ᠮᠢᠬᠠᠨ᠎ᠤ ᠬᠤᠨᠢ ᠲᠡᠵᠢᠭᠡᠪᠡᠯ ᠪᠠᠶᠠᠠᠨᠠᠭᠤᠷ᠎ᠢ ᠬᠠᠷᠠᠭᠠᠴᠢ!
2020-12-04 09:52:39
ᠵᠣᠬᠢᠶᠠᠭ᠍ᠴᠢ᠄
ᠭᠤᠸ᠎ᠠ ᠬᠠᠢᠷᠬᠠᠨ ᠳᠡᠭᠦᠰᠪᠢᠯᠢᠭ
ᠣᠩᠱᠢᠭ᠍ᠰᠠᠨ ᠣᠳᠠᠭ᠎ᠠ᠄
★★★☆☆

《2008 ᠣᠨ᠎ᠳᠤ ᠪᠡᠭᠡᠵᠢᠩ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠪᠠᠶᠠᠨᠨᠠᠭᠤᠷ ᠬᠤᠲᠠ᠎ᠶ᠋ᠢᠨ ᠬᠤᠨᠢᠨ ᠮᠢᠬ᠎ᠠ᠎ᠶ᠋ᠢ ᠬᠡᠷᠡᠭ᠌ᠯᠡᠵᠦ᠍᠂ 2011 ᠣᠨ᠎ᠤ ᠱᠠᠩᠬᠠᠶ᠎ᠶ᠋ᠢᠨ ᠳᠡᠯᠡᠬᠡᠶ᠎ᠶ᠋ᠢᠨ ᠦᠵᠡᠰᠭᠦᠯᠡᠩ᠎ᠤᠨ ᠴᠤᠭ᠍ᠯᠠᠭᠠᠨ᠎ᠳᠤ ᠬᠡᠷᠡᠭ᠌ᠯᠡᠭ᠌ᠰᠡᠨ 50% ᠎ᠶ᠋ᠢᠨ ᠬᠤᠨᠢᠨ ᠮᠢᠬ᠎ᠠ᠎ᠶ᠋ᠢ ᠪᠠᠶᠠᠨᠨᠠᠭᠤᠷ ᠬᠤᠲᠠ᠎ᠠᠴᠠ ᠬᠠᠩᠭᠠᠵᠤ ᠥᠭ᠌ᠭᠦᠭ᠌ᠰᠡᠨ ᠶᠤᠮ᠂ ᠡᠭᠦᠨ᠎ᠤ ᠤᠯᠠᠮ᠎ᠠᠴᠠ 〈ᠪᠦᠬᠦ᠌ ᠤᠯᠤᠰ᠎ᠤᠨ ᠬᠤᠨᠢᠨ ᠮᠢᠬᠠᠨ᠎ᠤ ᠦᠨ᠎ᠡ ᠬᠠᠩᠰᠢ᠎ᠨᠢ ᠦᠪᠦᠷ ᠮᠤᠩᠭᠤᠯ᠎ᠤᠨ᠎ᠬᠢ᠎ᠶ᠋ᠢ ᠦᠨᠳᠦᠰᠦᠯᠡᠳᠡᠭ᠂ ᠦᠪᠦᠷ ᠮᠤᠩᠭᠤᠯ᠎ᠤᠨ ᠬᠤᠨᠢᠨ ᠮᠢᠬᠠᠨ᠎ᠤ ᠬᠠᠩᠰᠢ᠎ᠨᠢ ᠪᠠᠶᠠᠨᠨᠠᠭᠤᠷ᠎ᠤᠨ᠎ᠬᠢ᠎ᠪᠠᠷ ᠦᠨᠳᠦᠰᠦᠯᠡᠯ ᠪᠤᠯᠭᠠᠳᠠᠭ〉 ᠭᠡᠰᠡᠨ ᠰᠠᠢᠬᠠᠨ ᠠᠯᠳᠠᠷ᠎ᠲᠠᠢ ᠪᠤᠯᠤᠬ᠍ᠰᠠᠨ》 ᠭᠡᠵᠤ ᠳᠤᠬᠠᠢ᠎ᠶ᠋ᠢᠨ ᠦᠶ᠎ᠠ᠎ᠳᠤ ᠬᠤᠨᠢᠨ ᠮᠢᠬᠠᠨ᠎ᠤ ᠶᠠᠰᠤ ᠴᠢᠨᠠᠷ᠎ᠤᠨ ᠪᠠᠷᠢᠮᠵᠢᠶ᠎ᠠ᠎ᠶ᠋ᠢ ᠱᠢᠯᠭᠠᠨ ᠬᠡᠮᠵᠢᠬᠦ᠌ ᠠᠵᠢᠯ᠎ᠳᠤ ᠤᠷᠤᠯᠴᠠᠵᠤ ᠪᠠᠢᠭ᠍ᠰᠠᠨ ᠪᠠᠶᠠᠨᠨᠠᠭᠤᠷ ᠬᠤᠳᠠ᠎ᠶ᠋ᠢᠨ ᠳᠠᠷᠢᠶᠠᠯᠠᠩ ᠮᠠᠯ ᠠᠵᠤ ᠠᠬᠤᠢ᠎ᠶ᠋ᠢᠨ ᠱᠢᠨᠵᠢᠯᠡᠭᠦ᠌ ᠤᠬᠠᠭᠠᠨ ᠰᠤᠳᠤᠯᠭᠠᠨ᠎ᠤ ᠬᠦᠷᠢᠶᠡᠯᠡᠩ᠎ᠤᠨ ᠳᠡᠳ᠋ ᠳᠠᠷᠤᠭ᠎ᠠ ᠸᠠᠩ ᠸᠧᠨ ᠢ ᠰᠤᠷᠪᠤᠯᠵᠢᠯᠠᠭ᠍ᠴᠢ᠎ᠳᠤ ᠳᠠᠨᠢᠯᠴᠠᠭᠤᠯᠵᠦ᠍ ᠭᠠᠷᠤᠯ᠎ᠠ᠃ 


QQ图片20201204093353.png


ᠳᠤᠮᠳᠠᠳᠤ ᠤᠯᠤᠰ᠎ᠤᠨ ᠬᠤᠨᠢᠨ᠎ᠤ ᠬᠤᠳᠠ᠎ᠶ᠋ᠢ ᠴᠤᠭ᠍ᠴᠠᠯᠠᠵᠤ ᠪᠠᠢᠭ᠎ᠠ ᠪᠠᠶᠠᠨᠨᠠᠭᠤᠷ ᠬᠤᠲᠠ᠎ᠶ᠋ᠢᠨ ᠬᠤᠨᠢᠨ ᠮᠢᠬ᠎ᠠ᠂ ᠬᠤᠨᠢ ᠱᠢᠢᠳᠪᠦᠷᠢᠯᠡᠭ᠌ᠰᠡᠨ ᠪᠦᠲᠦᠭᠡᠭ᠌ᠳᠡᠬᠦᠨ᠎ᠤ ᠥᠷᠲᠡᠭ᠂ ᠬᠤᠨᠢᠨ᠎ᠤ ᠡᠪᠡᠰᠦ ᠪᠣᠷᠳᠣᠭᠠᠨ᠎ᠤ ᠦᠢᠯᠡᠳᠭᠦᠨ᠎ᠤ ᠥᠷᠲᠡᠭ᠂ ᠲᠥᠬᠦᠭᠡᠷᠦᠮᠵᠢᠲᠦ ᠬᠤᠨᠢᠨ᠎ᠤ ᠬᠠᠱᠢᠶ᠎ᠠ ᠰᠠᠷᠠᠪᠴᠢ᠎ᠶ᠋ᠢᠨ ᠦᠢᠯᠡᠳᠬᠦᠨ᠎ᠤ ᠥᠷᠲᠡᠭ ᠵᠡᠷᠭᠡ ᠲᠠᠯ᠎ᠠ᠎ᠪᠠᠷ ᠪᠥᠬᠦ᠌ ᠤᠯᠤᠰ᠎ᠤᠨ ᠭᠠᠵᠠᠷ᠎ᠤᠨ ᠲᠠᠰ᠎ᠤᠨ ᠬᠤᠲᠠ᠎ᠶ᠋ᠢᠨ ᠳᠣᠲᠣᠷ᠎ᠠ ᠮᠠᠩᠯᠠᠢᠯᠠᠵᠤ ᠶᠠᠪᠤᠭ᠎ᠠ ᠠᠵᠢ᠃ 《ᠪᠥᠬᠦ᠌ ᠤᠯᠤᠰ᠎ᠤᠨ ᠭᠠᠵᠠᠷ᠎ᠤᠨ ᠲᠠᠰ᠎ᠤᠨ ᠬᠤᠲᠠ᠎ᠶ᠋ᠢᠨ ᠳᠣᠲᠣᠷ᠎ᠠ ᠬᠤᠨᠢ ᠳᠡᠵᠢᠭᠡᠭᠦ᠌ ᠬᠡᠪᠴᠢᠶ᠎ᠠ᠎ᠪᠠᠷ ᠬᠠᠮᠤᠭ᠎ᠤᠨ ᠶᠡᠭᠡ᠂ ᠵᠠᠬ᠎ᠠ ᠳᠡᠯᠭᠡᠭᠦᠷ᠎ᠲᠤ ᠳᠥᠷᠪᠡᠨ ᠤᠯᠠᠷᠢᠯ᠎ᠢᠶᠠᠷ ᠲᠡᠩᠴᠡᠭᠦᠷᠢᠲᠡᠶ ᠬᠤᠨᠢ ᠭᠠᠷᠭᠠᠵᠤ ᠳᠡᠢᠯᠬᠦ᠌ ᠮᠢᠬᠠᠨ᠎ᠤ ᠬᠤᠨᠢ ᠲᠡᠵᠢᠭᠡᠨ ᠦᠷᠡᠵᠢᠭᠦᠯᠬᠦ᠌ ᠪᠠ ᠡᠳ᠋ᠱᠢᠭᠦᠯᠦᠨ ᠪᠣᠯᠪᠠᠰᠤᠷᠠᠭᠤᠯᠬᠤ ᠴᠣᠷ᠎ᠤᠨ ᠭᠠᠭ᠍ᠴᠠ ᠰᠠᠭᠤᠷᠢᠨ》 ᠪᠣᠯᠬᠤ ᠪᠠᠶᠠᠨᠨᠠᠭᠤᠷ ᠬᠤᠳᠠ᠎ᠶ᠋ᠢᠨ ᠬᠤᠨᠢᠨ᠎ᠤ ᠠᠵᠤ ᠦᠢᠯᠡᠰ᠂ ᠢᠯᠠᠩᠭᠤᠶ᠎ᠠ ᠮᠢᠬᠠᠨ᠎ᠤ ᠬᠤᠨᠢᠨ᠎ᠤ ᠠᠵᠤ ᠦᠢᠯᠡᠰ᠎ᠨᠢ ᠬᠤᠨᠢ ᠳᠡᠵᠢᠭᠡᠨ ᠦᠷᠡᠵᠢᠭᠦᠯᠬᠦ᠌᠎ᠠᠴᠠ ᠠᠪᠤᠭᠠᠳ ᠬᠤᠨᠢᠨ ᠮᠢᠬ᠎ᠠ᠎ᠶ᠋ᠢ ᠵᠠᠬ᠎ᠠ ᠳᠡᠯᠭᠡᠭᠦᠷ᠎ᠲᠤ ᠭᠠᠷᠭᠠᠨ ᠬᠡᠷᠡᠭ᠌ᠯᠡᠭ᠌ᠴᠢ᠎ᠶ᠋ᠢᠨ ᠭᠠᠷ᠎ᠲᠤ ᠬᠦᠷᠭᠡᠭᠦ᠌ ᠬᠦᠷᠳᠡᠯᠡᠬᠢ ᠪᠦᠬᠦ᠌ ᠠᠵᠤ ᠦᠢᠯᠡᠰ᠎ᠤᠨ ᠬᠡᠯᠬᠢᠶ᠎ᠠ᠎ᠶ᠋ᠢ ᠪᠦᠷᠢᠯᠳᠦᠭᠦᠯᠵᠤ᠂ ᠱᠢᠨ᠎ᠠ ᠴᠠᠭ ᠦᠶ᠎ᠠ᠎ᠶ᠋ᠢᠨ ᠬᠤᠨᠢᠨ᠎ᠤ ᠠᠵᠤ ᠦᠢᠯᠡᠰ᠎ᠤᠨ ᠥᠷᠨᠢᠯ ᠬᠥᠭ᠌ᠵᠢᠯᠲᠡ᠎ᠶ᠋ᠢᠨ ᠱᠢᠨ᠎ᠠ ᠳᠤᠮᠤᠭ᠎ᠢ ᠬᠦᠤᠷᠨᠢᠨ᠎ᠡ᠃ 

ᠠᠯᠠᠱᠢᠨ᠎ᠤ ᠠᠵᠤ ᠠᠬᠤᠢ᠍ᠢᠯᠠᠯ᠎ᠤᠨ ᠦᠷᠨᠢᠯ 

ᠪᠠᠶᠠᠨᠨᠠᠭᠤᠷ ᠬᠤᠳᠠ᠎ᠶ᠋ᠢᠨ ᠬᠤᠨᠢᠨ᠎ᠤ ᠠᠵᠤ ᠦᠢᠯᠡᠰ᠎ᠤᠨ ᠬᠦᠭ᠌ᠵᠢᠯᠳᠡ ᠰᠠᠢᠳᠠᠢ᠂ ᠢᠯᠠᠩᠭᠤᠶ᠎ᠠ ᠤᠢ᠍ᠢᠷ᠎ᠠ᠎ᠶ᠋ᠢᠨ ᠠᠷᠪᠠᠨ ᠵᠢᠯ᠎ᠳᠤ ᠮᠢᠬᠠᠨ᠎ᠤ ᠬᠤᠨᠢᠨ᠎ᠤ ᠲᠦᠷᠭᠡᠨ ᠬᠦᠭ᠌ᠵᠢᠯᠳᠡ᠎ᠶ᠋ᠢ ᠪᠡᠶᠡᠯᠡᠭᠦᠯᠵᠤ᠂ ᠬᠡᠪᠴᠢᠶ᠎ᠠ᠎ᠨᠢ ᠦᠷᠭᠡᠳᠴᠦ᠍᠂ ᠬᠤᠨᠢᠨ᠎ᠤ ᠳᠤᠭ᠎ᠠ ᠳᠤᠯᠤᠭᠠᠢ ᠨᠡᠮᠡᠭ᠌ᠳᠡᠨ᠂ ᠬᠤᠨᠢᠨ ᠮᠢᠬᠠᠨ᠎ᠤ ᠶᠠᠰᠤ ᠴᠢᠨᠠᠷ ᠴᠦ᠍ ᠤᠯᠠᠮ᠎ᠢᠶᠠᠷ ᠳᠡᠭᠡᠭ᠌ᠰᠢᠯᠡᠪᠡ᠃ ᠪᠠᠶᠠᠠᠨᠠᠭᠤᠷ ᠬᠤᠳᠠ᠎ᠶ᠋ᠢᠨ ᠬᠤᠨᠢᠨ ᠮᠢᠬ᠎ᠠ ᠪᠦᠬᠦ᠌ ᠤᠯᠤᠰ᠎ᠲᠤ ᠪᠤᠷᠤᠯᠠᠭᠤᠯᠤᠭ᠍ᠳᠠᠬ᠍ᠰᠠᠨ ᠮᠦᠷᠳᠡᠭᠡᠨ ᠤᠯᠤᠰ᠎ᠤᠨ ᠭᠠᠳᠠᠭᠠᠳᠤ᠎ᠶ᠋ᠢᠨ ᠵᠠᠬ᠎ᠠ ᠳᠡᠯᠭᠡᠭᠦᠷ᠎ᠲᠤ ᠴᠦ᠍ ᠭᠠᠷᠴᠦ᠍ ᠪᠤᠢ᠃ 

11 ᠰᠠᠷ᠎ᠠ᠎ᠶ᠋ᠢᠨ 22 ᠎ᠤᠨ ᠡᠳᠦᠷ᠂ ᠰᠤᠷᠪᠤᠯᠵᠢᠯᠠᠭ᠍ᠴᠢ ᠥᠪᠥᠷ ᠮᠣᠩᠭᠤᠯ᠎ᠤᠨ ᠲᠠᠯ᠎ᠠ ᠨᠤᠲᠤᠭ᠎ᠤᠨ ᠬᠤᠩ ᠪᠦᠦ ᠢᠳᠡᠭᠡᠨ᠎ᠤ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ᠎ᠶ᠋ᠢᠨ ᠠᠯᠠᠱᠢᠨ᠎ᠤ ᠭᠠᠵᠠᠷ᠎ᠤᠨ ᠦᠢᠯᠡᠳᠪᠦᠷᠢᠯᠡᠯ᠎ᠤᠨ ᠳᠠᠰᠤᠭ᠎ᠲᠤ ᠬᠦᠷᠪᠡᠯ᠂ ᠨᠢᠭᠡᠨᠳᠡ ᠨᠢᠳᠤᠯᠤᠭ᠍ᠰᠠᠨ ᠳᠡᠭᠦᠵᠢᠯᠡᠭᠡᠰᠦᠳᠠᠢ ᠬᠤᠨᠢᠨ ᠮᠢᠬ᠎ᠠ᠎ᠶ᠋ᠢ ᠮᠠᠱᠢᠨ᠎ᠢᠶᠠᠷ ᠳᠤᠳᠤᠭ᠍ᠰᠢ ᠳᠠᠮᠵᠢᠭᠤᠯᠬᠤ᠎ᠳᠤ ᠠᠵᠢᠯᠴᠢᠳ ᠬᠤᠨᠢᠨ᠎ᠤ ᠱᠢᠬᠢᠷ᠎ᠡ ᠠᠷᠠᠰᠤ ᠬᠡᠳᠡᠰᠤ ᠳᠤᠳᠤᠷ᠎ᠢ ᠱᠢᠢᠳᠪᠦᠷᠢᠯᠡᠨ ᠶᠠᠭᠠᠷᠠᠯᠳᠤᠬᠤ ᠬᠠᠷᠠᠭ᠍ᠳᠠᠨ᠎ᠠ᠃ 《ᠨᠢᠭᠡᠨ ᠠᠮᠢᠳᠤ ᠬᠤᠨᠢ ᠠᠯᠠᠱᠢᠨ᠎ᠤ ᠭᠠᠵᠠᠷ᠎ᠲᠤ ᠬᠦᠷᠪᠡᠯ᠂ ᠬᠡᠷᠡᠭ ᠦᠭᠡᠢ ᠵᠦᠢᠯ ᠭᠡᠵᠤ ᠤᠭ᠍ᠳᠤᠬᠠᠨ ᠴᠦ᠍ ᠦᠭᠡᠢ᠂ ᠬᠤᠨᠢᠨ᠎ᠤ ᠴᠢᠰᠤ᠎ᠶ᠋ᠢ ᠮᠠᠨ᠎ᠤ ᠠᠳᠡᠭᠢ ᠨᠢᠭᠡᠨ ᠠᠵᠤ ᠠᠬᠤᠢ᠍ᠢᠯᠠᠯ ᠠᠱᠢᠬ᠍ᠯᠠᠨ ᠴᠢᠰᠤᠨ᠎ᠤ ᠴᠠᠭᠠᠨ ᠡᠰ᠎ᠢ ᠢᠯᠭᠠᠷᠠᠭᠤᠯᠬᠤ᠎ᠳᠤ ᠠᠱᠢᠭ᠍ᠯᠠᠵᠤ ᠪᠤᠢ᠂ ᠠᠷᠠᠰᠤ᠎ᠠᠴᠠ ᠡᠬᠢᠯᠡᠨ ᠳᠤᠯᠤᠭᠠᠢ ᠱᠢᠬᠢᠷ᠎ᠠ᠎ᠳᠤᠨᠢ ᠳᠤᠯᠳᠠᠯ᠎ᠠ ᠪᠦᠬᠦᠨ᠎ᠢ ᠪᠤᠷᠤᠯᠠᠭᠤᠯᠬᠤ ᠳᠤᠰᠭᠠᠢ ᠵᠠᠮ᠎ᠲᠠᠢ ᠪᠦᠭᠡᠳ ᠵᠦᠪᠭᠡᠨ ᠬᠤᠨᠢᠨ᠎ᠤ ᠮᠢᠬ᠎ᠠ᠎ᠶ᠋ᠢ 180 ᠭᠠᠷᠤᠢ ᠪᠦᠳᠦᠭᠡᠭ᠌ᠳᠡᠭᠦᠨ ᠪᠤᠯᠭᠠᠨ ᠪᠤᠭᠤᠳᠠᠯᠯᠠᠨ ᠪᠤᠷᠤᠯᠠᠭᠤᠯᠵᠤ ᠪᠤᠢ᠂ ᠰᠦ᠎ᠶ᠋ᠢᠨ ᠭᠠᠷᠤᠯᠳᠠ᠎ᠶ᠋ᠢᠨ ᠪᠦᠳᠦᠭᠡᠭ᠌ᠳᠡᠭᠦᠨ᠎ᠢᠶᠠᠨ ᠨᠡᠮᠡᠪᠡᠯ ᠮᠠᠨ᠎ᠤ ᠠᠵᠤ ᠠᠬᠤᠢ᠍ᠢᠯᠠᠯ 200 ᠭᠠᠷᠤᠢ ᠪᠦᠳᠦᠭᠡᠭ᠌ᠳᠡᠭᠦᠨ ᠤᠢ᠍ᠢᠯᠡᠳᠬᠦᠨ᠎ᠢ ᠡᠳ᠋ᠱᠢᠭᠦᠯᠦᠨ ᠪᠤᠯᠪᠠᠰᠤᠷᠠᠭᠤᠯᠵᠤ ᠵᠠᠬ᠎ᠠ ᠳᠡᠯᠭᠡᠭᠦᠷ᠎ᠲᠤ ᠭᠠᠷᠭᠠᠵᠤ ᠪᠠᠢᠨ᠎ᠠ》 ᠭᠡᠵᠤ ᠳᠤᠰ ᠺᠤᠮᠫᠠᠨᠢ᠎ᠶ᠋ᠢᠨ ᠬᠡᠷᠡᠭ ᠮᠡᠳᠡᠭ᠌ᠴᠢᠳ᠎ᠤᠨ ᠳᠠᠷᠤᠭ᠎ᠠ ᠲᠠᠨ ᠵᠢᠶᠦ᠋ᠨ ᠳᠠᠨᠢᠯᠴᠠᠭᠤᠯᠤᠨ᠎ᠠ᠃ 

ᠪᠠᠶᠠᠠᠨᠠᠭᠤᠷ ᠬᠤᠳᠠ᠎ᠶ᠋ᠢᠨ ᠮᠢᠬᠠᠨ᠎ᠤ ᠬᠤᠨᠢᠨ᠎ᠤ ᠠᠵᠤ ᠦᠢᠯᠡᠰ᠎ᠢ ᠬᠠᠮᠤᠭ᠎ᠤᠨ ᠠᠩᠬᠠᠨ᠎ᠳᠤ ᠠᠯᠠᠱᠢᠨ᠎ᠤ ᠠᠵᠤ ᠠᠬᠤᠢ᠍ᠢᠯᠠᠯ᠎ᠠᠴᠠ ᠳᠠᠢᠴᠢᠯᠠᠵᠤ ᠬᠦᠭ᠌ᠵᠢᠭᠦᠯᠦᠭ᠌ᠰᠡᠨ ᠭᠡᠳᠡᠭ᠃ ᠶᠡᠷᠡᠭᠡᠳ ᠤᠨ᠎ᠤ ᠳᠤᠮᠳᠠᠴᠢ ᠪᠤᠯᠳᠠᠯ᠎ᠠ᠂ ᠪᠠᠶᠠᠠᠨᠠᠭᠤᠷ᠎ᠤᠨ ᠮᠠᠯᠴᠢᠨ ᠳᠠᠷᠢᠶᠠᠴᠢᠳ ᠬᠤᠨᠢ᠎ᠪᠠᠨ ᠪᠡᠯᠴᠢᠭᠡᠷᠯᠡᠭᠦᠯᠦᠨ ᠠᠷᠠᠴᠢᠯᠠᠵᠤ᠂ ᠨᠠᠮᠤᠷ᠎ᠤᠨ ᠤᠯᠠᠷᠢᠯ ᠪᠤᠯᠪᠠᠯ ᠶᠡᠭᠡ ᠬᠡᠮᠵᠢᠶ᠎ᠠ᠎ᠪᠠᠷ ᠱᠢᠢᠳᠪᠦᠷᠢᠯᠡᠵᠤ ᠪᠠᠢᠵᠠᠢ᠃ ᠳᠤᠬᠠᠢ᠎ᠶ᠋ᠢᠨ ᠦᠶ᠎ᠠ᠎ᠳᠤ ᠪᠠᠶᠠᠠᠨᠠᠭᠤᠷ ᠠᠢᠮᠠᠭ᠎ᠤᠨ ᠢᠳᠡᠭᠡᠨ᠎ᠤ ᠺᠤᠮᠫᠠᠨᠢ᠎ᠶ᠋ᠢᠨ ᠬᠦᠢᠳᠡᠨ᠎ᠤ ᠬᠦᠮᠦᠷᠭᠡ᠎ᠠᠴᠠ ᠪᠤᠰᠤᠳ ᠬᠦᠢᠳᠡᠨ ᠬᠦᠮᠦᠷᠭᠡ ᠪᠠᠢᠭ᠍ᠰᠠᠨ ᠦᠭᠡᠢ ᠪᠠᠢᠳᠠᠯ ᠳᠤᠤᠷ᠎ᠠ᠂ 1999 ᠤᠨ᠎ᠳᠤ ᠳᠠᠨ ᠵᠢᠶᠦ᠋ᠨ ᠬᠤᠨᠢᠨ ᠮᠢᠬᠠᠨ᠎ᠤ ᠠᠮᠤᠷ ᠲᠦᠪᠱᠢᠨ᠂ ᠦᠢᠯᠡᠳᠪᠦᠷᠢᠯᠡᠯ᠎ᠤᠨ ᠤᠷᠠᠯᠠᠯ ᠵᠡᠷᠭᠡ ᠳᠠᠯ᠎ᠠ᠎ᠪᠠᠷ ᠴᠢᠩᠭ᠎ᠠ ᠱᠠᠭᠠᠷᠳᠠᠯᠭ᠎ᠠ᠎ᠲᠠᠢ ᠪᠠᠷᠢᠮᠵᠢᠶᠠᠵᠢᠭ᠍ᠰᠠᠨ ᠦᠢᠯᠡᠳᠪᠦᠷᠢᠯᠡᠯ᠎ᠤᠨ ᠱᠤᠭᠤᠮ᠎ᠲᠠᠢ ᠥᠪᠥᠷ ᠮᠣᠩᠭᠤᠯ᠎ᠤᠨ ᠲᠠᠯ᠎ᠠ ᠨᠤᠲᠤᠭ᠎ᠤᠨ ᠬᠤᠩ ᠪᠦᠦ ᠢᠳᠡᠭᠡᠨ᠎ᠤ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ᠎ᠶ᠋ᠢ ᠪᠠᠢᠭᠤᠯᠵᠤ ᠪᠢᠯᠡ᠃ 2008 ᠤᠨ᠎ᠳᠤ ᠤᠯᠤᠰ᠎ᠠᠴᠠ ᠤᠳᠤ ᠦᠶ᠎ᠠ᠎ᠶ᠋ᠢᠨ ᠮᠠᠯ ᠠᠵᠤ ᠠᠬᠤᠢ᠎ᠶ᠋ᠢᠨ ᠬᠦᠭ᠌ᠵᠢᠯᠳᠡ᠎ᠶ᠋ᠢ ᠠᠬᠢᠭᠤᠯᠬᠤ ᠱᠠᠭᠠᠷᠳᠠᠯᠭ᠎ᠠ ᠳᠤᠤᠷ᠎ᠠ᠂ ᠳᠤᠰ ᠺᠤᠮᠫᠠᠨᠢ ᠬᠤᠨᠢ ᠳᠡᠵᠢᠭᠡᠵᠤ ᠡᠬᠢᠯᠡᠨ᠂ ᠬᠤᠨᠢᠨ ᠮᠢᠬᠠᠨ᠎ᠤ ᠶᠠᠰᠤ ᠴᠢᠨᠠᠷ ᠬᠢᠭᠡᠳ ᠪᠤᠷᠳᠤᠭᠤᠷ᠎ᠤᠨ ᠢᠷᠡᠯᠳᠡ᠎ᠶ᠋ᠢ ᠪᠠᠳᠤᠯᠠᠵᠤ᠂ ᠦᠨᠦᠳᠦᠷ ᠪᠤᠯᠬᠤ᠎ᠳᠤ ᠪᠠᠶᠠᠠᠨᠠᠭᠤᠷ ᠬᠤᠳᠠ᠎ᠶ᠋ᠢᠨ ᠭᠤᠤᠯᠯᠠᠭ᠍ᠴᠢ ᠠᠵᠤ ᠠᠬᠤᠢ᠍ᠢᠯᠠᠯ᠎ᠤᠨ ᠨᠢᠭᠡ᠎ᠨᠢ ᠪᠤᠯᠵᠤ ᠬᠦᠭ᠌ᠵᠢᠨ᠂ ᠬᠤᠨᠢ ᠳᠡᠵᠢᠭᠡᠨ ᠦᠷᠡᠵᠢᠭᠦᠯᠬᠦ᠌ 10 ᠳᠠᠯᠠᠪᠠᠢ᠎ᠲᠠᠢ᠂ ᠵᠢᠯ᠎ᠳᠤ 60 ᠲᠦᠮᠡᠨ ᠮᠢᠬᠠᠨ᠎ᠤ ᠬᠤᠨᠢ ᠲᠡᠵᠢᠭᠡᠵᠦ᠍ ᠦᠷᠡᠵᠢᠭᠦᠯᠬᠦ᠌ ᠰᠠᠭᠤᠷᠢᠨ᠎ᠲᠠᠢ᠂ ᠬᠤᠶᠠᠷ ᠵᠤᠷᠪᠤᠰ ᠠᠯᠠᠵᠤ ᠨᠢᠲᠤᠯᠬᠤ ᠦᠢᠯᠡᠳᠪᠦᠷᠢᠯᠡᠯ᠎ᠤᠨ ᠱᠤᠭᠤᠮ᠎ᠲᠠᠢ᠂ ᠵᠢᠯ᠎ᠳᠤ 150 ᠲᠦᠮᠡᠨ ᠬᠤᠨᠢ ᠠᠯᠠᠵᠤ ᠨᠢᠳᠤᠯᠤᠨ ᠡᠳ᠋ᠱᠢᠭᠦᠯᠦᠨ ᠪᠣᠯᠪᠠᠰᠤᠷᠠᠭᠤᠯᠬᠤ ᠴᠢᠳᠠᠪᠤᠷᠢ᠎ᠲᠠᠢ ᠪᠤᠯᠪᠠ᠃ 《ᠤᠳᠤᠬᠠᠨ᠎ᠳᠤ ᠮᠠᠨ᠎ᠤ ᠺᠤᠮᠫᠠᠨᠢ ᠵᠦᠪᠭᠡᠨ 50 ᠲᠦᠮᠡᠨ ᠬᠤᠨᠢ᠎ᠶ᠋ᠢ ᠱᠢᠢᠳᠪᠦᠷᠢᠯᠡᠵᠤ ᠪᠤᠢ᠂ ᠶᠡᠭᠡ ᠬᠡᠮᠵᠢᠶᠡᠨ᠎ᠤ ᠠᠮᠢᠳᠤ ᠬᠤᠨᠢᠨ᠎ᠤ ᠢᠷᠡᠯᠳᠡ ᠳᠤᠳᠠᠭ᠍ᠳᠠᠵᠤ ᠪᠠᠢᠨ᠎ᠠ᠂ ᠢᠷᠡᠭᠦ᠌ ᠭᠤᠷᠪᠠᠨ ᠵᠢᠯ᠎ᠳᠤ ᠪᠡᠯᠡ ᠮᠥᠩᠭᠦ᠌ ᠳᠠᠳᠠᠨ ᠤᠷᠤᠭᠤᠯᠵᠤ 100 ᠲᠦᠮᠡᠨ ᠬᠤᠨᠢ ᠭᠠᠷᠭᠠᠬᠤ ᠴᠢᠳᠠᠪᠤᠷᠢ᠎ᠲᠠᠢ ᠴᠢᠨᠠᠷ ᠰᠠᠢᠲᠠᠶ ᠠᠮᠤ ᠪᠤᠳᠠᠭ᠎ᠠ ᠪᠤᠷᠳᠤᠭᠤᠷ᠎ᠤᠨ ᠬᠤᠨᠢ ᠲᠡᠵᠢᠭᠡᠬᠦ᠌ ᠰᠠᠭᠤᠷᠢᠨ᠎ᠢ ᠪᠦᠳᠦᠭᠡᠨ ᠪᠠᠢᠭᠤᠯᠵᠤ᠂ 3 ᠲᠦᠮᠡ ᠭᠠᠷᠤᠶ ᠰᠠᠭᠠᠯᠢ᠎ᠶ᠋ᠢᠨ ᠬᠤᠨᠢ ᠳᠡᠵᠢᠭᠡᠨ᠂ 〈ᠬᠤᠨᠢᠨ᠎ᠤ ᠮᠢᠬ᠎ᠠ ᠰᠦ᠎ᠶ᠋ᠢ ᠤᠶᠠᠯᠳᠤᠭᠤᠯᠤᠭ᠍ᠰᠠᠨ〉 ᠦᠶᠯᠡᠳᠪᠦᠷᠢᠯᠡᠯ᠎ᠤᠨ ᠴᠣ᠌ ᠱᠢᠨ᠎ᠡ ᠵᠠᠭ᠍ᠪᠤᠷ᠎ᠢ ᠪᠡᠶᠡᠯᠡᠭᠦᠯᠦᠨ᠎ᠡ》 ᠭᠡᠵᠤ ᠲᠠᠨ ᠵᠢᠶᠦ᠋ᠨ ᠳᠠᠷᠠᠭᠠᠬᠢ ᠲᠦᠯᠦᠪᠵᠢᠭᠦᠯᠭᠡ᠎ᠪᠠᠨ ᠳᠠᠨᠢᠯᠴᠠᠭᠤᠯᠤᠨ᠎ᠠ᠃ 


QQ图片20201204093413.png


ᠤᠳᠤᠬᠠᠨ᠎ᠳᠤ᠂ ᠪᠠᠶᠠᠠᠨᠠᠭᠤᠷ ᠬᠤᠳᠠ ᠵᠢᠯ᠎ᠳᠤ ᠬᠡᠳᠤᠨ ᠲᠦᠮᠡ᠎ᠠᠴᠠ ᠬᠡᠳᠤᠨ ᠠᠷᠪᠠᠨ ᠲᠦᠮᠡᠨ ᠬᠤᠨᠢ ᠠᠯᠠᠵᠤ ᠨᠢᠳᠤᠯᠬᠤ ᠴᠢᠳᠠᠪᠤᠷᠢ᠎ᠲᠠᠢ 64 ᠠᠵᠤ ᠠᠬᠤᠢ᠍ᠢᠯᠠᠯ᠎ᠲᠠᠢ ᠪᠤᠯᠵᠤ ᠬᠦᠭ᠌ᠵᠢᠨ᠂ ᠴᠠᠭ ᠮᠦᠴᠡ ᠪᠦᠷᠢ ᠱᠢᠨ᠎ᠠ ᠰᠤᠷᠭᠤᠭ ᠬᠤᠨᠢᠨ ᠮᠢᠬ᠎ᠠ᠎ᠶ᠋ᠢ ᠵᠠᠬ᠎ᠠ ᠳᠡᠯᠭᠡᠭᠦᠷ᠎ᠲᠤ ᠭᠠᠷᠭᠠᠬᠤ ᠴᠢᠳᠠᠪᠤᠷᠢ᠎ᠲᠠᠢ ᠪᠤᠯᠵᠤ᠂ ᠵᠠᠬ᠎ᠠ ᠳᠡᠯᠭᠡᠭᠦᠷ᠎ᠤᠨ ᠬᠡᠷᠡᠭ᠌ᠴᠡᠭᠡ ᠱᠠᠭᠠᠷᠳᠠᠯᠭ᠎ᠠ᠎ᠶ᠋ᠢ ᠬᠠᠩᠭᠠᠵᠤ ᠪᠠᠢᠨ᠎ᠠ᠃ ᠡᠭᠦᠨ᠎ᠳᠤ᠂ ᠪᠦᠬᠦ᠌ ᠬᠤᠳᠠ᠎ᠶ᠋ᠢᠨ ᠠᠮᠢᠳᠤ ᠬᠤᠨᠢᠨ᠎ᠤ ᠠᠯᠠᠱᠢᠨ᠎ᠤ ᠦᠢᠯᠡᠳᠪᠦᠷᠢᠯᠡᠯ᠎ᠤᠨ ᠴᠢᠳᠠᠪᠤᠷᠢ ᠵᠢᠯ᠎ᠳᠤ 2000 ᠲᠦᠮᠡᠨ ᠳᠤᠯᠤᠭᠠᠢ᠎ᠳᠤ ᠬᠦᠷᠴᠦ᠍ ᠪᠠᠢᠭ᠍ᠰᠠᠨ ᠴᠦ᠍ ᠪᠤᠳᠠᠳᠠᠢ᠎ᠳᠤ ᠵᠦᠪᠭᠡᠨ 700 ᠭᠠᠷᠤᠢ ᠲᠦᠮᠡᠨ ᠬᠤᠨᠢ ᠠᠯᠠᠵᠤ ᠨᠢᠳᠤᠯᠵᠤ ᠪᠠᠢᠨ᠎ᠠ ᠬᠡᠳᠡᠭ ᠪᠤᠯ ᠪᠠᠶᠠᠠᠨᠠᠭᠤᠷ ᠬᠤᠳᠠ᠎ᠶ᠋ᠢᠨ ᠬᠤᠨᠢᠨ᠎ᠤ ᠠᠵᠤ ᠦᠢᠯᠡᠰ᠎ᠤᠨ ᠵᠠᠬ᠎ᠠ ᠳᠡᠯᠭᠡᠭᠦᠷ᠎ᠤᠨ ᠦᠷᠭᠡᠨ ᠵᠠᠢ᠎ᠲᠠᠢ ᠭᠡᠰᠡᠨ᠎ᠢ ᠬᠦᠢᠴᠡᠳ ᠬᠠᠷᠠᠭᠤᠯᠵᠤ ᠪᠤᠢ᠃ 《ᠨᠢᠭᠡ ᠮᠦ᠍ ᠳᠠᠷᠢᠶᠠᠨ ᠭᠠᠵᠠᠷ᠎ᠲᠤ ᠬᠤᠶᠠᠷ ᠰᠠᠭᠤᠷᠢ ᠡᠭᠡ ᠬᠤᠨᠢ ᠳᠡᠵᠢᠭᠡᠵᠤ ᠪᠤᠯᠤᠨ᠎ᠠ᠂ ᠳᠠᠷᠢᠶᠠᠴᠢᠨ᠎ᠤ ᠭᠠᠷ᠎ᠲᠤ ᠪᠠᠢᠭ᠎ᠠ ᠨᠢᠭᠡ ᠰᠠᠭᠤᠷᠢ ᠡᠭᠡ ᠬᠤᠨᠢ᠎ᠠᠴᠠ ᠵᠢᠯ᠎ᠳᠤ 2.5 ᠬᠤᠷᠠᠭ᠎ᠠ ᠳᠤᠰᠭᠤ ᠪᠤᠯ ᠠᠰᠠᠭᠤᠳᠠᠯ ᠦᠭᠡᠢ᠂ ᠡᠢᠮᠦ᠎ᠠᠴᠠ ᠨᠢᠭᠡ ᠮᠦ᠍ ᠭᠠᠵᠠᠷ᠎ᠲᠤ ᠨᠠᠭᠠᠳᠤ ᠵᠠᠬ᠎ᠠ᠎ᠳᠠᠭᠠᠨ ᠨᠢᠭᠡ ᠵᠢᠯ᠎ᠳᠤ 5 ᠬᠤᠷᠠᠭ᠎ᠠ ᠳᠤᠰᠴᠦ᠍᠂ ᠪᠤᠷᠳᠤᠨ ᠳᠠᠷᠭᠤᠯᠠᠭᠤᠯᠬᠤ ᠦᠭᠡᠢ ᠪᠠᠢᠭ᠍ᠰᠠᠨ ᠴᠦ᠍ ᠡᠨᠡ ᠵᠢᠯ᠎ᠤᠨ ᠬᠤᠨᠢᠨ᠎ᠤ ᠦᠨ᠎ᠡ ᠬᠠᠩᠰᠢ᠎ᠪᠠᠷ ᠪᠤᠳᠤᠪᠠᠯ ᠬᠤᠷᠠᠭ᠎ᠠ ᠪᠦᠷᠢ 1000 ᠲᠦᠭᠦᠷᠢᠭ᠎ᠲᠤ ᠬᠦᠷᠦᠨ᠎ᠡ᠂ ᠬᠡᠷᠪᠡ ᠪᠤᠷᠳᠤᠨ ᠳᠠᠷᠭᠤᠯᠠᠭᠤᠯᠬᠤ᠎ᠳᠤ ᠬᠦᠷᠪᠡᠯ ᠨᠢᠭᠡ ᠬᠤᠷᠠᠭ᠎ᠠ 1600 ᠲᠦᠭᠦᠷᠢᠭ᠎ᠲᠤ ᠬᠦᠷᠴᠦ᠍᠂ ᠨᠢᠭᠡ ᠮᠦ᠍ ᠳᠠᠷᠢᠶᠠᠨ ᠭᠠᠵᠠᠷ᠎ᠤᠨ ᠡᠰᠢ ᠰᠦᠷᠡᠯ᠎ᠢ ᠠᠱᠢᠬ᠍ᠯᠠᠨ 9000 ᠲᠦᠭᠦᠷᠢᠭ᠎ᠤᠨ ᠬᠤᠨᠢᠨ᠎ᠤ ᠤᠷᠤᠯᠭ᠎ᠠ ᠤᠯᠵᠤ ᠪᠤᠯᠤᠨ᠎ᠠ᠂ ᠡᠢᠮᠦ᠎ᠠᠴᠠ ᠦᠷᠭᠡᠨ ᠤᠯᠠᠨ ᠮᠠᠯᠴᠢᠨ ᠳᠠᠷᠢᠶᠠᠴᠢᠨ ᠡᠷᠦᠭᠡ᠎ᠳᠤ ᠱᠢᠨᠵᠢᠯᠡᠭᠦ᠌ ᠤᠬᠠᠭᠠᠨᠴᠢ ᠵᠠᠭ᠍ᠪᠤᠷ᠎ᠢ ᠲᠦᠭᠡᠮᠡᠯᠵᠢᠭᠦᠯᠪᠡᠯ ᠵᠠᠬ᠎ᠠ ᠳᠡᠯᠭᠡᠭᠦᠷ᠎ᠤᠨ ᠬᠤᠨᠢᠨ᠎ᠤ ᠢᠷᠡᠯᠳᠡ᠎ᠶ᠋ᠢ ᠪᠠᠳᠤᠯᠠᠨ᠂ ᠬᠤᠨᠢᠨ᠎ᠤ ᠠᠵᠤ ᠦᠢᠯᠡᠰ᠎ᠢ ᠨᠡᠩ ᠴᠢᠨᠠᠭ᠍ᠰᠢᠳᠠ ᠬᠦᠭ᠌ᠵᠢᠭᠦᠯᠵᠤ ᠪᠤᠯᠤᠨ᠎ᠠ》 ᠭᠡᠵᠤ ᠳᠠᠨ ᠵᠢᠶᠦ᠋ᠨ ᠳᠠᠩᠰᠠ ᠪᠤᠳᠤᠨ ᠬᠡᠯᠡᠨ᠎ᠡ᠃ 

ᠮᠠᠯᠵᠢᠯ᠎ᠤᠨ ᠤᠳᠤᠬᠢᠴᠢᠯᠠᠯᠳᠠ᠎ᠠᠴᠠ᠎ᠪᠠᠨ ᠠᠱᠢᠬ ᠬᠦᠷᠳᠡᠭ᠌ᠰᠡᠨ ᠮᠠᠯᠴᠢᠨ 

ᠡᠨᠡ ᠵᠢᠯ᠎ᠤᠨ 6 ᠰᠠᠷ᠎ᠠ᠎ᠶ᠋ᠢᠨ ᠰᠡᠭᠦᠯᠴᠢ ᠪᠤᠯᠳᠠᠯ᠎ᠠ᠂ ᠪᠠᠶᠠᠨᠨᠠᠭᠤᠷ ᠬᠤᠳᠠ᠎ᠶ᠋ᠢᠨ ᠬᠤᠨᠢᠨ᠎ᠤ ᠳᠤᠭ᠎ᠠ ᠳᠤᠯᠤᠭᠠᠢ 2200 ᠲᠦᠮᠡ᠎ᠳᠤ ᠬᠦᠷᠴᠦ᠍᠂ ᠭᠠᠷᠭᠠᠯᠳᠠ᠎ᠨᠢ 1210 ᠲᠦᠮᠡ᠎ᠳᠤ ᠬᠦᠷᠴᠦ᠍᠂ ᠠᠮᠢᠳᠤ ᠮᠠᠯ᠎ᠤᠨ ᠳᠤᠭ᠎ᠠ᠎ᠨᠢ 990 ᠲᠦᠮᠡ ᠪᠤᠢ᠂ ᠡᠭᠦᠨ᠎ᠳᠤ ᠰᠠᠭᠤᠷᠢ ᠡᠭᠡ ᠬᠤᠨᠢᠨ᠎ᠤ ᠳᠤᠭ᠎ᠠ 600 ᠲᠦᠮᠡ ᠪᠤᠯᠤᠨ᠎ᠠ᠃ ᠪᠦᠬᠦ᠌ ᠬᠤᠳᠠ᠎ᠶ᠋ᠢᠨ 20 ᠲᠦᠮᠡᠨ ᠮᠠᠯᠴᠢᠨ ᠳᠠᠷᠢᠶᠠᠴᠢᠨ ᠡᠷᠦᠭᠡ᠎ᠶ᠋ᠢᠨ 80% ᠎ᠠᠴᠠ ᠳᠡᠭᠡᠭ᠌ᠰᠢᠬᠢ᠎ᠨᠢ ᠬᠤᠨᠢ ᠢᠮᠠᠭ᠎ᠠ ᠳᠡᠵᠢᠭᠡᠵᠤ᠂ ᠳᠡᠳᠡᠨᠠᠷ ᠰᠠᠭᠤᠷᠢ ᠡᠭᠡ ᠮᠠᠯ᠎ᠢ ᠳᠡᠵᠢᠭᠡᠨ ᠦᠷᠡᠵᠢᠭᠦᠯᠬᠦ᠌᠎ᠪᠠᠷ ᠭᠤᠤᠯᠯᠠᠭᠤᠯᠵᠤ᠂ ᠤᠳᠤᠬᠠᠨ᠎ᠳᠤ ᠪᠠᠶᠠᠠᠨᠠᠭᠤᠷ ᠬᠤᠳᠠ᠎ᠶ᠋ᠢᠨ ᠮᠠᠯᠴᠢᠨ ᠳᠠᠷᠢᠶᠠᠴᠢᠨ ᠡᠷᠦᠭᠡ ᠱᠢᠨᠵᠢᠯᠡᠭᠦ᠌ ᠤᠬᠠᠭᠠᠨᠴᠢ᠎ᠪᠠᠷ ᠮᠠᠯᠵᠢᠵᠤ ᠪᠠᠢᠬᠤ ᠨᠤᠷᠮ᠎ᠠ ᠵᠦᠪᠭᠡᠨ 5% ᠎ᠳᠤ ᠬᠦᠷᠴᠦ᠍ ᠪᠠᠢᠳᠠᠭ᠃ 

11 ᠰᠠᠷ᠎ᠠ᠎ᠶ᠋ᠢᠨ 19 ᠎ᠤ ᠡᠳᠦᠷ᠂ ᠰᠤᠷᠪᠤᠯᠵᠢᠯᠠᠭ᠍ᠴᠢ ᠤᠷᠠᠳ᠎ᠤᠨ ᠳᠤᠮᠳᠠᠳᠤ ᠬᠤᠱᠢᠭᠤᠨ᠎ᠤ ᠱᠢᠨᠠᠬᠦ᠋ᠷᠢᠶ᠎ᠡ ᠰᠤᠮᠤᠨ᠎ᠤ ᠴᠠᠭᠠᠬᠤᠪᠤᠭ᠎ᠠ ᠭᠠᠴᠠᠭᠠᠨ᠎ᠤ ᠡᠷᠳᠡᠨᠢᠪᠢᠯᠢᠭ᠎ᠤᠨ᠎ᠬᠢᠨ᠎ᠳᠤ ᠬᠦᠷᠪᠡᠯ᠂ ᠬᠤᠷᠢᠶ᠎ᠠ ᠳᠦᠭᠦᠷᠡᠩ ᠬᠤᠷᠠᠭ᠎ᠠ ᠢᠱᠢᠭᠡ ᠮᠠᠢᠯᠠᠯᠳᠤᠨ ᠬᠦᠷ ᠬᠦᠭ᠌ᠵᠢᠶᠡᠨ᠎ᠢᠶᠠᠷ ᠪᠢᠯᠬᠠᠵᠤ᠂ ᠳᠠᠷᠭᠤ ᠰᠠᠢᠳᠠᠢ ᠬᠤᠨᠢᠳ᠎ᠤᠨ ᠬᠢᠨᠢ ᠵᠠᠷᠢᠮ᠎ᠨᠢ ᠠᠦ᠋ᠲ᠋ᠣ᠋᠎ᠪᠠᠷ ᠤᠰᠤᠯᠠᠬᠤ ᠮᠠᠱᠢᠨ᠎ᠠᠴᠠ ᠤᠰᠤ ᠤᠤᠭᠤᠵᠤ᠂ ᠵᠠᠷᠢᠮᠠᠳ᠎ᠨᠢ ᠠᠦ᠋ᠲ᠋ᠣ᠋᠎ᠪᠠᠷ ᠡᠪᠡᠰᠤᠯᠡᠬᠦ᠌ ᠮᠠᠱᠢᠨ᠎ᠠᠴᠠ ᠡᠪᠡᠰᠤ ᠢᠳᠡᠱᠢᠯᠡᠵᠤ ᠪᠠᠢᠬᠤ᠎ᠶ᠋ᠢ ᠬᠠᠷᠠᠯ᠎ᠠ᠃ 《ᠠᠦ᠋ᠲ᠋ᠣ᠋᠎ᠪᠠᠷ ᠬᠤᠨᠢ ᠤᠰᠤᠯᠠᠬᠤ ᠮᠠᠱᠢᠨ᠎ᠢ ᠬᠤᠨᠢᠨ᠎ᠤ ᠬᠤᠷᠢᠶᠠᠨ᠎ᠳᠤ ᠤᠭ᠍ᠰᠠᠷᠠᠵᠤ ᠳᠠᠯᠪᠢᠭ᠍ᠰᠠᠨ ᠪᠤᠯᠬᠤᠷ᠂ ᠤᠰᠤᠨ ᠤᠩᠭᠤᠴᠠ᠎ᠨᠢ ᠦᠷᠬᠦᠯᠵᠢ ᠤᠰᠤ ᠲᠦᠭᠦᠷᠡᠩ ᠪᠠᠢᠵᠤ᠂ ᠡᠪᠤᠯ᠎ᠤᠨ ᠬᠦᠢᠳᠡᠨ᠎ᠤ ᠴᠠᠭ ᠴᠦ᠍ ᠭᠡᠰᠡᠨ ᠠᠷᠪᠠᠭᠠᠳ ᠭᠷᠠᠳᠦ᠋ᠰ᠎ᠤᠨ ᠳᠤᠯᠠᠭᠠᠨ ᠤᠰᠤ᠎ᠪᠠᠷ ᠤᠰᠤᠯᠠᠵᠤ ᠬᠤᠨᠢ ᠳᠠᠷᠭᠤ ᠰᠠᠭᠤᠬᠤ᠎ᠳᠤ ᠳᠤᠩ ᠰᠠᠢᠨ ᠪᠤᠯᠵᠠᠢ᠃ ᠠᠦ᠋ᠲ᠋ᠣ᠋᠎ᠪᠠᠷ ᠡᠪᠡᠰᠤᠯᠡᠬᠦ᠌ ᠮᠠᠱᠢᠨ ᠤᠭ᠍ᠰᠠᠷᠠᠭ᠍ᠰᠠᠨ᠎ᠤ ᠳᠠᠷᠠᠭ᠎ᠠ᠂ ᠨᠢᠭᠡ ᠤᠳᠠᠭ᠎ᠠ ᠮᠠᠱᠢᠨ᠎ᠢᠶᠠᠨ ᠲᠦᠭᠦᠷᠳᠡᠯ᠎ᠠ ᠡᠪᠡᠰᠤ ᠰᠠᠪᠠᠯᠠᠭᠠᠳ ᠳᠠᠯᠪᠢᠪᠠᠯ ᠳᠤᠯᠤᠭ᠎ᠠ ᠨᠠᠢ᠍ᠮᠠᠨ ᠡᠳᠦᠷ ᠡᠪᠡᠰᠤ ᠬᠠᠶᠠᠬᠤ ᠴᠢᠬᠤᠯᠠ ᠦᠭᠡᠢ᠂ ᠤᠳᠤ ᠬᠤᠨᠢ ᠠᠷᠠᠴᠢᠯᠠᠬᠤ᠎ᠳᠤ ᠶᠡᠭᠡᠳᠡ ᠲᠦᠭᠦᠮ ᠪᠤᠯᠵᠠᠢ》 ᠭᠡᠵᠤ ᠮᠠᠯᠴᠢᠨ ᠡᠷᠳᠡᠨᠢᠪᠢᠯᠢᠭ ᠠᠦ᠋ᠲ᠋ᠣ᠋ ᠮᠠᠱᠢᠨ᠎ᠢᠶᠠᠨ ᠵᠢᠭᠠᠨ ᠳᠠᠨᠢᠯᠴᠠᠭᠤᠯᠤᠨ᠎ᠠ᠃ 

ᠱᠢᠨᠵᠢᠯᠡᠭᠦ᠌ ᠤᠬᠠᠭᠠᠨᠴᠢ ᠮᠠᠯᠵᠢᠯ᠎ᠤᠨ ᠤᠬᠠᠭᠠᠨ ᠰᠦᠢᠵᠤ ᠶᠠᠪᠤᠭ᠎ᠠ ᠮᠠᠯᠴᠢᠨ ᠡᠷᠳᠡᠨᠢᠪᠢᠯᠢᠭ ᠡᠬᠡᠨᠡᠷ ᠪᠤᠤ ᠸᠧᠨ ᠬᠤᠸᠠ ᠪᠤᠯ ᠭᠠᠳᠠᠭ᠍ᠰᠢ ᠭᠠᠷᠴᠦ᠍ ᠨᠢᠳᠤ ᠨᠡᠭᠡᠭᠡᠳ ᠳᠠᠬᠢᠨ ᠨᠤᠳᠤᠭ᠎ᠲᠠᠭᠠᠨ ᠪᠤᠴᠠᠨ ᠢᠷᠡᠵᠤ ᠦᠢᠯᠡᠰ ᠪᠦᠳᠦᠭᠡᠵᠤ ᠶᠠᠪᠤᠭ᠎ᠠ ᠵᠠᠯᠠᠭᠤ ᠦᠶ᠎ᠠ᠎ᠶ᠋ᠢᠨ᠎ᠬᠢᠨ ᠨᠢᠭᠡ ᠪᠢᠯᠡ᠃ ᠤᠤᠯ᠎ᠨᠢ ᠳᠡᠳᠡᠨᠠᠢᠬᠢᠨ ᠠᠭᠤᠯᠠᠨ ᠳᠤᠳᠤᠷ᠎ᠠ ᠮᠠᠯᠵᠢᠬᠤ ᠠᠮᠢᠳᠤᠷᠠᠯ ᠬᠢᠵᠤ ᠪᠠᠢᠭ᠍ᠰᠠᠨ᠎ᠢᠶᠠᠨ ᠪᠡᠯᠴᠢᠭᠡᠷ ᠤᠰᠤ ᠮᠠᠭᠤᠳᠠᠭ᠍ᠰᠠᠨ᠎ᠤ ᠤᠴᠢᠷ ᠬᠤᠳᠠ ᠤᠷᠤᠵᠤ ᠬᠦᠯᠦᠰᠤᠨ ᠠᠵᠢᠯ ᠬᠢᠵᠤ ᠶᠠᠪᠤᠵᠠᠢ᠃ ᠬᠦᠯᠦᠰᠤᠨ ᠠᠵᠢᠯ ᠬᠢᠭᠡᠳ ᠬᠡᠳᠤᠨ ᠵᠢᠯ ᠪᠤᠯᠤᠭ᠍ᠰᠠᠨ ᠴᠦ᠍ ᠳᠡᠮᠡᠢ ᠶᠡᠭᠡ ᠤᠯᠤᠯᠳᠠ ᠦᠭᠡᠢ᠂ ᠪᠠᠰᠠ ᠵᠠᠬ᠎ᠠ ᠳᠡᠯᠭᠡᠭᠦᠷ᠎ᠤᠨ ᠬᠤᠨᠢᠨ ᠮᠢᠬᠠᠨ᠎ᠤ ᠦᠨ᠎ᠡ ᠬᠠᠩᠰᠢ᠎ᠶ᠋ᠢᠨ ᠬᠠᠨᠳᠤᠰᠢ ᠰᠠᠢᠨ ᠪᠠᠢᠭ᠍ᠰᠠᠨ ᠪᠤᠯᠬᠤᠷ ᠳᠡᠳᠡ ᠬᠤᠶᠠᠷ 2000 ᠤᠨ᠎ᠳᠤ ᠨᠤᠳᠤᠭ᠎ᠲᠠᠭᠠᠨ ᠪᠤᠴᠠᠨ ᠢᠷᠡᠵᠤ᠂ 180 ᠮᠦ᠍ ᠭᠠᠵᠠᠷ ᠳᠠᠷᠢᠶ᠎ᠠ ᠬᠤᠳᠠᠯᠳᠤᠨ ᠠᠪᠴᠦ᠍ ᠰᠠᠭᠤᠷᠢᠱᠢᠨ ᠨᠤᠳᠤᠭ᠎ᠤᠨ ᠬᠤᠨᠢ᠎ᠪᠠᠨ ᠮᠠᠯᠵᠢᠨ ᠮᠠᠯᠴᠢᠨ ᠠᠮᠢᠳᠤᠷᠠᠯ᠎ᠢᠶᠠᠨ ᠡᠬᠢᠯᠡᠭᠦᠯᠪᠡ᠃ ᠳᠡᠳᠡᠨᠠᠢᠬᠢᠨ 2015 ᠤᠨ᠎ᠠᠴᠠ ᠡᠬᠢᠯᠡᠨ ᠬᠤᠷᠢᠵᠤ ᠳᠡᠵᠢᠭᠡᠭᠦ᠌ ᠪᠤᠯᠤᠭ᠍ᠰᠠᠨ᠎ᠳᠤ ᠡᠪᠡᠰᠤ ᠪᠤᠷᠳᠤᠭᠤᠷ᠎ᠢᠶᠠᠨ ᠦᠪᠡᠷ᠎ᠲᠡᠭᠡᠨ ᠬᠠᠩᠭᠠᠵᠤ᠂ ᠨᠤᠳᠤᠭ᠎ᠤᠨ ᠬᠤᠨᠢ ᠪᠥᠷᠢ᠎ᠠᠴᠠ᠎ᠪᠠᠨ ᠬᠤᠶᠠᠷ ᠵᠢᠯ᠎ᠳᠤ ᠭᠤᠷᠪᠠᠨ ᠬᠤᠷᠠᠭ᠎ᠠ ᠳᠤᠰᠴᠦ᠍ ᠨᠤᠳᠤᠭ ᠤᠷᠤᠨ᠎ᠤ ᠮᠠᠯᠴᠢᠳ᠎ᠲᠠᠭᠠᠨ ᠳᠠᠭᠤᠷᠢᠶᠠᠯ ᠪᠤᠯᠵᠤ ᠬᠢᠯᠡᠷᠡᠭᠤᠯᠤᠨ ᠶᠠᠪᠤᠭ᠎ᠠ ᠠᠵᠢ᠃    

《ᠪᠢᠳᠡ ᠬᠤᠷᠠᠭ᠎ᠠ᠎ᠪᠠᠨ 3 ᠰᠠᠷ᠎ᠠ ᠪᠤᠯᠪᠠᠯ ᠡᠭᠡ᠎ᠠᠴᠠ᠎ᠨᠢ ᠰᠠᠯᠭᠠᠵᠤ 30 ᠭᠠᠵᠠᠷ᠎ᠤᠨ ᠦᠵᠦᠭᠦᠷ᠎ᠲᠠᠬᠢ ᠠᠭᠤᠯᠠᠨ ᠪᠡᠯᠴᠢᠭᠡᠷ᠎ᠲᠤ ᠱᠢᠯᠵᠢᠭᠦᠯᠦᠨ ᠪᠡᠯᠴᠢᠭᠡᠷᠯᠡᠭᠦᠯᠵᠤ ᠪᠠᠢᠳᠠᠭ᠂ ᠡᠨᠡ ᠰᠠᠭᠤᠷᠢᠱᠢᠯ᠎ᠳᠤ ᠪᠠᠢᠬᠤ ᠪᠤᠯ ᠪᠦᠷ ᠪᠤᠷᠳᠤᠨ ᠳᠡᠵᠢᠭᠡᠵᠤ ᠪᠠᠢᠭ᠎ᠠ ᠲᠦᠯᠯᠡᠭᠦ᠌ ᠰᠠᠭᠤᠷᠢ ᠡᠭᠡ ᠬᠤᠨᠢ ᠪᠤᠯᠤᠨ᠎ᠠ᠂ ᠡᠨᠡ ᠵᠢᠯ᠎ᠤᠨ ᠭᠠᠩ ᠬᠠᠭᠤᠷᠠᠢ ᠴᠠᠭ᠎ᠲᠤ ᠪᠤᠰᠤᠳ᠎ᠤᠨ ᠬᠤᠨᠢ ᠪᠦᠷ ᠬᠤᠷᠠᠭᠠᠯᠠᠬᠤ ᠴᠠᠭ ᠪᠤᠯᠤᠭ᠎ᠠ ᠦᠭᠡᠢ ᠪᠠᠢᠬᠤ᠎ᠳᠤ ᠮᠠᠨ᠎ᠤ ᠳᠠᠪᠤ ᠵᠢᠷᠠᠨ ᠬᠤᠨᠢ ᠬᠤᠷᠠᠭᠠᠯᠠᠵᠤ᠂ ᠤᠢ᠍ᠢᠷ᠎ᠠ ᠬᠠᠪᠢ᠎ᠶ᠋ᠢᠨ ᠮᠠᠯᠴᠢᠳ᠎ᠤᠨ ᠪᠠᠭ᠍ᠠᠷᠬᠠᠯ᠎ᠢ ᠳᠠᠳᠠᠵᠠᠢ᠂ ᠱᠢᠮ᠎ᠡ ᠳᠡᠵᠢᠭᠡᠯ᠎ᠢ ᠰᠠᠢᠨ ᠠᠩᠬᠠᠷᠴᠦ᠍ ᠳᠡᠵᠢᠭᠡᠪᠡᠯ ᠨᠤᠳᠤᠭ᠎ᠤᠨ ᠬᠤᠨᠢ ᠴᠦ᠍ ᠬᠤᠶᠠᠷ ᠵᠢᠯ᠎ᠳᠤ ᠭᠤᠷᠪᠠᠨ ᠬᠤᠷᠠᠭ᠎ᠠ ᠲᠤᠰᠭᠤ᠎ᠳᠤ ᠠᠰᠠᠭᠤᠳᠠᠯ ᠦᠭᠡᠢ ᠱᠢᠦ》 ᠭᠡᠵᠤ ᠮᠠᠯᠵᠢᠯ ᠤᠬᠠᠭᠠᠨ᠎ᠳᠤ ᠮᠡᠷᠭᠡᠱᠢᠭ᠌ᠰᠡᠨ ᠡᠬᠡᠨᠠᠷ ᠪᠤᠤ ᠸᠧᠨ ᠬᠤᠸᠠ ᠬᠠᠵᠠᠭᠤ᠎ᠠᠴᠠ᠎ᠨᠢ ᠠᠮᠵᠢᠨ ᠬᠡᠯᠡᠯ᠎ᠠ᠃ 

ᠡᠷᠳᠡᠨᠢᠪᠢᠯᠢᠭ ᠠᠪᠤ᠎ᠶ᠋ᠢᠨ᠎ᠢᠶᠠᠨ ᠮᠠᠯᠵᠢᠯ ᠤᠬᠠᠭᠠᠨ᠎ᠢ ᠤᠯᠠᠮᠵᠢᠯᠠᠭ᠍ᠰᠠᠨ᠎ᠢᠶᠠᠷ ᠪᠠᠷᠠᠬᠤ ᠦᠭᠡᠢ ᠶᠡᠷᠦ᠎ᠨᠢ ᠰᠦᠯᠵᠢᠶᠡᠨ ᠳᠡᠭᠡᠷ᠎ᠡ᠎ᠠᠴᠠ ᠱᠢᠨᠵᠢᠯᠡᠭᠦ᠌ ᠤᠬᠠᠭᠠᠨᠴᠢ ᠮᠠᠯᠵᠢᠯ ᠤᠬᠠᠭᠠᠨ᠎ᠢ ᠰᠤᠷᠤᠯᠴᠠᠳᠠᠭ ᠪᠠᠢᠨ᠎ᠠ᠃ ᠡᠨᠡ ᠵᠢᠯ᠎ᠳᠤ ᠳᠡᠳᠡᠨᠠᠢᠬᠢᠨ 600 ᠱᠢᠬᠠᠮ ᠰᠠᠭᠤᠷᠢ ᠡᠭᠡ ᠬᠤᠨᠢ᠎ᠠᠴᠠ᠎ᠪᠠᠨ 400 ᠭᠠᠷᠤᠢ ᠬᠤᠷᠠᠭ᠎ᠠ ᠳᠤᠰᠴᠦ᠍᠂ 100 ᠭᠠᠷᠤᠢ᠎ᠶ᠋ᠢ᠎ᠨᠢ ᠨᠢᠭᠡᠨᠳᠡ ᠬᠤᠳᠠᠯᠳᠤᠵᠤ᠂ ᠬᠤᠷᠠᠭ᠎ᠠ ᠪᠦᠷᠢ᠎ᠨᠢ ᠮᠢᠩᠭ᠎ᠠ ᠱᠢᠬᠠᠮ ᠲᠦᠭᠦᠷᠢᠭ᠎ᠲᠤ ᠬᠦᠷᠦᠭ᠌ᠰᠡᠨ ᠪᠠᠢᠨ᠎ᠠ᠃ ᠬᠤᠨᠢᠨ᠎ᠤ ᠳᠤᠭ᠎ᠠ᠎ᠶ᠋ᠢ ᠬᠢᠵᠠᠭᠠᠷᠯᠠᠭ᠍ᠰᠠᠨ ᠴᠦ᠍ ᠤᠷᠤᠯᠭ᠎ᠠ᠎ᠪᠠᠨ ᠨᠡᠮᠡᠭ᠌ᠳᠡᠭᠦᠯᠬᠦ᠌᠎ᠶ᠋ᠢ ᠵᠤᠷᠢᠵᠤ᠂ ᠳᠡᠷᠡ ᠳᠠᠷᠠᠭ᠎ᠠ ᠵᠢᠯ᠎ᠠᠴᠠ ᠡᠬᠢᠯᠡᠨ ᠮᠢᠬ᠎ᠠ ᠰᠠᠢᠳᠠᠢ ᠲᠦᠯ ᠤᠯᠠᠨᠳᠠᠢ ᠰᠠᠢᠨ ᠡᠭᠦᠯᠳᠡᠷ᠎ᠤᠨ ᠬᠤᠨᠢ ᠳᠡᠵᠢᠭᠡᠭᠦ᠌ ᠲᠦᠯᠦᠪᠯᠡᠭᠡ᠎ᠲᠠᠢ᠃ 

ᠡᠷᠳᠡᠨᠢᠪᠢᠯᠢᠭ᠎ᠤᠨ ᠬᠦᠷᠢᠶ᠎ᠠ ᠬᠠᠱᠢᠶᠠᠨ᠎ᠳᠠᠬᠢ ᠬᠡᠮᠬᠡᠯᠡᠬᠦ᠌ ᠮᠠᠱᠢᠨ᠂ ᠬᠤᠳᠭᠤᠭᠤᠷ ᠮᠠᠱᠢᠨ᠂ ᠠᠴᠢᠶᠠᠨ᠎ᠤ ᠮᠠᠱᠢᠨ᠂ ᠲᠷᠠᠺᠲ᠋ᠤᠷ ᠮᠠᠱᠢᠨ᠂ ᠭᠤᠷᠪᠠᠨ ᠬᠦᠷᠳᠤᠳᠤ ᠮᠠᠱᠢᠨ᠂ ᠳᠠᠷᠢᠬᠤ ᠮᠠᠱᠢᠨ ᠵᠡᠷᠭᠡ ᠠᠯᠢ ᠤᠯᠠᠨ ᠲᠦᠭᠦᠷᠵᠢᠭ᠌ᠰᠡᠨ ᠮᠠᠱᠢᠨ ᠨᠢᠳᠤᠨ᠎ᠳᠤ ᠦᠷᠳᠦᠭ᠌ᠳᠡᠵᠤ᠂ ᠨᠡᠢᠳᠡ 50 ᠭᠠᠷᠤᠢ ᠲᠦᠮᠡᠨ ᠲᠦᠭᠦᠷᠢᠭ᠎ᠤᠨ ᠪᠡᠯᠡ ᠤᠷᠤᠭᠤᠯᠴᠢᠬᠠᠭ᠍ᠰᠠᠨ ᠪᠠᠢᠵᠠᠢ᠃ 《ᠤᠳᠤᠬᠠᠨ᠎ᠳᠤ ᠬᠦᠯᠦᠰᠤᠨ᠎ᠤ ᠬᠦᠮᠦᠨ ᠵᠠᠷᠤᠬᠤ᠎ᠳᠤ ᠬᠡᠴᠡᠭᠦᠦ ᠪᠠᠢᠨ᠎ᠠ᠂ ᠮᠠᠱᠢᠨ ᠮᠧᠬᠠᠨᠢᠭ ᠤᠯᠠᠨ ᠬᠡᠷᠡᠭ᠌ᠯᠡᠪᠠᠯ ᠬᠦᠮᠦᠨ᠎ᠤ ᠬᠦᠴᠦᠨ᠎ᠳᠤ ᠠᠷᠪᠢᠳᠠᠢ ᠮᠦᠷᠳᠡᠭᠡᠨ ᠬᠦᠮᠦᠨ ᠬᠦᠯᠦᠰᠦᠯᠡᠭᠦ᠌ ᠴᠢᠬᠤᠯᠠ ᠦᠭᠡᠢ᠂ ᠪᠦᠬᠦ᠌ ᠠᠵᠢᠯ᠎ᠢᠶᠠᠨ ᠪᠢᠳᠡ ᠬᠤᠶᠠᠭᠤᠯᠠ ᠦᠪᠡᠷ᠎ᠢᠶᠠᠨ ᠠᠮᠵᠢᠭᠤᠯᠴᠢᠬᠠᠨ᠎ᠠ᠃ ᠤᠢ᠍ᠢᠷ᠎ᠠ᠎ᠳᠤ ᠮᠠᠯ᠎ᠤᠨ ᠡᠪᠡᠰᠤ ᠪᠤᠷᠳᠤᠭ᠎ᠠ᠎ᠶ᠋ᠢ ᠬᠦᠷᠭᠡᠭᠦ᠌ ᠠᠷᠪᠠᠨ ᠬᠡᠳᠤᠨ ᠲᠦᠮᠡᠨ ᠲᠦᠭᠦᠷᠢᠭ᠎ᠤᠨ TM ᠮᠠᠱᠢᠨ ᠬᠤᠳᠠᠯᠳᠤᠨ ᠠᠪᠬᠤ᠎ᠪᠠᠷ ᠭᠠᠷ ᠤᠳᠠᠰᠤᠨ ᠳᠡᠭᠡᠷ᠎ᠡ᠎ᠪᠠᠨ ᠤᠢ᠍ᠢᠯᠠᠭᠠᠵᠤ ᠪᠠᠢᠨ᠎ᠠ᠂ ᠬᠦᠮᠦᠨ᠎ᠤ ᠬᠦᠴᠦ᠎ᠶ᠋ᠢ ᠶᠡᠭᠡ᠎ᠪᠠᠷ ᠠᠷᠪᠢᠯᠠᠬᠤ ᠮᠦᠷᠳᠡᠭᠡᠨ ᠡᠨᠡ ᠭᠦ᠌ ᠮᠠᠱᠢᠨ᠎ᠢᠶᠠᠷ ᠬᠤᠶᠠᠷ ᠭᠤᠷᠪᠠᠨ ᠮᠢᠩᠭᠠᠨ ᠬᠤᠨᠢ ᠳᠡᠵᠢᠭᠡᠵᠤ ᠪᠤᠯᠳᠠᠭ》 ᠭᠡᠵᠤ ᠮᠠᠱᠢᠨ᠎ᠤ ᠬᠤᠷᠤᠬᠠᠢ᠎ᠲᠠᠢ ᠡᠷᠳᠡᠨᠢᠪᠢᠯᠢᠭ ᠳᠠᠨᠢᠯᠴᠠᠭᠤᠯᠤᠨ᠎ᠠ᠃ 

ᠱᠢᠨᠵᠢᠯᠡᠬᠦ᠌ ᠤᠬᠠᠭᠠᠨᠴᠢ᠎ᠪᠠᠷ ᠠᠷᠠᠴᠢᠯᠠᠨ ᠮᠠᠯᠵᠢᠬᠤ᠎ᠶ᠋ᠢ ᠴᠠᠬ ᠦᠶ᠎ᠠ ᠱᠠᠭᠠᠷᠳᠠᠵᠦ᠍ ᠪᠤᠢ 

ᠤᠳᠤᠬᠠᠨ᠎ᠳᠤ᠂ ᠪᠡᠯᠴᠢᠭᠡᠷ᠎ᠤᠨ ᠮᠠᠯ ᠠᠵᠤ ᠠᠬᠤᠢ ᠬᠠᠷᠢᠴᠠᠩᠭᠤᠢ᠎ᠪᠠᠷ ᠪᠠᠭᠠᠰᠴᠦ᠍᠂ ᠬᠡᠪᠴᠢᠶᠡᠵᠢᠯ᠎ᠤᠨ ᠳᠡᠵᠢᠭᠡᠨ ᠦᠷᠡᠵᠢᠭᠦᠯᠬᠦ᠌ ᠦᠢᠯᠡᠰ ᠠᠭᠠᠵᠢᠮ᠎ᠢᠶᠠᠷ ᠨᠡᠮᠡᠭ᠌ᠳᠡᠭᠦ᠎ᠶ᠋ᠢ ᠳᠠᠭᠠᠯᠳᠤᠨ᠂ ᠪᠠᠶᠠᠠᠨᠠᠭᠤᠷ ᠬᠤᠳᠠ᠎ᠶ᠋ᠢᠨ ᠬᠤᠨᠢᠨ᠎ᠤ ᠳᠤᠭ᠎ᠠ ᠲᠤᠯᠤᠭᠠᠢ ᠬᠠᠷᠢᠴᠠᠩᠭᠤᠢ᠎ᠪᠠᠷ ᠨᠡᠮᠡᠭ᠌ᠳᠡᠵᠤ᠂ ᠪᠤᠷᠳᠤᠨ ᠳᠠᠷᠭᠤᠯᠠᠭᠤᠯᠬᠤ ᠮᠢᠬᠠᠨ᠎ᠤ ᠬᠤᠨᠢᠨ᠎ᠤ ᠠᠵᠤ ᠦᠢᠯᠡᠰ᠎ᠤᠨ ᠬᠦᠭ᠌ᠵᠢᠯᠳᠡ ᠲᠦᠷᠭᠡᠳᠴᠦ᠍᠂ ᠱᠢᠨᠵᠢᠯᠡᠭᠦ᠌ ᠤᠬᠠᠭᠠᠨᠴᠢ ᠠᠷᠭ᠎ᠠ ᠬᠡᠮᠵᠢᠶ᠎ᠡ᠎ᠪᠠᠷ ᠠᠷᠠᠴᠢᠯᠠᠨ ᠮᠠᠯᠵᠢᠬᠤ᠎ᠨᠢ ᠴᠠᠭ ᠦᠶ᠎ᠠ᠎ᠶ᠋ᠢᠨ ᠳᠤᠯᠭᠠᠮ ᠱᠠᠭᠠᠷᠳᠠᠯᠭ᠎ᠠ ᠪᠤᠯᠤᠭ᠍ᠰᠠᠨ ᠪᠠᠢᠨ᠎ᠠ᠃ 

11 ᠰᠠᠷ᠎ᠠ᠎ᠶ᠋ᠢᠨ 22 ᠎ᠤᠨ ᠡᠳᠦᠷ᠂ ᠰᠤᠷᠪᠤᠯᠵᠢᠯᠠᠭ᠍ᠴᠢ 《ᠳᠤᠮᠳᠠᠳᠤ ᠤᠯᠤᠰ᠎ᠤᠨ ᠮᠢᠬᠠᠨ ᠬᠤᠨᠢᠨ (ᠪᠠ ᠮᠧᠢ ᠬᠤᠨᠢ) ᠎ᠤ ᠨᠤᠲᠤᠭ》 ᠎ᠤᠨ ᠴᠣᠯᠠ᠎ᠲᠠᠢ ᠪᠠᠶᠠᠠᠨᠠᠭᠤᠷ ᠬᠤᠳᠠ᠎ᠶ᠋ᠢᠨ ᠯᠢᠨ ᠾᠧ ᠳᠤᠭᠤᠷᠢᠭ᠎ᠲᠠᠬᠢ 《ᠹᠦ᠋ ᠴᠤᠸᠠᠨ ᠤᠳᠦ ᠦᠶ᠎ᠠ᠎ᠶ᠋ᠢᠨ ᠮᠢᠬᠠᠨ᠎ᠤ ᠬᠤᠨᠢ ᠳᠡᠵᠢᠭᠡᠨ ᠦᠷᠡᠵᠢᠭᠦᠯᠬᠦ᠌ ᠱᠢᠨᠵᠢᠯᠡᠭᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠢᠱ᠌ᠢᠶ᠎ᠠ ᠦᠵᠡᠭᠦᠯᠬᠦ᠌ ᠬᠦᠷᠢᠶᠡᠯᠡᠩ ᠳᠤᠭᠤᠷᠢᠭ》 ᠎ᠲᠤ ᠬᠦᠷᠪᠡᠯ᠂ ᠲᠦᠷᠪᠡᠨ ᠬᠦᠮᠦᠨ ᠨᠢᠭᠡ ᠬᠤᠨᠢᠨ᠎ᠤ ᠲᠦᠷᠪᠡᠨ ᠬᠦᠯ᠎ᠠᠴᠠ᠎ᠨᠢ ᠬᠦᠩᠭᠡᠭᠡᠨ ᠡᠷᠭᠦᠵᠤ ᠳᠡᠷᠭᠡᠨ ᠳᠡᠭᠡᠷ᠎ᠡ ᠳᠡᠭᠡᠭᠡᠪᠦᠷᠢᠯᠡᠵᠤ ᠪᠠᠢᠬᠤ᠎ᠶ᠋ᠢ ᠬᠠᠷᠠᠭᠠᠳ ᠭᠠᠢᠬᠠᠱᠢᠷᠠᠪᠠ᠃ 《ᠡᠳᠡᠭᠡᠷ ᠬᠤᠨᠢᠳ᠎ᠢ ᠠᠰᠠᠷᠠᠮᠵᠢ᠎ᠶ᠋ᠢᠨ ᠳᠡᠭᠡᠭᠡᠪᠦᠷᠢ᠎ᠶ᠋ᠢᠨ ᠪᠠᠷᠢᠮᠵᠢᠶ᠎ᠠ᠎ᠪᠠᠷ ᠳᠡᠭᠡᠭᠡᠪᠦᠷᠢᠯᠡᠵᠤ ᠪᠠᠢᠭ᠎ᠠ ᠶᠤᠮ᠂ ᠤᠴᠢᠷ᠎ᠨᠢ ᠬᠤᠨᠢ ᠱᠢᠷᠬᠠᠳᠤᠪᠠᠯ ᠮᠢᠬ᠎ᠠ᠎ᠨᠢ ᠶᠠᠰᠤ ᠴᠢᠨᠠᠷ᠎ᠤᠨ ᠪᠠᠷᠢᠮᠵᠢᠶ᠎ᠠ᠎ᠳᠤ ᠬᠦᠷᠭᠦ᠌ ᠦᠭᠡᠢ ᠪᠤᠯᠵᠤ ᠠᠮᠳᠠ᠎ᠨᠢ ᠴᠦ᠍ ᠬᠤᠪᠢᠷᠠᠬᠤ ᠪᠤᠯᠤᠨ᠎ᠠ》 ᠭᠡᠵᠤ ᠮᠠᠯ᠎ᠤᠨ ᠡᠮᠴᠢ᠎ᠶ᠋ᠢᠨ ᠭᠠᠷᠤᠯ᠎ᠲᠠᠢ ᠦᠪᠤᠷ ᠮᠤᠩᠭᠤᠯ᠎ᠤᠨ ᠦᠢᠯᠡᠳᠪᠦᠷᠢ ᠬᠤᠳᠠᠯᠳᠤᠭᠠᠨ᠎ᠤ ᠬᠤᠯᠪᠤᠭᠠᠨ᠎ᠤ ᠳᠡᠳ᠋ ᠳᠠᠷᠤᠭ᠎ᠠ᠂ ᠦᠪᠦᠷ ᠮᠤᠩᠭᠤᠯ᠎ᠤᠨ ᠹᠦ᠋ ᠴᠤᠸᠠᠨ ᠪᠤᠷᠳᠤᠭᠤᠷ ᠦᠢᠯᠡᠳᠭᠦ᠌ ᠺᠤᠮᠫᠠᠨᠢ᠎ᠶ᠋ᠢᠨ ᠬᠡᠷᠡᠭ ᠮᠡᠳᠡᠭ᠌ᠴᠢᠳ᠎ᠤᠨ ᠳᠠᠷᠤᠭ᠎ᠠ ᠴᠧᠨ ᠬᠤᠸᠠᠢ ᠰᠧᠨ ᠬᠠᠵᠠᠭᠤ᠎ᠠᠴᠠ ᠳᠠᠨᠢᠯᠴᠠᠭᠤᠯᠵᠤ ᠭᠠᠷᠤᠯ᠎ᠠ᠃ 

ᠴᠧᠨ ᠬᠤᠸᠠᠢ ᠰᠧᠨ ᠪᠤᠯ ᠱᠢᠨᠵᠢᠯᠡᠭᠦ᠌ ᠤᠬᠠᠭᠠᠨᠴᠢ ᠠᠷᠭ᠎ᠠ ᠬᠡᠮᠵᠢᠶ᠎ᠡ᠎ᠪᠠᠷ ᠬᠤᠨᠢ ᠪᠤᠷᠳᠤᠨ ᠳᠡᠵᠢᠭᠡᠭᠦ᠌ ᠱᠢᠨ᠎ᠡ ᠳᠤᠮᠤᠭ᠎ᠢ ᠬᠦᠷᠦᠨᠢᠭ᠌ᠴᠢ᠎ᠶ᠋ᠢᠨ ᠨᠢᠭᠡ᠃ ᠳᠡᠭᠡᠷ᠎ᠠ ᠵᠠᠭᠤᠨ᠎ᠤ ᠨᠠᠶᠠᠭᠠᠳ ᠤᠨ᠎ᠤ ᠦᠶ᠎ᠠ᠎ᠳᠤ ᠳᠡᠷᠡ ᠮᠠᠯ᠎ᠤᠨ ᠡᠮᠴᠢ᠎ᠶ᠋ᠢᠨ ᠠᠵᠢᠯ ᠬᠢᠵᠤ ᠪᠠᠢᠬᠤ᠎ᠳᠠᠭᠠᠨ ᠮᠠᠯ ᠤᠨᠤᠭ᠎ᠠ ᠭᠡᠷ᠎ᠤᠨ ᠳᠡᠵᠢᠭᠡᠪᠦᠷᠢ᠎ᠳᠤ ᠬᠦᠮᠦᠯᠢᠭ ᠤᠪᠤᠷ᠎ᠢᠶᠠᠷ ᠬᠠᠨᠳᠤᠬᠤ᠎ᠶ᠋ᠢ ᠱᠠᠭᠠᠷᠳᠠᠵᠤ ᠪᠠᠢᠵᠠᠢ᠃ 《ᠠᠮᠢᠳᠠᠨ᠎ᠤ ᠠᠰᠠᠷᠠᠮᠵᠢ᠎ᠶ᠋ᠢᠨ ᠠᠷᠠᠴᠢᠯᠠᠯᠳᠠ ᠭᠡᠳᠡᠭ᠎ᠢ ᠤᠨᠤᠯ᠎ᠤᠨ ᠳᠠᠯ᠎ᠠ᠎ᠪᠠᠷ ᠤᠢ᠍ᠢᠯᠠᠭᠠᠭ᠍ᠰᠠᠨ᠎ᠨᠢ 1997 ᠤᠨ᠎ᠳᠤ ᠪᠢᠯᠡ》 ᠭᠡᠵᠤ ᠴᠧᠨ ᠬᠤᠸᠠᠢ ᠰᠧᠨ ᠬᠡᠯᠡᠵᠤ ᠪᠠᠢᠭ᠍ᠰᠠᠨ᠃ ᠳᠡᠷᠡ ᠵᠠᠬ᠎ᠠ ᠳᠡᠯᠭᠡᠭᠦᠷ᠎ᠲᠤ ᠪᠠᠢᠴᠠᠭᠠᠨ ᠰᠤᠳᠤᠯᠤᠯᠳᠠ ᠬᠢᠭ᠌ᠰᠡᠨ ᠪᠠ ᠭᠠᠳᠠᠭᠠᠳᠤ᠎ᠳᠤ ᠬᠦᠷᠴᠦ᠍ ᠰᠤᠷᠤᠯᠴᠠᠬᠤ᠎ᠪᠠᠷ ᠳᠠᠮᠵᠢᠨ᠂ 2011 ᠤᠨ᠎ᠳᠤ 1 ᠳ᠋ᠦᠩᠱᠢᠭᠤᠷ ᠲᠦᠭᠦᠷᠢᠭ᠎ᠤᠨ ᠪᠡᠯᠡ ᠤᠷᠤᠭᠤᠯᠤᠨ 《ᠹᠦ᠋ ᠴᠤᠸᠠᠨ ᠤᠳᠦ ᠦᠶ᠎ᠠ᠎ᠶ᠋ᠢᠨ ᠮᠢᠬᠠᠨ ᠬᠤᠨᠢ ᠳᠡᠵᠢᠭᠡᠨ ᠦᠷᠡᠵᠢᠭᠦᠯᠬᠦ᠌ ᠱᠢᠨᠵᠢᠯᠡᠭᠦ᠌ ᠤᠬᠠᠭᠠᠨ ᠲᠧᠭ᠌ᠨᠢᠭ ᠮᠡᠷᠭᠡᠵᠢᠯ᠎ᠤᠨ ᠬᠦᠷᠢᠶᠡᠯᠡᠩ ᠳᠤᠭᠤᠷᠢᠭ》 ᠎ᠢ ᠪᠠᠢᠭᠤᠯᠵᠤ᠂ ᠠᠮᠢᠳᠠᠨ᠎ᠤ ᠠᠰᠠᠷᠠᠮᠵᠢ᠎ᠶ᠋ᠢᠨ ᠠᠷᠠᠴᠢᠯᠠᠯᠳᠠ᠂ ᠳᠡᠭᠡᠭᠡᠪᠦᠷᠢ᠂ ᠨᠢᠳᠤᠯᠤᠯᠳᠠ ᠬᠢᠭᠦ᠌ ᠵᠡᠷᠭᠡ ᠱᠢᠨᠵᠢᠯᠡᠭᠦ᠌ ᠤᠬᠠᠭᠠᠨᠴᠢ ᠠᠷᠭ᠎ᠠ ᠭᠡᠮᠵᠢᠶ᠎ᠡ᠎ᠪᠠᠷ ᠬᠤᠨᠢ᠎ᠳᠤ ᠳᠠᠭᠠᠳᠠᠢ ᠤᠷᠴᠢᠨ ᠬᠠᠩᠭᠠᠵᠤ᠂ ᠡᠪᠡᠰᠤ ᠪᠤᠷᠳᠤᠭᠠᠨ᠎ᠤ ᠱᠢᠮ᠎ᠠ ᠳᠡᠵᠢᠭᠡᠯ᠎ᠢ ᠤᠨᠴᠠ ᠠᠩᠬᠠᠷᠤᠨ᠂ ᠬᠦᠳᠡᠯᠭᠡᠭᠡᠨ ᠬᠢᠭᠦ᠌ ᠶᠡᠭᠡ ᠳᠠᠯᠠᠪᠠᠢ ᠪᠦᠬᠦᠢ ᠨᠠᠷᠠᠨ᠎ᠳᠤ ᠡᠬᠡᠬᠡᠬᠦ᠌ ᠭᠠᠵᠠᠷ ᠭᠠᠷᠭᠠᠵᠦ᠍ ᠦᠭ᠌ᠴᠡᠢ᠃ 《ᠬᠤᠷᠢᠵᠤ ᠳᠡᠵᠢᠭᠡᠭ᠌ᠰᠡᠨ ᠬᠤᠨᠢᠨ ᠮᠢᠬᠠᠨ᠎ᠤ ᠨᠡᠷ᠎ᠠ ᠲᠦᠷᠦ᠍ ᠮᠠᠭᠤᠳᠠᠵᠦ᠍ ᠪᠤᠢ᠂ ᠡᠭᠦᠨ᠎ᠢ ᠬᠤᠪᠢᠷᠠᠭᠤᠯᠬᠤ ᠦᠭᠡᠢ ᠤᠳᠠᠭᠠᠨ᠎ᠳᠠᠭᠠᠨ ᠪᠠᠢᠪᠠᠯ ᠪᠠᠶᠠᠨᠨᠠᠭᠤᠷ᠎ᠤᠨ ᠮᠢᠬᠠᠨ᠎ᠤ ᠬᠤᠨᠢᠨ᠎ᠤ ᠠᠵᠤ ᠦᠢᠯᠡᠰ ᠭᠠᠷᠬᠤ ᠵᠠᠮ ᠦᠭᠡᠢ ᠪᠤᠯᠤᠨ᠎ᠠ᠂ ᠡᠨᠡ ᠪᠠᠢᠳᠠᠯ᠎ᠳᠤ ᠬᠠᠨᠳᠤᠭᠤᠯᠤᠨ᠂ ᠳᠠᠷᠢᠶᠠᠯᠠᠬᠤ ᠤᠷᠤᠨ᠎ᠳᠤ ᠴᠤ᠌ ᠴᠢᠨᠠᠷ ᠰᠠᠢᠳᠠᠢ ᠬᠤᠨᠢᠨ ᠮᠢᠬ᠎ᠠ᠎ᠶ᠋ᠢ ᠡᠳ᠋ᠱᠢᠭᠦᠯᠦᠨ ᠪᠤᠷᠤᠯᠠᠭᠤᠯᠵᠤ ᠪᠤᠯᠤᠨ᠎ᠠ ᠭᠡᠳᠡᠭ᠎ᠢ ᠬᠡᠷᠡᠴᠢᠯᠡᠭᠦ᠎ᠶ᠋ᠢᠨ ᠬᠠᠮᠳᠤ ᠮᠠᠯᠴᠢᠨ ᠳᠠᠷᠢᠶᠠᠴᠢᠨ᠎ᠳᠤ ᠬᠤᠨᠢ ᠢᠮᠠᠭ᠎ᠠ ᠳᠡᠵᠢᠭᠡᠨ ᠦᠷᠡᠵᠢᠭᠦᠯᠵᠤ ᠠᠱᠢᠭ ᠬᠦᠷᠳᠡᠭᠡᠭᠦ᠌ ᠬᠠᠮᠤᠭ᠎ᠤᠨ ᠰᠠᠢᠨ ᠬᠡᠪ ᠵᠠᠭ᠍ᠪᠤᠷ᠎ᠢ ᠭᠠᠷᠭᠠᠨ ᠦᠭ᠌ᠴᠦ ᠪᠤᠢ》 ᠭᠡᠵᠤ ᠴᠧᠨ ᠬᠤᠸᠠᠢ ᠰᠧᠨ ᠪᠠᠶᠠᠷᠳᠠᠢᠬᠠᠨ ᠶᠠᠷᠢᠨ᠎ᠠ᠃ 

ᠳᠤᠰ ᠵᠢᠱ᠌ᠢᠶ᠎ᠠ ᠦᠵᠡᠭᠦᠯᠬᠦ᠌ ᠬᠦᠷᠢᠶᠡᠯᠡᠩ ᠳᠤᠭᠤᠷᠢᠭ᠎ᠤᠨ ᠬᠤᠨᠢ᠎ᠶ᠋ᠢ ᠬᠡᠳᠦ᠋ᠢᠪᠡᠷ ᠬᠤᠷᠢᠵᠤ ᠬᠡᠪᠴᠢᠶᠡᠵᠢᠭᠦᠯᠦᠨ ᠳᠡᠵᠢᠭᠡᠵᠤ ᠪᠠᠢᠭ᠎ᠠ ᠪᠤᠯᠪᠠᠴᠦ᠍ ᠪᠠᠯᠴᠢᠭᠡᠷ᠎ᠤᠨ ᠬᠤᠨᠢᠨ᠎ᠤ ᠵᠢᠮ᠎ᠠ ᠶᠤᠰᠤ᠎ᠪᠠᠷ ᠠᠷᠠᠴᠢᠯᠠᠨ ᠳᠡᠵᠢᠭᠡᠵᠤ᠂ 6000 ᠭᠠᠷᠤᠢ ᠳᠡᠭ᠌ᠰᠢ ᠲᠦᠷᠪᠡᠯᠵᠢᠨ ᠮᠧᠳ᠋ᠷ ᠳᠠᠯᠠᠪᠠᠢ᠎ᠲᠠᠢ ᠬᠤᠷᠤᠭᠠᠨ ᠳᠤᠳᠤᠷ᠎ᠠ 500 ᠡᠭᠡ ᠮᠠᠯ ᠳᠡᠵᠢᠭᠡᠵᠤ᠂ ᠬᠤᠷᠢᠶ᠎ᠠ ᠰᠠᠷᠠᠪᠴᠢ ᠬᠠᠭᠤᠷᠠᠢ ᠴᠡᠪᠡᠷᠭᠡᠨ ᠮᠦᠷᠳᠡᠭᠡᠨ ᠠᠭᠤᠵᠢᠭᠤ ᠳᠠᠯᠪᠢᠭᠤᠨ᠂ ᠶᠠᠮᠠᠷ ᠴᠦ᠍ ᠦᠨᠦᠷ ᠳᠠᠨᠢᠷ ᠦᠭᠡᠢ᠃ ᠬᠤᠷᠠᠭ᠎ᠠ᠎ᠶ᠋ᠢ᠎ᠨᠢ ᠪᠡᠯᠴᠢᠭᠡᠷᠯᠡᠭᠦᠯᠦᠨ ᠠᠷᠠᠴᠢᠯᠠᠵᠤ ᠪᠠᠢᠳᠠᠭ ᠪᠤᠯᠬᠤᠷ ᠮᠢᠬᠠᠨ᠎ᠤ ᠴᠢᠨᠠᠷ ᠦᠨᠳᠦᠷ ᠲᠦᠪᠱᠢᠨ᠎ᠳᠤ ᠬᠦᠷᠴᠦ᠍᠂ ᠴᠢᠨᠠᠭ᠍ᠰᠢᠯᠠᠨ ᠵᠠᠬ᠎ᠠ ᠳᠡᠯᠭᠡᠭᠦᠷ ᠳᠡᠭᠡᠷᠡᠬᠢ ᠦᠨ᠎ᠡ ᠬᠠᠩᠰᠢ᠎ᠨᠢ ᠪᠡᠯᠴᠢᠭᠡᠷ᠎ᠤᠨ ᠬᠤᠨᠢᠨ ᠮᠢᠬ᠎ᠠ᠎ᠠᠴᠠ ᠴᠦ᠍ ᠦᠨᠳᠦᠷ ᠦᠨ᠎ᠡ᠎ᠳᠤ ᠬᠦᠷᠴᠦ᠍᠂ ᠰᠢ ᠪᠧᠢ ᠪᠦᠯᠦᠭ᠌ᠯᠡᠯ ᠺᠤᠮᠫᠠᠨᠢ᠂ ᠬᠤᠸᠠ ᠸᠧᠢ ᠺᠤᠮᠫᠠᠨᠢ᠂ ᠳᠤᠮᠳᠠᠳᠤ ᠤᠯᠤᠰ᠎ᠤᠨ ᠠᠮᠤ ᠪᠤᠳᠠᠭᠠᠨ᠎ᠤ ᠪᠦᠯᠦᠭ᠌ᠯᠡᠯ᠎ᠤᠨ ᠬᠢᠵᠠᠭᠠᠷᠲᠤ ᠺᠣᠮᠫᠠᠨᠢ ᠵᠡᠷᠭᠡ ᠠᠵᠤ ᠠᠬᠤᠢ᠍ᠢᠯᠠᠯ᠎ᠳᠤ ᠪᠤᠷᠤᠯᠠᠭᠤᠯᠵᠤ᠂ ᠴᠢᠨᠠᠭ᠍ᠰᠢᠯᠠᠨ ᠨᠡᠩ ᠦᠨᠳᠦᠷ ᠲᠦᠪᠱᠢᠨ᠎ᠤ ᠪᠠᠢᠭᠤᠯᠭ᠎ᠠ ᠨᠢᠭᠡᠴᠢ᠎ᠳᠤ ᠬᠤᠨᠢᠨ ᠮᠢᠬ᠎ᠠ ᠬᠠᠩᠭᠠᠵᠤ ᠪᠤᠢ᠃ 


QQ图片20201204093432.png


《ᠬᠠᠮᠤᠭ᠎ᠤᠨ ᠡᠷᠡᠭᠦᠯ ᠴᠢᠬᠢᠷᠠᠭ ᠬᠤᠨᠢᠨ ᠮᠢᠬ᠎ᠠ ᠪᠤᠯ 5 ᠰᠠᠷ᠎ᠠ ᠭᠠᠷᠤᠢ 6 ᠰᠠᠷ᠎ᠠ᠎ᠶ᠋ᠢᠨ ᠳᠤᠳᠤᠷᠠᠬᠢ ᠬᠤᠷᠠᠭᠠᠨ᠎ᠤ ᠮᠢᠬ᠎ᠠ ᠪᠤᠯᠤᠨ᠎ᠠ᠂ ᠬᠤᠷᠠᠭ᠎ᠠ ᠶᠠᠰᠤ ᠬᠠᠳᠠᠭᠤᠷᠠᠬᠤ᠎ᠳᠤ ᠡᠳᠦᠷ ᠪᠦᠷᠢ 0.2 ᠭᠷᠠᠮ ᠺᠠᠯᠼ᠂ 0.1 ᠭᠷᠡᠮ ᠹᠤᠰᠹᠤᠷ᠂ ᠸᠢᠲ᠋ᠠᠮᠢᠨ᠎ᠤ ᠲᠦᠷᠦᠯ᠎ᠢ ᠪᠠᠭ᠎ᠠ ᠱᠠᠭᠠᠷᠳᠠᠳᠠᠭ ᠪᠤᠯᠪᠠᠴᠦ᠍ ᠶᠠᠭᠠᠬᠢᠭ᠍ᠰᠠᠨ ᠴᠦ᠍ ᠳᠤᠳᠠᠭ᠍ᠳᠠᠭᠤᠯᠵᠤ ᠪᠤᠯᠳᠠᠭ ᠦᠭᠡᠢ ᠶᠤᠮ᠂ ᠮᠢᠨᠦ᠍ ᠠᠳᠡ ᠳᠡᠵᠢᠭᠡᠵᠤ ᠪᠠᠢᠭ᠎ᠠ ᠬᠤᠷᠠᠭ᠎ᠠ 5 ᠰᠠᠷ᠎ᠠ᠎ᠳᠤ 40 ᠵᠢᠩ᠎ᠤᠨ ᠮᠢᠬ᠎ᠠ ᠭᠠᠷᠳᠠᠭ᠂ ᠬᠤᠨᠢᠨ ᠮᠢᠬ᠎ᠠ᠎ᠨᠢ ᠶᠠᠰᠤ ᠴᠢᠨᠠᠷ ᠰᠠᠢᠳᠠᠢ᠂ ᠱᠢᠩᠭᠡᠭ ᠦᠨᠦᠷ ᠤᠭ᠍ᠳᠤ ᠦᠭᠡᠢ ᠤᠨᠴᠠ ᠠᠮᠳᠠᠯᠢᠭ ᠪᠠᠢᠳᠠᠭ》 ᠭᠡᠵᠤ ᠴᠧᠨ ᠬᠤᠸᠠᠢ ᠰᠧᠨ ᠤᠷᠤᠰᠤᠮ᠎ᠠ ᠳᠠᠨᠢᠯᠴᠠᠭᠤᠯᠤᠨ᠎ᠠ᠃ ᠳᠡᠭᠦᠨ᠎ᠤ ᠦᠵᠡᠭᠦ᠎ᠪᠠᠷ᠂ ᠬᠤᠨᠢᠨ ᠮᠢᠬᠠᠨ᠎ᠤ ᠴᠢᠨᠠᠷ᠎ᠢ ᠳᠤᠳᠤᠯᠠᠬᠤ᠎ᠳᠤ ᠬᠤᠨᠢ᠎ᠶ᠋ᠢ ᠪᠡᠯᠴᠢᠭᠡᠷᠯᠡᠭᠦᠯᠦᠭ᠌ᠰᠡᠨ ᠡᠰᠡᠭᠦ᠌᠂ ᠬᠤᠷᠢᠵᠤ ᠪᠤᠷᠳᠤᠨ ᠳᠡᠵᠢᠭᠡᠭ᠌ᠰᠡᠨ ᠡᠰᠡᠭᠦ᠎ᠪᠠᠷ ᠪᠠᠷᠢᠮᠵᠢᠶᠠᠯᠠᠬᠤ ᠪᠢᠰᠢ᠂ ᠬᠠᠷᠢᠨ ᠬᠤᠨᠢᠨ ᠮᠢᠬ᠎ᠠ᠎ᠶ᠋ᠢ ᠬᠢᠮᠢ᠎ᠶ᠋ᠢᠨ ᠵᠠᠳᠠᠯᠤᠯᠳᠠ᠎ᠪᠠᠷ ᠱᠢᠯᠭᠠᠨ ᠭᠡᠮᠵᠢᠵᠦ᠍ ᠪᠠᠷᠢᠮᠵᠢᠶ᠎ᠠ ᠵᠢᠭᠠᠯᠳᠠ ᠳᠤᠭ᠎ᠠ᠎ᠪᠠᠷ ᠪᠠᠷᠢᠮᠵᠢᠶᠠᠯᠠᠬᠤ᠎ᠳᠤ ᠪᠤᠢ᠃ 

《ᠪᠠᠶᠠᠠᠨᠠᠭᠤᠷ ᠬᠤᠳᠠ᠎ᠶ᠋ᠢᠨ ᠬᠤᠨᠢᠨ᠎ᠤ ᠠᠵᠤ ᠦᠢᠯᠡᠰ ᠪᠤᠯ 1000 ᠳ᠋ᠦᠩᠱᠢᠭᠤᠷ ᠲᠦᠭᠦᠷᠢᠭ᠎ᠤᠨ ᠬᠦᠷᠦᠩᠭᠡ᠎ᠶ᠋ᠢᠨ ᠵᠠᠬ᠎ᠠ ᠳᠡᠯᠭᠡᠭᠦᠷ᠎ᠲᠠᠢ᠂ ᠤᠳᠤᠬᠠᠨ᠎ᠳᠤ ᠳᠤᠰ ᠬᠤᠳᠠ ᠵᠦᠪᠭᠡᠨ 100 ᠳ᠋ᠦᠩᠱᠢᠭᠤᠷ ᠲᠦᠭᠦᠷᠢᠭ ᠤᠷᠴᠢᠮ᠎ᠤᠨ ᠬᠦᠷᠦᠩᠭᠡ᠎ᠶ᠋ᠢᠨ ᠵᠠᠬ᠎ᠠ ᠳᠡᠯᠭᠡᠭᠦᠷ᠎ᠢ ᠲᠠᠢᠴᠢᠯᠠᠭᠠᠳ ᠪᠤᠢ》᠃ ᠪᠠᠶᠠᠠᠨᠠᠭᠤᠷ ᠬᠤᠳᠠ᠎ᠶ᠋ᠢᠨ ᠪᠤᠳᠠᠳᠠᠢ ᠪᠠᠢᠳᠠᠯ᠎ᠠᠴᠠ ᠦᠵᠡᠪᠡᠯ᠂ ᠱᠢᠨᠵᠢᠯᠡᠭᠦ᠌ ᠤᠬᠠᠭᠠᠨᠴᠢ᠎ᠪᠠᠷ ᠮᠢᠬᠠᠨ᠎ᠤ ᠬᠤᠨᠢ ᠳᠡᠵᠢᠭᠡᠨ ᠦᠷᠡᠵᠢᠭᠦᠯᠬᠦ᠌ ᠬᠡᠪ ᠵᠠᠬ᠍ᠪᠤᠷ ᠨᠢᠭᠡᠨᠳᠡ ᠪᠤᠢ ᠪᠤᠯᠪᠠ᠂ ᠪᠤᠷᠤᠳᠤᠬᠤᠢ᠎ᠶ᠋ᠢᠨ ᠤᠰᠤᠯᠠᠯᠳᠠ᠎ᠶ᠋ᠢᠨ ᠨᠦᠭᠦᠴᠡᠯ᠎ᠲᠠᠢ ᠦᠷᠭᠡᠨ ᠤᠯᠠᠨ ᠳᠠᠷᠢᠶᠠᠴᠢᠨ ᠴᠦ᠍ ᠱᠢᠨᠵᠢᠯᠡᠭᠦ᠌ ᠤᠬᠠᠭᠠᠨᠴᠢ᠎ᠪᠠᠷ ᠬᠤᠨᠢ ᠳᠠᠵᠢᠭᠡᠨ ᠦᠷᠡᠵᠢᠭᠦᠯᠬᠦ᠌ ᠨᠦᠭᠦᠴᠡᠯ ᠪᠤᠯᠤᠮᠵᠢ ᠪᠦᠷᠢᠨ ᠪᠤᠯᠵᠤ᠂ ᠪᠠᠶᠠᠠᠨᠠᠭᠤᠷ ᠬᠤᠳᠠ᠎ᠶ᠋ᠢᠨ ᠬᠤᠨᠢᠨ᠎ᠤ ᠠᠵᠤ ᠦᠢᠯᠡᠰ ᠱᠢᠨ᠎ᠠ ᠥᠷᠨᠢᠯᠲᠡ᠎ᠪᠠᠨ ᠤᠭ᠍ᠳᠤᠬᠤ᠎ᠨᠢ ᠳᠠᠮᠵᠢᠭ ᠦᠭᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号