ᠠᠯᠳᠠᠷ ᠵᠠᠩᠭᠠᠷ᠎ᠤᠨ ᠭᠠᠪᠢᠶ᠎ᠠ
ᠠᠷᠤ ᠪᠤᠮᠪᠠ᠎ᠶ᠋ᠢᠨ ᠵᠢᠷᠭᠠᠯ
ᠠᠮᠵᠢᠯᠳᠠ ᠤᠯᠠᠮᠵᠢᠯᠠᠯ᠎ᠢᠶᠠᠷ ᠠᠮᠢᠯᠠᠭ᠍ᠳᠠᠨ
ᠠᠯᠳᠠᠨ ᠳᠠᠢᠰᠠᠶ᠋ᠢ ᠬᠡᠷᠡᠯᠳᠦᠭᠦᠯᠦᠯᠡ᠃
ᠤᠯᠠᠮᠵᠢᠯᠠᠯᠳᠤ ᠰᠤᠶᠤᠯ᠎ᠤᠨ ᠦᠪ
ᠤᠷᠠᠯᠢᠭ ᠰᠠᠢᠬᠠᠨ ᠱᠢᠳᠠᠷ᠎ᠠ
ᠤᠷ᠎ᠠ ᠤᠬᠠᠭᠠᠨ᠎ᠢᠶᠠᠨ ᠱᠢᠯᠭᠠᠵᠤ
ᠤᠷᠠᠨ ᠰᠡᠢᠯᠪᠤᠷᠢᠪᠠᠨ ᠭᠠᠢᠬᠠᠭᠤᠯᠤᠯ᠎ᠠ ᠃
11 ᠰᠠᠷ᠎ᠠ᠎ᠶ᠋ᠢᠨ 28 ᠤ ᠦᠳᠡ᠎ᠶ᠋ᠢᠨ ᠬᠤᠢᠨ᠎ᠠ᠂ ᠳᠤᠮᠳᠠᠳᠤ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢᠳ᠎ᠤᠨ ᠰᠤᠳᠤᠯᠤᠨ ᠰᠤᠷᠤᠯᠴᠠᠬᠤ ᠪᠤᠯᠪᠠᠰᠤᠷᠠᠯ᠎ᠤᠨ ᠲᠦᠯᠦᠪᠯᠡᠭᠡ᠎ᠶ᠋ᠢᠨ 《ᠵᠠᠩᠭᠠᠷ》 ᠤᠯᠠᠮᠵᠢᠯᠠᠭ᠍ᠴᠢᠳ ᠪᠤᠯᠤᠨ 《ᠮᠤᠩᠭᠤᠯ ᠱᠢᠳᠠᠷ᠎ᠠ》 ᠶ᠋ᠢᠨ ᠮᠤᠳᠤᠨ ᠰᠡᠢᠯᠦᠮᠡᠯ᠎ᠤᠨ ᠤᠷ᠎ᠠ ᠮᠡᠷᠭᠡᠵᠢᠯ᠎ᠤᠨ ᠤᠯᠠᠮᠵᠢᠯᠠᠭ᠍ᠴᠢᠳ᠎ᠤᠨ ᠰᠤᠳᠤᠯᠤᠨ ᠰᠤᠷᠤᠯᠴᠠᠬᠤ ᠪᠤᠯᠪᠠᠰᠤᠷᠠᠯ᠎ᠤᠨ ᠠᠩᠬᠢ᠎ᠶ᠋ᠢᠨ ᠨᠢᠭᠡ ᠰᠠᠷ᠎ᠠ᠎ᠶ᠋ᠢᠨ ᠬᠤᠭᠤᠴᠠᠭ᠎ᠠ᠎ᠳᠤ ᠪᠤᠯᠪᠠᠰᠤᠷᠠᠯ ᠳᠡᠭᠦᠰ ᠠᠮᠵᠢᠯᠳᠠ᠎ᠲᠠᠢ ᠦᠨᠳᠦᠷᠯᠠᠵᠤ᠂ ᠬᠠᠷᠢᠭᠤ ᠮᠡᠳᠡᠭᠦᠯᠦᠯᠳᠡ᠎ᠶ᠋ᠢᠨ ᠳᠤᠭ᠍ᠯᠠᠯᠳᠠ᠎ᠨᠢ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠳᠠᠭᠤᠤ ᠬᠦᠭ᠌ᠵᠢᠮ᠎ᠤᠨ ᠳᠢᠩᠬᠢᠮ᠎ᠳᠤ ᠶᠠᠪᠤᠭ᠍ᠳᠠᠯ᠎ᠠ᠃

ᠦᠪᠦᠷ ᠮᠤᠩᠭᠤᠯ᠎ᠤᠨ ᠰᠤᠶᠤᠯ ᠪᠡ ᠵᠢᠭᠤᠯᠴᠢᠯᠠᠯ᠎ᠤᠨ ᠲᠢᠩᠬᠢᠮ᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠠᠴᠠ ᠭᠤᠤᠯᠯᠠᠨ ᠡᠷᠬᠢᠯᠡᠭ᠌ᠰᠡᠨ 《ᠵᠠᠩᠭᠠᠷ》 ᠬᠢᠬᠡᠳ 《ᠮᠤᠩᠭᠤᠯ ᠱᠢᠳᠠᠷ᠎ᠠ》 ᠶ᠋ᠢᠨ ᠮᠤᠳᠤᠨ ᠰᠡᠢᠯᠦᠮᠡᠯ᠎ᠤᠨ ᠤᠷ᠎ᠠ ᠮᠡᠷᠭᠡᠵᠢᠯ᠎ᠨᠢ ᠠᠷᠠᠳ᠎ᠤᠨ ᠳᠤᠮᠳᠠᠬᠢ ᠪᠢᠰᠢ ᠬᠠᠷᠢᠨ ᠤᠯᠤᠰ᠎ᠤᠨ ᠲᠦᠯᠦᠪᠵᠢᠭᠦᠯᠭᠡ᠎ᠪᠠᠷ᠂ ᠭᠠᠭ᠍ᠴᠠ ᠬᠤᠶᠠᠷ᠎ᠢᠶᠠᠷ ᠪᠢᠰᠢ ᠬᠠᠷᠢᠨ ᠡᠩᠨᠡᠭᠡ ᠠᠩᠬᠢ᠎ᠪᠠᠷ᠂ ᠰᠠᠯᠤᠩᠬᠢ ᠪᠤᠳᠠᠷᠬᠠᠢ ᠪᠢᠰᠢ ᠬᠠᠷᠢᠨ ᠲᠦᠪᠯᠡᠷᠡᠩᠬᠦᠢ ᠶᠡᠭᠡ ᠬᠡᠪᠴᠢᠶ᠎ᠡ᠎ᠪᠠᠷ ᠦᠪᠯᠡᠨ ᠤᠯᠠᠮᠵᠢᠯᠠᠭ᠍ᠳᠠᠵᠤ᠂ ᠨᠢᠭᠡ ᠪᠦᠯᠦᠭ ᠱᠢᠯᠢᠳᠡᠭ ᠤᠯᠠᠮᠵᠢᠯᠠᠭ᠍ᠴᠢ᠎ᠶ᠋ᠢ ᠬᠦᠮᠦᠵᠢᠭᠦᠯᠦᠨ ᠪᠤᠯᠪᠠᠰᠤᠷᠠᠭᠤᠯᠤᠭ᠍ᠰᠠᠨ ᠪᠠᠢᠨ᠎ᠠ᠃ ᠬᠠᠷᠢᠭᠤ ᠮᠡᠳᠡᠭᠦᠯᠦᠯᠳᠡ᠎ᠶ᠋ᠢᠨ ᠳᠤᠭ᠍ᠯᠠᠯᠳᠠ ᠳᠡᠭᠡᠷ᠎ᠡ᠂ 《ᠵᠠᠩᠭᠠᠷ᠎ᠤᠨ ᠮᠠᠭ᠍ᠳᠠᠭᠠᠯ》᠂ 《ᠮᠤᠩᠭᠤᠯ ᠱᠢᠳᠠᠷ᠎ᠠ᠎ᠶ᠋ᠢᠨ ᠮᠠᠭ᠍ᠳᠠᠭᠠᠯ》᠂ 《ᠵᠠᠩᠭᠠᠷ᠎ᠤᠨ ᠦᠯᠢᠭᠡᠷ》᠂ 《ᠵᠠᠩᠭᠠᠷ ᠬᠤᠶᠠᠭ᠍ᠯᠠᠵᠤ ᠮᠤᠷᠳᠠᠬᠤ》᠂ 《ᠵᠠᠩᠭᠠᠷ᠎ᠤᠨ ᠠᠷᠪᠠᠨ ᠬᠤᠶᠠᠷ ᠪᠠᠭᠠᠳᠤᠷ᠎ᠤᠨ ᠮᠠᠭ᠍ᠳᠠᠭᠠᠯ》᠂ 《ᠠᠪᠤᠷᠠᠯᠳᠤ ᠪᠤᠭ᠍ᠳᠠ ᠬᠡᠰᠡᠷ ᠠᠯᠳᠠᠨ ᠳᠡᠯᠡᠭᠡᠢ᠎ᠳᠤ ᠪᠠᠭᠤᠭ᠍ᠰᠠᠨ᠎ᠨᠢ》᠂ 《ᠵᠢᠷᠤᠭ᠎ᠠ ᠬᠡᠭᠡᠷ ᠵᠢᠷᠤᠭ᠎ᠠ ᠬᠠᠷ᠎ᠠ》᠂ 《ᠨᠠᠷᠢᠨ ᠬᠦᠭᠡ》᠂ 《ᠵᠠᠩᠭᠠᠷ᠎ᠤᠨ ᠨᠤᠳᠤᠭ · ᠳᠠᠪᠤᠨ ᠬᠤᠱᠢᠭᠤ ᠮᠠᠯ᠎ᠤᠨ ᠮᠠᠭ᠍ᠳᠠᠭᠠᠯ》᠂ 《ᠪᠤᠮᠪᠠ᠎ᠶ᠋ᠢᠨ ᠤᠷᠤᠨ᠎ᠤ ᠮᠠᠭ᠍ᠳᠠᠭᠤ》᠂ 《ᠤᠷᠭᠤᠭ᠎ᠠ ᠬᠤᠯᠪᠤᠭ᠎ᠠ》᠂ 《ᠪᠠᠶᠠᠷ᠎ᠤᠨ ᠮᠠᠩᠯᠠᠢ ᠪᠠᠶᠠᠰᠭᠤᠯᠠᠩᠳᠤ ᠠᠮᠵᠢᠯᠳᠠ》 ᠬᠡᠬᠦ᠌ ᠠᠷᠪᠠᠨ ᠬᠤᠶᠠᠷ ᠳᠤᠭ᠍ᠯᠠᠯᠳᠠ᠎ᠨᠢ ᠬᠤᠭᠤᠷ ᠴᠤᠭᠤᠷ᠎ᠤᠨ ᠡᠭᠡᠱᠢᠭ᠎ᠢᠶᠠᠷ ᠠᠮᠢᠯᠠᠭ᠍ᠳᠠᠨ᠂ ᠳᠤᠪᠱᠢᠭᠤᠷ ᠬᠡᠩᠭᠡᠷᠭᠡ᠎ᠶ᠋ᠢᠨ ᠬᠦᠭ᠎ᠢᠶᠠᠷ ᠪᠤᠰᠴᠤ᠌᠂ ᠬᠦᠬᠡᠮᠠᠢ ᠬᠤᠭᠤᠯᠠᠢ᠎ᠶ᠋ᠢᠨ ᠤᠶᠠᠩᠭ᠎ᠠ᠎ᠪᠠᠷ ᠳᠡᠯᠡᠭᠡᠢ ᠶᠢᠷᠲᠢᠨᠴᠤ᠎ᠶ᠋ᠢ ᠰᠡᠷᠭᠦᠭᠡᠯ᠎ᠡ᠃

ᠶᠡᠷᠦᠩᠬᠡᠢ ᠱᠦᠵᠢ ᠰᠢ᠎ᠶ᠋ᠢᠨ ᠫᠢᠩ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠳᠤ ᠰᠤᠶᠤᠯ᠎ᠢ ᠤᠯᠠᠮᠵᠢᠯᠠᠨ ᠬᠦᠭ᠌ᠵᠢᠭᠦᠯᠬᠦ᠌᠎ᠶ᠋ᠢ ᠲᠡᠬᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠤ᠂ ᠦᠪᠦᠷ ᠮᠤᠩᠭᠤᠯ᠎ᠳᠤ ᠱᠢᠨᠵᠢᠯᠡᠨ ᠪᠠᠢᠴᠠᠭᠠᠬᠤ᠎ᠳᠠᠭᠠᠨ ᠴᠦᠭᠡᠨ ᠳᠤᠭᠠᠳᠤ ᠦᠨᠳᠦᠰᠦᠲᠡᠨ᠎ᠤ ᠰᠤᠶᠤᠯ᠎ᠤᠨ ᠬᠠᠮᠠᠭᠠᠯᠠᠯᠳᠠ ᠪᠠ ᠤᠯᠠᠮᠵᠢᠯᠠᠯ᠎ᠢ ᠴᠢᠬᠤᠯᠠᠴᠢᠯᠠᠬᠤ ᠬᠡᠷᠡᠭ᠌ᠳᠠᠢ ᠬᠡᠵᠤ ᠵᠢᠭᠠᠵᠤ ᠭᠠᠷᠭᠠᠪᠠ᠃ 《ᠳᠤᠮᠳᠠᠳᠤ ᠤᠯᠤᠰ᠎ᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢᠳ᠎ᠤᠨ ᠰᠤᠳᠤᠯᠤᠨ ᠰᠤᠷᠤᠯᠴᠠᠬᠤ ᠪᠤᠯᠪᠠᠰᠤᠷᠠᠯ᠎ᠤᠨ ᠲᠦᠯᠦᠪᠯᠡᠭᠡ》 ᠪᠤᠯ ᠪᠤᠳᠠᠰ᠎ᠤᠨ ᠪᠤᠰᠤ ᠰᠤᠶᠤᠯ᠎ᠤᠨ ᠦᠪ᠎ᠢ ᠤᠯᠠᠮᠵᠢᠯᠠᠨ ᠬᠠᠮᠠᠭᠠᠯᠬᠠᠤ ᠴᠢᠬᠤᠯᠠ ᠢᠨᠵᠧᠨᠧᠷᠢᠩ ᠪᠠᠢᠵᠤ᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ ᠪᠤᠯ ᠲᠤᠰ ᠲᠦᠯᠦᠪᠯᠡᠭᠡ᠎ᠳᠤ ᠤᠷᠤᠯᠴᠠᠭ᠍ᠰᠠᠨ ᠨᠢᠭᠡᠳᠦᠭᠡᠷ ᠪᠦᠯᠦᠭ᠎ᠤᠨ ᠶᠡᠭᠡ ᠳᠡᠭᠡᠳᠦ ᠰᠤᠷᠭᠠᠭᠤᠯᠢ ᠪᠤᠯᠬᠤ ᠶᠤᠮ᠃ ᠲᠤᠰ ᠤᠳᠠᠭᠠᠨ᠎ᠤ ᠪᠤᠯᠪᠠᠰᠤᠷᠠᠯ᠎ᠤᠨ ᠠᠩᠬᠢ᠎ᠪᠠᠷ ᠳᠠᠮᠵᠢᠭᠤᠯᠵᠤ᠂ ᠪᠤᠯᠪᠠᠰᠤᠷᠠᠯ ᠬᠦᠷᠳᠡᠭ᠌ᠴᠢᠳ ᠰᠠᠨᠠᠭ᠎ᠠ ᠪᠤᠳᠤᠯ᠂ ᠤᠷ᠎ᠠ ᠮᠡᠷᠭᠡᠵᠢᠯ᠂ ᠤᠨᠤᠯ ᠰᠤᠷᠤᠯᠴᠠᠯᠭ᠎ᠠ᠎ᠪᠠᠨ ᠰᠤᠯᠢᠯᠴᠠᠨ᠂ ᠲᠤᠰᠭᠠᠢ ᠰᠡᠳᠦᠪᠳᠦ ᠬᠢᠴᠢᠶᠡᠯ᠂ ᠳᠤᠭᠤᠷᠢᠨ ᠦᠵᠡᠭᠦ᠌᠂ ᠦᠢᠯᠡᠳᠦᠯᠭᠡ ᠵᠡᠷᠭᠡ ᠠᠷᠭ᠎ᠠ ᠬᠡᠯᠪᠡᠷᠢ᠎ᠪᠠᠷ ᠬᠠᠷᠠᠭ᠎ᠠ ᠰᠤᠨᠤᠷ᠎ᠢᠶᠠᠨ ᠳᠡᠯᠡᠵᠤ᠂ ᠮᠡᠳᠡᠯᠭᠡ ᠮᠡᠳᠡᠴᠡ᠎ᠪᠠᠨ ᠳᠡᠭᠡᠭ᠌ᠰᠢᠯᠡᠭᠦᠯᠤᠨ᠂ ᠤᠯᠠᠮᠵᠢᠯᠠᠯᠳᠤ ᠰᠤᠶᠤᠯ᠎ᠢᠶᠠᠨ ᠰᠠᠢᠬᠠᠨ ᠬᠡᠭ᠌ᠴᠢ ᠦᠪᠯᠡᠨ ᠠᠪᠤᠭ᠍ᠰᠠᠨ ᠪᠠᠢᠨ᠎ᠠ᠃

ᠦᠪᠦᠷ ᠮᠤᠩᠭᠤᠯ᠎ᠤᠨ ᠦᠨᠳᠦᠰᠦᠳᠡᠨ᠎ᠤ ᠵᠠᠩ ᠦᠢᠯᠡ ᠰᠤᠶᠤᠯ᠎ᠢ ᠰᠤᠳᠤᠯᠬᠤ ᠰᠠᠭᠤᠷᠢᠨ ᠭᠠᠵᠠᠷ᠎ᠤᠨ ᠲᠡᠷᠢᠬᠦᠨ᠎ᠤ ᠳᠤᠰᠭᠠᠢ ᠮᠡᠷᠭᠡᠵᠢᠯᠳᠡᠨ᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠫᠷᠤᠹᠧᠰᠰᠤᠷ ᠵᠠᠭᠠᠷ ᠰᠤᠷᠪᠤᠯᠵᠢᠯᠠᠭ᠎ᠠ ᠬᠦᠯᠢᠶᠡᠬᠦ᠌᠎ᠳᠡᠭᠡᠨ᠄ 《ᠵᠠᠩᠭᠠᠷ᠎ᠤᠨ ᠳᠤᠤᠯᠢ ᠪᠤᠯ ᠮᠠᠨ᠎ᠤ ᠤᠯᠤᠰ᠎ᠤᠨ ᠭᠤᠷᠪᠠᠨ ᠶᠡᠭᠡ ᠪᠠᠭᠠᠳᠤᠷ᠎ᠤᠨ ᠳᠤᠤᠯᠢ᠎ᠶ᠋ᠢᠨ ᠨᠢᠭᠡ᠎ᠨᠢ ᠪᠠᠢᠵᠤ᠂ ᠮᠦᠨᠴᠦ᠍ ᠳᠡᠯᠡᠭᠡᠢ᠎ᠶ᠋ᠢᠨ ᠰᠤᠶᠤᠯ᠎ᠤᠨ ᠰᠠᠩ᠎ᠳᠤ ᠮᠠᠰᠢ ᠶᠡᠭᠡ ᠠᠯᠳᠠᠷᠳᠠᠢ ᠳᠤᠤᠯᠢ ᠮᠦᠨ᠃ ᠶᠡᠷᠦᠩᠬᠡᠢ ᠱᠦᠵᠢ ᠰᠢ᠎ᠶ᠋ᠢᠨ ᠫᠢᠩ ᠦᠪᠦᠷ ᠮᠤᠩᠭᠤᠯ᠎ᠳᠤ ᠢᠷᠡᠵᠤ ᠱᠢᠨᠵᠢᠯᠡᠨ ᠪᠠᠢᠴᠠᠭᠠᠬᠤ᠎ᠳᠠᠭᠠᠨ ᠬᠡᠰᠡᠷ᠎ᠤᠨ ᠤᠯᠠᠮᠵᠢᠯᠠᠭ᠍ᠴᠢᠳᠢ ᠬᠦᠯᠢᠶᠡᠨ ᠠᠪᠴᠤ᠌ ᠠᠭᠤᠯᠵᠠᠭᠠᠳ ᠦᠨᠳᠦᠰᠦᠲᠡᠨ᠎ᠤ ᠱᠢᠯᠢᠳᠡᠭ ᠰᠤᠶᠤᠯ᠎ᠢ ᠤᠯᠠᠮᠵᠢᠯᠠᠨ ᠵᠠᠯᠭᠠᠮᠵᠢᠯᠠᠬᠤ ᠴᠢᠬᠤᠯᠠ ᠴᠢᠨᠠᠷ᠎ᠢ ᠵᠢᠭᠠᠵᠤ ᠭᠠᠷᠭᠠᠭ᠍ᠰᠠᠨ ᠪᠠᠢᠨ᠎ᠠ᠃ ᠮᠠᠨ᠎ᠤ ᠡᠨᠡ ᠤᠳᠠᠭᠠᠨ᠎ᠤ ᠪᠤᠯᠪᠠᠰᠤᠷᠠᠯ᠎ᠤᠨ ᠠᠩᠬᠢ᠎ᠶ᠋ᠢᠨ ᠨᠢᠭᠡ ᠠᠭᠤᠯᠭ᠎ᠠ᠎ᠨᠢ 〈ᠵᠠᠩᠭᠠᠷ〉 ᠢ ᠤᠯᠠᠮᠵᠢᠯᠠᠬᠤ ᠪᠤᠯᠤᠭ᠍ᠰᠠᠨ᠎ᠤ ᠬᠤᠪᠢ᠎ᠳᠤ᠂ ᠡᠨᠡ᠎ᠨᠢ ᠶᠠᠭ ᠶᠡᠷᠦᠩᠬᠡᠢ ᠱᠦᠵᠢ᠎ᠶ᠋ᠢᠨ ᠴᠢᠬᠤᠯᠠ ᠵᠢᠭᠠᠪᠤᠷᠢ᠎ᠶ᠋ᠢᠨ ᠵᠤᠷᠢᠭ ᠰᠠᠨᠠᠭ᠎ᠠ᠎ᠶ᠋ᠢ ᠨᠠᠢᠳᠠᠪᠤᠷᠢᠵᠢᠭᠤᠯᠵᠤ ᠪᠠᠢᠭ᠎ᠠ᠎ᠶ᠋ᠢᠨ ᠪᠤᠳᠠᠳᠤ ᠢᠯᠡᠷᠡᠯ ᠪᠤᠯᠵᠤ᠂ ᠦᠨᠳᠦᠰᠦᠲᠡᠨ᠎ᠤ ᠱᠢᠯᠢᠳᠡᠭ ᠤᠯᠠᠮᠵᠢᠯᠠᠯᠳᠤ ᠰᠤᠶᠤᠯ᠎ᠢ ᠵᠠᠯᠭᠠᠮᠵᠢᠯᠠᠨ ᠬᠦᠭ᠌ᠵᠢᠬᠦᠯᠬᠦ᠌᠎ᠶ᠋ᠢᠨ ᠴᠢᠬᠤᠯᠠ ᠨᠢᠭᠡ ᠠᠭᠤᠯᠭ᠎ᠠ ᠪᠤᠯᠤᠭ᠍ᠰᠠᠨ ᠪᠠᠢᠨ᠎ᠠ᠃ ᠮᠤᠳᠤᠨ ᠱᠢᠳᠠᠷ᠎ᠠ ᠪᠤᠯ ᠤᠷ᠎ᠠ ᠤᠬᠠᠭᠠᠨ᠎ᠢ ᠬᠠᠷᠠᠭᠤᠯᠤᠭ᠍ᠰᠠᠨ ᠠᠷᠠᠳ ᠤᠯᠠᠨ᠎ᠤ ᠤᠶᠤᠨ᠎ᠤ ᠪᠦᠳᠦᠭᠡᠯ ᠮᠦᠨ᠂ ᠮᠤᠩᠭᠤᠯ ᠱᠢᠳᠠᠷ᠎ᠠ᠎ᠶ᠋ᠢ ᠳᠤᠭ᠍ᠯᠠᠵᠤ ᠨᠠᠭᠠᠳᠭᠤ ᠳᠠᠯ᠎ᠠ᠎ᠪᠠᠷ ᠦᠪᠡᠷᠮᠢᠴᠡ ᠤᠨᠴᠠᠯᠢᠭ᠎ᠲᠠᠢ᠎ᠪᠠᠷ ᠪᠠᠷᠠᠬᠤ ᠦᠭᠡᠢ᠂ ᠮᠤᠩᠭᠤᠯ ᠱᠢᠳᠠᠷ᠎ᠠ᠎ᠶ᠋ᠢ ᠤᠷᠠᠯᠠᠵᠤ ᠰᠡᠢᠯᠬᠦ᠌᠎ᠨᠢ ᠪᠠᠰᠠ ᠴᠢᠬᠤᠯᠠ ᠨᠢᠭᠡᠨ ᠪᠤᠳᠠᠰ᠎ᠤᠨ ᠪᠤᠰᠤ ᠰᠤᠶᠤᠯ᠎ᠤᠨ ᠦᠪ ᠶᠤᠮ᠃ ᠡᠨᠡ ᠤᠳᠠᠭ᠎ᠠ ᠪᠤᠯᠪᠠᠰᠤᠷᠠᠯ᠎ᠤᠨ ᠠᠩᠬᠢ᠎ᠳᠤ ᠤᠷᠤᠯᠴᠠᠭ᠍ᠰᠠᠨ ᠡᠳᠡᠭᠡᠷ ᠠᠷᠠᠳ᠎ᠤᠨ ᠤᠷᠠᠯᠢᠭ᠍ᠴᠢᠳ ᠤᠨᠤᠯ᠎ᠤᠨ ᠮᠡᠳᠡᠯᠭᠡ᠎ᠪᠠᠨ ᠤᠯᠠᠮ ᠨᠢᠭᠡ ᠠᠯᠬᠤᠮ ᠳᠡᠭᠡᠭ᠌ᠰᠢᠯᠡᠭᠦᠯᠵᠤ᠂ ᠦᠢᠯᠡᠳᠦᠯᠭᠡ᠎ᠶ᠋ᠢᠨ ᠳᠤᠮᠳᠠ ᠦᠪᠡᠷ ᠦᠪᠡᠷ᠎ᠤᠨ ᠠᠪᠢᠶᠠᠰ ᠪᠢᠯᠢᠭ᠎ᠢᠶᠠᠨ ᠪᠠᠳᠠᠷᠠᠭᠤᠯᠵᠤ᠂ ᠮᠤᠳᠤᠨ ᠰᠡᠢᠯᠦᠮᠡᠯ᠎ᠤᠨ ᠷᠢᠳᠢ ᠱᠢᠳᠢ᠎ᠶ᠋ᠢ ᠤᠯᠠᠨ᠎ᠠ ᠬᠠᠷᠠᠭᠤᠯᠪᠠ᠃ ᠵᠠᠩᠭᠠᠷ᠎ᠤᠨ ᠳᠤᠤᠯᠢ ᠪᠠ ᠮᠤᠩᠭᠤᠯ ᠱᠢᠳᠠᠷ᠎ᠠ ᠪᠤᠯ ᠦᠨᠢ ᠤᠳᠠᠭᠠᠨ ᠳᠡᠦᠭᠡ᠎ᠶ᠋ᠢᠨ ᠤᠷᠤᠰᠭᠠᠯ᠎ᠢᠶᠠᠷ ᠤᠯᠠᠮᠵᠢᠯᠠᠭ᠍ᠳᠠᠵᠤ ᠢᠷᠡᠭ᠌ᠰᠡᠨ ᠠᠷᠠᠳ᠎ᠤᠨ ᠤᠷᠠᠯᠢᠭ ᠮᠦᠨ᠂ ᠡᠭᠦᠨ᠎ᠢ ᠤᠯᠠᠮᠵᠢᠯᠠᠵᠤ ᠵᠠᠯᠭᠠᠮᠵᠢᠯᠠᠵᠤ ᠴᠢᠨᠠᠭ᠍ᠰᠢᠳᠠ ᠤᠬᠠᠭᠤᠯᠤᠨ ᠳᠡᠯᠭᠡᠷᠡᠭᠦᠯᠬᠦ᠌ ᠪᠤᠯ ᠮᠠᠨ᠎ᠤ ᠡᠮᠦᠨ᠎ᠡ ᠳᠠᠯᠪᠢᠭ᠍ᠳᠠᠵᠤ ᠪᠠᠢᠭ᠎ᠠ ᠴᠢᠬᠤᠯᠠ ᠡᠭᠦᠷᠭᠡ ᠮᠦᠨ》 ᠬᠡᠪᠡ᠃

ᠠᠯᠠᠱᠠ ᠵᠡᠭᠦᠨ ᠪᠠᠷᠠᠭᠤᠨ ᠬᠤᠱᠢᠭᠤ᠎ᠠᠴᠠ ᠠᠷᠤ ᠬᠤᠷᠴᠢᠨ ᠨᠤᠳᠤᠭ᠂ ᠠᠪᠠᠭ᠎ᠠ ᠬᠤᠱᠢᠭᠤ᠎ᠠᠴᠠ ᠬᠤᠷᠴᠢᠨ ᠵᠠᠭᠦᠨ ᠭᠠᠷᠤᠨ ᠬᠤᠢᠳᠦ ᠬᠤᠱᠢᠭᠤ᠂ ᠤᠷᠳᠤᠰ ᠨᠤᠳᠤᠭ᠎ᠠᠴᠠ ᠬᠦᠪᠡᠭᠡᠳᠤ ᠱᠢᠷ᠎ᠠ ᠁ ᠪᠦᠬᠦ᠌ ᠤᠷᠤᠨ᠎ᠤ ᠡᠯ᠎ᠡ ᠠᠢᠮᠠᠭ ᠬᠤᠱᠢᠭᠤ᠎ᠠᠴᠠ ᠬᠦᠷᠦᠯᠴᠡᠨ ᠢᠷᠡᠭ᠌ᠰᠡᠨ ᠦᠪᠯᠡᠨ ᠤᠯᠠᠮᠵᠢᠯᠠᠭ᠍ᠴᠢᠳ ᠪᠠᠰᠠ ᠪᠤᠳᠤᠯ ᠲᠦᠷᠦᠭ᠌ᠳᠡᠯ᠎ᠢᠶᠠᠨ ᠬᠤᠪᠢᠶᠠᠯᠴᠠᠯ᠎ᠠ᠄ ᠪᠢ ᠪᠤᠯ ᠬᠤᠭᠤᠷ ᠪᠠᠷᠢᠵᠤ ᠬᠤᠯᠪᠤᠭ᠎ᠠ ᠶᠠᠷᠢᠵᠤ ᠬᠡᠰᠡᠷ᠎ᠤᠨ ᠳᠤᠤᠯᠢ ᠬᠠᠢᠯᠵᠤ ᠪᠠᠢᠭ᠍ᠰᠠᠨ ᠠᠷᠤ ᠬᠤᠷᠴᠢᠨ᠎ᠤ ᠤᠳᠭᠤᠨᠪᠠᠶᠠᠷ ᠶᠤᠮ᠂ ᠲᠤᠰ ᠤᠳᠠᠭᠠᠨ᠎ᠤ ᠪᠤᠯᠪᠠᠰᠤᠷᠠᠯ᠎ᠤᠨ ᠠᠩᠬᠢ᠎ᠳᠤ ᠤᠷᠤᠯᠴᠠᠭᠠᠳ ᠮᠠᠰᠢ ᠶᠡᠭᠡ ᠤᠯᠤᠯᠳᠠ᠎ᠲᠠᠢ᠂ ᠵᠠᠩᠭᠠᠷ᠎ᠤᠨ ᠳᠤᠤᠯᠢ᠎ᠶ᠋ᠢᠨ ᠳᠤᠬᠠᠢ ᠮᠠᠰᠢ ᠤᠯᠠᠨ ᠤᠢ᠍ᠢᠯᠠᠭᠠᠯᠳᠠ᠎ᠲᠠᠢ ᠪᠤᠯᠵᠤ᠂ ᠠᠮᠠᠨ ᠤᠷᠠᠯᠢᠭ᠎ᠤᠨ ᠭᠠᠢᠬᠠᠮᠱᠢᠭ᠎ᠢ ᠨᠡᠩ ᠬᠦᠨᠵᠡᠭᠡᠢ ᠳᠠᠨᠢᠵᠤ ᠪᠢᠱᠢᠷᠡᠭ᠌ᠰᠡᠨ ᠶᠤᠮ; ᠪᠠᠭ᠍ᠰᠢ ᠨᠠᠷ᠎ᠠᠴᠠ ᠪᠢᠳᠡᠨ᠎ᠳᠤ ᠵᠠᠩᠭᠠᠷ᠎ᠤᠨ ᠳᠤᠤᠯᠢ᠎ᠶ᠋ᠢᠨ ᠤᠨᠤᠯ᠎ᠤᠨ ᠳᠤᠬᠠᠢ ᠮᠠᠰᠢ ᠰᠠᠢᠬᠠᠨ ᠬᠢᠴᠢᠶᠡᠯ ᠤᠷᠤᠵᠦ᠍ ᠦᠭ᠌ᠭᠦᠭ᠌ᠰᠡᠨ᠂ ᠤᠯᠠᠨ ᠭᠠᠵᠠᠷ᠎ᠠᠴᠠ ᠬᠦᠷᠦᠯᠴᠡᠨ ᠢᠷᠡᠭ᠌ᠰᠡᠨ ᠬᠠᠮᠳᠤ ᠰᠤᠷᠤᠭ᠍ᠴᠢᠳᠠᠴᠠᠪᠠᠨ ᠪᠠᠰᠠ ᠤᠯᠠᠨ ᠶᠠᠭᠤᠮ᠎ᠠ ᠰᠤᠷᠤᠯ᠎ᠠ; ᠨᠤᠳᠤᠭ ᠨᠤᠳᠤᠭ᠎ᠤᠨ ᠰᠠᠢᠬᠠᠨ ᠠᠪᠢᠶᠠᠰᠯᠢᠭ ᠬᠦᠮᠦᠰ᠎ᠲᠠᠢ ᠳᠠᠨᠢᠯᠴᠠᠵᠤ᠂ ᠦᠨᠳᠦᠰᠦᠲᠡᠨ᠎ᠤ᠎ᠪᠠᠨ ᠪᠤᠳᠠᠰ᠎ᠤᠨ ᠪᠤᠰᠤ ᠰᠤᠶᠤᠯ᠎ᠤᠨ ᠦᠪ᠎ᠢ ᠦᠪᠯᠡᠨ ᠵᠠᠯᠭᠠᠮᠵᠢᠯᠠᠵᠤ ᠶᠠᠪᠤᠬᠤ ᠪᠤᠯ ᠪᠢᠳᠡᠨ᠎ᠤ ᠳᠠᠷᠬᠠᠨ ᠡᠭᠦᠷᠭᠡ ᠮᠦᠨ᠂ ᠵᠠᠩᠭᠠᠷ ᠤᠷᠠᠯᠢᠭ᠎ᠢᠶᠠᠨ ᠨᠡᠩ ᠳᠡᠭᠡᠳᠦᠯᠡᠨ ᠬᠦᠨᠳᠦᠯᠡᠵᠤ᠂ ᠨᠡᠩ ᠰᠠᠢᠳᠤᠷ ᠬᠦᠭ᠌ᠵᠢᠭᠦᠯᠦᠨ ᠪᠠᠳᠠᠷᠠᠭᠤᠯᠬᠤ᠎ᠪᠠᠷ ᠴᠢᠷᠮᠠᠢᠨ ᠠᠵᠢᠯᠯᠠᠨ᠎ᠠ; ᠤᠤᠯ᠎ᠨᠢ ᠪᠢ ᠲᠦᠷᠪᠡᠨ ᠤᠳᠠᠰᠤᠳᠤ ᠬᠤᠭᠤᠷ᠎ᠢᠶᠠᠨ ᠪᠠᠷᠢᠭᠠᠳ ᠦᠯᠢᠭᠡᠷ ᠬᠤᠯᠪᠤᠭ᠎ᠠ ᠶᠠᠷᠢᠳᠠᠭ ᠪᠠᠢᠯ᠎ᠠ᠂ ᠪᠤᠯᠪᠠᠰᠤᠷᠠᠯ᠎ᠤᠨ ᠠᠩᠬᠢ᠎ᠳᠤ ᠢᠷᠡᠭᠡᠳ ᠳᠤᠪᠱᠢᠭᠤᠷ ᠬᠦᠭ᠌ᠵᠢᠮᠳᠡᠵᠤ ᠵᠠᠩᠭᠠᠷ ᠬᠠᠢᠯᠠᠬᠤ᠎ᠶ᠋ᠢ ᠰᠤᠷᠤᠯ᠎ᠠ; ᠤᠤᠯ᠎ᠨᠢ ᠪᠢ ᠮᠤᠷᠢᠨ ᠬᠤᠭᠤᠷ᠎ᠢ ᠬᠢᠳᠡᠭ ᠪᠠᠢᠭ᠍ᠰᠠᠨ᠂ ᠡᠨᠡ ᠤᠳᠠᠭ᠎ᠠ ᠪᠤᠯᠪᠠᠰᠤᠷᠠᠯ᠎ᠤᠨ ᠠᠩᠬᠢ᠎ᠳᠤ ᠢᠷᠡᠭᠡᠳ ᠮᠤᠩᠭᠤᠯ ᠱᠢᠳᠠᠷ᠎ᠠ᠎ᠶ᠋ᠢ ᠳᠡᠯᠡᠭᠡᠢ᠎ᠳᠤ ᠳᠦᠯᠬᠢᠵᠤ ᠭᠠᠷᠭᠠᠬ᠍ᠰᠡᠨ ᠠ᠊ · ᠨᠤᠷᠪᠤ ᠪᠠᠭ᠍ᠰᠢ᠎ᠶ᠋ᠢᠨ ᠭᠠᠷᠤᠨ ᠱᠠᠪᠢ ᠪᠤᠯᠵᠤ ᠠᠮᠵᠢᠯᠳᠠ᠎ᠲᠠᠢ ᠳᠡᠭᠦᠰᠭᠦ ᠪᠤᠯᠤᠭ᠍ᠰᠠᠨ᠎ᠳᠠᠭᠠᠨ ᠮᠠᠰᠢ ᠶᠡᠭᠡ ᠪᠠᠶᠠᠷᠯᠠᠵᠤ ᠪᠠᠢᠨ᠎ᠠ᠂ ᠮᠤᠩᠭᠤᠯ ᠦᠨᠳᠦᠰᠦᠲᠡᠨ᠎ᠤ ᠰᠤᠶᠤᠯ ᠪᠤᠯ ᠠᠭᠤᠳᠠᠯᠤᠭᠠᠳ ᠪᠠᠷᠠᠰᠢ ᠦᠭᠡᠢ ᠰᠠᠩ᠎ᠤᠨ ᠳᠠᠯᠠᠢ ᠶᠤᠮ᠂ ᠡᠭᠦᠨ᠎ᠠᠴᠠ ᠬᠤᠵᠢᠮ ᠪᠢ ᠮᠤᠩᠭᠤᠯ ᠱᠢᠳᠠᠷ᠎ᠠ᠎ᠪᠠᠨ ᠰᠠᠢᠳᠤᠷ ᠰᠡᠢᠯᠵᠤ᠂ ᠮᠤᠷᠢᠨ ᠬᠤᠭᠤᠷ ᠪᠠ ᠮᠤᠷᠢᠨ ᠡᠳ᠋ᠯᠡᠯᠤᠳᠢᠶᠠᠨ ᠪᠠᠰᠠ ᠤᠷᠠᠯᠢᠭ ᠰᠠᠢᠬᠠᠨ ᠵᠤᠬᠢᠶᠠᠨ᠎ᠠ; ᠮᠤᠩᠭᠤᠯ ᠱᠢᠳᠠᠷ᠎ᠠ ᠪᠠ ᠵᠠᠩᠭᠠᠷ᠎ᠤᠨ ᠳᠤᠤᠯᠢ᠎ᠶ᠋ᠢ ᠬᠠᠮᠳᠤ᠎ᠳᠤᠨᠢ ᠰᠤᠷᠤᠯᠴᠠᠭᠤᠯᠤᠭ᠍ᠰᠠᠨ ᠪᠤᠯ ᠶᠡᠭᠡ ᠰᠠᠢᠨ ᠶᠠᠪᠤᠳᠠᠯ ᠶᠤᠮ᠂ ᠮᠤᠩᠭᠤᠯ ᠱᠢᠳᠠᠷ᠎ᠠ᠎ᠶ᠋ᠢᠨ ᠤᠯᠠᠮᠵᠢᠯᠠᠭ᠍ᠴᠢ ᠪᠤᠯᠤᠭ᠍ᠰᠠᠨ᠎ᠤ ᠬᠤᠪᠢ᠎ᠳᠤ ᠪᠢ ᠡᠨᠡ ᠤᠳᠠᠭᠠᠨ᠎ᠤ ᠪᠤᠯᠪᠠᠰᠤᠷᠠᠯ᠎ᠢᠶᠠᠷ ᠳᠠᠮᠵᠢᠵᠤ ᠤᠯᠠᠨ ᠠᠷᠪᠢᠨ ᠵᠠᠩᠭᠠᠷᠴᠢ᠎ᠲᠠᠢ ᠳᠠᠨᠢᠯᠴᠠᠵᠤ᠂ ᠬᠠᠷᠢᠭᠤ ᠮᠡᠳᠡᠭᠦᠯᠦᠯᠳᠡ᠎ᠶ᠋ᠢᠨ ᠳᠤᠭ᠍ᠯᠠᠯᠳᠠ ᠳᠡᠭᠡᠷ᠎ᠡ ᠡᠨᠡ ᠬᠦ᠌ ᠬᠤᠶᠠᠷ ᠰᠤᠶᠤᠯ᠎ᠢᠶᠠᠨ ᠠᠪᠤᠴᠠᠯᠳᠤᠭᠤᠯᠵᠤ ᠴᠢᠳᠠᠯ᠎ᠠ᠂ ᠳᠠᠷᠠᠭᠠᠴᠢ᠎ᠪᠠᠷ ᠱᠢᠳᠠᠷ᠎ᠠ᠎ᠶ᠋ᠢᠨ ᠳᠤᠬᠠᠢ ᠤᠯᠠᠨ ᠠᠷᠪᠢᠨ ᠦᠯᠢᠭᠡᠷ ᠬᠤᠯᠪᠤᠭ᠎ᠠ ᠭᠠᠷᠴᠤ᠌᠂ ᠵᠠᠩᠭᠠᠷ᠎ᠤᠨ ᠳᠤᠬᠠᠢ ᠪᠠᠰᠠ ᠭᠤᠴᠤ᠌ ᠰᠠᠢᠬᠠᠨ ᠤᠷᠠᠯᠢᠭ ᠭᠠᠷᠬᠤ ᠪᠤᠯᠳᠤᠭᠠᠢ! ᠁ ᠬᠡᠵᠤ ᠬᠦᠰᠡᠯ ᠵᠦᠩᠨᠡᠯ᠎ᠢᠶᠠᠨ ᠳᠡᠪᠱᠢᠭᠦᠯᠦᠭ᠌ᠰᠡᠨ ᠪᠠᠢᠨ᠎ᠠ᠃

ᠳᠤᠮᠳᠠᠳᠤ᠎ᠶ᠋ᠢᠨ ᠤᠯᠠᠮᠵᠢᠯᠠᠯᠳᠤ ᠰᠤᠶᠤᠯ ᠬᠦᠨ ᠵᠤᠵᠠᠭᠠᠨ ᠪᠦᠬᠡᠳ ᠦᠨᠢ ᠤᠳᠠᠭᠠᠨ ᠳᠡᠦᠭᠡ᠎ᠲᠠᠢ᠂ ᠡᠨᠡ᠎ᠨᠢ ᠮᠠᠨᠤᠰ᠎ᠤᠨ ᠰᠤᠶᠤᠯ᠎ᠤᠨ ᠢᠳᠡᠭᠡᠯ᠎ᠤᠨ ᠡᠬᠢ ᠰᠤᠷᠪᠤᠯᠵᠢ ᠪᠤᠯᠬᠤ ᠶᠤᠮ᠃ ᠵᠠᠩᠭᠠᠷ ᠪᠤᠯ ᠳᠤᠮᠳᠠᠳᠤ᠎ᠶ᠋ᠢᠨ ᠦᠨᠳᠦᠰᠦᠲᠡᠨ᠎ᠤ ᠱᠢᠯᠢᠳᠡᠭ ᠤᠯᠠᠮᠵᠢᠯᠠᠯᠳᠤ ᠰᠤᠶᠤᠯ᠎ᠤᠨ ᠦᠪ᠎ᠤᠨ ᠨᠢᠬᠡ᠎ᠨᠢ ᠪᠠᠢᠵᠤ ᠪᠠᠭᠠᠳᠤᠷ᠎ᠤᠨ ᠮᠠᠭ᠍ᠳᠠᠭᠠᠯᠢᠶᠠᠷ ᠳᠠᠮᠵᠢᠭᠤᠯᠤᠨ ᠮᠤᠩᠭᠤᠯ ᠦᠨᠳᠦᠰᠦᠲᠡᠨ᠎ᠤ ᠠᠮᠢᠳᠤᠷᠠᠯ᠎ᠤᠨ ᠬᠦᠰᠡᠯ ᠡᠷᠡᠮᠡᠯᠵᠡᠯ ᠬᠢᠬᠡᠳ ᠭᠤᠸ᠎ᠠ ᠵᠦᠢ᠎ᠶ᠋ᠢᠨ ᠬᠦᠬᠡᠭᠡᠴᠡᠯᠳᠦᠯᠢ ᠢᠯᠡᠷᠡᠭᠦᠯᠦᠭ᠌ᠰᠡᠨ ᠪᠠᠢᠨ᠎ᠠ᠃ ᠡᠭᠦᠨ᠎ᠤ ᠵᠡᠷᠭᠡᠴᠡᠭᠡ᠎ᠪᠠᠷ ᠮᠤᠩᠭᠤᠯ ᠱᠢᠳᠠᠷ᠎ᠠ᠎ᠳᠤ ᠬᠦᠨ ᠵᠤᠵᠠᠭᠠᠨ ᠦᠨᠳᠦᠰᠦᠲᠡᠨ᠎ᠤ ᠰᠤᠶᠤᠯ ᠬᠢᠬᠡᠳ ᠠᠮᠢᠳᠤᠷᠠᠯ᠎ᠤᠨ ᠬᠦᠨ ᠤᠬᠠᠭᠠᠨ ᠠᠭᠤᠯᠤᠭ᠍ᠳᠠᠵᠤ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠯ᠎ᠤᠨ ᠬᠤᠪᠤᠷ ᠴᠤᠬᠠᠭ ᠡᠷᠳᠡᠨᠢᠰ ᠪᠤᠯᠪᠠ᠃ ᠰᠤᠶᠤᠯ᠎ᠤᠨ ᠦᠪ᠎ᠤᠨ ᠤᠯᠠᠮᠵᠢᠯᠠᠭ᠍ᠴᠢᠳ᠎ᠨᠢ ᠤᠯᠠᠮᠵᠢᠯᠠᠭ᠍ᠴᠢ ᠮᠦᠷᠳᠡᠭᠡᠨ ᠳᠠᠮᠵᠢᠭᠤᠯᠤᠭ᠍ᠴᠢ ᠪᠠᠢᠵᠤ᠂ ᠪᠤᠳᠠᠰ᠎ᠤᠨ ᠪᠤᠰᠤ ᠰᠤᠶᠤᠯ᠎ᠤᠨ ᠦᠪ᠎ᠢ ᠤᠯᠠᠮᠵᠢᠯᠠᠨ ᠬᠠᠮᠠᠭᠠᠯᠠᠬᠤ ᠤᠷᠳᠤ ᠤᠳᠠᠭᠠᠨ ᠮᠦᠷᠳᠡᠭᠡᠨ ᠬᠦᠨᠳᠦ ᠡᠭᠦᠷᠭᠡ᠎ᠶ᠋ᠢ ᠡᠭᠦᠷᠭᠡᠯᠡᠨ ᠦᠨᠳᠦᠰᠦᠲᠡᠨ᠎ᠤ ᠰᠤᠶᠤᠯ᠎ᠢᠶᠠᠨ ᠦᠪᠯᠡᠨ ᠤᠯᠠᠮᠵᠢᠯᠠᠵᠤ᠂ ᠱᠢᠯᠢᠳᠡᠭ ᠤᠯᠠᠮᠵᠢᠯᠠᠯᠳᠤ ᠰᠤᠶᠤᠯ᠎ᠢ ᠪᠦᠳᠦᠭᠡᠯᠴᠢ᠎ᠪᠠᠷ ᠬᠤᠪᠢᠷᠠᠭᠤᠯᠤᠨ᠂ ᠱᠢᠨ᠎ᠡ ᠡᠭᠦᠳᠦᠯᠳᠡ᠎ᠪᠠᠷ ᠬᠦᠭ᠌ᠵᠢᠭᠦᠯᠵᠤ᠂ ᠳᠤᠮᠳᠠᠳᠤ᠎ᠶ᠋ᠢᠨ ᠰᠤᠶᠤᠯ᠎ᠤᠨ ᠴᠡᠴᠡᠭᠡᠰ᠎ᠤᠨ ᠬᠦᠷᠢᠶᠡᠯᠡᠩ᠎ᠳᠤ ᠦᠩᠬᠡ ᠨᠡᠮᠡᠷᠢᠯᠡᠬᠦ᠌᠎ᠨᠢ ᠳᠠᠮᠵᠢᠭ ᠦᠭᠡᠢ᠃
