《ᠱᠢᠨ᠎ᠡ ᠴᠠᠭ ᠦᠶ᠎ᠡ᠎ᠶ᠋ᠢ ᠬᠠᠳᠭᠤᠮᠠᠯ᠎ᠢᠶᠠᠷ ᠤᠷᠠᠯᠠᠶ᠎ᠠ — ᠦᠪᠦᠷ ᠮᠤᠩᠭᠤᠯ᠎ᠤᠨ ᠬᠠᠳᠭᠤᠮᠠᠯ᠎ᠤᠨ ᠪᠡᠯᠡᠭ ᠰᠡᠯᠳᠡ᠎ᠶ᠋ᠢᠨ ᠮᠦᠷᠦ᠋ᠢᠴᠡᠭᠡᠨ᠎ᠤ ᠪᠦᠳᠦᠭᠡᠯ᠎ᠤᠨ ᠦᠵᠡᠰᠭᠦᠯᠡᠩ》 ᠡᠬᠢᠯᠡᠯ᠎ᠡ
2021-09-28 09:04:32
ᠵᠣᠬᠢᠶᠠᠭ᠍ᠴᠢ᠄
ᠬᠦᠭ᠌ᠵᠢᠯᠳᠦ ᠨᠠᠮᠤᠭ
ᠣᠩᠱᠢᠭ᠍ᠰᠠᠨ ᠣᠳᠠᠭ᠎ᠠ᠄
★★★☆☆

ᠦᠪᠡᠷᠳᠡᠭᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ᠎ᠠᠴᠠ ᠤᠯᠠᠮᠵᠢᠯᠠᠯᠳᠦ ᠭᠠᠷ ᠤᠷᠠᠯᠠᠯ᠎ᠤᠨ ᠦᠢᠯᠡᠰ᠎ᠢ ᠬᠦᠭ᠌ᠵᠢᠬᠦᠯᠵᠦ᠍᠂ ᠡᠬᠦᠳᠦᠨ ᠪᠦᠳᠦᠭᠡᠯᠳᠡ᠎ᠲᠠᠢ᠎ᠪᠠᠷ ᠬᠦᠭ᠌ᠵᠢᠬᠦ᠌᠎ᠶ᠋ᠢ ᠤᠷᠮᠠᠱᠢᠭᠤᠯᠬᠤ ᠪᠠ ᠬᠦᠳᠡᠭᠡ ᠲᠤᠰᠭᠤᠨ᠎ᠢ ᠬᠦᠭ᠌ᠵᠢᠬᠦᠯᠦᠨ ᠮᠠᠨᠳᠤᠭᠤᠯᠬᠤ ᠦᠢᠯᠡᠰ᠎ᠢ ᠠᠬᠢᠭᠤᠯᠬᠤ᠎ᠪᠠᠷ ᠵᠤᠷᠢᠵᠦ᠍ ᠶᠠᠪᠤᠭ᠍ᠳᠠᠭᠤᠯᠤᠭ᠍ᠰᠠᠨ 《ᠱᠢᠨ᠎ᠡ ᠴᠠᠭ ᠦᠶ᠎ᠡ᠎ᠶ᠋ᠢ ᠬᠠᠳᠭᠤᠮᠠᠯ᠎ᠢᠶᠠᠷ ᠤᠷᠠᠯᠠᠶ᠎ᠠ — ᠦᠪᠦᠷ ᠮᠤᠩᠭᠤᠯ᠎ᠤᠨ ᠬᠠᠳᠭᠤᠮᠠᠯ᠎ᠤᠨ ᠪᠡᠯᠡᠭ ᠰᠡᠯᠳᠡ᠎ᠶ᠋ᠢᠨ ᠮᠦᠷᠦ᠋ᠢᠴᠡᠭᠡᠨ᠎ᠤ ᠪᠦᠳᠦᠭᠡᠯ᠎ᠤᠨ ᠦᠵᠡᠰᠭᠦᠯᠡᠩ》 9 ᠰᠠᠷ᠎ᠠ᠎ᠶ᠋ᠢᠨ 23 ᠎ᠤ ᠡᠳᠦᠷ ᠦᠪᠦᠷ ᠮᠤᠩᠭᠤᠯ᠎ᠤᠨ ᠦᠵᠡᠰᠭᠦᠯᠡᠩ᠎ᠤᠨ ᠤᠷᠳᠤᠨ᠎ᠳᠤ ᠡᠬᠢᠯᠡᠵᠦ᠍᠂ 10 ᠰᠠᠷ᠎ᠠ᠎ᠶ᠋ᠢᠨ 22 ᠎ᠤᠨ ᠡᠳᠦᠷ ᠪᠤᠯᠳᠠᠯ᠎ᠠ ᠶᠠᠪᠤᠭ᠍ᠳᠠᠬᠤ ᠪᠤᠯᠤᠨ᠎ᠠ᠃ ᠦᠵᠡᠰᠭᠦᠯᠡᠩ᠎ᠳᠤ ᠬᠤᠪᠴᠠᠰᠤ ᠵᠠᠰᠠᠯ᠂ ᠪᠤᠭ᠍ᠴᠤ᠂ ᠦᠵᠡᠮᠵᠢ᠎ᠶ᠋ᠢᠨ ᠵᠢᠷᠤᠭ᠂ ᠡᠯᠬᠦᠮᠡᠯ᠂ ᠵᠠᠰᠠᠯ ᠵᠢᠮᠰᠡᠭ᠎ᠤᠨ ᠡᠳ᠋᠂ ᠲᠦᠷᠡᠢᠪᠴᠢ᠂ ᠲᠡᠷ᠎ᠡ᠂ ᠲᠦᠱᠢᠯᠭᠡ᠂ ᠪᠡᠯᠡᠭ᠎ᠤᠨ ᠬᠠᠪᠳᠠᠭ᠎ᠠ᠂ ᠪᠤᠷᠬᠠᠨ᠎ᠤ ᠬᠦᠷᠦᠭ᠂ ᠳᠠᠮᠠᠬᠢᠨ ᠱᠢᠭᠤᠳᠠᠢ ᠲᠡᠷᠢᠬᠦᠳᠡᠨ 390 ᠬᠤᠪᠢ ᠪᠦᠳᠦᠭᠡᠯ᠎ᠢ ᠲᠡᠯᠭᠡᠨ ᠦᠵᠡᠬᠦᠯᠵᠦ᠍ ᠪᠤᠢ᠃ 

ᠬᠠᠳᠭᠤᠮᠠᠯ ᠪᠤᠯ ᠲᠤᠮᠳᠠᠳᠦ᠎ᠶ᠋ᠢᠨ ᠦᠨᠳᠦᠰᠦᠳᠡᠨ᠎ᠤ ᠱᠢᠯᠢᠳᠡᠭ ᠤᠯᠠᠮᠵᠢᠯᠠᠯᠳᠦ ᠰᠤᠶᠤᠯ᠎ᠤᠨ ᠪᠦᠷᠢᠯᠳᠦᠬᠦᠨ ᠬᠡᠰᠡᠭ ᠮᠦᠨ᠂ ᠲᠤᠮᠳᠠᠳᠦ᠎ᠶ᠋ᠢᠨ ᠦᠨᠳᠦᠰᠦᠳᠡᠨ᠎ᠤ ᠬᠠᠳᠭᠤᠮᠠᠯ᠎ᠤᠨ ᠡᠬᠦᠰᠦᠯ᠎ᠢ ᠬᠠᠮᠤᠭ ᠡᠷᠳᠡ᠎ᠳᠡᠭᠡᠨ ᠱᠢᠶᠠ ᠱᠠᠩ᠎ᠤᠨ ᠦᠶ᠎ᠡ ᠬᠦᠷᠳᠡᠯ᠎ᠡ ᠲᠦᠯᠬᠢᠨ ᠪᠤᠳᠤᠵᠦ᠍ ᠪᠤᠯᠤᠨ᠎ᠠ᠃ ᠡᠬᠦᠨ᠎ᠤ ᠲᠤᠮᠳᠠ ᠦᠪᠦᠷ ᠮᠤᠩᠭᠤᠯ᠎ᠤᠨ ᠬᠠᠳᠭᠤᠮᠠᠯ᠎ᠨᠢ ᠮᠦᠨ ᠴᠤ᠌ ᠦᠨᠢ ᠤᠳᠠᠭᠠᠨ ᠲᠡᠥᠬᠡ᠎ᠲᠠᠢ ᠪᠦᠬᠡᠳ ᠲᠠᠷᠬᠠᠯᠳᠠ᠎ᠪᠠᠷ ᠦᠷᠭᠡᠨ᠂ ᠲᠦᠷᠦᠯ ᠵᠦᠢᠯ ᠤᠯᠠᠠ᠂ ᠦᠨᠢᠷ ᠪᠠᠶᠠᠨ ᠬᠡ ᠲᠦᠷᠰᠦ᠎ᠲᠠᠢ᠂ ᠦᠩᠬᠡ ᠢᠯᠭᠠᠷᠠᠭ᠍ᠰᠠᠨ ᠰᠤᠳᠤᠬᠠᠨ ᠲᠦᠷᠭᠦ᠎ᠲᠠᠢ᠂ ᠲᠤᠮᠳᠠᠳᠦ᠎ᠶ᠋ᠢᠨ ᠬᠠᠳᠭᠤᠮᠠᠯ᠎ᠤᠨ ᠤᠬᠢ ᠰᠤᠳᠤ᠎ᠨᠢ ᠪᠠᠢᠭ᠎ᠠ ᠶᠤᠮ᠃ 

ᠦᠵᠡᠰᠭᠦᠯᠡᠩ᠎ᠳᠤ ᠤᠷᠤᠯᠴᠠᠭ᠍ᠰᠠᠨ 390 ᠬᠤᠪᠢ ᠪᠦᠳᠦᠭᠡᠯ ᠪᠤᠯ 《ᠦᠪᠦᠷ ᠮᠤᠩᠭᠤᠯ ᠤᠷᠤᠨ᠎ᠤ ᠬᠠᠳᠭᠤᠮᠠᠯ᠎ᠤᠨ ᠪᠡᠯᠡᠭ ᠰᠡᠯᠳᠡ》 ᠎ᠶ᠋ᠢᠨ ᠮᠦᠷᠦ᠋ᠢᠴᠡᠭᠡᠨ᠎ᠤ ᠠᠩᠬᠠᠨ᠎ᠤ ᠬᠢᠨᠠᠨ ᠱᠢᠯᠭᠠᠷᠠᠭᠤᠯᠤᠯᠳᠠ᠎ᠪᠠᠷ ᠳᠠᠮᠵᠢᠵᠦ᠍ ᠦᠯᠡᠳᠡᠭ᠌ᠰᠡᠨ ᠪᠦᠳᠦᠭᠡᠯ᠎ᠤᠳ ᠪᠤᠯᠤᠨ᠎ᠠ᠃ ᠡᠨᠡ ᠤᠳᠠᠭᠠᠨ᠎ᠤ ᠦᠵᠡᠰᠭᠦᠯᠡᠩ᠎ᠤᠨ ᠠᠬᠤᠢ ᠳᠠᠯᠠᠪᠠᠢ᠎ᠳᠤ ᠡᠴᠦᠰ᠎ᠤᠨ ᠱᠢᠯᠭᠠᠷᠠᠭᠤᠯᠤᠯᠳᠠ ᠬᠢᠵᠦ᠍᠂ ᠲᠡᠷᠢᠬᠦᠨ ᠳᠡᠳ᠋ ᠭᠤᠳᠠᠭᠠᠷ ᠳᠡᠰ᠎ᠤᠨ ᠱᠠᠩᠨᠠᠯ ᠪᠠ ᠱᠢᠯᠢᠳᠡᠭ ᠪᠦᠳᠦᠭᠡᠯ᠎ᠤᠨ ᠱᠠᠩᠨᠠᠯ᠎ᠢ ᠱᠢᠯᠭᠠᠷᠠᠭᠤᠯᠵᠦ᠍᠂ 《ᠦᠪᠦᠷ ᠮᠤᠩᠭᠤᠯ ᠤᠷᠤᠨ᠎ᠤ ᠬᠠᠳᠭᠤᠮᠠᠯ᠎ᠤᠨ ᠪᠡᠯᠡᠭ ᠰᠡᠯᠳᠡ᠎ᠶ᠋ᠢᠨ ᠵᠢᠷᠤᠭ᠎ᠤᠨ ᠲᠡᠭᠦᠪᠦᠷᠢ》 ᠎ᠶ᠋ᠢ ᠨᠠᠢᠷᠠᠭᠤᠯᠤᠨ ᠬᠡᠪᠯᠡᠬᠦᠯᠦᠨ᠎ᠡ᠃ 

ᠲᠤᠰ ᠤᠳᠠᠭᠠᠨ᠎ᠤ ᠦᠵᠡᠰᠭᠦᠯᠡᠩ᠎ᠨᠢ ᠲᠤᠮᠳᠠᠳᠦ᠎ᠶ᠋ᠢᠨ ᠦᠨᠳᠦᠰᠦᠳᠡᠨ᠎ᠤ ᠬᠠᠮᠳᠦ᠎ᠶ᠋ᠢᠨ ᠤᠶᠤᠨ ᠰᠠᠨᠠᠭᠠᠨ᠎ᠤ ᠬᠡᠷ ᠤᠷᠤᠨ᠎ᠢ ᠴᠤᠬ᠍ᠴᠠᠯᠠᠬᠤ ᠬᠢᠭᠡᠳ ᠱᠢᠨ᠎ᠡ ᠴᠠᠬ ᠦᠶ᠎ᠡ᠎ᠶ᠋ᠢᠨ ᠱᠢᠨ᠎ᠡ ᠠᠮᠢᠳᠤᠷᠠᠯ᠎ᠢᠶᠠᠨ ᠮᠠᠭ᠍ᠳᠠᠨ ᠳᠠᠭᠤᠯᠠᠬᠤ᠎ᠪᠠᠷ ᠭᠤᠤᠯ ᠰᠡᠳᠦᠪ᠎ᠢᠶᠠᠨ ᠪᠤᠯᠭᠠᠵᠠᠢ᠃ ᠬᠠᠳᠭᠤᠮᠠᠯ᠎ᠤᠨ ᠮᠦᠷᠦ᠋ᠢᠴᠡᠭᠡᠨ ᠬᠢᠬᠡᠳ ᠲᠡᠯᠭᠡᠨ ᠦᠵᠡᠬᠦᠯᠬᠡ᠎ᠶ᠋ᠢᠨ ᠬᠡᠯᠪᠡᠷᠢ᠎ᠪᠠᠷ ᠳᠠᠮᠵᠢᠭᠤᠯᠤᠨ ᠪᠦᠬᠦ᠌ ᠤᠷᠤᠨ᠎ᠤ ᠬᠠᠳᠭᠤᠮᠠᠯ᠎ᠤᠨ ᠬᠠᠮᠤᠭ᠎ᠤᠨ ᠦᠨᠳᠦᠷ ᠲᠦᠪᠱᠢᠨ ᠪᠦᠬᠦᠢ ᠪᠦᠳᠦᠭᠡᠯ᠎ᠢ ᠠᠭᠤᠳᠠᠯᠤᠨ᠂ ᠮᠠᠨ᠎ᠤ ᠤᠷᠤᠨ᠎ᠤ ᠬᠠᠳᠭᠤᠮᠠᠯ ᠤᠷᠠᠯᠢᠭ᠎ᠤᠨ ᠱᠢᠨ᠎ᠡ ᠬᠡᠪ ᠲᠦᠷᠬᠦ᠂ ᠱᠢᠨ᠎ᠠ ᠦᠷ᠎ᠠ ᠪᠦᠳᠦᠬᠡᠯ᠂ ᠱᠢᠨ᠎ᠡ ᠬᠦᠭ᠌ᠵᠢᠯᠳᠡ᠎ᠶ᠋ᠢᠨ ᠪᠠᠢᠳᠠᠯ᠎ᠢ ᠪᠤᠢ ᠪᠤᠯᠭᠠᠵᠦ᠍᠂ ᠦᠨᠳᠦᠰᠦᠳᠡᠨ ᠨᠦᠬᠦᠳ᠎ᠤᠨ ᠪᠦᠯᠬᠦᠮᠳᠡᠯ᠂ ᠶᠠᠪᠤᠯᠴᠠᠭ᠎ᠠ᠂ ᠰᠤᠯᠢᠯᠴᠠᠭ᠎ᠠ᠎ᠶ᠋ᠢ ᠨᠡᠩ ᠨᠢᠭ᠍ᠳᠠᠷᠠᠭᠤᠯᠵᠦ᠍᠂ ᠬᠦᠳᠡᠭᠡ ᠲᠤᠰᠭᠤᠨ᠎ᠢ ᠬᠦᠭ᠌ᠵᠢᠬᠦᠯᠦᠨ ᠮᠠᠨᠳᠤᠭᠤᠯᠬᠤ᠎ᠳᠤ ᠪᠤᠳᠠᠰ᠎ᠤᠨ ᠪᠤᠰᠤ ᠰᠤᠶᠤᠯ᠎ᠤᠨ ᠦᠪ᠎ᠤᠨ ᠦᠵᠡᠬᠦᠯᠪᠡᠰᠤ ᠵᠤᠬᠢᠬᠤ ᠦᠢᠯᠡᠳᠦᠯ᠎ᠢ ᠪᠠᠳᠠᠷᠠᠭᠤᠯᠬᠤ ᠪᠤᠯᠤᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号