ᠰᠤᠷᠪᠤᠯᠵᠢᠯᠠᠭ᠍ᠴᠢ ᠭᠡᠳᠡᠭ
2021-11-10 10:58:57
ᠵᠣᠬᠢᠶᠠᠭ᠍ᠴᠢ᠄
ᠨᠠ᠊ · ᠬᠥᠭᠡᠰᠢᠭᠤᠢ
ᠣᠩᠱᠢᠭ᠍ᠰᠠᠨ ᠣᠳᠠᠭ᠎ᠠ᠄
★★★☆☆

—   ᠬᠤᠷᠢᠨ ᠬᠤᠶᠠᠳᠤᠭᠠᠷ ᠤᠳᠠᠭᠠᠨ᠎ᠤ ᠰᠤᠷᠪᠤᠯᠵᠢᠯᠠᠭ᠍ᠴᠢ᠎ᠶ᠋ᠢᠨ ᠪᠠᠶᠠᠷ᠎ᠲᠤ

         


ᠭᠠᠯ ᠤᠰᠤᠨ᠎ᠤ ᠠᠶᠤᠯ ᠭᠠᠷᠤᠯ᠎ᠠ ᠴᠦ᠍

ᠭᠠᠵᠠᠷ ᠭᠦᠲᠡᠯᠦᠯᠲᠡ᠎ᠶ᠋ᠢᠨ ᠭᠠᠮᠱᠢᠭ ᠡᠭᠦᠰᠦᠯ᠎ᠡ ᠴᠦ᠍

ᠭᠠᠪᠱᠢᠭᠠᠢᠯᠠᠵᠤ ᠮᠡᠳᠡᠭᠡᠯᠡᠳᠡᠭ ᠨᠢᠭᠡᠨ ᠡᠩᠨᠡᠭᠡ᠎ᠶ᠋ᠢ

ᠭᠠᠩᠭᠠᠩ ᠬᠤᠷᠸ᠎ᠠ ᠰᠤᠷᠪᠤᠯᠵᠢᠯᠠᠭ᠍ᠴᠢ ᠭᠡᠳᠡᠭ




ᠲᠠᠷᠢ᠎ᠶ᠋ᠢᠨ ᠤᠳᠤᠭ᠎ᠠ ᠲᠤᠨᠤᠷᠠᠵᠤ ᠪᠠᠢᠭ᠍ᠰᠠᠨ ᠴᠦ᠍

ᠲᠠᠢᠰᠤᠨ᠎ᠤ ᠰᠤᠮᠤ ᠢᠰᠭᠢᠷᠴᠤ᠌ ᠪᠠᠢᠭ᠍ᠰᠠᠨ ᠴᠦ᠍

ᠲᠠᠷᠤᠢᠬᠠᠨ ᠮᠡᠳᠡᠭᠡᠯᠡᠳᠡᠭ ᠨᠢᠭᠡᠨ ᠡᠩᠨᠡᠭᠡ᠎ᠶ᠋ᠢ

ᠲᠡᠯᠡᠬᠡᠢ ᠲᠠᠶᠠᠭᠠᠷ ᠰᠤᠷᠪᠤᠯᠵᠢᠯᠠᠭ᠍ᠴᠢ ᠭᠡᠳᠡᠭ




ᠮᠦᠷᠦᠨ᠎ᠳᠤ ᠲᠠᠯᠪᠢᠭ᠍ᠰᠠᠨ ᠡᠭᠦᠷᠭᠡ᠎ᠶ᠋ᠢᠨ ᠬᠦᠨᠳᠤ᠎ᠠᠴᠠ ᠠᠶᠤᠭ᠎ᠠ ᠦᠭᠡᠢ

ᠮᠦᠷᠦᠯᠡᠵᠤ ᠡᠭᠦᠷᠦᠭ᠌ᠰᠡᠨ ᠮᠠᠱᠢᠨ᠎ᠤ ᠨᠦᠰᠡᠷ᠎ᠠᠴᠠ ᠰᠦᠷᠲᠡᠭᠡ ᠦᠭᠡᠢ

ᠮᠦᠰᠦᠳᠦ ᠲᠠᠯ᠎ᠠ᠎ᠶ᠋ᠢᠨ ᠱᠢᠭᠤᠷᠭᠠᠨ᠎ᠤ ᠬᠦᠢᠲᠡᠨ᠎ᠠᠴᠠ ᠬᠠᠯᠢᠷᠠᠭ᠎ᠠ ᠦᠭᠡᠢ

ᠮᠡᠳᠡᠭᠡᠯᠡᠵᠤ ᠰᠤᠷᠪᠤᠯᠵᠢᠯᠠᠵᠤ ᠭᠦᠶᠦᠲᠡᠭ ᠬᠦᠮᠦᠰ᠎ᠢ

ᠡᠨᠡ ᠨᠡᠢᠭᠡᠮ ᠰᠤᠷᠪᠤᠯᠵᠢᠯᠠᠭ᠍ᠴᠢ ᠭᠡᠳᠡᠭ




ᠨᠠᠮ᠎ᠤᠨ ᠰᠤᠷᠭᠠᠯ᠎ᠢ ᠨᠠᠰᠤᠨ᠎ᠳᠠᠭᠠᠨ ᠴᠡᠭᠡᠵᠢᠯᠡᠨ

ᠤᠯᠤᠰ᠎ᠤᠨ ᠲᠦᠯᠦᠬᠡ ᠴᠢᠭ᠌ᠡᠴᠢ᠎ᠪᠠᠷ ᠵᠢᠳᠬᠦᠨ

ᠨᠡᠢᠭᠡᠮ᠎ᠤᠨ ᠪᠠᠢᠲᠠᠯ᠎ᠢ ᠦᠨᠡᠨ᠎ᠢᠶᠠᠷ ᠲᠤᠰᠭᠠᠨ

ᠠᠷᠠᠳ᠎ᠤᠨ ᠬᠦᠰᠡᠯ᠎ᠢ ᠮᠦᠨ᠎ᠢᠶᠠᠷ ᠲᠠᠮᠵᠢᠭᠤᠯᠳᠠᠭ

ᠡᠢᠮᠤ ᠨᠢᠬᠡᠨ ᠲᠠᠷᠬᠠᠨ ᠡᠩᠨᠡᠭᠡ᠎ᠶ᠋ᠢ

ᠪᠢᠲᠡ ᠪᠦᠬᠦᠲᠡᠭᠡᠷ ᠰᠤᠷᠪᠤᠯᠵᠢᠯᠠᠭ᠍ᠴᠢ ᠭᠡᠳᠡᠭ




ᠠᠯᠲᠠᠷ ᠨᠡᠷ᠎ᠡ᠎ᠶ᠋ᠢ ᠲᠡᠳᠡ ᠬᠡᠵᠢᠶᠡᠲᠡ ᠬᠦᠬᠡᠬᠡᠴᠡᠯᠳᠦᠳᠡᠭ ᠦᠭᠡᠢ

ᠠᠱᠢᠭ ᠤᠯᠵᠠᠨ᠎ᠳᠤ ᠲᠡᠳᠡ ᠶᠡᠷᠦᠨᠢ ᠲᠤᠷᠠᠯᠠᠳᠠᠭ ᠦᠭᠡᠢ

ᠠᠮᠢ ᠬᠤᠪᠢ᠎ᠪᠠᠨ ᠲᠡᠳᠡ ᠡᠭᠦᠷᠢᠲᠡ ᠪᠤᠳᠤᠳᠠᠭ ᠦᠭᠡᠢ

ᠠᠷᠠᠳ ᠲᠦᠮᠡᠨ᠎ᠠᠴᠠ ᠲᠡᠳᠡ ᠦᠨᠢᠲᠡ ᠰᠠᠯᠳᠠᠭ ᠦᠭᠡᠢ

ᠠᠭᠤᠤ ᠨᠠᠮ᠎ᠤᠨ ᠲᠠᠭᠣᠣ ᠬᠣᠭᠣᠯᠠᠢ ᠡᠢᠮᠤ ᠨᠢᠬᠡᠨ ᠡᠩᠨᠡᠭᠡ᠎ᠶ᠋ᠢ

ᠠᠯᠠᠭ᠍ᠬᠠᠨ ᠲᠡᠯᠡᠬᠡᠢ ᠶᠡᠷᠦ᠍᠎ᠨᠢ ᠰᠤᠷᠪᠤᠯᠵᠢᠯᠠᠭ᠍ᠴᠢ ᠭᠡᠳᠡᠭ




ᠴᠠᠭ ᠮᠦᠴᠡ᠎ᠲᠠᠢ ᠤᠷᠤᠯᠳᠤᠵᠤ ᠵᠢᠳᠬᠦᠲᠡᠭ

ᠴᠠᠢ᠎ᠪᠠᠨ ᠤᠭᠤᠴᠢᠬᠤ ᠵᠠᠪ ᠦᠭᠡᠢ ᠠᠵᠢᠯᠯᠠᠳᠠᠭ

ᠴᠠᠰᠤ ᠵᠤᠳ᠎ᠲᠠᠢ ᠦᠷᠢᠰᠦᠯᠳᠦᠵᠤ ᠴᠢᠷᠮᠠᠢᠳᠠᠭ

ᠴᠠᠭ᠎ᠤᠨ ᠰᠤᠨᠢᠨ᠎ᠢ ᠴᠠᠭ᠎ᠲᠤᠨᠢ ᠮᠡᠳᠡᠭᠡᠯᠡᠳᠡᠭ

ᠴᠠᠭ᠍ᠯᠠᠰᠢ ᠦᠭᠡᠢ ᠰᠠᠢᠬᠠᠨ ᠡᠢᠮᠤ ᠨᠢᠭᠡᠨ ᠡᠩᠨᠡᠭᠡ᠎ᠶ᠋ᠢ

ᠴᠢ ᠪᠢᠲᠡ ᠪᠦᠷ ᠰᠤᠷᠪᠤᠯᠵᠢᠯᠠᠭ᠍ᠴᠢ ᠭᠡᠳᠡᠭ




ᠡᠷᠦᠬᠡ ᠭᠡᠷ᠎ᠢᠶᠠᠨ ᠠᠷᠤ᠎ᠳᠠᠭᠠᠨ ᠤᠷᠬᠢᠵᠤ

ᠦᠲᠡᠯᠦᠭ᠌ᠰᠡᠨ ᠨᠢᠯᠬ᠎ᠠ᠎ᠪᠠᠨ ᠬᠠᠷᠠᠭᠠᠯᠵᠠᠬᠤ ᠴᠢᠯᠦᠭᠡ ᠦᠭᠡᠢ

ᠦᠷᠯᠦᠭᠡ ᠦᠲᠡᠰᠢ᠎ᠶ᠋ᠢ ᠲᠡᠮᠡᠴᠡᠨ ᠠᠵᠢᠯᠯᠠᠵᠤ

ᠦᠪᠡᠷ᠎ᠤᠨ ᠪᠡᠶ᠎ᠡ᠎ᠪᠠᠨ ᠪᠤᠳᠤᠬᠤ ᠵᠠᠪ ᠦᠭᠡᠢ

ᠦᠢᠯᠡᠰᠴᠢ ᠦᠭ᠌ᠭᠢᠶᠡᠮᠤᠷ ᠡᠢᠮᠤᠷᠬᠦᠦ ᠬᠦᠮᠦᠰ᠎ᠢ

ᠤᠯᠠᠨ ᠲᠦᠮᠡᠨ ᠪᠦᠬᠦᠲᠡᠭᠡᠷ ᠰᠤᠷᠪᠤᠯᠵᠢᠯᠠᠭ᠍ᠴᠢ ᠭᠡᠳᠡᠭ




ᠨᠠᠷᠠ᠎ᠲᠠᠢ ᠬᠤᠷᠸ᠎ᠠ᠎ᠳᠤ ᠦᠢᠯᠡᠰ᠎ᠨᠢ ᠬᠡᠵᠢᠶᠡᠲᠡ ᠮᠦᠩᠭᠡ

ᠨᠠᠪᠴᠢᠳᠤ ᠲᠡᠯᠡᠬᠡᠢ᠎ᠳᠤ ᠵᠠᠮ᠎ᠨᠢ ᠡᠭᠦᠷᠢᠲᠡ ᠰᠠᠷᠠᠭᠤᠯ

ᠨᠢᠩᠵᠢᠨ ᠰᠡᠳᠭᠢᠯ ᠬᠠᠢᠷ᠎ᠠ ᠬᠠᠷᠢᠭᠤᠴᠠᠯᠭ᠎ᠠ᠎ᠲᠠᠢ ᠬᠦᠮᠦᠰ᠎ᠢ

ᠨᠡᠢᠭᠡᠮ ᠨᠡᠢᠲᠡ᠎ᠪᠠᠷ᠎ᠢᠶᠠᠨ ᠰᠤᠷᠪᠤᠯᠵᠢᠯᠠᠭ᠍ᠴᠢ ᠭᠡᠵᠤ ᠬᠦᠨᠳᠦᠳᠭᠡᠳᠡᠭ ᠡ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号