ᠨᠠᠮ᠎ᠡ᠎ᠶ᠋ᠢ ᠪᠤᠤ ᠨᠠᠰᠤᠬᠤᠷᠲᠦ ᠭᠡᠳᠡᠭ᠂ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠪᠠᠶᠠᠨᠬᠤᠱᠢᠭᠤ ᠪᠠᠯᠭᠠᠰᠤᠨ᠎ᠤ ᠴᠠᠭᠠᠬᠤᠷᠣᠢ ᠭᠠᠴᠠᠭᠠᠨ᠎ᠤ ᠠᠷᠠᠳ ᠪᠤᠯᠤᠨ᠎ᠠ᠂ ᠡᠨᠡ ᠵᠢᠯ 60 ᠨᠠᠰᠤᠲᠠᠶ᠂ ᠡᠬᠡᠨᠡᠷ ᠬᠦᠦ᠎ᠲᠠᠢ᠎ᠪᠠᠨ ᠭᠤᠷᠪᠠᠭᠤᠯᠠ ᠠᠮᠢᠳᠤᠷᠠᠵᠤ ᠪᠠᠢᠨ᠎ᠠ᠃ ᠪᠢᠳᠠ ᠴᠤ᠌ ᠵᠢᠷᠭᠠᠯᠳᠠᠢ ᠰᠠᠢᠬᠠᠨ ᠠᠮᠢᠳᠤᠷᠠᠵᠦ᠍ ᠪᠠᠢᠬ᠍ᠰᠡᠨ ᠶᠤᠮᠰᠠᠨ᠂ ᠭᠡᠪᠡᠴᠦ᠍ ᠲᠩᠷᠢ᠎ᠶ᠋ᠢᠨ ᠰᠠᠯᠬᠢ ᠲᠡᠭ᠌ᠰᠢ ᠦᠭᠡᠢ ᠭᠡᠳᠡᠭ᠎ᠢᠶᠠᠷ᠂ ᠡᠪᠡᠳᠴᠢᠨ ᠲᠠᠬᠤᠯ᠎ᠠᠴᠠ ᠪᠤᠯᠵᠤ ᠮᠠᠨ᠎ᠤ᠎ᠬᠢᠨ᠎ᠤ ᠠᠮᠢᠳᠤᠷᠠᠯ ᠶᠠᠳᠠᠭᠤ ᠬᠦᠴᠢᠷᠳᠡᠯᠳᠡᠢ ᠪᠠᠢᠳᠠᠯ᠎ᠳᠤ ᠤᠷᠤᠵᠤ ᠪᠢᠯᠡ᠃
2009 ᠣᠨ᠎ᠳᠤ ᠡᠬᠡᠨᠡᠷ ᠮᠢᠨᠢ ᠵᠢᠷᠤᠬᠡᠨ᠎ᠤ ᠪᠤᠯᠴᠢᠩ ᠪᠢᠲᠡᠭᠦᠷᠡᠬᠦ᠌ ᠡᠪᠡᠳᠴᠢᠨ ᠤᠯᠵᠦ᠍᠂ ᠠᠮᠢᠳᠤᠷᠠᠯ᠎ᠤᠨ ᠳᠠᠷᠤᠭᠠᠰᠦ ᠨᠢᠭᠡ ᠯᠡ ᠲᠤᠤᠷ᠎ᠠ ᠬᠦᠨᠳᠦᠷᠡᠵᠠᠢ᠃ 2014 ᠣᠨ᠎ᠳᠤ᠂ ᠡᠬᠡᠨᠡᠷ᠎ᠤᠨ ᠮᠢᠨᠢ ᠡᠪᠡᠳᠴᠢᠨ᠎ᠨᠢ ᠬᠦᠨᠳᠦᠷᠡᠵᠦ᠍ ᠴᠢᠰᠤ ᠳᠤᠲᠠᠬᠤ ᠴᠢᠨᠠᠷᠲᠠᠶ ᠵᠢᠷᠦᠬᠡᠨ ᠡᠪᠡᠳᠴᠢᠨ ᠪᠣᠯᠵᠦ᠍ ᠬᠤᠪᠢᠯᠪᠠ᠂ ᠲᠤᠬᠠᠢ᠎ᠶ᠋ᠢᠨ ᠦᠶ᠎ᠡ᠎ᠳᠤ ᠮᠡᠰᠡ ᠵᠠᠰᠠᠯ ᠬᠢᠯᠭᠡᠬᠦ᠌ ᠭᠡᠵᠦ᠍ ᠵᠤᠭᠤᠰ ᠵᠤᠭ᠎ᠠ ᠴᠤᠬ᠍ᠯᠠᠭᠤᠯᠵᠦ᠍᠂ ᠬᠦᠷᠰᠢ ᠵᠡᠷᠭᠡᠯᠳᠡᠭᠡ ᠲᠦᠷᠦᠯ ᠰᠠᠳᠤᠨ᠎ᠳᠠᠭᠠᠨ 10 ᠭᠠᠷᠤᠢ ᠲᠦᠮᠡᠨ ᠲᠦᠭᠦᠷᠢᠭ ᠦᠷᠢᠲᠦᠪᠡ᠂ ᠭᠡᠲᠡᠯ᠎ᠡ ᠡᠴᠦᠰ᠎ᠲᠡᠭᠡᠨ ᠬᠠᠱᠢᠯᠠ ᠵᠤᠭᠤᠰ ᠮᠦᠩᠭᠦ᠌ ᠬᠦᠷᠦᠯᠴᠡᠭ᠌ᠰᠡᠨ ᠦᠭᠡᠢ᠎ᠠᠴᠠ ᠪᠤᠯᠵᠦ᠍ ᠮᠡᠰᠡ ᠵᠠᠰᠠᠯ᠎ᠢᠶᠠᠨ ᠬᠠᠭᠠᠰ ᠵᠤᠬ᠍ᠰᠤᠵᠠᠢ᠃
2015 ᠣᠨ᠎ᠳᠤ᠂ ᠮᠠᠨ᠎ᠤ᠎ᠬᠢ᠎ᠨᠢ ᠶᠠᠳᠠᠭᠤ ᠬᠦᠴᠢᠷᠳᠡᠯᠳᠡᠢ ᠡᠷᠦᠭᠡ᠎ᠪᠠᠷ ᠳᠠᠩᠰᠠᠯᠠᠵᠦ᠍ ᠺᠠᠷᠳ᠋ᠯᠠᠪᠡ᠃ ᠤᠷᠢᠳ᠎ᠢᠶᠠᠷ ᠣᠨᠣᠱᠢᠯᠠᠨ ᠡᠮᠨᠡᠭᠦᠯᠵᠦ᠍ ᠳᠠᠷᠠᠭ᠎ᠠ᠎ᠨᠢ ᠰᠦᠢᠳᠭᠡᠯ ᠲᠤᠱᠢᠶᠠᠬᠤ᠂ ᠨᠢᠭᠡ ᠦᠷᠲᠡᠭᠡᠴᠢᠯᠡᠭ᠌ᠰᠡᠨ ᠬᠡᠯᠪᠡᠷᠢ᠎ᠪᠠᠷ ᠳ᠋ᠦᠩᠨᠡᠨ ᠪᠣᠳᠣᠬᠤ᠂ ᠡᠮᠨᠡᠯᠭᠡ᠎ᠳᠤ ᠰᠠᠭᠤᠵᠤ ᠡᠮᠨᠡᠭᠦᠯᠦᠭ᠌ᠰᠡᠨ ᠵᠠᠷᠤᠳᠠᠯ᠎ᠤᠨ 90% ᠠᠴᠠ ᠳᠡᠭᠡᠭ᠌ᠰᠢ᠎ᠶ᠋ᠢ ᠳᠠᠩᠰᠠ ᠲᠠᠢᠯᠬᠤ ᠭᠡᠭᠦ᠌ ᠮᠡᠳᠤ᠎ᠶ᠋ᠢᠨ ᠨᠢᠭᠡ ᠱᠢᠷᠢᠰ ᠦᠨᠡᠨ ᠪᠣᠳᠠᠲᠠᠢ ᠡᠷᠡᠭᠦᠯ ᠮᠡᠨᠳᠦ᠎ᠪᠠᠷ ᠶᠠᠳᠠᠭᠤ᠎ᠶ᠋ᠢ ᠲᠡᠳᠬᠦᠬᠦ᠌ ᠲᠦᠷᠦ᠎ᠶ᠋ᠢᠨ ᠪᠤᠳᠤᠯᠭ᠎ᠠ᠎ᠶ᠋ᠢᠨ ᠰᠠᠢᠨ᠎ᠢᠶᠠᠷ ᠡᠬᠡᠨᠡᠷ᠎ᠤᠨ ᠮᠢᠨᠢ ᠵᠢᠷᠦᠬᠡᠨ᠎ᠤ ᠲᠠᠮᠵᠢᠯᠭ᠎ᠠ᠎ᠶ᠋ᠢᠨ ᠮᠡᠰᠡ ᠵᠠᠰᠠᠯ᠎ᠢ ᠤᠷᠤᠭ᠍ᠰᠢᠲᠠᠢ ᠶᠠᠪᠤᠬ᠍ᠳᠠᠵᠠᠢ᠃
ᠡᠪᠡᠳᠴᠢᠨ ᠦᠵᠡᠭᠦᠯᠬᠦ᠌᠎ᠳᠤ ᠵᠤᠭᠤᠰ ᠦᠭᠡᠢ ᠠᠰᠠᠭᠤᠳᠠᠯ᠎ᠢ ᠱᠢᠳᠪᠦᠷᠢᠯᠡᠭ᠌ᠰᠡᠨᠤ ᠳᠠᠷᠠᠭ᠎ᠠ᠂ ᠶᠠᠳᠠᠭᠤ᠎ᠶ᠋ᠢ ᠲᠡᠳᠬᠦᠬᠦ᠌ ᠺᠠᠳ᠋ᠷ᠎ᠠᠴᠠ ᠮᠠᠨ᠎ᠤ᠎ᠬᠢ᠎ᠨᠢ ᠦᠪᠡᠷ᠎ᠤᠨ ᠪᠤᠳᠠᠳᠠᠢ᠎ᠲᠠᠢ᠎ᠪᠠᠨ ᠤᠶᠠᠯᠳᠤᠭᠤᠯᠵᠦ᠍ ᠲᠦᠷᠦᠯ ᠵᠦᠢᠯ ᠰᠤᠩᠭᠤᠬᠤ᠎ᠶ᠋ᠢ ᠵᠤᠷᠢᠬ᠍ᠵᠢᠭᠤᠯᠤᠨ᠂ 《ᠲᠤᠪᠶᠤᠭ ᠬᠡᠯᠪᠡᠷᠢ᠎ᠶ᠋ᠢᠨ ᠦᠢᠯᠡᠰ᠎ᠢᠶᠠᠷ ᠶᠠᠳᠠᠭᠤ᠎ᠶ᠋ᠢ ᠲᠡᠳᠬᠦᠬᠦ᠌》 ᠵᠠᠬ᠍ᠪᠤᠷ᠎ᠤᠨ ᠬᠠᠷᠠᠭᠠᠯᠵᠠᠯ ᠬᠦᠷᠳᠡᠭᠡᠭᠦ᠎ᠪᠠᠷ ᠪᠤᠯᠪᠠ᠃ ᠪᠢᠳᠡ ᠬᠤᠶᠠᠭᠤᠯᠠ ᠬᠡᠰᠡᠭ ᠬᠤᠭᠤᠴᠠᠭ᠎ᠠ ᠪᠤᠳᠤᠯᠬᠢᠯᠠᠭᠠᠳ ᠦᠬᠡᠷ ᠲᠡᠵᠢᠭᠡᠨ ᠦᠷᠡᠵᠢᠭᠦᠯᠬᠦ᠌ ᠦᠢᠯᠡᠰ᠎ᠢ ᠰᠤᠩᠭᠤᠪᠠ᠃ ᠪᠢᠳᠡ ᠵᠠᠰᠠᠭ᠎ᠤᠨ ᠣᠷᠳᠣᠨ᠎ᠤ ᠪᠠᠭᠤᠯᠭᠠᠬ᠍ᠰᠡᠨ 4.5 ᠲᠦᠮᠡᠨ ᠲᠥᠭᠦᠷᠢᠭ᠎ᠤᠨ ᠠᠵᠤ ᠦᠢᠯᠡᠰ᠎ᠢᠶᠠᠷ ᠶᠠᠳᠠᠭᠤ᠎ᠶ᠋ᠢ ᠲᠡᠳᠬᠦᠬᠦ᠌ ᠪᠡᠯᠡ ᠮᠥᠩᠭᠦ᠎ᠪᠠᠷ 6 ᠦᠨᠢᠶ᠎ᠡ ᠬᠤᠳᠠᠯᠳᠤᠨ ᠠᠪᠴᠦ᠍ ᠳᠡᠵᠢᠭᠡᠪᠡ᠃ ᠲᠦᠮᠡᠨ ᠬᠡᠷᠡᠭ᠎ᠤᠨ ᠲᠦᠷᠦᠭᠦᠦ ᠠᠯᠬᠤᠮ᠎ᠨᠢ ᠬᠦᠴᠢᠷ ᠭᠡᠳᠡᠭ᠎ᠢᠶᠠᠷ᠂ ᠡᠪᠦᠯ ᠬᠠᠪᠤᠷ᠎ᠤᠨ ᠡᠪᠡᠰᠦ ᠪᠣᠷᠳᠤᠭ᠎ᠠ ᠲᠤᠳᠠᠬ᠍ᠳᠠᠬᠤ᠂ ᠦᠬᠡᠷ᠎ᠤᠨ ᠫᠧᠩ ᠰᠠᠷᠠᠪᠴᠢ ᠦᠭᠡᠢ᠂ ᠤᠰᠤᠯᠠᠯᠳᠠ᠎ᠶ᠋ᠢᠨ ᠲᠠᠯ᠎ᠡ᠎ᠶ᠋ᠢᠨ ᠬᠦᠴᠢᠷᠳᠡᠯ ᠵᠡᠷᠭᠡ᠎ᠨᠢ ᠨᠠᠮᠠᠶ᠋ᠢ ᠴᠤᠬᠤᠮ ᠵᠣᠪᠠᠭᠠᠵᠠᠢ᠃ ᠶᠠᠳᠠᠭᠤ᠎ᠶ᠋ᠢ ᠲᠡᠳᠬᠦᠬᠦ᠌ ᠺᠠᠳ᠋ᠷ ᠰᠠᠨᠠᠭᠠᠴᠢᠯᠠᠭ᠎ᠠ᠎ᠠᠴᠠ᠎ᠪᠠᠨ ᠬᠠᠢᠷ᠎ᠠ ᠬᠠᠯᠠᠮᠵᠢ᠎ᠶ᠋ᠢᠨ ᠠᠵᠤ ᠠᠬᠤᠢᠯᠠᠯ᠎ᠲᠠᠢ ᠬᠠᠷᠢᠯᠴᠠᠬᠤ᠎ᠪᠠᠷ ᠲᠠᠮᠵᠢᠨ ᠡᠪᠡᠰᠦ ᠪᠣᠷᠳᠤᠭ᠎ᠠ᠎ᠶ᠋ᠢᠨ ᠠᠰᠠᠭᠤᠳᠠᠯ᠎ᠢ ᠱᠢᠢᠳᠪᠦᠷᠢᠯᠡᠵᠤ ᠦᠭ᠌ᠭᠦᠭ᠌ᠰᠡᠨ ᠪᠦᠭᠡᠳ ᠮᠠᠨ᠎ᠤ᠎ᠬᠢᠨ᠎ᠳᠤ ᠦᠬᠡᠷ᠎ᠤᠨ ᠬᠠᠱᠢᠶ᠎ᠠ ᠰᠠᠷᠠᠪᠴᠢ ᠪᠠᠢᠭᠤᠯᠤᠨ ᠦᠭ᠌ᠴᠦ᠂ ᠪᠠᠰᠠ ᠬᠤᠳᠳᠤᠭ ᠮᠠᠯᠲᠠᠵᠤ ᠥᠭ᠌ᠪᠡ᠃
ᠪᠢᠳᠠᠨ᠎ᠤ ᠠᠮᠢᠳᠤᠷᠠᠯ᠎ᠢ ᠰᠠᠢᠵᠢᠷᠠᠭᠤᠯᠬᠤ᠎ᠪᠠᠷ ᠴᠢᠷᠮᠠᠢᠵᠤ ᠪᠠᠢᠭ᠎ᠠ ᠬᠦᠮᠦᠨ ᠪᠦᠭᠦᠨ᠎ᠤ ᠬᠠᠯᠠᠭᠤᠨ ᠰᠡᠳᠭᠢᠯ᠎ᠤᠨ ᠬᠠᠷᠢᠭᠤ᠎ᠳᠤ ᠴᠢᠷᠮᠠᠢᠨ ᠠᠵᠢᠯᠯᠠᠵᠤ ᠦᠭᠡᠷ᠎ᠢᠶᠠᠨ ᠰᠠᠢᠨ ᠦᠰᠭᠡᠨᠠ ᠭᠡᠵᠦ᠍ ᠰᠡᠮᠡᠬᠡᠷ ᠵᠤᠷᠢᠭ ᠱᠢᠭᠤᠳᠪᠠ᠃ ᠡᠭᠡᠨᠡᠷ ᠪᠢᠲᠡ ᠬᠤᠶᠠᠭᠤᠯᠠ᠎ᠪᠠᠨ ᠡᠷᠲᠡᠯᠡᠵᠦ᠍ ᠣᠷᠦ᠋ᠢᠯᠠᠨ ᠦᠬᠡᠷ᠎ᠢᠶᠠᠨ ᠠᠷᠠᠴᠢᠯᠠᠵᠤ ᠲᠤᠳᠤᠮᠳᠠᠬᠤ᠎ᠶ᠋ᠢᠨ ᠵᠡᠷᠭᠡ᠎ᠪᠠᠷ ᠳᠡᠭᠡᠳᠤ ᠱᠠᠳᠤᠨ᠎ᠠᠴᠠ ᠵᠤᠬᠢᠶᠠᠨ ᠪᠠᠢᠭᠤᠯᠤᠬ᠍ᠰᠡᠨ ᠤᠳᠠᠭ᠎ᠠ ᠪᠤᠯᠭᠠᠨ᠎ᠤ ᠦᠬᠡᠷ ᠲᠡᠵᠢᠭᠡᠬᠦ᠌ ᠪᠣᠯᠪᠠᠰᠤᠷᠠᠯ᠎ᠤᠨ ᠠᠩᠭᠢ᠎ᠳᠤ ᠢᠳᠡᠪᠬᠢᠳᠡᠢ ᠤᠷᠤᠯᠴᠠᠵᠦ᠍᠂ ᠦᠭᠡᠷ᠎ᠢᠶᠠᠨ ᠱᠢᠨᠵᠢᠯᠡᠭᠦ᠌ ᠤᠬᠠᠭᠠᠨᠴᠢ᠎ᠪᠠᠷ ᠲᠡᠵᠢᠭᠡᠨ ᠦᠷᠡᠵᠢᠭᠦᠯᠭᠦ᠎ᠪᠠᠷ ᠴᠢᠷᠮᠠᠢᠬ᠍ᠰᠠᠭᠠᠷ ᠢᠷᠡᠵᠡᠢ᠃ ᠲᠤᠭᠤᠯ᠎ᠢᠶᠠᠨ ᠪᠤᠷᠳᠤᠵᠤ ᠬᠤᠳᠠᠯᠳᠤᠨᠡ᠂ ᠲᠠᠬᠢᠭᠠᠳ ᠦᠨᠢᠶ᠎ᠡ ᠬᠤᠳᠠᠯᠳᠤᠵᠦ᠍ ᠠᠪᠤᠨ᠎ᠠ᠂ ᠡᠨᠡ ᠮᠡᠲᠦ᠎ᠪᠠᠷ ᠬᠤᠶᠠᠷ ᠭᠤᠷᠪᠠᠭ᠍ᠠᠨ ᠵᠢᠯ᠎ᠤᠨ ᠬᠤᠭᠤᠷᠤᠨᠳᠤ ᠮᠠᠨ᠎ᠤ᠎ᠬᠢᠨ᠎ᠤ ᠦᠬᠡᠷ᠎ᠤᠨ ᠲᠤᠭ᠎ᠠ ᠲᠤᠯᠤᠭᠠᠢ ᠨᠡᠮᠡᠭ᠌ᠳᠡᠭᠡᠳ 17 ᠪᠤᠯᠵᠦ᠍᠂ ᠤᠷᠢᠳ ᠬᠤᠵᠢᠳ 6 ᠦᠬᠡᠷ ᠬᠤᠳᠠᠯᠳᠤᠵᠦ᠍᠂ 5 ᠲᠦᠮᠡ ᠭᠠᠷᠤᠶ ᠲᠥᠭᠦᠷᠢᠭ᠎ᠤᠨ ᠤᠷᠤᠯᠭ᠎ᠠ ᠤᠯᠪᠡ᠂ 1 ᠲᠦᠮᠡᠨ ᠲᠥᠭᠦᠷᠢᠭ᠎ᠢᠶᠠᠷ᠎ᠨᠢ ᠡᠪᠡᠰᠦ ᠪᠣᠷᠳᠣᠭᠠᠨ᠎ᠤ ᠫᠧᠩ ᠰᠠᠷᠠᠪᠴᠢ᠎ᠪᠠᠨ ᠰᠡᠯᠪᠢᠵᠤ ᠪᠠᠬᠢᠯᠡᠪᠡ᠃
ᠦᠬᠡᠷ ᠲᠡᠵᠢᠭᠡᠬᠦ᠌ ᠦᠢᠯᠡᠰ᠎ᠢᠶᠠᠷ ᠠᠮᠢᠳᠤᠷᠠᠯ᠎ᠢᠶᠠᠨ ᠦᠭᠡᠳᠡᠯᠡᠭᠦᠯᠤᠯᠠ᠃ 2018 ᠣᠨ᠎ᠳᠤ᠂ ᠮᠠᠨ᠎ᠤ᠎ᠬᠢᠨ ᠶᠠᠳᠠᠭᠤ᠎ᠠᠴᠠ ᠠᠩᠭᠢᠵᠢᠷᠠᠯ᠎ᠠ᠃ ᠤᠲᠦ ᠮᠠᠨ᠎ᠤ᠎ᠬᠢᠨ ᠰᠠᠷᠠᠭᠤᠯ ᠰᠠᠢᠬᠠᠨ ᠱᠢᠨ᠎ᠠ ᠭᠡᠷ᠎ᠲᠡᠭᠡᠨ ᠱᠢᠨ᠎ᠡ ᠲᠧᠯᠸᠢᠰ᠂ ᠱᠢᠨ᠎ᠡ ᠺᠣᠮᠫᠢᠦ᠋ᠲ᠋ᠧᠷ᠎ᠲᠠᠢ᠂ ᠦᠬᠡᠷ᠎ᠤᠨ ᠰᠠᠷᠠᠪᠴᠢᠨ᠎ᠳᠠᠭᠠᠨ ᠪᠠᠰᠠ ᠬᠢᠨᠠᠨ ᠡᠵᠡᠮᠳᠡᠬᠦ᠌ ᠮᠠᠱᠢᠨ ᠤᠭ᠍ᠰᠠᠷᠠᠵᠠᠶ᠂ ᠰᠦᠨᠢ ᠤᠷᠤᠢ᠎ᠪᠠᠷ ᠦᠬᠡᠷ᠎ᠤᠨ ᠬᠠᠱᠢᠶ᠎ᠡ ᠲᠠᠢᠰᠢ ᠬᠦᠶᠦᠭᠦ᠌ ᠬᠡᠷᠡᠭ ᠦᠭᠡᠢ ᠪᠤᠯᠵᠠᠢ᠂ ᠭᠡᠷ᠎ᠲᠡᠭᠡᠨ ᠲᠧᠯᠸᠢᠰ᠎ᠢᠶᠠᠨ ᠱᠠᠭᠠᠢᠵᠤ ᠪᠠᠢᠭᠠᠳ ᠦᠭᠡᠷ᠎ᠤᠨ᠎ᠢᠶᠠᠨ ᠪᠠᠢᠳᠠᠯ᠎ᠢ ᠠᠵᠢᠬ᠍ᠯᠠᠴᠢᠬᠠᠨᠠ ᠱᠢᠤ!
ᠳᠠᠷᠠᠭᠠᠴᠢ᠎ᠪᠠᠷ ᠲᠡᠵᠢᠭᠡᠨ ᠦᠷᠡᠵᠢᠭᠦᠯᠬᠦ᠌ ᠬᠡᠪᠴᠢᠶᠡᠵᠢᠯ᠎ᠢᠶᠠᠨ ᠦᠷᠭᠦᠯᠵᠢᠯᠡᠨ ᠦᠷᠭᠡᠳᠭᠡᠨ᠎ᠡ᠃ ᠬᠡᠳᠦᠨ ᠵᠢᠯ᠎ᠤᠨ ᠳᠠᠷᠠᠭ᠎ᠠ ᠬᠦᠤ᠎ᠪᠠᠨ ᠬᠤᠷᠢᠮᠯᠠᠬᠤ ᠦᠶ᠎ᠡ᠎ᠳᠤ ᠱᠢᠨ᠎ᠡ ᠭᠡᠷ ᠠᠪᠴᠤ᠌ ᠥᠭ᠌ᠭᠦᠨ᠎ᠡ᠃ ᠮᠢᠨᠦ᠍ ᠪᠠᠰᠠ ᠨᠢᠭᠡ ᠵᠢᠭᠠᠬᠠᠨ ᠬᠦᠰᠡᠯ ᠪᠠᠢᠨ᠎ᠠ᠂ ᠳᠠᠷᠤᠶ ᠡᠨᠡ ᠵᠢᠯ ᠡᠬᠡᠨᠡᠷᠲᠡᠭᠡᠨ ᠵᠠᠪᠠᠯ ᠨᠢᠭᠡᠨ ᠠᠯᠲᠠᠨ ᠪᠥᠭᠡᠵᠢ ᠠᠪᠴᠤ᠌ ᠦᠭ᠌ᠭᠦᠨ᠎ᠡ᠂ ᠠᠮᠢᠳᠤᠷᠠᠯ ᠠᠭᠠᠵᠢᠮ᠎ᠢᠶᠠᠷ ᠰᠠᠢᠵᠢᠷᠠᠯᠡ᠂ ᠡᠭᠡᠨᠡᠷ᠎ᠢᠶᠠᠨ ᠵᠢᠷᠭᠠᠭᠤᠯᠬᠤ ᠴᠠᠭ ᠪᠤᠯᠵᠠᠢ᠃
(ᠯᠢ ᠬᠠᠨ ᠨᠠᠢᠷᠠᠭᠤᠯᠪᠠ)