ᠲᠠᠲᠠᠳᠤᠩᠭ᠎ᠠ᠎ᠮᠤᠩᠭᠤᠯ ᠦᠰᠦᠭ ᠪᠢᠴᠢᠭ᠎ᠤᠨ ᠮᠦᠽᠸᠢ
2022-02-16 17:51:38
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠢᠳᠠᠳ ᠨᠡᠷ᠎ᠡ᠄塔塔统阿蒙古文字博物馆

2019 ᠣᠨ᠎ᠤ 10 ᠰᠠᠷ᠎ᠠ᠎ᠳᠤ ᠂ ᠲᠦᠡᠭᠯᠢᠶᠤᠤ ᠬᠤᠳᠠ ᠵᠢᠨ ᠨᠠᠶ᠋ᠮᠠᠨ ᠬᠣᠱᠢᠭᠤ᠎ᠳ᠋ᠡᠭᠢ ᠨᠠᠶ᠋ᠮᠠᠨ ᠸᠠᠩ᠎ᠤᠨ ᠤᠷᠳᠦᠨ᠎ᠳᠤ ᠲᠠᠲᠠᠳᠤᠩᠭ᠎ᠠ ᠮᠣᠩᠭᠣᠯ ᠦᠰᠦᠭ ᠪᠢᠴᠢᠭ᠎ᠤᠨ ᠮᠦᠽᠧᠶ ᠪᠠᠢᠭᠤᠯᠤᠭᠳᠠᠪᠠ᠃ ᠡᠨᠡ ᠪᠣᠯ ᠥᠪᠥᠷ ᠮᠣᠩᠭᠣᠯ᠎ᠤᠨ ᠠᠩᠬᠠᠳᠠᠭ᠍ᠴᠢ ᠮᠣᠩᠭᠣᠯ ᠬᠡᠯᠡ ᠪᠢᠴᠢᠭ᠎ᠤᠨ ᠮᠦᠽᠧᠶ ᠪᠣᠯᠤᠨ᠎ᠠ᠃

ᠳᠦᠢᠮᠦᠯᠡᠯ

ᠮᠦᠽᠸᠢ᠎ᠨᠢ 《ᠶᠡᠷᠦᠩᠬᠡᠢ ᠤᠷᠤᠱᠢᠯ᠎ᠤᠨ ᠲᠢᠩᠬᠢᠮ》᠂ 《ᠡᠷᠢᠨ ᠵᠠᠭᠤᠨ᠎ᠤ ᠤᠷᠴᠢᠯ》 ᠨᠡᠷᠡᠮᠵᠢᠳᠤ ᠪᠠᠷᠠᠭᠤᠨ ᠭᠠᠷᠤᠨ ᠲᠢᠩᠬᠢᠮ᠂ 《ᠬᠦᠭᠡ ᠮᠦᠩᠭᠡ ᠲᠡᠭ᠌ᠷᠢ》 ᠨᠡᠷᠡᠮᠵᠢᠳᠤ ᠭᠤᠤᠯ ᠲᠢᠩᠬᠢᠮ᠂ 《ᠬᠤᠭᠤᠷ ᠴᠤᠭᠤᠷ᠎ᠤᠨ ᠠᠶᠠᠯᠭᠤ》 ᠨᠡᠷᠡᠮᠵᠢᠳᠤ ᠵᠡᠬᠦᠨ ᠭᠠᠷᠤᠨ ᠲᠢᠩᠬᠢᠮ ᠪᠠ 《ᠬᠤᠷ ᠠᠬ᠍ᠰᠠᠬ᠍ᠰᠠᠨ ᠬᠤᠷᠢᠨ ᠰᠡᠴᠡᠳ》 ᠨᠡᠷᠡᠮᠵᠢᠳᠤ ᠭᠡᠷᠡᠮ᠎ᠤᠨ ᠰᠡᠢᠯᠦᠮᠡᠯ᠎ᠤᠨ ᠦᠵᠡᠮᠵᠢ᠂ 《ᠮᠦᠩᠭᠡ ᠤᠷᠤᠱᠢᠬᠤ ᠮᠤᠩᠭᠤᠯ ᠪᠢᠴᠢᠭ》 ᠨᠡᠷᠡᠮᠵᠢᠳᠤ ᠴᠢᠯᠠᠭᠤᠨ ᠬᠦᠱᠢᠶ᠎ᠠ᠎ᠶ᠋ᠢᠨ ᠦᠵᠡᠮᠵᠢ᠎ᠪᠠᠷ ᠪᠦᠷᠢᠯᠳᠦᠵᠦ᠂ ᠨᠡᠬᠦᠳᠡᠯᠴᠢᠨ ᠦᠨᠳᠦᠰᠦᠳᠡᠨ ᠪᠠ ᠮᠤᠩᠭᠤᠯ ᠲᠤᠭᠤᠷᠭᠠᠳᠠᠨ᠎ᠤ ᠵᠤᠬᠢᠶᠠᠬ᠍ᠰᠠᠨ ᠪᠤᠶᠤ ᠭᠡᠷᠡᠭ᠌ᠯᠡᠭ᠌ᠰᠡᠨ ᠾᠦᠩᠨᠦ᠍ ᠲᠦᠷᠺ ᠱᠢᠰᠲ᠋ᠧᠮ᠎ᠤᠨ ᠦᠰᠦᠭ᠂ ᠰᠠᠨᠰᠺᠷᠢᠲ ᠲᠦᠪᠡᠳ ᠱᠢᠰᠲ᠋ᠧᠮ᠎ᠤᠨ ᠦᠰᠦᠭ (ᠫᠠᠷᠠᠬ᠍ᠮᠢ ᠦᠰᠦᠭ ᠪᠠᠭ᠍ᠳᠠᠨ᠎ᠠ)᠂ ᠰᠤᠭ᠍ᠳᠠ ᠤᠢ᠍ᠢᠭᠤᠷ ᠱᠢᠰᠲ᠋ᠧᠮ᠎ᠤᠨ ᠦᠰᠦᠭ᠂ ᠠᠷᠠᠪ ᠫᠧᠷᠰ ᠱᠢᠰᠲ᠋ᠧᠮ᠎ᠤᠨ ᠦᠰᠦᠭ᠂ ᠬᠢᠳᠡᠳ ᠱᠢᠰᠲ᠋ᠧᠮ᠎ᠤᠨ ᠦᠰᠦᠭ (ᠬᠢᠳᠡᠨ᠂ ᠵᠦᠷᠴᠢᠨ᠂ ᠲᠠᠩᠭᠤᠳ ᠦᠰᠦᠭ᠎ᠢ ᠪᠠᠭ᠍ᠳᠠᠭᠠᠨ᠎ᠠ) ᠵᠡᠷᠭᠡ ᠲᠠᠪᠤᠨ ᠶᠡᠭᠡ ᠲᠦᠷᠦᠯ᠎ᠤᠨ ᠬᠤᠷᠢᠭᠠᠳ ᠵᠦᠢᠯ᠎ᠤᠨ ᠦᠰᠦᠭ ᠪᠢᠴᠢᠭ᠎ᠢ ᠲᠤᠪᠴᠢ ᠲᠠᠨᠢᠯᠴᠠᠭᠤᠯᠤᠭ᠍ᠰᠠᠨ ᠪᠦᠭᠡᠳ ᠵᠢᠷᠤᠭ ᠪᠠ ᠠᠷᠠᠰᠤᠨ ᠤᠷᠠᠯᠠᠯ᠎ᠤᠨ ᠬᠡᠯᠪᠡᠷᠢ᠎ᠪᠠᠷ ᠴᠢᠩᠬᠢᠰ ᠬᠠᠭᠠᠨ ᠲᠠᠳᠠᠳᠤᠩᠭ᠎ᠠ ᠬᠤᠶᠠᠷ᠎ᠤᠨ ᠠᠭᠤᠯᠵᠠᠯᠳᠠ ᠵᠢᠴᠢ ᠤᠢ᠍ᠢᠭᠤᠷᠵᠢᠨ ᠮᠤᠩᠭᠤᠯ ᠦᠰᠦᠭ᠎ᠢ ᠶᠡᠭᠡ ᠮᠤᠩᠭᠤᠯ ᠤᠯᠤᠰ ᠪᠠ ᠲᠦᠷᠪᠡᠨ ᠬᠠᠨᠳᠤ ᠤᠯᠤᠰ᠎ᠤᠨ ᠭᠡᠪᠴᠢᠶᠡᠨ᠎ᠡ ᠲᠡᠯᠭᠡᠷᠡᠬᠦᠯᠦᠭ᠌ᠰᠡᠨ ᠪᠠᠢᠳᠠᠯ᠎ᠢ ᠲᠠᠨᠢᠯᠴᠠᠭᠤᠯᠵᠠᠢ᠃ ᠡᠷᠳᠡᠨ᠎ᠤ ᠱᠢᠳᠦᠭ (ᠪᠡᠭᠡ᠎ᠶ᠋ᠢᠨ ᠵᠢᠭᠤᠷᠤᠯ)᠂ ᠡᠷᠳᠡᠨ᠎ᠤ ᠴᠠᠭᠠᠰᠤ ᠲᠠᠷᠤᠬᠤ ᠱᠤᠭᠤᠮ᠂ ᠡᠷᠳᠡᠨ᠎ᠤ ᠲᠠᠮᠠᠭ᠎ᠠ᠂ ᠡᠷᠳᠡᠨ᠎ᠤ ᠲᠠᠩᠭᠤᠳ ᠦᠰᠦᠭ᠎ᠤᠨ ᠵᠡᠰ ᠭᠡᠪ ᠵᠡᠷᠭᠡ ᠡᠷᠳᠡᠨ᠎ᠤ ᠡᠳ᠋ ᠦᠯᠦᠭ ᠪᠠᠢᠬᠤ ᠪᠦᠭᠡᠳ 《ᠪᠠᠳᠮ᠎ᠠ ᠭᠠᠳᠠᠩ ᠰᠤᠳᠤᠷ》᠂ 《ᠭᠡᠰᠡᠷ᠎ᠤᠨ ᠲᠤᠭᠤᠵᠢ》 ᠵᠡᠷᠭᠡ ᠬᠤᠪᠤᠷ ᠴᠤᠬᠠᠭ ᠰᠤᠷᠪᠤᠯᠵᠢ ᠪᠢᠴᠢᠭ᠎ᠢ ᠲᠡᠯᠭᠡᠨ ᠦᠵᠡᠬᠦᠯᠵᠦ᠍᠂ ᠲᠠᠳᠠᠳᠤᠩᠭ᠎ᠠ᠂ ᠫᠠᠭ᠍ᠪᠠ᠂ ᠴᠦᠢᠵᠢᠡᠤᠳᠽᠡᠷ ᠵᠡᠷᠭᠡ ᠮᠤᠩᠭᠤᠯ ᠦᠰᠦᠭ ᠪᠢᠴᠢᠭ᠎ᠤᠨ ᠬᠦᠭ᠌ᠵᠢᠯᠳᠡ᠎ᠶ᠋ᠢᠨ ᠲᠡᠦᠭᠡᠨ᠎ᠳᠤ ᠤᠨᠴᠠᠭᠠᠢ ᠭᠠᠪᠢᠶ᠎ᠠ ᠵᠢᠳᠬᠦᠯ ᠦᠵᠡᠬᠦᠯᠦᠭ᠌ᠰᠡᠨ 20 ᠰᠡᠴᠡᠳ᠂ 24 ᠡᠷᠳᠡᠨ᠎ᠤ ᠨᠡᠷᠡᠳᠤ ᠬᠦᠱᠢᠶᠡᠨ ᠪᠢᠴᠢᠭ ᠪᠠ ᠵᠤᠬᠢᠶᠠᠯ ᠪᠦᠲᠦᠭᠡᠯ᠎ᠢ ᠴᠢᠯᠠᠭᠤᠨ ᠲᠡᠭᠡᠷ᠎ᠡ ᠰᠡᠢᠯᠦᠨ ᠦᠵᠡᠮᠦᠷᠢ ᠪᠤᠯᠭᠠᠵᠠᠢ᠃  

ᠢᠷᠡᠯᠳᠡ᠄ ᠳᠤᠮᠳᠠᠳᠤ ᠤᠯᠤᠰ᠎ᠤᠨ ᠮᠤᠨᠭᠭᠤᠯ ᠬᠡᠯᠡᠨ᠎ᠤ ᠰᠤᠨᠢᠨ ᠮᠡᠳᠡᠬᠡ ᠵᠢᠨ ᠰᠦᠯᠵᠢᠶ᠎ᠠ

ᠡᠮᠬᠢᠯᠡᠭᠴᠢ᠄ ᠦᠨᠡᠨᠵᠢᠷᠭᠠᠯ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号