ᠯᠢᠦ ᡁᠢ ᠯᠢ ᠪᠡᠷ ᠳᠣᠯᠣᠭᠠᠢᠯᠠᠭᠣᠯᠣᠭ᠍ᠰᠠᠨ ᠬᠠᠷ᠎ᠠ ᠪᠦᠯᠦᠭ᠌ᠳᠡᠨ ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ ᠵᠢᠨ ᠬᠡᠷᠡᠭ ᠎ᠤᠨ ᠨᠢᠭᠡᠳᠦᠭᠡᠷ ᠱᠢᠭᠦᠯᠳᠡ ᠵᠢᠨ ᠱᠢᠭᠦᠨ ᠳᠠᠰᠣᠯᠣᠯᠳᠠ ᠵᠢ ᠨᠡᠢᠳᠡᠯᠡᠪᠡ
2020-11-03 10:14:20
ᠵᠣᠬᠢᠶᠠᠭ᠍ᠴᠢ᠄
ᠱᠢᠨᠡᠪᠢᠯᠢᠭ
ᠣᠩᠱᠢᠭ᠍ᠰᠠᠨ ᠣᠳᠠᠭ᠎ᠠ᠄
★★★☆☆

ᠤᠢ᠍ᠢᠷ᠎ᠠ ᠳ᠋ᠦ᠂  ᠪᠤᠭᠤᠳᠤ ᠬᠤᠳᠠ ᠵᠢᠨ ᠴᠢᠩᠱᠠᠨ ᠲᠤᠭᠤᠷᠢᠬ᠎ᠤᠨ ᠠᠷᠠᠳ᠎ᠤᠨ ᠱᠢᠬᠦᠬᠦ᠌ ᠬᠤᠷᠢᠶ᠎ᠠ ᠯᠢᠦ ᡁᠢ ᠯᠢ ᠵᠡᠷᠬᠡ 17 ᠵᠠᠭᠠᠯᠳᠤᠬ᠍ᠳᠠᠬ᠍ᠴᠢ ᠵᠢᠨ ᠬᠠᠷ᠎ᠠ ᠪᠦᠯᠦᠭ᠌ᠳᠡᠨ ᠲᠠᠢ ᠬᠤᠯᠪᠤᠬ᠍ᠳᠠᠬ᠍ᠰᠠᠨ ᠬᠡᠷᠡᠭ ᠲᠤ ᠬᠠᠤᠯᠢ ᠶᠤᠰᠤᠭᠠᠷ ᠨᠢᠬᠡᠳᠦᠬᠡᠷ ᠱᠢᠬᠦᠯᠳᠡ ᠬᠢᠵᠦ᠍᠂ ᠬᠠᠷ᠎ᠠ ᠪᠦᠯᠦᠭ᠌ᠳᠡᠨ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ ᠵᠢ ᠵᠤᠬᠢᠶᠠᠨ ᠪᠠᠢᠭᠤᠯᠵᠤ᠂ ᠤᠳᠤᠷᠢᠳᠴᠤ᠌᠂ ᠤᠷᠤᠯᠴᠠᠬ᠍ᠰᠠᠨ ᠶᠠᠯ᠎ᠠ᠂ ᠬᠠᠤᠯᠢ ᠪᠤᠰᠤ ᠪᠡᠷ ᠬᠤᠷᠢᠬ᠍ᠰᠠᠨ ᠶᠠᠯ᠎ᠠ᠂ ᠠᠯᠪᠠᠨ ᠬᠡᠷᠡᠭ᠎ᠢ ᠬᠠᠷᠱᠢᠯᠠᠬ᠍ᠰᠠᠨ ᠶᠠᠯ᠎ᠠ᠂ ᠬᠢᠬᠠᠭ᠍ᠰᠡᠨ ᠶᠠᠯ᠎ᠠ᠂ ᠮᠡᠬᠡᠯᠡᠭ᠌ᠰᠡᠨ ᠶᠠᠯ᠎ᠠ᠂ ᠦᠳᠦᠬᠡᠵᠦ᠍ ᠬᠡᠷᠡᠭ ᠡᠳᠦᠭ᠌ᠰᠡᠨ ᠶᠠᠯ᠎ᠠ᠂ ᠠᠯᠪᠠᠳᠠᠯᠭ᠎ᠠ ᠪᠡᠷ ᠠᠷᠠᠯᠵᠢᠶᠠᠯᠠᠭᠤᠯᠤᠬ᠍ᠰᠠᠨ ᠶᠠᠯ᠎ᠠ᠂ ᠱᠠᠮᠱᠢᠬ᠍ᠰᠠᠨ ᠶᠠᠯ᠎ᠠ᠂  ᠪᠡᠯᠡ ᠮᠦᠩᠬᠦ᠌ ᠵᠢ ᠨᠡᠬᠦᠯᠬᠡᠨ ᠬᠡᠷᠡᠭ᠌ᠯᠡᠭ᠌ᠰᠡᠨ ᠶᠠᠯ᠎ᠠ᠂ ᠭᠠᠵᠠᠷ ᠱᠢᠷᠤᠢ ᠵᠢᠨ ᠬᠡᠷᠡᠭ᠌ᠯᠡᠬᠦ᠌ ᠡᠷᠬᠡ ᠵᠢ ᠬᠠᠤᠯᠢ ᠪᠤᠰᠤ ᠪᠡᠷ ᠱᠢᠯᠵᠢᠬᠦᠯᠦᠭ᠌ᠰᠡᠨ ᠶᠠᠯ᠎ᠠ᠂ ᠤᠯᠤᠰ᠎ᠤᠨ ᠪᠠᠢᠭᠤᠯᠭ᠎ᠠ ᠵᠢᠨ ᠪᠤᠰᠤ ᠠᠵᠢᠯᠳᠠᠨ ᠬᠠᠬᠤᠤᠯᠢ ᠢᠳᠡᠭ᠌ᠰᠡᠨ ᠶᠠᠯ᠎ᠠ ᠪᠡᠷ ᠬᠡᠳᠦᠨ ᠶᠠᠯ᠎ᠠ ᠵᠢ ᠨᠡᠢᠯᠡᠬᠦᠯᠦᠨ ᠵᠠᠭᠠᠯᠳᠣᠭ᠍ᠳᠠᠭ᠍ᠴᠢ ᠯᠢᠦ ᡁᠢ ᠯᠢ ᠵᠢ 21 ᠵᠢᠯ ᠬᠤᠭᠤᠴᠠᠭ᠎ᠠ ᠲᠠᠢ ᠬᠤᠷᠢᠬᠤ ᠵᠢᠨ ᠬᠠᠮᠳᠣ ᠬᠤᠪᠢ ᠬᠦᠮᠦᠨ᠎ᠤ ᠪᠦᠬᠦ᠌  ᠡᠳ᠋ ᠬᠦᠷᠦᠩᠬᠡ ᠵᠢ ᠨᠢ ᠬᠤᠷᠢᠶᠠᠨ ᠠᠪᠬᠣ ᠪᠡᠷ ᠱᠢᠭᠦᠨ ᠳᠠᠰᠣᠯᠵᠣ᠂ ᠪᠤᠰᠤᠳ 16 ᠵᠠᠭᠠᠯᠳᠤᠬ᠍ᠳᠠᠬ᠍ᠴᠢ ᠵᠢ  ᠨᠢ 1 ᠵᠢᠯ᠎ᠤᠨ ᠭᠠᠳᠠᠨ᠎ᠠ 4 ᠰᠠᠷ᠎ᠠ ᠡᠴᠨ 17 ᠵᠢᠯ ᠬᠦᠷᠳᠡᠯᠡᠬᠢ ᠠᠳᠠᠯᠢ ᠪᠤᠰᠤ ᠵᠢᠨ ᠬᠤᠭᠤᠴᠠᠭ᠎ᠠ ᠲᠠᠢ ᠬᠤᠷᠢᠬᠤ ᠡᠷᠡᠬᠦᠦ ᠪᠡᠷ ᠱᠢᠢᠳᠭᠡᠬᠦ᠌ ᠪᠡᠷ ᠱᠢᠭᠦᠨ ᠳᠠᠰᠣᠯᠵᠠᠢ᠃

2009 ᠤᠨ ᠳ᠋ᠤ  ᠵᠠᠭᠠᠯᠳᠤᠬ᠍ᠳᠠᠬ᠍ᠴᠢ ᠯᠢᠦ ᡁᠢ ᠯᠢ ᠬᠠᠬᠤᠤᠯᠢᠳᠤ ᠰᠤᠩᠭᠤᠭᠤᠯᠢ᠂ ᠦᠷᠢᠰᠦᠯᠳᠦᠭ᠌ᠴᠢ ᠪᠡᠨ ᠴᠤᠬᠢᠨ ᠲᠠᠷᠤᠬᠤ  ᠵᠡᠷᠬᠡ ᠠᠷᠭ᠎ᠠ  ᠪᠡᠷ ᠲᠠᠮᠵᠢᠭᠤᠯᠤᠨ ᠲᠤᠰᠭᠤᠨ᠎ᠤ ᠠᠷᠠᠳ᠎ᠤᠨ ᠵᠦᠪᠯᠡᠯ᠎ᠤᠨ ᠡᠷᠬᠢᠯᠡᠭ᠌ᠴᠢ ᠪᠡᠷ ᠰᠤᠩᠭᠤᠬ᠍ᠳᠠᠪᠠ᠃ ᠲᠠᠷᠠᠭ᠎ᠠ ᠨᠢ ᠯᠢᠦ ᡁᠢ ᠯᠢ ᠢᠳᠡᠭ ᠢᠳᠡᠭ᠎ᠢᠡᠷ ᠦᠪᠡᠷ᠎ᠤᠨ ᠬᠠᠮᠳᠤ ᠰᠤᠷᠤᠬ᠍ᠴᠢ᠂ ᠪᠠᠭ᠎ᠠ ᠵᠢᠨ ᠨᠠᠢᠵᠠ᠂ ᠨᠠᠢᠵᠠ ᠨᠦᠬᠦᠳ᠎ᠢᠡᠨ ᠲᠠᠳᠠᠨ ᠲᠤᠰᠭᠤᠨ᠎ᠤ ᠨᠠᠮ᠎ᠤᠨ ᠡᠭᠦᠷ ᠠᠷᠠᠳ᠎ᠤᠨ ᠵᠦᠪᠯᠡᠯ ᠳ᠋ᠤ ᠤᠷᠤᠭᠤᠯᠵᠤ᠂ ᠬᠦᠮᠦᠨ᠎ᠤ ᠬᠦᠴᠦᠨ᠂ ᠡᠳ᠋᠎ᠤᠨ ᠬᠦᠴᠦᠨ᠎ᠢ ᠴᠤᠬ᠍ᠯᠠᠭᠤᠯᠤᠨ ᠲᠤᠰᠭᠤᠨ᠎ᠤ ᠠᠵᠢᠯ ᠶᠠᠪᠣᠳᠠᠯ᠎ᠢ ᠡᠵᠡᠷᠬᠡᠪᠡ᠃ ᠯᠢᠦ ᡁᠢ ᠯᠢ ᠲᠤᠰᠭᠤᠨ᠎ᠤ ᠠᠵᠢᠯ ᠶᠠᠪᠣᠳᠠᠯ᠎ᠢ ᠡᠵᠡᠷᠬᠡᠵᠦ᠍ ᠪᠠᠢᠭ᠎ᠠ ᠨᠦᠯᠦᠬᠡ ᠪᠠᠨ ᠠᠱᠢᠬ᠍ᠯᠠᠨ ᠲᠤᠰᠭᠤᠨ᠎ᠤ ᠺᠠᠳ᠋ᠷ᠂ ᠲᠦᠷᠦᠯ ᠤᠬ᠍ᠰᠠᠭ᠎ᠠ ᠵᠡᠷᠬᠡ ᠬᠦᠮᠦᠰ᠎ᠢ ᠴᠤᠬ᠍ᠯᠠᠭᠤᠯᠤᠨ᠂ ᠺᠤᠮᠫᠠᠨᠢ ᠪᠤᠯᠤᠨ ᠬᠠᠢᠷ ᠴᠢᠯᠠᠭᠤ ᠵᠢᠨ ᠦᠢᠯᠡᠳᠪᠦᠷᠢ ᠪᠠᠢᠭᠤᠯᠬᠤ ᠪᠡᠷ ᠲᠠᠪᠴᠠᠩ ᠪᠤᠯᠭᠠᠨ ᠬᠠᠤᠯᠢ ᠡᠴᠨ ᠵᠦᠷᠢᠴᠡᠭ᠌ᠰᠡᠨ ᠶᠠᠯᠠᠳᠤ ᠠᠵᠢᠯᠯᠠᠭ᠎ᠠ ᠳ᠋ᠠᠭᠠᠨ  ᠬᠠᠤᠯᠢ ᠪᠤᠰᠤ ᠬᠠᠮᠠᠭᠠᠯᠠᠯᠳᠠ ᠬᠠᠩᠭᠠᠯᠭᠠᠵᠤ᠂ ᠤᠷᠳᠤ ᠬᠤᠭᠤᠴᠠᠭ᠎ᠠ ᠪᠡᠷ ᠵᠤᠤ ᠵᠢᠶᠠ ᠳ᠋ᠢᠶᠠᠨ ᠲᠤᠰᠭᠤᠨ᠎ᠤ ᠡᠷᠬᠢᠨ ᠲᠤᠭᠤᠷᠢᠨ ᠳ᠋ᠤ ᠬᠦᠴᠦᠷᠭᠡᠭ᠌ᠯᠡᠯ᠂ ᠠᠶᠤᠯᠭᠠᠨ ᠰᠦᠷᠳᠡᠬᠦᠯᠬᠦ᠌ ᠵᠡᠷᠬᠡ ᠠᠷᠭ᠎ᠠ ᠬᠡᠯᠪᠡᠷᠢ ᠪᠡᠷ ᠵᠤᠬᠢᠶᠠᠨ ᠪᠠᠢᠭᠤᠯᠤᠯᠳᠠ ᠲᠠᠢ ᠪᠡᠷ  ᠬᠢᠬᠠᠬᠤ ᠂ ᠠᠯᠪᠠᠳᠠᠯᠭ᠎ᠠ ᠪᠡᠷ ᠠᠷᠠᠯᠵᠢᠶᠠᠯᠠᠭᠤᠯᠬᠤ᠂ ᠦᠳᠦᠬᠡᠵᠦ᠍ ᠬᠡᠷᠡᠭ ᠡᠳᠦᠬᠦ᠂ ᠠᠵᠤ ᠠᠬᠤᠢ᠍ᠢᠯᠠᠯ᠎ᠢ ᠰᠠᠮᠠᠭᠤᠷᠠᠭᠤᠯᠬᠤ᠂ ᠪᠠᠷᠢᠯᠭ᠎ᠠ ᠵᠢ ᠠᠯᠪᠠᠳᠠᠯᠭ᠎ᠠ ᠪᠡᠷ ᠡᠵᠡᠮᠱᠢᠬᠦ᠂ ᠪᠡᠯᠡ ᠮᠦᠩᠬᠦ᠌ ᠵᠢ ᠨᠡᠬᠦᠯᠬᠡᠨ ᠬᠡᠷᠡᠭ᠌ᠯᠡᠬᠦ᠂  ᠲᠤᠰᠭᠤᠨ᠎ᠤ ᠬᠠᠮᠳᠤ ᠵᠢᠨ ᠡᠳ᠋ ᠬᠦᠷᠦᠩᠬᠡ ᠵᠢ ᠡᠵᠡᠯᠡᠬᠦ᠂ ᠬᠠᠤᠯᠢ ᠪᠤᠰᠤ ᠪᠡᠷ ᠲᠤᠰᠭᠤᠨ᠎ᠤ ᠬᠠᠮᠳᠤ ᠵᠢᠨ ᠭᠠᠵᠠᠷ ᠱᠢᠷᠤᠢ ᠵᠢ ᠱᠢᠯᠵᠢᠬᠦᠯᠬᠦ᠂ ᠤᠯᠤᠰ᠎ᠤᠨ ᠨᠤᠷᠠᠭᠠᠵᠤ ᠨᠡᠬᠦᠯᠬᠡᠬᠦ᠌ ᠨᠦᠬᠦᠪᠦᠷᠢ ᠵᠢ ᠮᠡᠬᠡᠯᠡᠵᠦ᠍ ᠠᠪᠬᠤ᠂ ᠲᠤᠰᠭᠤᠨ᠎ᠤ ᠠᠷᠠᠳ᠎ᠢ ᠲᠠᠷᠤᠯᠠᠬᠤ᠂ ᠲᠡᠮᠦᠷ ᠵᠠᠮ᠎ᠤᠨ ᠱᠢᠬᠦᠬᠦ᠌ ᠬᠤᠷᠢᠶ᠎ᠠ ᠵᠢᠨ ᠵᠤᠤ ᠵᠢᠶᠠ ᠳ᠋ᠢᠶᠠᠨ ᠲᠤᠰᠭᠤᠨ ᠳ᠋ᠦ᠍ ᠠᠯᠪᠠᠳᠠᠯᠭ᠎ᠠ ᠪᠡᠷ ᠬᠡᠷᠡᠭ᠌ᠵᠢᠬᠦᠯᠬᠦ᠌ ᠠᠵᠢᠯᠯᠠᠭ᠎ᠠ ᠵᠢ ᠢᠯᠡ ᠪᠡᠷ ᠬᠦᠴᠦᠷᠭᠡᠭ᠌ᠯᠡᠯ᠎ᠢᠡᠷ ᠡᠰᠡᠷᠬᠦᠴᠡᠬᠦ᠌ ᠵᠡᠷᠬᠡ ᠬᠠᠤᠯᠢ ᠡᠴᠨ ᠵᠦᠷᠢᠴᠡᠭ᠌ᠰᠡᠨ ᠶᠠᠯᠠᠳᠤ ᠠᠵᠢᠯᠯᠠᠭ᠎ᠠ ᠬᠢᠵᠦ᠍᠂ ᠶᠡᠬᠡ ᠪᠡᠷ ᠡᠳ᠋ ᠬᠦᠷᠦᠩᠬᠡ ᠴᠤᠬ᠍ᠯᠠᠭᠤᠯᠵᠤ᠂ ᠬᠠᠤᠯᠢ ᠪᠤᠰᠤ ᠠᠵᠤ ᠠᠬᠤᠢ ᠵᠢᠨ ᠠᠱᠢᠬ  ᠤᠯᠵᠤ᠂ ᠯᠢᠦ ᡁᠢ ᠯᠢ ᠪᠡᠷ ᠲᠦᠷᠦᠬᠦᠯᠡᠭᠦᠯᠦᠭ᠌ᠰᠡᠨ᠂ ᠭᠤᠤᠯᠯᠠᠬ᠍ᠴᠢ ᠪᠦᠷᠢᠯᠳᠦᠬᠦᠨ ᠨᠢ ᠦᠨᠳᠦᠰᠦᠨ ᠳ᠋ᠡᠬᠡᠨ ᠲᠤᠬ᠍ᠳᠠᠪᠤᠷᠢᠳᠠᠢ᠂ ᠲᠡᠰ ᠲᠠᠪᠬᠤᠷᠭ᠎ᠠ ᠨᠢ ᠲᠤᠳᠤᠷᠬᠠᠢ᠂ ᠬᠦᠮᠦᠨ ᠨᠢ ᠤᠯᠠᠨ ᠬᠠᠷ᠎ᠠ ᠪᠦᠯᠦᠭ᠌ᠳᠡᠨ᠎ᠤ ᠱᠢᠨᠵᠢ ᠴᠢᠨᠠᠷᠳᠠᠢ ᠵᠤᠬᠢᠶᠠᠨ ᠪᠠᠢᠭᠤᠯᠤᠯᠳᠠ ᠪᠤᠯᠵᠤ ᠪᠦᠷᠢᠯᠳᠦᠪᠡ᠃

ᠱᠢᠬᠦᠬᠦ᠌ ᠬᠤᠷᠢᠶ᠎ᠠ ᠱᠢᠭᠦᠨ ᠳᠠᠰᠣᠯᠬᠣ ᠳ᠋ᠠᠭᠠᠨ᠂ ᠲᠤᠰ ᠵᠤᠬᠢᠶᠠᠨ ᠪᠠᠢᠭᠤᠯᠤᠯᠳᠠ ᠤᠷᠳᠤ ᠬᠤᠭᠤᠴᠠᠭ᠎ᠠ ᠪᠡᠷ ᠦᠨᠳᠦᠰᠦᠨ ᠱᠠᠳᠤᠨ ᠎ᠤ ᠵᠠᠰᠠᠬ ᠎ᠤᠨ ᠡᠷᠬᠡ ᠵᠢ ᠡᠵᠡᠷᠬᠡᠵᠦ᠍᠂ ᠲᠤᠰᠭᠤᠨ᠎ᠤ ᠬᠠᠮᠳᠤ  ᠵᠢᠨ ᠡᠳ᠋ ᠬᠦᠷᠦᠩᠬᠡ ᠵᠢ ᠲᠦᠷᠢᠮᠡᠬᠡᠢᠯᠡᠨ ᠡᠵᠡᠯᠡᠵᠦ᠍᠂ ᠨᠡᠬᠦᠯᠬᠡᠨ ᠬᠡᠷᠡᠭ᠌ᠯᠡᠵᠦ᠍᠂ ᠤᠯᠠᠨ ᠤᠳᠠᠭ᠎ᠠ ᠵᠢᠨ ᠬᠠᠤᠯᠢ ᠡᠴᠨ ᠵᠦᠷᠢᠴᠡᠭ᠌ᠰᠡᠨ ᠶᠠᠯᠠᠳᠤ ᠠᠵᠢᠯᠯᠠᠭ᠎ᠠ ᠬᠢᠵᠦ᠍᠂ ᠵᠤᠤ ᠵᠢᠶᠠ  ᠳ᠋ᠢᠶᠠᠨ ᠲᠤᠰᠭᠤᠨ᠎ᠳᠡᠬᠢ ᠠᠵᠣ ᠦᠢᠯᠡᠰ᠎ᠤᠨ ᠬᠦᠷᠢᠶᠡᠯᠡᠩ ᠲᠤᠭᠤᠷᠢᠬ᠎ᠤᠨ ᠲᠤᠳᠤᠷᠠᠬᠢ ᠠᠵᠤ ᠠᠬᠤᠢ᠍ᠢᠯᠠᠯ᠎ᠤᠨ ᠦᠢᠯᠡᠳᠪᠦᠷᠢᠯᠡᠯ᠂ ᠡᠵᠡᠩᠨᠡᠯᠳᠡ ᠵᠢ ᠰᠠᠮᠠᠭᠤᠷᠠᠭᠤᠯᠤᠨ ᠂ ᠪᠠᠷᠢᠯᠭ᠎ᠠ ᠵᠢᠨ ᠪᠦᠳᠦᠬᠡᠨ ᠪᠠᠢᠭᠤᠯᠤᠯᠳᠠ ᠵᠢ ᠠᠯᠪᠠᠳᠠᠯᠭ᠎ᠠ ᠪᠡᠷ ᠡᠵᠡᠮᠱᠢᠨ ᠭᠠᠷ ᠲᠦᠷᠦᠵᠦ᠍᠂  ᠵᠤᠤ ᠵᠢᠶᠠ ᠳ᠋ᠢᠶᠠᠨ ᠲᠤᠰᠭᠤᠨ᠎ᠤ ᠤᠯᠠᠨ ᠲᠦᠮᠡᠨ᠎ᠤ ᠦᠪᠡᠷᠳᠡᠭᠡᠨ ᠵᠠᠰᠠᠬᠤ ᠵᠤᠬᠢᠶᠠᠨ ᠪᠠᠢᠭᠤᠯᠤᠯᠳᠠ ᠵᠢᠨ ᠠᠵᠢᠯ᠎ᠤᠨ ᠡᠮᠬᠢ ᠵᠢᠷᠣᠮ ᠪᠤᠯᠤᠨ ᠵᠤᠤ ᠵᠢᠶᠠᠨ ᠳ᠋ᠢᠶᠠᠨ ᠲᠤᠰᠭᠤᠨ᠎ᠤ ᠡᠷᠬᠢᠨ ᠲᠤᠭᠤᠷᠢᠨ᠎ᠤ ᠠᠵᠤ ᠠᠬᠤᠢ᠂ ᠨᠡᠢᠬᠡᠮ᠎ᠤᠨ ᠠᠮᠢᠳᠤᠷᠠᠯ᠎ᠤᠨ ᠡᠮᠬᠢ ᠵᠢᠷᠣᠮ᠎ᠢ  ᠬᠦᠨᠳᠦ ᠨᠣᠴᠢᠳᠠᠢ ᠡᠪᠳᠡᠵᠠᠢ ᠬᠡᠵᠦ᠍ ᠦᠵᠡᠪᠡ᠃





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号