠᠨ ᠲᠤᠰᠭᠤᠨ᠎ᠤ ᠠᠷᠠᠳ ᠦᠪᠡᠷ᠎ᠢᠶᠠᠨ ᠠᠵᠢᠯ ᠤᠢ᠍ᠢᠯᠡᠰ ᠡᠷᠬᠢᠯᠡᠭ᠌ᠰᠡᠨ᠎ᠠᠴᠠ ᠣᠷᠣᠯᠭ᠎ᠠ᠎ᠨᠢ ᠴᠥᠮ ᠨᠡᠮᠡᠭ᠌ᠳᠡᠵᠡᠢ᠃

ᠭᠤᠷᠪᠠᠨ ᠶᠡᠭᠡ ᠠᠵᠤ ᠤᠢ᠍ᠢᠯᠡᠰ᠎ᠤᠨ ᠠᠭᠤᠰᠤᠯᠴᠡᠯ

ᠦᠶᠤᠧᠠᠨ ᠱᠢᠶᠠᠨ᠎ᠤ ᠱᠧᠩ ᠹᠧᠩ ᠪᠠᠯᠭᠠᠰᠤᠨ᠎ᠤ ᠱᠢᠨ ᠬᠤᠩ ᠲᠣᠰᠭᠤᠨ᠎ᠤ ᠡᠷᠬᠢᠯᠡᠭ᠌ᠴᠢ ᠵᠠᠩ ᠵᠢᠶᠠᠨ ᠵᠢᠶᠦ᠋ᠨ᠎ᠤ ᠰᠦᠯᠵᠢᠶᠡᠨ ᠲᠡᠭᠡᠷ᠎ᠠ ᠪᠠᠷᠠᠭ᠎ᠠ ᠪᠤᠷᠤᠯᠠᠭᠤᠯᠬᠤ ᠴᠢᠳᠠᠪᠤᠷᠢ᠎ᠨᠢ ᠵᠠᠷᠢᠮ ᠰᠦᠯᠵᠢᠶᠡᠨ ᠤᠳᠤᠨ᠎ᠠᠴᠠ ᠴᠤ᠌ ᠲᠤᠳᠠᠬᠤ ᠦᠬᠡᠢ ᠪᠠᠢᠯ᠎ᠠ᠃ 2017 ᠣᠨ᠎ᠠᠴᠠ ᠵᠠᠩ ᠵᠢᠶᠠᠨ ᠵᠢᠶᠦ᠋ᠨ ᠰᠦᠯᠵᠢᠶᠡᠨ ᠳᠡᠭᠡᠷ᠎ᠡ 《ᠳ᠋ᠧᠩᠯᠦ᠎ᠶ᠋ᠢᠨ ᠤᠯᠠᠭᠠᠨ》 ᠠᠮᠲᠠᠲᠤ ᠬᠡᠮᠬᠡ᠎ᠶ᠋ᠢ ᠪᠤᠷᠤᠯᠠᠭᠤᠯᠵᠤ ᠡᠬᠢᠯᠡᠵᠡᠢ᠃ ᠲᠡᠷᠡ ᠰᠦᠯᠵᠢᠶ᠎ᠠ᠎ᠪᠠᠷ ᠱᠢᠭᠤᠳ ᠨᠡᠪᠲᠡᠷᠡᠭᠦᠯᠬᠦ᠌ ᠶᠠᠪᠤᠴᠠ᠎ᠳᠤ᠂ ᠠᠮᠲᠠᠲᠤ ᠬᠡᠮᠬᠡ᠎ᠶ᠋ᠢᠨ ᠲᠠᠷᠢᠮᠠᠯ᠎ᠤᠨ ᠲᠡᠦᠬᠡ᠂ ᠴᠢᠨᠠᠷ ᠴᠢᠨᠰᠠᠭ᠎ᠠ᠎ᠶ᠋ᠢᠨ ᠣᠨᠴᠠᠯᠢᠭ᠎ᠢ ᠲᠠᠨᠢᠯᠴᠠᠭᠤᠯᠬᠤ᠎ᠪᠠᠷ ᠪᠠᠷᠠᠬᠤ ᠦᠭᠡᠢ ᠪᠠᠰᠠ ᠲᠤᠬᠠᠶ᠎ᠶ᠋ᠢᠨ ᠲᠠᠯᠠᠪᠤᠷ᠎ᠲᠤ ᠲᠡᠭᠦᠵᠦ᠍ ᠳᠡᠯᠭᠡᠨ ᠦᠵᠡᠬᠦᠯᠳᠡᠭ᠎ᠢᠶᠠᠷ ᠰᠦᠯᠵᠢᠶᠡᠨ ᠠᠨᠳᠠ ᠨᠠᠷ᠎ᠲᠤ ᠠᠮᠲᠠᠲᠤ ᠬᠡᠮᠬᠡ᠎ᠶ᠋ᠢᠨ ᠶᠠᠰᠤ ᠴᠢᠨᠠᠷ᠎ᠢ ᠮᠠᠰᠢ ᠰᠠᠢᠨ ᠬᠠᠷᠠᠭᠤᠯᠤᠨ ᠦᠭ᠌ᠳᠡᠭ ᠪᠠᠢᠯ᠎ᠠ᠃ ᠤᠳᠤ ᠲᠡᠭᠦᠨ᠎ᠤ ᠠᠮᠲᠠᠲᠤ ᠬᠡᠮᠬᠡ᠎ᠨᠢ ᠬᠠᠮᠤᠭ᠎ᠤᠨ ᠬᠤᠯᠠ᠎ᠳᠠᠭᠠᠨ ᠭᠤᠸᠠᠩᠳᠦ᠋ᠩ᠂ ᠱᠧᠨᠵᠧᠨ ᠵᠡᠷᠭᠡ ᠡᠮᠤᠨ᠎ᠠ ᠣᠷᠣᠨ᠎ᠤ ᠳᠠᠯᠠᠶ ᠳᠠᠭᠠᠤ ᠬᠤᠲᠠᠠ᠎ᠳᠤ ᠪᠤᠷᠤᠯᠠᠭᠤᠯᠵᠤ᠂ ᠬᠡᠷᠡᠭ᠌ᠯᠡᠭ᠌ᠴᠢᠳ᠎ᠤᠨ ᠰᠠᠢᠨ ᠦᠨᠡᠯᠡᠯᠲᠡ᠎ᠶ᠋ᠢ ᠣᠯᠤᠭ᠍ᠰᠠᠨ ᠪᠠᠢᠨ᠎ᠠ᠃ ᠱᠢᠨ ᠬᠤᠩ ᠲᠣᠰᠭᠤᠨ᠎ᠤ ᠠᠮᠲᠠᠲᠤ ᠬᠡᠮᠬᠡ ᠲᠠᠷᠢᠵᠤ ᠪᠠᠢᠭ᠎ᠠ 69 ᠡᠷᠦᠬᠡ ᠴᠥᠮ ᠬᠤᠷᠱᠢᠶ᠎ᠠ᠎ᠳᠤ ᠣᠷᠣᠵᠤ᠂ ᠶᠡᠷᠤᠩᠬᠡᠢ ᠲᠠᠷᠢᠮᠡᠯ᠎ᠤᠨ ᠲᠠᠯᠠᠪᠠᠢ᠎ᠨᠢ 1000 ᠭᠠᠷᠤᠶ ᠮᠦ᠍᠎ᠳᠤ ᠬᠦᠷᠴᠡᠢ᠂ ᠡᠨᠡ ᠵᠢᠯ᠎ᠤᠨ ᠠᠮᠲᠠᠲᠤ ᠬᠡᠮᠬᠡ᠎ᠶ᠋ᠢᠨ ᠵᠠᠬ᠎ᠠ ᠳᠡᠯᠭᠡᠭᠦᠷ᠎ᠨᠢ ᠮᠠᠰᠢ ᠬᠦᠭ᠌ᠵᠢᠶᠡᠨᠳᠡᠢ ᠪᠠᠢᠵᠤ᠂ ᠮᠥ᠍ ᠪᠦᠷᠢ᠎ᠠᠴᠠ 3 — 5 ᠲᠦᠮᠡᠨ ᠲᠥᠭᠦᠷᠢᠭ᠎ᠤᠨ ᠤᠷᠤᠯᠭ᠎ᠠ ᠤᠯᠤᠭ᠍ᠰᠠᠨ ᠪᠠᠢᠨ᠎ᠠ᠃

ᠦᠶᠤᠧᠠᠨ ᠱᠢᠶᠠᠨ ᠨᠠᠷᠠᠨ ᠬᠤᠧᠠᠷ᠂ ᠮᠢᠬᠠᠨ᠎ᠤ ᠬᠤᠨᠢ᠂ ᠨᠤᠭᠤᠭ᠎ᠠ ᠵᠢᠮᠢᠰ᠂ ᠮᠢᠬᠠᠨ᠎ᠤ ᠲᠠᠬᠢᠶ᠎ᠠ᠂ ᠡᠷᠳᠡᠨᠢ ᠱᠢᠰᠢ᠂ ᠰᠠᠭᠠᠯᠢ᠎ᠶ᠋ᠢᠨ ᠢᠮᠠᠭ᠎ᠠ ᠵᠡᠷᠭᠡ ᠵᠢᠷᠭᠤᠭᠠᠨ ᠲᠣᠮᠣ ᠭᠤᠤᠯᠯᠠᠬᠤ ᠠᠵᠤ ᠦᠢᠯᠡᠰ᠎ᠤᠨ ᠲᠣᠭᠤᠷᠢᠨ᠎ᠳᠤ᠂ ᠣᠨᠴᠠᠯᠢᠭ᠍ᠲᠤ ᠠᠵᠤ ᠦᠢᠯᠡᠰ᠎ᠢ ᠬᠦᠭ᠌ᠵᠢᠬᠦᠯᠵᠤ᠂ ᠠᠵᠤ ᠤᠢ᠍ᠢᠯᠡᠰᠵᠢᠭ᠌ᠰᠡᠨ ᠳᠠᠭᠠᠭᠤᠯᠤᠭ᠍ᠴᠢ ᠠᠵᠤ ᠠᠬᠤᠢᠯᠠᠯ᠂ ᠬᠤᠷᠱᠢᠶ᠎ᠠ᠂ ᠭᠡᠷ ᠪᠦᠯᠢ᠎ᠶ᠋ᠢᠨ ᠲᠠᠷᠢᠶᠠᠯᠠᠩ ᠮᠠᠯᠵᠢᠯ᠎ᠤᠨ ᠲᠠᠯᠠᠪᠠᠢ᠎ᠶ᠋ᠢ ᠶᠡᠭᠡ᠎ᠪᠠᠷ ᠳᠠᠮᠵᠢᠵᠤ᠂ ᠬᠡᠪᠴᠢᠶᠡᠵᠢᠭ᠌ᠰᠡᠨ᠂ ᠪᠠᠷᠢᠮᠵᠢᠶᠠᠵᠢᠭ᠍ᠰᠠᠨ᠂ ᠲᠤᠰᠭᠠᠢᠵᠢᠭ᠍ᠰᠠᠨ ᠪᠣᠬᠢᠷᠲᠤᠯ ᠦᠭᠡᠢ ᠦᠶᠯᠡᠳᠪᠦᠷᠢᠯᠡᠯ᠎ᠤᠨ ᠰᠠᠭᠤᠷᠢᠨ ᠪᠣᠯᠤᠨ ᠬᠤᠪᠢᠶᠠᠨ ᠢᠯᠭᠠᠵᠤ ᠪᠣᠭᠤᠳᠠᠯᠯᠠᠬᠤ᠂ ᠬᠦᠢᠲᠡᠨ᠎ᠢᠶᠠᠷ ᠬᠠᠳᠠᠭᠠᠯᠠᠵᠤ ᠱᠢᠨ᠎ᠡ ᠰᠣᠷᠭᠤᠭ ᠪᠠᠢᠯᠭᠠᠬᠤ᠂ ᠬᠥᠮᠥᠷᠭᠡᠯᠡᠨ ᠬᠠᠳᠠᠭᠠᠯᠠᠵᠤ ᠲᠡᠭᠡᠭᠡᠪᠦᠷᠢᠯᠡᠬᠦ᠂ ᠨᠠᠷᠢᠯᠢᠭ ᠪᠣᠯᠪᠠᠰᠤᠷᠠᠭᠤᠯᠬᠤ ᠵᠡᠷᠭᠡ ᠢᠵᠢ ᠪᠦᠷᠢᠳᠦᠭᠦᠯᠬᠦ᠌ ᠲᠦᠬᠦᠭᠡᠷᠤᠮᠵᠢ᠎ᠶ᠋ᠢ ᠪᠦᠲᠦᠭᠡᠨ ᠪᠠᠢᠭᠤᠯᠵᠤ᠂ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ᠎ᠤᠨ ᠭᠦᠨᠵᠡᠭᠡᠢ ᠠᠭᠤᠰᠤᠯᠴᠠᠨ ᠬᠥᠭ᠌ᠵᠢᠬᠦ᠌᠎ᠶ᠋ᠢ ᠪᠡᠶᠡᠯᠡᠭᠦᠯᠵᠡᠢ᠃ ᠰᠤᠶᠤᠯ ᠵᠢᠭᠤᠯᠴᠢᠯᠡᠯ᠎ᠤᠨ ᠠᠭᠤᠰᠤᠯᠴᠠᠨ ᠬᠦᠭ᠌ᠵᠢᠬᠦ᠌᠎ᠶ᠋ᠢ ᠬᠦᠨᠵᠡᠬᠡᠢᠷᠡᠬᠦᠯᠵᠤ᠂ ᠤᠯᠤᠰ᠎ᠤᠨ 4A ᠲᠡᠰ᠎ᠤᠨ 2 ᠦᠵᠡᠮᠵᠢ᠎ᠶ᠋ᠢᠨ ᠤᠷᠤᠨ 3A ᠲᠡᠰ᠎ᠤᠨ 1 ᠦᠵᠡᠮᠵᠢ᠎ᠶ᠋ᠢᠨ ᠤᠷᠤᠨ᠎ᠢ ᠴᠤᠭ᠍ᠴᠠᠯᠠᠨ ᠪᠠᠢᠭᠤᠯᠵᠤ᠂ ᠨᠢᠳᠤᠨᠤᠨ 10 ᠳ᠋ᠦᠩᠱᠢᠭᠤᠷ ᠲᠦᠬᠦᠷᠢᠭ᠎ᠤᠨ ᠵᠢᠭᠤᠯᠴᠢᠯᠡᠯ᠎ᠤᠨ ᠤᠷᠤᠯᠭ᠎ᠠ ᠡᠬᠦᠳᠴᠡᠢ᠃

ᠡᠬᠦᠨ᠎ᠠᠴᠠ ᠭᠠᠳᠠᠨ᠎ᠠ᠂ ᠲᠤᠰ ᠱᠢᠶᠠᠨ ᠵᠢᠷᠭᠤᠭᠠᠨ ᠶᠡᠭᠡ ᠠᠵᠤ ᠦᠢᠯᠡᠰ᠎ᠤᠨ ᠲᠤᠭᠤᠷᠢᠨ᠎ᠳᠤ᠂ ᠠᠵᠤ ᠤᠢ᠍ᠢᠯᠡᠰ᠎ᠤᠨ ᠬᠦᠭ᠌ᠵᠢᠯᠳᠡ᠎ᠶ᠋ᠢᠨ ᠲᠠᠪᠬᠤᠷᠭ᠎ᠠ᠎ᠶ᠋ᠢ ᠲᠠᠰᠤᠷᠠᠯᠳᠡ ᠦᠬᠡᠢ ᠲᠠᠭᠡᠭ᠌ᠰᠢᠯᠡᠬᠦᠯᠦᠨ᠂ ᠭᠤᠷᠪᠠᠨ ᠶᠡᠭᠡ ᠠᠵᠤ ᠦᠢᠯᠡᠰ᠎ᠤᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠵᠤ᠂ 2024 ᠤᠨ᠎ᠤ ᠳᠡᠯᠡᠬᠡᠶ᠎ᠶ᠋ᠢᠨ ᠨᠡᠷᠡᠨ ᠬᠤᠸᠠᠷ᠎ᠤᠨ ᠶᠡᠭᠡ ᠬᠤᠷᠠᠯ᠎ᠤᠨ ᠪᠡᠯᠡᠳᠭᠡᠯ ᠠᠵᠢᠯ᠎ᠢ ᠪᠦᠬᠦ᠌ ᠲᠠᠯ᠎ᠠ᠎ᠪᠠᠷ ᠡᠬᠢᠯᠡᠭᠦᠯᠵᠦ᠍᠂ ᠰᠠᠨ ᠷᠦᠢ ᠺᠣᠮᠫᠠᠨᠢ᠎ᠳᠤ ᠲᠦᠱᠢᠭ᠌ᠯᠡᠨ᠂ ᠶᠤᠸᠠᠨ ᠯᠦᠩ ᠫᠢᠩ ᠠᠺᠠᠳᠧᠮᠢᠴᠢ᠎ᠶ᠋ᠢᠨ ᠠᠵᠢᠯᠯᠠᠬᠤ ᠥᠷᠲᠡᠭᠡ᠎ᠶ᠋ᠢ ᠪᠠᠢᠭᠤᠯᠵᠤ᠂ 2.5 ᠳ᠋ᠦᠩᠱᠢᠭᠤᠷ ᠲᠥᠭᠦᠷᠢᠭ᠎ᠤᠨ ᠪᠡᠯᠡ ᠤᠷᠤᠭᠤᠯᠤᠯᠳᠡ᠎ᠲᠠᠢ ᠳᠤᠮᠳᠠᠳᠤ ᠤᠯᠤᠰ᠎ᠤᠨ ᠨᠡᠷᠡᠨ ᠬᠤᠸᠠᠷ᠎ᠤᠨ ᠬᠤᠲᠠ᠎ᠶ᠋ᠢᠨ ᠲᠥᠷᠥᠯ ᠵᠦᠢᠯ᠎ᠤᠨ ᠪᠦᠲᠦᠭᠡᠨ ᠪᠠᠢᠭᠤᠯᠤᠯᠲᠠ᠎ᠶ᠋ᠢ ᠡᠬᠢᠯᠡᠬᠦᠯᠵᠡᠢ᠃ ᠮᠢᠬᠠᠨ᠎ᠤ ᠬᠤᠨᠢᠨ᠎ᠤ ᠲᠠᠯ᠎ᠠ᠎ᠪᠠᠷ᠂ ᠤᠯᠤᠰ᠎ᠤᠨ ᠲᠡᠰ᠎ᠤᠨ ᠣᠷᠣᠨ ᠪᠦᠰᠡ᠎ᠶ᠋ᠢᠨ ᠴᠢᠨᠠᠷᠲᠠᠶ ᠮᠢᠬᠠᠨ᠎ᠤ ᠬᠤᠨᠢ ᠲᠡᠵᠢᠭᠡᠨ ᠦᠷᠡᠵᠢᠭᠦᠯᠬᠦ᠌ ᠰᠠᠭᠤᠷᠢᠨ᠎ᠢ ᠪᠦᠳᠦᠭᠡᠨ ᠪᠠᠢᠭᠤᠯᠬᠤ᠎ᠪᠠᠷ ᠬᠠᠷᠠᠯᠲᠠ ᠪᠣᠯᠭᠠᠵᠤ᠂ ᠬᠤᠨᠢᠨ ᠮᠢᠬᠠᠨ᠎ᠤ ᠵᠢᠵᠢᠭ ᠪᠠᠯᠭᠠᠰᠤ᠎ᠶ᠋ᠢ ᠴᠤᠭ᠍ᠴᠠᠯᠠᠨ ᠪᠠᠢᠭᠤᠯᠬᠤ ᠠᠵᠢᠯ᠎ᠢ ᠡᠬᠢᠯᠡᠬᠦᠯᠵᠤ᠂ ᠮᠢᠬᠠᠨ᠎ᠤ ᠬᠤᠨᠢᠨ᠎ᠤ ᠪᠠᠷᠢᠮᠵᠢᠶᠠᠵᠢᠭ᠍ᠰᠠᠨ ᠠᠷᠠᠴᠢᠯᠠᠭ᠎ᠠ᠎ᠶ᠋ᠢᠨ ᠬᠢᠷᠢ ᠲᠦᠪᠱᠢᠨ᠎ᠢ ᠲᠠᠰᠤᠷᠠᠯᠲᠠ ᠦᠭᠡᠢ ᠳᠡᠭᠡᠭ᠌ᠰᠢᠯᠡᠭᠦᠯᠪᠡ᠃ ᠲᠥᠬᠦᠭᠡᠷᠦᠮᠵᠢᠲᠦ ᠲᠠᠷᠢᠶᠠᠯᠠᠩ᠎ᠢ 9.25 ᠲᠦᠮᠡᠨ ᠮᠦ᠍ ᠪᠠᠢᠭᠤᠯᠵᠤ᠂ ᠶᠡᠷᠦᠩᠬᠡᠶ ᠤᠨᠠᠯᠳᠠ᠎ᠨᠢ 8 ᠲᠦᠮᠡᠨ ᠲᠣᠨ ᠱᠢᠬᠠᠮ ᠪᠠᠢᠵᠤ᠂ ᠮᠥ᠍ ᠪᠦᠷᠢ᠎ᠶ᠋ᠢᠨ ᠳᠤᠮᠳᠠᠴᠢ ᠦᠷ᠎ᠡ ᠠᠱᠢᠭ 3 ᠲᠦᠮᠡᠨ ᠲᠥᠭᠦᠷᠢᠭ᠎ᠲᠤ ᠬᠦᠷᠴᠡᠢ᠃ ᠡᠭᠦᠨ᠎ᠤ ᠵᠡᠷᠭᠡ᠂ ᠣᠨᠴᠠᠯᠢᠭ᠍ᠳᠤ ᠠᠵᠤ ᠦᠢᠯᠡᠰ᠎ᠢ ᠶᠡᠭᠡ᠎ᠪᠠᠷ ᠬᠥᠭ᠌ᠵᠢᠭᠦᠯᠵᠦ᠍᠂ ᠣᠯᠠᠨ ᠡᠱᠢᠴᠢᠯᠡᠭ᠌ᠰᠡᠨ ᠬᠦᠭ᠌ᠵᠢᠯᠳᠡ᠂ ᠣᠯᠠᠨ ᠱᠠᠲᠤ᠎ᠪᠠᠷ ᠲᠤᠯᠭᠠᠭᠤᠷᠢᠯᠠᠭ᠍ᠰᠠᠨ ᠠᠵᠤ ᠦᠢᠯᠡᠰ᠎ᠤᠨ ᠱᠢᠰᠲ᠋ᠧᠮ᠎ᠢ ᠬᠦᠴᠦᠯᠡᠨ ᠪᠠᠢᠭᠤᠯᠵᠤ ᠪᠠᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠶᠥᠩ ᠬᠤᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号