ᠨᠠᠮ᠎ᠤᠨ ᠰᠤᠷᠳᠠᠯ ᠪᠤᠯ ᠨᠠᠮ᠎ᠤᠨ ᠲᠦᠷᠢ ᠲᠦᠷᠬᠦ᠌ ᠮᠦᠨ᠃
ᠦᠡᠭ᠌ᠭᠡᠷᠡᠭ᠌ᠰᠡᠨ ᠨᠢᠭᠡ ᠵᠢᠯ᠎ᠳᠤ᠂ ᠲᠦᠪ᠎ᠤᠨ ᠰᠠᠬᠢᠯᠭ᠎ᠠ ᠪᠠᠳᠤ ᠪᠠᠢᠴᠠᠭᠠᠬᠤ ᠬᠤᠷᠢᠶ᠎ᠡ ᠤᠯᠤᠰ᠎ᠤᠨ ᠬᠢᠨᠡᠨ ᠪᠠᠢᠴᠠᠭᠠᠬᠤ ᠵᠦᠪᠯᠡᠯ ᠪᠠ ᠤᠷᠤᠨ ᠨᠤᠳᠤᠭ᠎ᠤᠨ ᠡᠯ᠎ᠡ ᠱᠠᠳᠤᠨ᠎ᠤ ᠰᠠᠬᠢᠯᠭ᠎ᠠ ᠪᠠᠳᠤ ᠪᠠᠢᠴᠠᠭᠠᠬᠤ ᠬᠢᠨᠠᠨ ᠪᠠᠢᠴᠠᠭᠠᠬᠤ ᠪᠠᠢᠭᠤᠯᠭ᠎ᠠ ᠲᠦᠪ᠎ᠤᠨ ᠨᠠᠢ᠍ᠮᠠᠨ ᠲᠤᠬ᠍ᠳᠠᠭᠠᠯ᠎ᠤᠨ ᠵᠤᠷᠢᠭ ᠰᠠᠨᠠᠭ᠎ᠠ᠎ᠶ᠋ᠢ ᠴᠦᠬᠦᠷᠡᠰᠢ ᠦᠭᠡᠢ ᠴᠢᠩᠭ᠎ᠠ ᠪᠠᠷᠢᠮᠳᠠᠯᠠᠵᠤ᠂ 《ᠲᠦᠷᠪᠡᠨ ᠰᠤᠷᠳᠠᠯ》 ᠢ ᠵᠠᠯᠠᠷᠠᠭᠤᠯᠤᠨ᠂ ᠱᠢᠨ᠎ᠡ ᠰᠤᠷᠳᠠᠯ᠎ᠢ ᠪᠤᠢ ᠪᠤᠯᠭᠠᠵᠤ᠂ ᠰᠤᠷᠳᠠᠯ᠎ᠤᠨ ᠪᠠᠢᠭᠤᠯᠤᠯᠳᠠ᠎ᠶ᠋ᠢᠨ ᠡᠨᠡ ᠬᠦ᠌ 《ᠱᠢᠵᠢᠷ ᠠᠯᠳᠠᠨ ᠨᠠᠷ᠎ᠡ᠎ᠶ᠋ᠢᠨ ᠬᠠᠭᠤᠳᠠᠰᠤ》 ᠶ᠋ᠢ ᠨᠡᠩ ᠦᠡᠭ᠌ᠭᠡ ᠬᠢᠯᠪᠠᠭ᠎ᠠ ᠰᠠᠴᠤᠷᠠᠭᠤᠯᠪᠠ᠃
ᠰᠤᠷᠳᠠᠯ᠎ᠤᠨ ᠪᠠᠢᠭᠤᠯᠤᠯᠳᠠ᠎ᠪᠠᠷ ᠶᠡᠭᠡ ᠲᠠᠢᠯᠠᠯᠳᠤᠭᠠᠨ ᠶᠡᠭᠡ ᠱᠢᠯᠭᠠᠯᠳᠠ᠎ᠳᠤ ᠱᠢᠭᠤᠳ ᠬᠠᠨᠳᠤᠪᠠ
2020 ᠤᠨ᠎ᠤ 11 ᠰᠠᠷ᠎ᠡ᠎ᠶ᠋ᠢᠨ 22 ᠤᠨ ᠤᠷᠤᠢ᠂ ᠲᠢᠶᠠᠨᠵᠢᠨ᠎ᠤ ᠪᠢᠨᠬᠠᠢ ᠱᠢᠨ᠎ᠡ ᠲᠤᠭᠤᠷᠢᠭ᠎ᠤᠨ ᠱᠢᠶᠤᠤ ᠵᠧᠨ ᠵᠢᠶᠠ ᠶᠤᠸᠠᠨ ᠨᠡᠢᠭᠡᠮ ᠲᠤᠭᠤᠷᠢᠭ᠎ᠤᠨ ᠨᠡᠮ᠎ᠤᠨ ᠶᠡᠷᠤᠩᠭᠡᠢ ᠡᠬᠦᠷ᠎ᠤᠨ ᠱᠦᠵᠢ ᠶᠠᠩ ᠱᠢᠤ ᠵᠢᠶᠧ ᠡᠷᠦᠭᠡ᠎ᠳᠤ ᠤᠷᠤᠵᠤ ᠪᠦᠭᠡᠮ ᠬᠦᠴᠢᠯ᠎ᠤᠨ ᠱᠢᠯᠭᠠᠨ ᠪᠠᠢᠴᠠᠭᠠᠯᠳᠠ ᠬᠢᠬᠦ᠌ ᠡᠬᠦᠷᠭᠡ᠎ᠪᠠᠨ ᠰᠠᠢᠳᠤᠷ ᠵᠤᠬᠢᠴᠠᠭᠤᠯᠵᠤ ᠪᠠᠷᠠᠮᠠᠬ᠍ᠴᠠᠪᠠᠨ ᠤᠳᠠᠰᠤ᠎ᠪᠠᠨ ᠠᠪᠴᠤ᠌ ᠪᠤᠰᠤᠳ ᠠᠵᠢᠯ᠎ᠤᠨ᠎ᠢᠶᠠᠨ ᠲᠤᠬᠠᠢ ᠬᠠᠷᠢᠯᠴᠠᠭᠠᠳ ᠶᠠᠭᠠᠷᠠᠯᠡ᠃ ᠵᠠᠮ ᠶᠠᠪᠤᠬᠤ ᠵᠠᠭᠤᠷ᠎ᠡ᠎ᠪᠠᠨ ᠤᠳᠠᠰᠤ᠎ᠪᠠᠷ ᠶᠠᠷᠢᠵᠤ ᠪᠠᠢᠭᠠᠳ ᠪᠠᠶ᠎ᠡ ᠴᠢᠬᠢᠷᠠᠬ᠍ᠵᠢᠭᠤᠯᠬᠤ ᠮᠠᠱᠢᠨ᠎ᠲᠠᠢ ᠮᠦᠷᠬᠦᠭᠡᠳ ᠮᠠᠨᠠᠷᠠᠴᠢᠬᠠᠪᠠ᠃
ᠡᠳᠤᠷ ᠲᠤᠵᠢ᠂ ᠶᠠᠩ ᠱᠢᠤ ᠵᠢᠶᠧ ᠬᠠᠭᠠᠷᠢᠬ᠍ᠰᠡᠨ ᠪᠤᠤᠪᠤ ᠭᠢᠭᠡᠳ ᠱᠢᠷᠠᠮᠢᠶᠠᠷ ᠦᠯ ᠲᠠᠷᠤᠵᠤ ᠪᠠᠢᠯ᠎ᠡ᠃ ᠵᠠᠯᠭᠠᠭ᠎ᠠ᠎ᠪᠠᠷ 10 ᠭᠡᠳᠤᠨ ᠡᠳᠦᠷ᠎ᠲᠤ᠌᠂ ᠡᠨᠡ ᠬᠦ᠌ 51 ᠨᠠᠰᠤᠳᠠᠢ ᠨᠡᠢᠭᠡᠮ ᠲᠤᠭᠤᠷᠢᠭ᠎ᠤᠨ ᠨᠠᠮ᠎ᠤᠨ ᠶᠡᠷᠤᠩᠭᠡᠢ ᠡᠬᠦᠷ᠎ᠤᠨ ᠱᠦᠵᠢ ᠦᠷ᠎ᠤᠨ ᠬᠤᠶᠠᠷ ᠭᠤᠷᠪᠡᠨ ᠴᠠᠭ ᠪᠤᠯᠳᠠᠯ᠎ᠡ ᠠᠵᠢᠯᠯᠠᠵᠤ᠂ ᠬᠠᠮᠤᠭ᠎ᠤᠨ ᠶᠠᠭᠠᠷᠠᠤ ᠦᠶ᠎ᠡ᠎ᠳᠡᠭᠡᠨ ᠬᠤᠶᠠᠷ ᠡᠳᠦᠷ ᠨᠢᠭᠡ ᠰᠦᠨᠢ᠎ᠳᠤ ᠵᠦᠪᠭᠡᠨ ᠬᠤᠶᠠᠷ ᠴᠠᠭ ᠬᠠᠭᠠᠰ ᠯᠡ ᠤᠨᠳᠠᠳᠠᠭ ᠪᠠᠢᠯ᠎ᠡ᠃
ᠡᠨᠡ ᠪᠤᠯ ᠱᠢᠨ᠎ᠡ ᠳᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ ᠭᠠᠷᠤᠬ᠍ᠰᠠᠨ᠎ᠠᠴᠠ ᠨᠠᠭᠠᠰᠢ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠡᠮᠤᠨ᠎ᠡ ᠹᠷᠤᠨᠲ᠎ᠤᠨ ᠨᠠᠮ᠎ᠤᠨ ᠭᠡᠱᠢᠬᠦᠨ ᠺᠠᠳ᠋ᠷ᠎ᠤᠨ ᠬᠠᠮᠤᠭ᠎ᠤᠨ ᠦᠨᠡᠨ ᠪᠤᠳᠠᠳᠠᠢ ᠵᠢᠷᠤᠬ᠍ᠯᠠᠯ ᠪᠤᠯᠤᠨ᠎ᠡ᠃
960 ᠭᠠᠷᠤᠢ ᠲᠦᠮᠡᠨ ᠲᠡᠭ᠌ᠰᠢ ᠲᠦᠷᠪᠡᠯᠵᠢᠨ ᠺᠢᠯᠤᠮᠧᠲᠷ ᠨᠤᠳᠤᠭ ᠲᠠᠪᠢᠰᠭᠡᠷ ᠲᠡᠭᠡᠷ᠎ᠡ᠂ 460 ᠭᠠᠷᠤᠢ ᠲᠦᠮᠡᠨ ᠦᠨᠳᠤᠰᠤᠨ ᠱᠠᠳᠤᠨ᠎ᠤ ᠨᠠᠮ᠎ᠤᠨ ᠵᠤᠬᠢᠶᠠᠨ ᠪᠠᠢᠭᠤᠯᠤᠯᠳᠠ ᠪᠠᠳᠤ ᠪᠠᠬᠢ ᠪᠠᠬᠢᠯᠡᠯᠳᠠ᠎ᠶ᠋ᠢ ᠴᠤᠬ᠍ᠴᠠᠯᠠᠵᠤ᠂ 2.5 ᠲᠦᠮᠡ ᠭᠠᠷᠤᠢ ᠱᠢᠯᠢᠳᠡᠭ᠌ᠴᠤᠳ ᠭᠠᠯ ᠹᠷᠤᠨᠲ᠎ᠲᠤ ᠨᠠᠮ᠎ᠳᠤ ᠤᠷᠤᠵᠤ ᠠᠨᠲᠠᠭᠠᠢ ᠲᠠᠩᠭᠠᠷᠢᠬ ᠬᠢᠵᠤ᠂ ᠭᠠᠯ ᠤᠯᠠᠭᠠᠨ ᠨᠠᠮ᠎ᠤᠨ ᠲᠤᠭ ᠬᠢᠵᠢᠭ᠎ᠲᠠᠢ ᠲᠡᠮᠡᠴᠡᠬᠦ᠌ ᠡᠮᠤᠨ᠎ᠡ ᠹᠷᠤᠨᠲ᠎ᠲᠤ ᠦᠨᠳᠤᠷ᠎ᠲᠤ ᠨᠠᠮᠢᠷᠠᠪᠠ᠃
2020 ᠤᠨ᠎ᠳᠤ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠭᠤᠤᠯ ᠲᠠᠢᠯᠠᠯᠳᠤᠭᠠᠨ᠎ᠤ ᠲᠠᠯᠠᠪᠤᠷ᠎ᠲᠤ᠌᠂ ᠠᠵᠢᠯ᠎ᠤᠨ ᠰᠤᠷᠳᠠᠯ᠎ᠤᠨ ᠪᠠᠢᠭᠤᠯᠤᠯᠳᠠ᠎ᠶ᠋ᠢᠨ ᠪᠦᠷᠢᠶ᠎ᠡ ᠬᠠᠨᠭ᠌ᠭᠢᠨᠠᠨ ᠴᠤᠤᠷᠢᠶᠠᠳᠤᠪᠠ᠃
2020 ᠤᠨ᠎ᠤ 1 — 11 ᠰᠠᠷ᠎ᠠ ᠪᠤᠯᠲᠠᠯ᠎ᠠ᠂ ᠡᠯ᠎ᠡ ᠱᠠᠳᠤᠨ᠎ᠤ ᠰᠠᠬᠢᠯᠭ᠎ᠠ ᠪᠠᠳᠤ ᠪᠠᠢᠴᠠᠭᠠᠬᠤ ᠬᠢᠨᠡᠨ ᠪᠠᠢᠴᠠᠭᠠᠬᠤ ᠪᠠᠢᠭᠤᠯᠭ᠎ᠠ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠬᠠᠷᠢᠭᠤᠴᠠᠯᠭ᠎ᠠ᠎ᠪᠠᠨ ᠬᠦᠢᠴᠡᠳᠭᠡᠭ᠌ᠰᠡᠨ᠎ᠢᠶᠠᠷ ᠴᠢᠩᠭ᠎ᠠ ᠪᠢᠰᠢ 9554 ᠨᠠᠮ᠎ᠤᠨ ᠭᠡᠱᠢᠬᠦᠨ ᠤᠳᠤᠷᠢᠳᠭᠤ ᠺᠠᠳ᠋ᠷ᠎ᠲᠤ ᠬᠠᠷᠢᠭᠤᠴᠠᠯᠭ᠎ᠠ ᠲᠤᠯᠭᠠᠪᠠ; ᠶᠠᠳᠠᠭᠤ᠎ᠶ᠋ᠢ ᠲᠡᠳᠬᠦᠬᠦ᠌ ᠬᠦᠷᠢᠶᠠᠨ᠎ᠤ ᠢᠯᠵᠡᠷᠡᠯ ᠪᠠ ᠰᠤᠷᠳᠠᠯ᠎ᠤᠨ ᠠᠰᠠᠭᠤᠳᠠᠯ᠎ᠢ 5.69 ᠲᠦᠮᠡᠨ ᠬᠤᠪᠢ ᠪᠠᠢᠴᠠᠭᠠᠨ ᠱᠢᠢᠳᠪᠤᠷᠢᠯᠡᠵᠤ᠂ 8.5 ᠲᠦᠮᠡᠨ ᠬᠦᠮᠦᠨ᠎ᠢ ᠱᠢᠬᠦᠮᠵᠢᠯᠡᠨ ᠬᠦᠮᠦᠵᠢᠬᠦᠯᠵᠤ ᠬᠠᠪᠰᠤᠷᠬᠤ ᠪᠠ ᠱᠢᠢᠳᠪᠤᠷᠢᠯᠡᠵᠤ᠂ ᠡᠬᠦᠨ᠎ᠳᠤ 3.57 ᠲᠦᠮᠡᠨ ᠬᠦᠮᠦᠨ ᠨᠠᠮ᠎ᠤᠨ ᠰᠠᠬᠢᠯᠭ᠎ᠠ ᠪᠠᠳᠤ ᠵᠠᠰᠠᠭ᠎ᠤᠨ ᠶᠠᠪᠤᠳᠠᠯ᠎ᠤᠨ ᠱᠢᠢᠳᠭᠡᠯ ᠤᠯᠪᠠ᠃
ᠤᠳᠠᠭᠠᠨ ᠲᠠᠭᠠᠭᠠᠮᠠᠭᠠᠢ᠎ᠪᠠᠷ ᠬᠦᠴᠦᠯᠡᠵᠤ 《ᠲᠦᠷᠪᠡᠨ ᠰᠤᠷᠳᠠᠯ》 ᠢ ᠵᠠᠯᠠᠷᠠᠭᠤᠯᠪᠠ
《ᠱᠠᠨᠰᠢ ᠮᠤᠵᠢ᠎ᠶ᠋ᠢᠨ ᠬᠠᠨᠵᠦ᠋ᠩ ᠬᠤᠳᠠ᠎ᠶ᠋ᠢᠨ ᠰᠢ ᠱᠢᠶᠠᠩ ᠱᠢᠶᠠᠨ᠎ᠤ ᠨᠠᠮ᠎ᠤᠨ ᠬᠤᠷᠢᠶᠠᠨ᠎ᠤ ᠪᠠᠢᠡᠭ᠌ᠭᠤ᠎ᠶ᠋ᠢᠨ ᠭᠡᠱᠢᠬᠦᠨ᠂ ᠤᠤᠯ᠎ᠤᠨ ᠲᠡᠳ᠋ ᠱᠢᠶᠠᠨ᠎ᠤ ᠲᠠᠷᠤᠭ᠎ᠠ ᠬᠤᠸᠠᠩ ᠸᠧᠢ ᠲᠦᠷᠢᠮ᠎ᠠᠴᠠ ᠵᠦᠷᠢᠴᠡᠵᠤ ᠪᠡᠯᠡᠭ᠎ᠤᠨ ᠵᠤᠭᠤᠰ ᠬᠤᠷᠢᠶᠠᠬ᠍ᠰᠡᠨ ᠠᠰᠠᠭᠤᠳᠠᠯ》᠂ 《ᠭᠤᠸᠠᠩᠰᠢ᠎ᠶ᠋ᠢᠨ ᠵᠤᠸᠠᠩ ᠦᠨᠳᠤᠰᠤᠳᠡᠨ᠎ᠤ ᠦᠪᠡᠷᠳᠡᠭᠡᠨ ᠵᠠᠰᠠᠬᠤ ᠤᠷᠤᠨ᠎ᠤ ᠪᠠᠢ ᠰᠧ ᠬᠤᠳᠠ᠎ᠶ᠋ᠢᠨ ᠪᠠᠷᠢᠯᠭ᠎ᠠ᠎ᠶ᠋ᠢᠨ ᠢᠨᠵᠧᠨᠧᠷᠢᠩ᠎ᠤᠨ ᠶᠠᠰᠤ ᠴᠢᠨᠠᠷ᠎ᠤᠨ ᠱᠢᠯᠭᠠᠨ ᠪᠠᠢᠴᠠᠭᠠᠯᠳᠠ᠎ᠶ᠋ᠢᠨ ᠲᠦᠪ᠎ᠤᠨ ᠲᠡᠳ᠋ ᠡᠷᠬᠢᠯᠡᠭ᠌ᠴᠢ ᠢᠦᠢ ᠮᠢᠨ ᠲᠦᠷᠢᠮ᠎ᠠᠴᠠ ᠵᠦᠷᠢᠴᠡᠵᠤ ᠲᠤᠷ᠎ᠠ᠎ᠪᠠᠷ᠎ᠢᠶᠠᠨ ᠨᠡᠮᠡᠬᠦᠷᠢ ᠮᠦᠡᠭ᠌ᠭᠦ ᠨᠦᠬᠦᠪᠤᠷᠢ ᠮᠦᠡᠭ᠌ᠭᠦ ᠦᠭ᠌ᠬᠦᠭ᠌ᠰᠡᠨ ᠠᠰᠠᠭᠤᠳᠠᠯ》᠂ 《ᠤᠯᠤᠰ᠎ᠤᠨ ᠬᠢᠳᠡᠳ ᠡᠮ ᠡᠮᠨᠡᠯᠭᠡ᠎ᠶ᠋ᠢᠨ ᠬᠠᠮᠢᠶᠡᠷᠤᠯᠳᠠ᠎ᠶ᠋ᠢᠨ ᠲᠤᠪᠴᠢᠶᠠᠨ᠎ᠤ ᠪᠠᠢᠭᠤᠯᠭ᠎ᠠ᠎ᠶ᠋ᠢᠨ ᠦᠢᠯᠡᠴᠢᠯᠡᠭᠡᠨ᠎ᠤ ᠲᠦᠪ᠎ᠤᠨ ᠠᠳᠠᠯ ᠠᠬᠤᠢ᠎ᠶ᠋ᠢᠨ ᠭᠠᠵᠠᠷ᠎ᠤᠨ ᠤᠤᠯ᠎ᠤᠨ ᠲᠡᠳ᠋ ᠭᠠᠵᠠᠷ᠎ᠤᠨ ᠲᠠᠷᠤᠭ᠎ᠠ ᠾᠸᠣ ᠴᠢᠤᠸᠠᠨ ᠹᠦ᠋ ᠠᠯᠪᠡᠨᠤ ᠮᠠᠱᠢᠨ ᠲᠡᠷᠭᠡ᠎ᠶ᠋ᠢ ᠬᠤᠪᠢᠨ᠎ᠳᠠᠭᠠᠨ ᠭᠡᠷᠡᠭ᠌ᠯᠡᠭ᠌ᠰᠡᠨ ᠠᠰᠠᠭᠤᠳᠠᠯ》 ᠁
2021 ᠤᠨ᠎ᠤ ᠱᠢᠨ᠎ᠡ ᠵᠢᠯ᠎ᠠᠴᠠ ᠡᠮᠤᠨᠡᠭᠡᠨ᠂ ᠲᠦᠪ᠎ᠤᠨ ᠰᠠᠬᠢᠯᠭ᠎ᠠ ᠪᠠᠳᠤ ᠪᠠᠢᠴᠠᠭᠠᠬᠤ ᠬᠤᠷᠢᠶ᠎ᠡ ᠤᠯᠤᠰ᠎ᠤᠨ ᠬᠢᠨᠡᠨ ᠪᠠᠢᠴᠠᠭᠠᠬᠤ ᠵᠦᠪᠯᠡᠯ ᠲᠦᠪ᠎ᠤᠨ ᠨᠠᠢ᠍ᠮᠠᠨ ᠲᠤᠬ᠍ᠳᠠᠭᠠᠯ᠎ᠤᠨ ᠵᠤᠷᠢᠭ ᠰᠠᠨᠠᠭ᠎ᠠ᠎ᠠᠴᠠ ᠵᠦᠷᠢᠴᠡᠭ᠌ᠰᠡᠨ 6 ᠨᠡᠢᠳᠡᠯᠢᠭ ᠠᠰᠠᠭᠤᠳᠠᠯ᠎ᠢ ᠢᠯᠡ᠎ᠪᠠᠷ ᠵᠠᠷᠯᠡᠨ ᠮᠡᠳᠡᠭ᠌ᠳᠡᠪᠡ᠃ ᠡᠨᠡ ᠬᠦ᠌ 6 ᠠᠰᠠᠭᠤᠳᠠᠯ᠎ᠨᠢ ᠪᠤᠳᠠᠳᠠᠢ ᠬᠦᠮᠦᠨ᠂ ᠪᠤᠳᠠᠳᠠᠢ ᠶᠠᠪᠤᠳᠠᠯ᠎ᠢ ᠲᠤᠲᠤᠷᠬᠠᠢ ᠲᠤᠷᠠᠳᠴᠤ᠌᠂ ᠦᠷᠭᠡᠨ ᠤᠯᠠᠨ ᠨᠠᠮ᠎ᠤᠨ ᠭᠡᠱᠢᠬᠦᠨ ᠺᠠᠳ᠋ᠷ᠎ᠤᠨ ᠲᠤᠮᠳᠠ ᠲᠦᠢᠯ᠎ᠤᠨ ᠴᠢᠩᠭ᠎ᠠ ᠰᠡᠷᠡᠮᠵᠢᠯᠡᠬᠦᠯᠤᠨ ᠬᠦᠮᠦᠵᠢᠬᠦᠯᠬᠦ᠌ ᠦᠢᠯᠡᠳᠤᠯ ᠦᠵᠡᠬᠦᠯᠪᠠ᠃
2020 ᠤᠨ᠎ᠤ ᠤᠯᠤᠰ᠎ᠤᠨ ᠪᠠᠶᠠᠷ᠂ ᠨᠠᠢ᠍ᠮᠠᠨ ᠰᠠᠷ᠎ᠠ᠎ᠶ᠋ᠢᠨ ᠲᠡᠷᠬᠡᠯ ᠪᠠᠶᠠᠷ᠎ᠤᠨ ᠠᠮᠠᠷᠠᠯᠳᠠ᠎ᠶ᠋ᠢᠨ ᠬᠤᠭᠤᠴᠠᠭᠠᠨ᠎ᠳᠤ᠂ ᠬᠢᠷᠢᠨ ᠮᠤᠵᠢ᠎ᠶ᠋ᠢᠨ ᠰᠠᠬᠢᠯᠭ᠎ᠠ ᠪᠠᠳᠤ ᠪᠠᠢᠴᠠᠭᠠᠬᠤ ᠬᠤᠷᠢᠶ᠎ᠠ ᠬᠢᠨᠠᠨ ᠪᠠᠢᠴᠠᠭᠠᠬᠤ ᠵᠦᠪᠯᠡᠯ ᠤᠯᠠᠨ ᠰᠠᠯᠠᠭ᠎ᠠ ᠮᠦᠴᠢᠷ᠎ᠲᠠᠢ ᠬᠠᠮᠳᠤᠷᠠᠨ ᠵᠤᠬᠢᠶᠠᠨ ᠪᠠᠢᠭᠤᠯᠤᠬ᠍ᠰᠠᠨ ᠲᠤᠰᠭᠠᠢ ᠬᠢᠨᠠᠨ ᠪᠠᠢᠴᠠᠭᠠᠬᠤ ᠲᠤᠭᠤᠢ᠍ᠢᠯᠠᠩ᠎ᠨᠢ ᠲᠦᠷᠢᠮ᠎ᠠᠴᠠ ᠵᠦᠷᠢᠴᠡᠵᠤ ᠠᠯᠪᠠᠨ᠎ᠤ ᠵᠤᠭᠤᠰ ᠭᠡᠷᠡᠭ᠌ᠯᠠᠵᠤ ᠪᠠᠢᠭ᠎ᠠ ᠰᠡᠵᠢᠭ᠌ᠯᠡᠯ᠎ᠲᠠᠢ ᠭᠠᠵᠠᠷ᠎ᠢ ᠢᠯᠡᠷᠡᠬᠦᠯᠦᠭ᠌ᠰᠡᠨᠤ ᠲᠠᠷᠠᠭ᠎ᠠ᠂ ᠬᠢᠷᠢᠨ ᠮᠤᠵᠢ᠎ᠶ᠋ᠢᠨ ᠨᠢᠬᠡᠨ ᠲᠤᠮᠤ ᠬᠡᠯᠪᠡᠷᠢ᠎ᠶ᠋ᠢᠨ ᠬᠠᠮ ᠲᠡᠯᠬᠡᠬᠦᠷ᠎ᠲᠤ ᠢᠷᠡᠵᠤ ᠪᠠᠷᠢᠮᠳᠠ᠎ᠶ᠋ᠢᠨ ᠤᠭ ᠬᠠᠭᠤᠳᠠᠰᠤ᠎ᠶ᠋ᠢ ᠡᠷᠢᠨ ᠤᠯᠵᠤ᠂ 3 ᠠᠰᠠᠭᠤᠳᠠᠯ᠎ᠲᠠᠢ ᠪᠠᠷᠢᠮᠳᠠ᠎ᠶ᠋ᠢ ᠳᠡᠮᠳᠡᠭ᠌ᠯᠡᠪᠡ᠃
ᠨᠢᠬᠡ ᠵᠢᠯ᠎ᠤᠨ ᠲᠤᠷᠰᠢ᠂ ᠡᠯ᠎ᠠ ᠱᠠᠳᠤᠨ᠎ᠤ ᠰᠠᠬᠢᠯᠭ᠎ᠠ ᠪᠠᠳᠤ ᠪᠠᠢᠴᠠᠭᠠᠬᠤ ᠬᠢᠨᠠᠨ ᠪᠠᠢᠴᠠᠭᠠᠬᠤ ᠪᠠᠢᠭᠤᠯᠭ᠎ᠠ᠎ᠨᠢ ᠨᠠᠮ᠎ᠤᠨ ᠳᠤᠳᠤᠭᠠᠳᠤ᠎ᠳᠤ ᠬᠢᠨᠠᠯᠳᠠ ᠲᠠᠯᠪᠢᠬᠤ ᠲᠤᠰᠭᠠᠢ ᠬᠠᠷᠢᠭᠤᠴᠠᠯᠭᠠᠳᠤ ᠪᠠᠢᠭᠤᠯᠭ᠎ᠠ᠎ᠶ᠋ᠢᠨ ᠲᠤᠱᠢᠶᠠᠯ ᠬᠠᠷᠢᠭᠤᠴᠠᠯᠭ᠎ᠠ᠎ᠪᠠᠨ ᠡᠷᠡᠰ ᠭᠡᠷᠡᠭ᠌ᠵᠢᠬᠦᠯᠦᠨ 《ᠲᠦᠷᠪᠡᠨ ᠰᠤᠷᠳᠠᠯ》 ᠤᠨ ᠠᠰᠠᠭᠤᠳᠠᠯ᠎ᠢ ᠠᠳᠭᠤᠵᠤ᠂ ᠬᠠᠳᠠᠭᠠᠰᠤ ᠬᠠᠳᠠᠬᠤ ᠵᠤᠷᠢᠬ᠎ᠢᠶᠠᠷ ᠰᠤᠷᠳᠠᠯ᠎ᠤᠨ ᠪᠠᠢᠭᠤᠯᠤᠯᠳᠠ᠎ᠶ᠋ᠢ ᠠᠬᠢᠭᠤᠯᠵᠤ᠂ ᠪᠠᠭ᠎ᠠ ᠢᠯᠠᠯᠳᠠ᠎ᠪᠠᠷ ᠶᠡᠭᠡ ᠠᠮᠵᠢᠯᠳᠠ᠎ᠶ᠋ᠢ ᠬᠤᠷᠠᠮᠳᠤᠭᠤᠯᠵᠤ᠂ ᠲᠤᠭ᠎ᠠ ᠭᠡᠮᠵᠢᠶᠠᠨ᠎ᠤ ᠬᠤᠪᠢᠷᠠᠯᠳᠠ᠎ᠶ᠋ᠢ ᠴᠢᠨᠠᠷ᠎ᠤᠨ ᠬᠤᠪᠢᠷᠠᠯᠳᠠ ᠪᠤᠯᠭᠠᠨ ᠬᠤᠪᠢᠷᠠᠭᠤᠯᠵᠠᠢ᠃
ᠲᠤᠭ᠎ᠠ ᠪᠠᠷᠢᠮᠳᠠᠳᠤ ᠬᠠᠷᠠᠭᠤᠯᠤᠭ᠍ᠰᠠᠠ᠎ᠢᠶᠠᠷ᠂ 2020 ᠤᠨ᠎ᠤ 1 — 11 ᠰᠠᠷ᠎ᠠ᠎ᠳᠤ᠂ ᠪᠦᠬᠦ᠌ ᠤᠯᠤᠰ᠎ᠤᠨ ᠰᠠᠬᠢᠯᠭ᠎ᠠ ᠪᠠᠳᠤ ᠪᠠᠢᠴᠠᠭᠠᠬᠤ ᠬᠢᠨᠠᠨ ᠪᠠᠢᠴᠠᠭᠠᠬᠤ ᠪᠠᠢᠭᠤᠯᠭ᠎ᠠ᠎ᠨᠢ ᠲᠦᠪ᠎ᠤᠨ ᠨᠠᠢ᠍ᠮᠠᠨ ᠲᠤᠭ᠍ᠳᠠᠭᠠᠯ᠎ᠠᠴᠠ ᠵᠦᠷᠢᠴᠡᠭ᠌ᠰᠡᠨ ᠨᠡᠢᠳᠠ 11.7 ᠲᠦᠮᠡ ᠭᠠᠷᠤᠢ ᠬᠤᠪᠢ ᠠᠰᠠᠭᠤᠳᠠᠯ᠎ᠢ ᠪᠠᠢᠴᠠᠭᠠᠨ ᠱᠢᠢᠳᠪᠦᠷᠢᠯᠡᠵᠤ᠂ 17 ᠲᠦᠮᠡ ᠭᠠᠷᠤᠢ ᠬᠦᠮᠤᠨ᠎ᠢ ᠱᠢᠬᠦᠮᠵᠢᠯᠠᠨ ᠬᠦᠮᠤᠵᠢᠬᠦᠯᠵᠤ ᠬᠠᠪᠰᠤᠷᠬᠤ ᠪᠠ ᠱᠢᠢᠳᠪᠦᠷᠢᠯᠡᠵᠤ᠂ ᠡᠬᠦᠨ᠎ᠳᠤ 10 ᠲᠦᠮᠡ ᠭᠠᠷᠤᠢ ᠬᠦᠮᠤᠨ ᠨᠠᠮ᠎ᠤᠨ ᠰᠠᠬᠢᠯᠭ᠎ᠠ ᠪᠠᠳᠤ ᠵᠠᠰᠠᠬ᠎ᠤᠨ ᠶᠠᠪᠤᠳᠠᠯ᠎ᠤᠨ ᠱᠢᠢᠳᠭᠡᠯ ᠤᠯᠤᠬ᠍ᠰᠠᠨ ᠪᠠᠢᠨ᠎ᠠ᠃
ᠤᠯᠠᠨ ᠲᠦᠮᠡᠨ᠎ᠳᠤ ᠰᠤᠷᠳᠠᠯ᠎ᠢ ᠴᠡᠭ᠌ᠴᠡᠯᠠᠵᠤ ᠢᠯᠵᠡᠷᠠᠯᠢ ᠡᠰᠡᠷᠬᠦᠴᠡᠬᠦ᠌ ᠠᠵᠢᠯᠯᠠᠭ᠎ᠠ᠎ᠶ᠋ᠢᠨ ᠠᠮᠵᠢᠯᠳᠠ ᠪᠦᠳᠤᠮᠵᠢ᠎ᠶ᠋ᠢ ᠦᠨᠡᠨ ᠬᠦ᠌ ᠮᠡᠳᠡᠷᠡᠬᠦᠯᠪᠠ
《ᠠᠪᠠᠭ᠎ᠠ ᠡ᠂ ᠲᠠᠨ᠎ᠤ ᠲᠤᠰᠭᠠᠬ᠍ᠰᠠᠨ ᠲᠤᠰᠭᠤᠨ᠎ᠤ ᠺᠠᠳ᠋ᠷ ᠭᠠᠵᠠᠷ ᠱᠢᠷᠤᠢ᠎ᠶ᠋ᠢᠨ ᠨᠦᠬᠦᠪᠤᠷᠢ᠎ᠶ᠋ᠢᠨ ᠵᠤᠭᠤᠰ᠎ᠢ ᠱᠢᠯᠵᠢᠬᠦᠯᠤᠨ ᠵᠠᠷᠤᠬ᠍ᠰᠠᠨ ᠠᠰᠠᠭᠤᠳᠠᠯ᠎ᠢ ᠪᠢᠳᠠ ᠨᠢᠬᠡᠨᠳᠠ ᠪᠠᠢᠴᠠᠭᠠᠨ ᠳᠤᠳᠤᠯᠠᠪᠠ᠂ ᠤᠳᠤ ᠲᠠᠨ᠎ᠳᠤ ᠪᠠᠢᠴᠠᠭᠠᠬ᠍ᠰᠠᠨ ᠦᠷ᠎ᠠ ᠳ᠋ᠦᠩ᠎ᠢ ᠬᠠᠷᠢᠭᠤ ᠲᠤᠰᠭᠠᠶᠠ ᠁》
2020 ᠤᠨ᠎ᠤ 1 ᠰᠠᠷ᠎ᠠ᠎ᠶ᠋ᠢᠨ 14 ᠤ ᠦᠳᠡ᠎ᠶ᠋ᠢᠨ ᠬᠤᠢᠨ᠎ᠠ᠂ ᠡᡁᠧᠪᠸᠢ ᠮᠤᠵᠢ᠎ᠶ᠋ᠢᠨ ᠽᠦᠨᠬᠤᠸᠠ ᠬᠤᠳᠠ᠎ᠶ᠋ᠢᠨ ᠰᠠᠬᠢᠯᠭ᠎ᠠ ᠪᠠᠳᠤ ᠪᠠᠢᠴᠠᠭᠠᠬᠤ ᠬᠤᠷᠢᠶ᠎ᠠ ᠬᠢᠨᠠᠨ ᠪᠠᠢᠴᠠᠭᠠᠬᠤ ᠵᠦᠪᠯᠡᠯ᠎ᠤᠨ ᠺᠠᠳ᠋ᠷ ᠲᠤᠸᠠᠨ ᠫᠢᠶᠤᠤ ᠵᠤᠸᠠᠩ ᠱᠢᠶᠠᠩ᠎ᠤᠨ ᠦᠨᠡᠨ ᠨᠡᠷ᠎ᠠ᠎ᠪᠠᠷ᠎ᠢᠶᠠᠨ ᠵᠠᠬᠢᠳᠠᠯ ᠰᠤᠷᠪᠤᠯᠵᠢᠯᠠᠯ ᠬᠢᠵᠦ᠍ ᠭᠤᠮᠤᠳᠠᠯ ᠲᠤᠭᠠᠴᠢᠬ᠍ᠰᠠᠠ ᠬᠦᠮᠦᠨ᠎ᠤ ᠭᠡᠷ᠎ᠲᠤ ᠢᠷᠡᠵᠤ᠂ ᠲᠡᠬᠦᠨ᠎ᠤ ᠢᠯᠡᠴᠢᠯᠡᠨ ᠮᠡᠳᠡᠬᠦᠯᠵᠤ ᠵᠠᠭᠠᠯᠳᠤᠬ᠍ᠰᠠᠨ ᠠᠰᠠᠭᠤᠳᠠᠯ᠎ᠢ ᠱᠢᠢᠳᠪᠤᠷᠢᠯᠡᠭ᠌ᠰᠡᠨ ᠦᠷ᠎ᠠ ᠳ᠋ᠦᠩ᠎ᠢ ᠬᠠᠷᠢᠭᠤ ᠲᠤᠰᠭᠠᠪᠠ᠂ ᠵᠠᠬᠢᠳᠠᠯ ᠰᠤᠷᠪᠤᠯᠵᠢᠯᠠᠯ ᠬᠢᠵᠦ᠍ ᠭᠤᠮᠤᠳᠠᠯ ᠲᠤᠭᠠᠴᠢᠬ᠍ᠴᠢ ᠰᠡᠳᠭᠢᠯ ᠲᠤᠬ᠍ᠳᠤᠯᠤᠨ ᠰᠠᠨᠠᠭᠠᠨ᠎ᠳᠤᠨᠢ ᠬᠦᠷᠦᠭ᠌ᠰᠡᠨ ᠪᠠᠢᠨ᠎ᠠ᠃
ᠨᠢᠬᠡ ᠵᠢᠯ᠎ᠤᠨ ᠲᠤᠷᠰᠢ᠂ ᠡᠯ᠎ᠠ ᠱᠠᠳᠤᠨ᠎ᠤ ᠰᠠᠬᠢᠯᠭ᠎ᠠ ᠪᠠᠳᠤ ᠪᠠᠢᠴᠠᠭᠠᠬᠤ ᠬᠢᠨᠠᠨ ᠪᠠᠢᠴᠠᠭᠠᠬᠤ ᠪᠠᠢᠭᠤᠯᠭ᠎ᠠ᠎ᠨᠢ ᠠᠰᠠᠭᠤᠳᠠᠯ᠎ᠢᠶᠠᠷ ᠤᠳᠤᠷᠢᠳᠤᠮᠵᠢ ᠪᠤᠯᠭᠠᠬᠤ᠂ ᠬᠠᠷᠠᠯᠳᠠ᠎ᠪᠠᠷ ᠤᠳᠤᠷᠢᠳᠤᠮᠵᠢ ᠪᠤᠯᠭᠠᠬᠤ᠎ᠶ᠋ᠢ ᠪᠠᠷᠢᠮᠳᠠᠯᠠᠵᠤ᠂ ᠤᠯᠠᠨ ᠲᠦᠮᠡᠨ᠎ᠤ ᠲᠤᠰᠭᠠᠯ ᠴᠢᠩᠭ᠎ᠠ ᠲᠤᠪᠤᠢᠮ᠎ᠠ ᠠᠰᠠᠭᠤᠳᠠᠯ᠎ᠢ ᠰᠤᠩᠭᠤᠵᠤ᠂ ᠨᠢᠬᠡ ᠬᠦᠷᠢᠶᠠᠨ᠎ᠳᠤ ᠨᠢᠬᠡ ᠲᠤᠰᠭᠠᠢ ᠵᠦᠢᠯ᠂ ᠨᠢᠬᠡ ᠭᠠᠵᠠᠷ᠎ᠲᠤ ᠨᠢᠬᠡ ᠲᠦᠰᠤᠯ ᠠᠪᠬᠤ᠎ᠶ᠋ᠢ ᠠᠬᠢᠭᠤᠯᠵᠤ᠂ ᠶᠠᠳᠠᠭᠤ᠎ᠶ᠋ᠢ ᠲᠡᠳᠬᠦᠬᠦ᠌ ᠠᠷᠠᠳ᠎ᠤᠨ ᠠᠮᠢᠳᠤᠷᠠᠯ᠎ᠤᠨ ᠬᠦᠷᠢᠶᠠᠨ᠎ᠤ 《ᠪᠢᠴᠢᠯ ᠢᠯᠵᠡᠷᠠᠯ》 ᠢ ᠬᠦᠨᠵᠡᠬᠡᠢ ᠴᠡᠭ᠌ᠴᠡᠯᠡᠨ ᠵᠠᠰᠠᠵᠤ᠂ ᠠᠷᠠᠳ᠎ᠲᠤ ᠬᠠᠷᠠᠭᠠᠯᠵᠠᠯ ᠬᠦᠷᠳᠡᠬᠡᠬᠦ᠌ ᠲᠦᠷᠦ᠎ᠶ᠋ᠢᠨ ᠪᠤᠳᠤᠯᠭ᠎ᠠ᠎ᠶ᠋ᠢ ᠬᠠᠷᠱᠢᠯᠠᠬ᠍ᠰᠠᠨ ᠬᠠᠷᠰᠢ ᠰᠠᠭᠠᠳ᠎ᠢ ᠠᠷᠢᠯᠭᠠᠪᠠ᠃
ᠲᠤᠭ᠎ᠠ ᠪᠠᠷᠢᠮᠳᠠᠳᠤ ᠬᠠᠷᠠᠭᠤᠯᠤᠭ᠍ᠰᠠᠨ᠎ᠢᠶᠠᠷ᠂ 2020 ᠤᠨ᠎ᠤ 1 — 11 ᠰᠠᠷ᠎ᠠ᠎ᠳᠤ᠂ ᠡᠯ᠎ᠠ ᠱᠠᠳᠤᠨ᠎ᠤ ᠰᠠᠬᠢᠯᠭ᠎ᠠ ᠪᠠᠳᠤ ᠪᠠᠢᠴᠠᠭᠠᠬᠤ ᠬᠢᠨᠠᠨ ᠪᠠᠢᠴᠠᠭᠠᠬᠤ ᠪᠠᠢᠭᠤᠯᠭ᠎ᠠ 10.46 ᠲᠦᠮᠡᠨ ᠬᠤᠪᠢ ᠠᠷᠠᠳ᠎ᠤᠨ ᠠᠮᠢᠳᠤᠷᠠᠯ᠎ᠤᠨ ᠬᠦᠷᠢᠶᠠᠨ᠎ᠤ ᠢᠯᠵᠠᠷᠠᠯ᠎ᠤᠨ ᠠᠰᠠᠭᠤᠳᠠᠯ ᠪᠤᠯᠤᠨ ᠰᠤᠷᠳᠠᠯ᠎ᠤᠨ ᠠᠰᠠᠭᠤᠳᠠᠯ᠎ᠢ ᠪᠠᠢᠴᠠᠭᠠᠨ ᠱᠢᠢᠳᠪᠦᠷᠢᠯᠡᠵᠤ᠂ 14.95 ᠲᠦᠮᠡᠨ ᠬᠦᠮᠤᠨ᠎ᠢ ᠱᠢᠬᠦᠮᠵᠢᠯᠠᠨ ᠬᠦᠮᠤᠵᠢᠬᠦᠯᠵᠤ ᠬᠠᠪᠰᠤᠷᠬᠤ ᠪᠠ ᠱᠢᠢᠳᠪᠤᠷᠢᠯᠡᠵᠦ᠍᠂ ᠡᠬᠦᠨ᠎ᠳᠤ 9.2 ᠲᠦᠮᠡᠨ ᠬᠦᠮᠤᠨ᠎ᠳᠤ ᠨᠠᠮ᠎ᠤᠨ ᠰᠠᠬᠢᠯᠭ᠎ᠠ ᠪᠠᠳᠤ ᠵᠠᠰᠠᠬ᠎ᠤᠨ ᠶᠠᠪᠤᠳᠠᠯ᠎ᠤᠨ ᠱᠢᠢᠳᠭᠡᠯ ᠦᠭ᠌ᠴᠠᠢ᠃
ᠬᠤᠳᠠ ᠬᠦᠳᠡᠭᠡ᠎ᠶ᠋ᠢ ᠨᠡᠩ ᠠᠮᠤᠷ ᠠᠮᠤᠭᠤᠯᠠᠩ᠂ ᠤᠯᠠᠨ ᠲᠦᠮᠡᠨ᠎ᠢ ᠨᠠᠩ ᠪᠠᠶᠠᠷ ᠪᠠᠶᠠᠰᠭᠤᠯᠠᠩ᠎ᠲᠠᠢ ᠪᠤᠯᠭᠠᠬᠤ᠎ᠳᠤ ᠬᠠᠷ᠎ᠠ ᠪᠦᠯᠦᠭ᠌ᠳᠡᠨ ᠬᠠᠷᠬᠢᠰ ᠬᠦᠴᠤᠨ᠎ᠢ ᠠᠷᠢᠯᠭᠠᠬᠤ ᠪᠤᠯ ᠴᠢᠬᠤᠯᠠ ᠢᠨᠵᠧᠨᠧᠷᠢᠩ ᠪᠤᠯᠤᠨ᠎ᠠ᠃ ᠬᠠᠷ᠎ᠠ ᠪᠦᠯᠦᠭ᠌ᠳᠡᠨ ᠬᠠᠷᠬᠢᠰ ᠬᠦᠴᠤᠨ᠎ᠢ ᠠᠷᠢᠯᠭᠠᠬᠤ ᠲᠤᠰᠭᠠᠢ ᠲᠡᠮᠡᠴᠡᠯ᠎ᠤᠨ ᠰᠡᠬᠦᠯ ᠬᠤᠷᠢᠶᠠᠬᠤ ᠵᠢᠯ᠎ᠳᠤ᠂ ᠡᠯ᠎ᠠ ᠱᠠᠳᠤᠨ᠎ᠤ ᠰᠠᠬᠢᠯᠭ᠎ᠠ ᠪᠠᠳᠤ ᠪᠠᠢᠴᠠᠭᠠᠬᠤ ᠬᠢᠨᠠᠨ ᠪᠠᠢᠴᠠᠭᠠᠬᠤ ᠪᠠᠢᠭᠤᠯᠭ᠎ᠠ᠎ᠨᠢ 《ᠵᠢᠷᠭᠤᠭ᠎ᠠ᠎ᠶ᠋ᠢ ᠴᠡᠪᠡᠷᠯᠡᠬᠦ᠌》 ᠠᠵᠢᠯᠯᠠᠭ᠎ᠠ᠎ᠶ᠋ᠢ ᠯᠠᠪᠳᠠᠭᠤᠨ ᠪᠠᠳᠤᠳᠠᠢ ᠠᠬᠢᠭᠤᠯᠵᠤ᠂ ᠡᠷᠡᠰ ᠲᠠᠰᠤᠷᠬᠠᠢ᠎ᠪᠠᠷ 《ᠬᠠᠮᠠᠭᠠᠯᠠᠬᠤ ᠱᠢᠬᠦᠷ᠎ᠲᠤ ᠴᠤᠬᠢᠯᠳᠠ ᠦᠭ᠌ᠴᠤ ᠬᠠᠷᠢᠴᠠᠭᠠᠨ᠎ᠤ ᠲᠤᠤᠷ᠎ᠢ ᠡᠪᠳᠡᠪᠠ》᠃
ᠲᠤᠭ᠎ᠠ ᠪᠠᠷᠢᠮᠳᠠᠳᠤ ᠬᠠᠷᠠᠭᠤᠯᠤᠭ᠍ᠰᠠᠨ᠎ᠢᠶᠠᠷ᠂ 2020 ᠤᠨ᠎ᠤ 1 — 11 ᠰᠠᠷ᠎ᠠ᠎ᠳᠤ᠂ ᠪᠦᠬᠦ᠌ ᠤᠯᠤᠰ᠎ᠲᠤ ᠨᠡᠢᠳᠠ 2.96 ᠲᠦᠮᠡᠨ ᠬᠠᠷ᠎ᠠ ᠪᠦᠯᠦᠭ᠌ᠳᠡᠨ ᠬᠠᠷᠬᠢᠰ ᠬᠦᠴᠤᠨ᠎ᠳᠤ ᠬᠤᠯᠪᠤᠬ᠍ᠳᠠᠬᠤ ᠢᠯᠵᠠᠷᠠᠯ᠎ᠤᠨ ᠠᠰᠠᠭᠤᠳᠠᠯ ᠪᠤᠯᠤᠨ 《ᠬᠠᠮᠠᠭᠠᠯᠠᠬᠤ ᠱᠢᠬᠦᠷ》 ᠤᠨ ᠠᠰᠠᠭᠤᠳᠠᠯ᠎ᠢ ᠭᠡᠷᠡᠭ ᠪᠤᠯᠭᠠᠨ ᠪᠠᠢᠴᠠᠭᠠᠨ ᠱᠢᠢᠳᠪᠦᠷᠢᠯᠡᠵᠤ᠂ 2.54 ᠲᠦᠮᠡᠨ ᠨᠠᠮ᠎ᠤᠨ ᠬᠡᠱᠢᠬᠦᠨ ᠺᠠᠳ᠋ᠷ ᠪᠤᠯᠤᠨ ᠠᠯᠪᠠᠨ ᠠᠵᠢᠯᠳᠠᠨ᠎ᠳᠤ ᠨᠠᠮ᠎ᠤᠨ ᠰᠠᠬᠢᠯᠭ᠎ᠠ ᠪᠠᠳᠤ ᠵᠠᠰᠠᠬ᠎ᠤᠨ ᠶᠠᠪᠤᠳᠠᠯ᠎ᠤᠨ ᠱᠢᠢᠳᠭᠡᠯ ᠦᠭ᠌ᠴᠤ᠂ 2388 ᠬᠦᠮᠤᠨ᠎ᠢ ᠬᠠᠤᠯᠢ ᠴᠠᠭᠠᠵᠠ᠎ᠶ᠋ᠢᠨ ᠪᠠᠢᠭᠤᠯᠭ᠎ᠠ᠎ᠳᠤ ᠱᠢᠯᠵᠢᠬᠦᠯᠤᠨ ᠦᠭ᠌ᠴᠠᠢ᠃
ᠰᠤᠷᠳᠠᠯ᠎ᠤᠨ ᠪᠠᠢᠭᠤᠯᠤᠯᠳᠠ ᠡᠬᠦᠷᠢᠳᠠ ᠵᠤᠬ᠍ᠰᠤᠰᠢ ᠦᠬᠡᠢ᠃ 《ᠠᠷᠪᠠᠨ ᠭᠤᠷᠪᠠᠳᠤᠭᠠᠷ ᠲᠠᠪᠤᠨ ᠵᠢᠯ》 ᠲᠠᠬᠦᠰ ᠠᠮᠵᠢᠯᠳᠠ᠎ᠲᠠᠢ ᠰᠡᠬᠦᠯ ᠬᠤᠷᠢᠶᠠᠵᠤ᠂ 《ᠠᠷᠪᠠᠨ ᠲᠦᠷᠪᠡᠳᠤᠭᠡᠷ ᠲᠠᠪᠤᠨ ᠵᠢᠯ》 ᠤᠨ ᠱᠢᠨ᠎ᠠ ᠠᠶᠠᠨ ᠡᠬᠢᠯᠡᠬᠦ᠌ ᠲᠠᠱᠢᠷᠠᠮ᠎ᠳᠤ᠂ ᠡᠭᠦᠷᠢᠲᠡ ᠦᠡᠭ᠌ᠭᠡ ᠬᠤᠪᠢᠷᠠᠰᠢ ᠦᠭᠡᠢ ᠬᠢᠯᠠᠯᠵᠠᠬᠤ 《ᠱᠢᠵᠢᠷ ᠠᠯᠳᠠᠨ ᠨᠡᠷ᠎ᠠ᠎ᠶ᠋ᠢᠨ ᠬᠠᠭᠤᠳᠠᠰᠤ》 ᠨᠡᠢᠬᠡᠮ ᠵᠢᠷᠤᠮᠳᠤ ᠤᠳᠤᠬᠢᠴᠢᠯᠠᠬ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠳᠤᠬᠡᠨ ᠪᠠᠢᠭᠤᠯᠬᠤ᠎ᠳᠤ ᠦᠷᠬᠦᠯᠵᠢᠯᠠᠨ ᠠᠶᠠᠨ ᠵᠠᠮ᠎ᠢ ᠬᠠᠮᠠᠭᠠᠯᠠᠬᠤ ᠪᠤᠯᠤᠨ᠎ᠠ᠃
(ᠱᠢᠨᠬᠤᠸᠠ ᠬᠤᠷᠢᠶᠠᠨ᠎ᠤ ᠪᠡᠭᠡᠵᠢᠩ᠎ᠤᠨ 1 ᠰᠠᠷ᠎ᠡ᠎ᠶ᠋ᠢᠨ 18 ᠤ ᠴᠠᠬᠢᠯᠭᠠᠨ ᠮᠡᠳᠡᠭᠡ᠎ᠠᠴᠠ)