ᠦᠯᠴᠢᠷ ᠶᠡᠬᠡᠮᠰᠦᠭ ᠪᠠᠢᠷᠢᠶ᠋ᠢᠨ ᠲᠠᠯᠠᠳᠠᠭᠠᠨ
ᠦᠩᠬᠡ ᠬᠤᠪᠢᠷᠠᠯ ᠦᠭᠡᠢ ᠵᠤᠨᠢᠶᠠᠷᠢᠶᠠᠨ ᠡᠪᠤᠯᠵᠢᠳᠡᠭ
ᠠᠷᠴᠠ ᠵᠡᠭᠡᠷᠭᠡᠨᠡ ᠠᠬᠢ ᠬᠠᠷᠠᠭᠠᠨᠠ ᠱᠢᠭ᠋ ᠮᠦᠩᠬᠡ
ᠠᠱᠢᠳᠡᠶ᠋ᠢᠨ ᠴᠢᠨᠡᠷ ᠢᠶᠠᠷ ᠢᠶᠠᠨ ᠲᠦᠯᠵᠢᠬᠦ᠌ ᠨᠤᠭᠤᠭᠠᠨ ᠠᠭᠤᠯᠠ ᠡ
ᠤᠷᠤᠰᠴᠤ᠌ ᠪᠠᠢᠭᠠ ᠤᠰᠤᠨᠠᠴᠠ ᠴᠢᠨᠢ ᠠᠯᠠᠭᠠ ᠪᠢᠳᠡᠬᠦᠯᠤᠨ ᠤᠮᠳᠠᠯᠠᠭᠠᠳ
ᠤᠷᠭᠤᠵᠤ ᠪᠠᠢᠭᠠ ᠪᠡᠯᠴᠢᠭᠡᠷ ᠡᠴᠡ ᠴᠢᠨᠢ ᠰᠦᠷᠦᠭ ᠨᠠᠯᠠᠢᠨ ᠴᠠᠢᠷᠠᠭᠤᠯᠤᠭᠠᠳ
ᠠᠢᠯ ᠬᠤᠳᠠᠯᠠ ᠪᠠᠷᠢᠶᠠᠨ ᠪᠢᠳᠡ ᠴᠢᠨᠢ ᠠᠮᠢ ᠨᠢᠭᠡ
ᠠᠯᠳᠠᠨ ᠨᠠᠷᠠᠨᠤ ᠨᠡᠬᠦᠳᠡᠯ ᠰᠠᠭᠠᠬᠠᠯᠳᠠ ᠶᠠᠪᠤᠵᠤ ᠯᠠ ᠰᠠᠭᠤᠯᠠ ᠳ᠋ᠠ
ᠡᠬᠦᠯᠡᠰ ᠰᠠᠷᠪᠠᠢᠬᠦ᠌ ᠲᠡᠭ᠌ᠷᠢᠶ᠋ᠢᠨ ᠬᠠᠶᠠᠭᠠᠨᠳᠠᠭᠠᠨ
ᠦᠵᠡᠮᠵᠢ ᠬᠤᠪᠢᠷᠠᠯ ᠦᠭᠡᠢ ᠲᠤᠩᠭᠠᠯᠠᠭ ᠢᠶᠠᠷ ᠢᠶᠠᠨ ᠴᠡᠯᠮᠡᠢᠳᠡᠭ
ᠤᠭ᠌ᠶᠤ ᠬᠠᠰ ᠠᠨᠠᠷ ᠡᠷᠳᠡᠨᠢ ᠱᠢᠭ ᠮᠦᠩᠬᠡ
ᠤᠷᠭᠠᠶ᠋ᠢᠨ ᠬᠡᠢᠮᠤᠷᠢᠪᠡᠷ ᠢᠶᠠᠨ ᠪᠤᠰᠤᠭᠠ ᠨᠤᠭᠤᠭᠠᠨ ᠠᠭᠤᠯᠠ ᠡ
ᠬᠦᠪᠤᠨ ᠴᠠᠢᠷᠠᠭᠠ ᠮᠠᠨᠠᠨ ᠡᠴᠡ ᠴᠢᠨᠢ ᠠᠳᠤᠭᠤ ᠮᠠᠯ ᠰᠤᠪᠤᠳᠷᠠᠭᠠᠳ
ᠬᠦᠪᠳᠤ ᠵᠦᠭᠡᠯᠡᠨ ᠬᠦᠷᠤᠰᠤᠨᠠᠴᠠ ᠴᠢᠨᠢ ᠨᠤᠭᠤ ᠴᠢᠭᠢᠭ ᠲᠠᠭᠠᠭᠠᠪᠴᠢᠯᠠᠭᠠᠳ
ᠤᠰᠤ ᠨᠤᠳᠤᠭᠢᠶᠠᠷ ᠢᠶᠠᠨ ᠪᠢᠳᠡ ᠴᠢᠨᠢ ᠠᠯᠳᠠᠷ ᠨᠢᠭᠡ
ᠤᠨ ᠴᠠᠭᠤᠨ ᠤᠪᠤᠭ ᠠᠢᠮᠠᠭ ᠶᠠᠪᠤᠵᠤ ᠯᠠ ᠰᠠᠭᠤᠯᠠ ᠳ᠋ᠠ
ᠠᠷᠤ ᠭᠤᠷᠪᠠᠨ ᠰᠠᠭᠠᠮᠠᠢᠶ᠋ᠢᠨ ᠪᠠᠢᠴᠠᠳᠠᠭᠠᠨ
ᠠᠷᠠᠨᠰᠢ ᠬᠤᠪᠢᠷᠠᠯ ᠦᠭᠡᠢ ᠤᠬᠠᠭᠠᠨᠢᠶᠠᠷᠢᠶᠠᠨ ᠨᠦᠬᠦᠷᠯᠡᠳᠡᠭ
ᠬᠠᠨᠠᠷᠠᠬᠤ ᠨᠠᠷᠠᠰᠤ ᠬᠠᠳᠠᠨ ᠬᠠᠭ ᠱᠢᠬ ᠮᠦᠩᠬᠡ
ᠬᠠᠢᠷᠠᠶ᠋ᠢᠨ ᠪᠡᠯᠭᠡᠳᠡᠯ ᠢᠶᠠᠷᠢᠶᠠᠨ ᠴᠡᠯᠭᠡᠷᠡᠬᠦ᠌ ᠨᠤᠭᠤᠭᠠᠨ ᠠᠭᠤᠯᠠ ᠡ
ᠰᠡᠩᠰᠡᠷᠡᠵᠤᠪᠠᠢᠭᠠᠪᠤᠷᠤᠭᠠᠨᠠᠴᠠᠴᠢᠨᠢ ᠬᠠᠴᠠᠷ ᠮᠦᠯᠴᠢᠷᠬᠡᠨ ᠮᠤᠷᠳᠠᠭᠠᠳ
ᠡᠷᠡᠬᠡᠢᠯᠡᠵᠤ ᠪᠠᠢᠭᠠ ᠮᠦᠬᠦ᠌ ᠡᠴᠡ ᠴᠢᠨᠢ ᠠᠭᠤᠰᠭᠢ ᠨᠡᠪᠴᠢᠭᠡᠨ ᠠᠨᠠᠭᠠᠭ᠍ᠳᠠᠭᠠᠳ
ᠬᠤᠱᠢᠭᠤ ᠲᠠᠶᠠᠭᠠᠷᠢᠶᠠᠨ ᠪᠢᠳᠡ ᠴᠢᠨᠢ ᠨᠤᠳᠤᠭ ᠨᠢᠭᠡ
ᠬᠤᠪᠢ ᠵᠠᠶᠠᠭᠠᠨᠤ ᠲᠤᠭᠤᠷᠢᠭ ᠡᠯᠡᠬᠡᠬᠦ᠌ ᠡᠯᠢᠭᠡᠨ ᠲᠦᠷᠦᠯ ᠳ᠋ᠠ