ᠮᠠᠨ᠎ᠤ ᠤᠯᠤᠰ᠎ᠤᠨ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ᠎ᠢ ᠭᠤᠶᠤᠴᠢᠯᠠᠨ ᠠᠪᠤᠬ᠍ᠰᠠᠨ ᠬᠦᠮᠤᠨ᠎ᠤ ᠲᠤᠭ᠎ᠠ 3 ᠳ᠋ᠦᠩᠱᠢᠭᠤᠷ ᠢᠯᠡᠭᠦᠤ ᠪᠤᠯᠪᠠ
2020-11-24 15:31:59
ᠵᠣᠬᠢᠶᠠᠭ᠍ᠴᠢ᠄
ᠵᠢᠶᠠᠩ ᠯᠢᠨ
ᠣᠩᠱᠢᠭ᠍ᠰᠠᠨ ᠣᠳᠠᠭ᠎ᠠ᠄
★★★☆☆

ᠬᠦᠮᠤᠨ᠎ᠤ ᠬᠦᠴᠤᠨ᠎ᠤ ᠡᠬᠢ ᠪᠠᠶᠠᠯᠢᠭ ᠪᠠ ᠨᠡᠢᠬᠡᠮ᠎ᠤᠨ ᠪᠠᠳᠤᠯᠠᠭ᠎ᠠ᠎ᠶ᠋ᠢᠨ ᠶᠠᠮᠤᠨ᠎ᠤ ᠬᠠᠮᠤᠬ᠎ᠤᠨ ᠱᠢᠨ᠎ᠠ ᠲᠤᠭ᠎ᠠ ᠪᠠᠷᠢᠮᠳᠠ᠎ᠳᠤ ᠬᠠᠷᠠᠭᠤᠯᠤᠭ᠍ᠰᠠᠠ᠎ᠢᠶᠠᠷ᠂ 10 ᠰᠠᠷ᠎ᠠ᠎ᠶ᠋ᠢᠨ ᠰᠡᠬᠦᠯᠴᠢ ᠪᠤᠯᠳᠠᠯ᠎ᠠ᠂ ᠨᠡᠢᠬᠡᠮ᠎ᠤᠨ ᠲᠠᠭᠠᠳᠭᠠᠯ᠎ᠤᠨ ᠺᠠᠷᠲ᠎ᠲᠠᠢ ᠬᠦᠮᠦᠨ 13.29 ᠳ᠋ᠦᠩᠱᠢᠭᠤᠷ ᠬᠦᠷᠴᠤ᠌᠂ ᠮᠠᠨ᠎ᠤ ᠤᠯᠤᠰ᠎ᠤᠨ ᠬᠦᠮᠤᠨ ᠠᠮᠠ᠎ᠶ᠋ᠢᠨ 94.9% ᠎ᠶ᠋ᠢ ᠪᠦᠷᠬᠦᠬᠦᠯᠵᠤ ᠪᠠᠢᠨ᠎ᠠ᠃ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ ᠭᠤᠶᠤᠴᠢᠯᠠᠨ ᠠᠪᠤᠬ᠍ᠰᠠᠠ᠎ᠨᠢ 3 ᠳ᠋ᠦᠩᠱᠢᠭᠤᠷ ᠭᠠᠷᠤᠢ ᠬᠦᠮᠦᠨ ᠪᠤᠢ᠃

 ᠬᠦᠮᠤᠨ᠎ᠤ ᠬᠦᠴᠤᠨ᠎ᠤ ᠡᠬᠢ ᠪᠠᠶᠠᠯᠢᠭ ᠪᠠ ᠨᠡᠢᠬᠡᠮ᠎ᠤᠨ ᠪᠠᠳᠤᠯᠠᠭ᠎ᠠ᠎ᠶ᠋ᠢᠨ ᠶᠠᠮᠤᠨ᠎ᠤ ᠬᠤᠯᠪᠤᠬ᠍ᠳᠠᠯ ᠪᠦᠬᠦᠢ ᠬᠠᠷᠢᠭᠤᠴᠠᠯᠭᠠᠳᠠᠨ᠎ᠤ ᠲᠠᠨᠢᠯᠴᠠᠭᠤᠯᠤᠬ᠍ᠰᠠᠨ᠎ᠢᠶᠠᠷ᠂ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ᠎ᠢᠶᠠᠷ ᠰᠦᠯᠵᠢᠶᠠᠨ ᠲᠡᠭᠡᠷ᠎ᠠ ᠨᠡᠢᠬᠡᠮ᠎ᠤᠨ ᠲᠠᠭᠠᠳᠭᠠᠯ᠎ᠤᠨ ᠬᠠᠷᠢᠴᠠᠭ᠎ᠠ᠎ᠶ᠋ᠢ ᠱᠢᠯᠵᠢᠬᠦᠯᠬᠦ᠂ ᠨᠠᠰᠤᠵᠢᠯ᠎ᠤᠨ ᠲᠠᠭᠠᠳᠭᠠᠯ᠎ᠤᠨ ᠮᠦᠩᠬᠦ᠌᠎ᠶ᠋ᠢ ᠲᠦᠰᠤᠪᠯᠠᠨ ᠪᠤᠳᠤᠬᠤ᠂ ᠬᠢᠯᠢ᠎ᠶ᠋ᠢᠨ ᠭᠠᠳᠠᠨ᠎ᠠ ᠨᠡᠢᠬᠡᠮ᠎ᠤᠨ ᠲᠠᠭᠠᠳᠭᠠᠯ᠎ᠤᠨ ᠮᠦᠩᠬᠦ᠌ ᠲᠤᠱᠢᠶᠠᠬᠤ᠎ᠠᠴᠠ ᠬᠡᠯᠳᠤᠷᠢᠬᠦᠯᠬᠦ᠂ ᠠᠵᠢᠯ ᠠᠯᠳᠠᠬ᠍ᠰᠠᠨ᠎ᠢᠶᠠᠷ ᠲᠠᠩᠰᠠᠯᠠᠭᠤᠯᠬᠤ᠂ ᠠᠵᠢᠯ ᠠᠯᠳᠠᠯᠳᠠ᠎ᠶ᠋ᠢᠨ ᠲᠠᠭᠠᠳᠭᠠᠯ᠎ᠤᠨ ᠬᠦᠷᠳᠡᠮᠵᠢ᠎ᠶ᠋ᠢ ᠭᠤᠶᠤᠴᠢᠯᠠᠨ ᠠᠪᠬᠤ ᠵᠡᠷᠬᠡ 40 ᠭᠠᠷᠤᠢ ᠵᠦᠢᠯ᠎ᠤᠨ ᠪᠦᠬᠦ᠌ ᠤᠯᠤᠰ᠎ᠤᠨ ᠴᠢᠨᠠᠷᠳᠠᠢ ᠨᠡᠢᠬᠡᠮ᠎ᠤᠨ ᠲᠠᠭᠠᠳᠭᠠᠯ᠎ᠤᠨ ᠤᠢ᠍ᠢᠯᠡᠴᠢᠯᠡᠬᠡᠨ᠎ᠤ ᠠᠵᠢᠯ ᠶᠠᠪᠤᠲᠠᠯ᠎ᠢ ᠬᠦᠴᠡᠳᠭᠡᠵᠤ ᠪᠤᠯᠤᠨ᠎ᠠ᠃ ᠡᠬᠦᠨ᠎ᠠᠴᠠ ᠭᠠᠳᠠᠨ᠎ᠠ᠂ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ᠎ᠤᠨ ᠱᠢᠯᠵᠢᠬᠡ ᠲᠤᠭᠠᠴᠠᠭ᠎ᠠ᠎ᠶ᠋ᠢᠨ ᠴᠢᠳᠠᠪᠬᠢ᠎ᠨᠢ 27 ᠮᠤᠵᠢ᠎ᠶ᠋ᠢᠨ 224 ᠬᠤᠳᠠ᠎ᠳᠤ ᠡᠪᠡᠳᠴᠢᠨ ᠦᠵᠡᠬᠦᠯᠵᠤ ᠡᠮ ᠲᠠᠩ ᠬᠤᠳᠠᠯᠳᠤᠨ ᠠᠪᠬᠤ᠎ᠳᠤ ᠮᠡᠷᠬᠡᠨ ᠴᠤᠬᠤᠷ᠎ᠢ ᠱᠢᠷᠪᠢᠵᠤ ᠲᠤᠭᠠᠴᠠᠭ᠎ᠠ ᠬᠢᠵᠤ ᠪᠤᠯᠤᠨ᠎ᠠ᠂ 22 ᠬᠤᠳᠠ᠎ᠳᠤ ᠪᠠᠩᠬᠢ᠎ᠶ᠋ᠢᠨ ᠬᠤᠯᠪᠤᠭᠠᠨ᠎ᠤ ᠮᠠᠱᠢᠨ ᠲᠡᠷᠬᠡᠨ᠎ᠳᠤ ᠰᠠᠭᠤᠬᠤ ᠮᠡᠷᠬᠡᠨ ᠴᠤᠬᠤᠷ᠎ᠢ ᠨᠡᠬᠡᠬᠡᠵᠤ᠂ ᠬᠤᠳᠠ᠎ᠶ᠋ᠢᠨ ᠠᠷᠠᠳ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ᠎ᠢᠶᠠᠷ ᠮᠠᠱᠢᠨ ᠲᠡᠷᠬᠡᠨ᠎ᠳᠤ ᠰᠠᠭᠤᠬᠤ ᠮᠡᠷᠬᠡᠨ ᠴᠤᠬᠤᠷ᠎ᠢ ᠱᠢᠷᠪᠢᠵᠤ ᠪᠤᠯᠤᠨ᠎ᠠ᠃

  ᠲᠤᠰ ᠬᠠᠷᠢᠭᠤᠴᠠᠯᠭᠠᠳᠠᠨ᠂ ᠤᠳᠤᠬᠠᠨ᠎ᠳᠤ ᠦᠷᠬᠦᠯᠵᠢ ᠭᠡᠷᠡᠭ᠌ᠯᠡᠳᠡᠭ App ᠵᠡᠷᠭᠡ᠎ᠪᠠᠷ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ᠎ᠤᠨ ᠰᠦᠯᠵᠢᠶᠠᠨ᠎ᠳᠤ ᠭᠠᠷᠬᠤ ᠤᠢ᠍ᠢᠯᠡᠴᠢᠯᠡᠭᠡ᠎ᠶ᠋ᠢ ᠳᠠᠷᠡ ᠳᠠᠷᠤᠢ᠎ᠳᠤᠨᠢ ᠡᠷᠢᠨ ᠤᠯᠵᠤ ᠲᠡᠢᠯᠤᠨ᠎ᠠ᠃ ᠡᠳᠡᠬᠡᠷ ᠠᠷᠭ᠎ᠠ ᠵᠠᠮ᠎ᠳᠤ ᠤᠯᠤᠰ᠎ᠤᠨ ᠵᠠᠰᠠᠬ᠎ᠤᠨ ᠶᠠᠪᠤᠳᠠᠯ᠎ᠤᠨ ᠤᠢ᠍ᠢᠯᠡᠴᠢᠯᠡᠬᠡᠨ᠎ᠤ ᠲᠠᠪᠴᠠᠩ᠂ ᠨᠡᠢᠬᠡᠮ᠎ᠤᠨ ᠲᠠᠭᠠᠳᠭᠠᠯ᠎ᠤᠨ ᠡᠯᠧᠺᠲᠷᠤᠨ ᠺᠠᠷᠲ᠎ᠤᠨ ᠵᠢᠵᠢᠭ ᠲᠡᠰ ᠲᠠᠷᠠᠭᠠᠯᠠᠯ᠂ ᠠᠯᠠᠭᠠᠨ ᠲᠡᠭᠡᠷᠡᠬᠢ 12333᠂ ᠤᠢ᠍ᠢᠯᠡᠳᠪᠤᠷᠢ ᠬᠤᠳᠠᠯᠳᠤᠭ᠎ᠠ᠂ ᠲᠠᠷᠢᠶᠠᠯᠠᠩ᠂ ᠳᠤᠮᠳᠠᠳᠤ ᠤᠯᠤᠰ᠂ ᠪᠦᠳᠤᠬᠡᠨ ᠪᠠᠢᠭᠤᠯᠤᠯᠳᠠ᠂ ᠵᠠᠮ ᠬᠠᠷᠢᠯᠴᠠᠭ᠎ᠠ᠂ ᠱᠢᠤᠳᠠᠨ ᠬᠤᠯᠪᠤᠭ᠎ᠠ᠎ᠶ᠋ᠢᠨ ᠬᠠᠳᠠᠭᠠᠯᠠᠮᠵᠢ᠂ ᠬᠤᠳᠠᠯᠳᠤᠭᠠᠴᠢᠨ ᠤᠷᠢᠬᠤ᠂ ᠫᠢᠩ ᠠᠨ ᠵᠡᠷᠬᠡ ᠡᠯ᠎ᠠ ᠶᠡᠭᠡ ᠪᠠᠩᠬᠢ ᠵᠢᠴᠢ ᡁᠢ ᠹᠦ᠋ ᠪᠤᠤ᠂ ᠵᠢᠷᠬᠢᠶ᠎ᠠ᠂ ᠶᠦᠨ ᠱᠠᠨ ᠹᠦ᠋ ᠵᠡᠷᠬᠡ ᠪᠠᠭ᠍ᠳᠠᠨ᠎ᠠ᠃ ᠲᠠᠷᠠᠭᠠᠴᠢ᠎ᠶ᠋ᠢᠨ ᠠᠯᠬᠤᠮ᠎ᠳᠤ᠂ 《ᠪᠦᠬᠦ᠌ ᠴᠢᠲᠡᠪᠬᠢ᠎ᠶ᠋ᠢᠨ ᠺᠠᠷᠲ》 ᠎ᠢ ᠲᠡᠯᠭᠡᠷᠡᠭᠦᠯᠵᠤ᠂ ᠨᠡᠢᠬᠡᠮ᠎ᠤᠨ ᠪᠠᠳᠤᠯᠠᠭ᠎ᠠ᠎ᠶ᠋ᠢᠨ ᠡᠨᠡ ᠬᠦ᠌ ᠬᠦᠷᠢᠶᠠᠨ᠎ᠳᠤ ᠪᠠᠶ᠎ᠠ᠎ᠶ᠋ᠢᠨ ᠦᠨᠡᠮᠯᠡᠯ᠎ᠢᠶᠠᠷ ᠺᠠᠷᠲ ᠭᠡᠷᠡᠭ᠌ᠯᠡᠬᠦ᠂ ᠨᠡᠢᠬᠡᠮ᠎ᠤᠨ ᠲᠠᠭᠠᠳᠭᠠᠯ᠎ᠢ ᠺᠠᠷᠲ᠎ᠢᠶᠠᠷ ᠲᠤᠱᠢᠶᠠᠬᠤ᠂ ᠨᠦᠬᠦᠪᠤᠷᠢ ᠬᠦᠷᠳᠡᠮᠵᠢ᠎ᠶ᠋ᠢ ᠺᠠᠷᠲ᠎ᠲᠤ ᠤᠷᠤᠭᠤᠯᠬᠤ᠂ ᠠᠵᠢᠯ᠎ᠤᠨ ᠱᠢᠷᠬᠠᠳᠤᠯ᠎ᠢ ᠺᠠᠷᠲ᠎ᠢᠶᠠᠷ ᠲᠤᠭᠠᠴᠠᠭ᠎ᠠ ᠬᠢᠬᠦ᠌᠎ᠶ᠋ᠢ ᠬᠦᠢᠴᠡᠳᠭᠡᠬᠦ᠌᠎ᠪᠠᠷ ᠪᠠᠷᠠᠬᠤ ᠦᠬᠡᠢ ᠪᠠᠰᠠ 《ᠪᠦᠷᠢᠨ ᠴᠢᠳᠠᠮᠵᠢᠳᠤ ᠰᠦᠯᠵᠢᠶ᠎ᠠ᠎ᠪᠠᠷ ᠬᠦᠢᠴᠡᠳᠭᠡᠬᠦ᠌》 ᠎ᠶ᠋ᠢ ᠢᠳᠡᠪᠬᠢᠳᠠᠢ ᠠᠬᠢᠭᠤᠯᠵᠤ᠂ ᠠᠷᠠᠳ ᠤᠯᠠᠨ᠎ᠤ ᠬᠠᠮᠢᠭ᠎ᠠ ᠴᠤ᠌ ᠬᠡᠵᠢᠶ᠎ᠡ ᠴᠤ᠌ ᠤᠢ᠍ᠢᠯᠡᠴᠢᠯᠡᠭᠡ ᠬᠦᠷᠳᠡᠬᠦ᠌᠎ᠳᠤ ᠲᠦᠬᠦᠮ ᠪᠤᠯᠭᠠᠨ᠎ᠠ ᠬᠡᠵᠤ ᠢᠯᠡᠳᠭᠡᠪᠡ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠢᠦᠢ ᠬᠦᠭ᠌ᠵᠢᠯᠲᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号