ᠶᠠᠫᠤᠨ ᠠᠦ᠋ᠰᠲᠷᠠᠯᠢᠶ᠎ᠠ ᠱᠢᠨ᠎ᠡ ᠽᠢᠯᠠᠨᠳ᠋᠎ᠠᠴᠠ ᠤᠷᠤᠭᠤᠯᠤᠭ᠍ᠰᠠᠨ ᠦᠭᠡᠷ᠎ᠢ᠎ᠶ᠋ᠢ ᠡᠷᠯᠢᠰᠡᠵᠢᠭᠦᠯᠦᠨ ᠮᠠᠯᠵᠢᠵᠦ᠍ ᠰᠦᠷᠦᠭ᠎ᠤᠨ ᠡᠷᠬᠢᠯᠡᠭ᠌ᠳᠡᠪᠠᠨ ᠲᠦᠷᠭᠡᠳᠭᠡᠨ ᠠᠱᠢᠭ ᠤᠷᠤᠯᠭ᠎ᠠ᠎ᠪᠠᠨ ᠨᠡᠮᠡᠭ᠌ᠳᠡᠭᠦᠯᠵᠦ᠍ ᠨᠤᠳᠤᠭ ᠪᠡᠯᠴᠢᠭᠡᠷ᠎ᠢᠶᠠᠨ ᠬᠠᠮᠠᠭᠠᠯᠠᠨ᠎ᠠ — ᠰᠦᠯᠳᠡ ᠰᠤᠮᠤ᠎ᠶ᠋ᠢᠨ ᠮᠠᠯᠴᠢᠳ ᠭᠤᠷᠪᠠᠨ ᠤᠯᠤᠰ᠎ᠤᠨ ᠦᠬᠡᠷ᠎ᠢᠶᠠᠷ ᠭᠤᠷᠮᠤᠰᠤᠨ ᠠᠱᠢᠭ ᠡᠬᠦᠳᠦᠯᠠ
2020-03-16 09:23:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆
《6 ᠰᠠᠷ᠎ᠠ ᠪᠤᠯᠤᠭ᠍ᠰᠠᠨ ᠲᠤᠭᠤᠯ ᠨᠠᠭᠠᠳᠤ ᠵᠠᠬ᠎ᠠ᠎ᠳᠠᠭᠠᠨ 8000 ᠲᠦᠭᠦᠷᠢᠭ᠎ᠲᠤ ᠬᠦᠷᠤᠨ᠎ᠠ》᠂ 《ᠬᠠᠮᠤᠭ᠎ᠤᠨ ᠦᠨᠠᠳᠠᠢᠳᠡᠭᠡᠨ ᠨᠢᠭᠡ ᠦᠭᠡᠷ 6 ᠲᠦᠮᠠᠨ ᠲᠦᠭᠦᠷᠢᠭ᠎ᠲᠤ ᠬᠦᠷᠦᠭ᠌ᠰᠡᠨ》 ᠁ ᠡᠨᠡ ᠪᠤᠯ ᠦᠤᠱᠢᠨ ᠬᠤᠱᠢᠭᠤᠨ᠎ᠤ ᠰᠦᠯᠳᠡ ᠰᠤᠮᠤᠨ᠎ᠳᠤ ᠰᠤᠨᠤᠰᠤᠬ᠍ᠰᠠᠨ ᠤᠴᠢᠷᠳᠠᠢ ᠵᠤᠭᠤᠭ ᠶᠤᠮᠰᠠᠨ᠃ ᠲᠤᠰ ᠰᠤᠮᠤ᠎ᠶ᠋ᠢᠨ ᠮᠠᠯᠴᠢᠳ ᠶᠠᠫᠤᠨ᠂ ᠠᠦ᠋ᠰᠲᠷᠠᠯᠢᠶ᠎ᠠ᠂ ᠱᠢᠨ᠎ᠠ ᠽᠢᠯᠠᠨᠳ᠋ ᠭᠤᠷᠪᠠᠨ ᠤᠯᠤᠰ᠎ᠠᠴᠠ ᠰᠠᠢᠨ ᠡᠬᠦᠯᠳᠡᠷ᠎ᠤᠨ ᠶᠠᠫᠤᠨ ᠦᠬᠡᠷ ᠪᠤᠯᠤᠨ ᠠᠩᠬᠢᠰ ᠦᠨᠢᠶ᠎ᠠ ᠤᠷᠤᠭᠤᠯᠵᠤ ᠡᠷᠯᠢᠰᠡᠵᠢᠬᠦᠯᠦᠨ ᠮᠠᠯᠵᠢᠭᠠᠳ ᠰᠦᠷᠦᠭ᠎ᠤᠨ ᠡᠷᠬᠢᠯᠳᠡ᠎ᠪᠠᠷ ᠲᠦᠷᠭᠡᠨ᠂ ᠠᠱᠢᠭ ᠤᠷᠤᠯᠭ᠎ᠠ᠎ᠪᠠᠷ ᠰᠠᠢᠨ᠂ ᠨᠤᠳᠤᠭ ᠪᠡᠯᠴᠢᠭᠡᠷ᠎ᠲᠤ ᠭᠠᠮᠳᠠᠢ ᠮᠠᠯᠵᠢᠯ᠎ᠤᠨ ᠱᠢᠨ᠎ᠠ ᠵᠠᠮ᠎ᠢᠶᠠᠷ ᠲᠦᠷᠦᠬᠡ ᠴᠢᠩᠭᠠᠯᠠᠨ ᠲᠠᠪᠬᠢᠭᠤᠯᠤᠨ᠎ᠠ᠃
ᠰᠦᠯᠳᠡ ᠰᠤᠮᠤ᠎ᠶ᠋ᠢᠨ ᠬᠦᠭᠡᠮᠡᠩᠬᠠ ᠭᠠᠴᠠᠭᠠᠨ᠎ᠤ ᠮᠠᠯᠴᠢᠨ ᠬᠢᠴᠢᠶᠡᠯ᠎ᠲᠤ ᠲᠦᠴᠢᠭᠡᠳ ᠨᠤᠲᠤᠭ᠎ᠤᠨ ᠦᠬᠡᠷ᠎ᠢᠶᠠᠨ ᠬᠤᠳᠠᠯᠳᠤᠵᠤ᠂ 2018 ᠤᠨ᠎ᠤ ᠡᠬᠢ᠎ᠪᠠᠷ 30 ᠠᠩᠬᠢᠰ ᠦᠨᠢᠶ᠎ᠠ ᠤᠷᠤᠭᠤᠯᠤᠨ ᠶᠠᠫᠤᠨ ᠦᠬᠡᠷ᠎ᠤᠨ ᠢᠴᠡᠬᠡᠯ ᠦᠷ᠎ᠠ᠎ᠪᠠᠷ ᠵᠤᠬᠢᠶᠠᠮᠠᠯ ᠬᠡᠬᠡᠯᠳᠦᠬᠦᠯᠭᠡ ᠬᠢᠵᠤ᠂ ᠵᠢᠯ᠎ᠤᠨ ᠰᠡᠬᠦᠯᠴᠢ᠎ᠪᠠᠷ 30 ᠲᠤᠭᠤᠯ ᠲᠤᠰᠤᠭᠠᠳ ᠨᠢᠳᠤᠨᠤᠨ᠎ᠤ 6 ᠰᠠᠷ᠎ᠠ᠎ᠳᠤ ᠲᠤᠮᠳᠠᠴᠢ᠎ᠪᠠᠷ ᠲᠤᠭᠤᠯ ᠨᠢᠬᠡ ᠪᠦᠷᠢ᠎ᠶ᠋ᠢ ᠲᠦᠮᠡᠨ ᠲᠦᠬᠦᠷᠢᠭ᠎ᠢᠶᠠᠷ ᠪᠦᠬᠦᠨ᠎ᠢ ᠬᠤᠳᠠᠯᠳᠤᠵᠤ ᠭᠠᠷᠭᠠᠪᠠ᠃ 《ᠲᠤᠰᠤᠭ᠍ᠰᠠᠨ ᠲᠤᠭᠤᠯ᠎ᠢᠶᠠᠨ ᠬᠤᠶᠠᠷ ᠰᠠᠷ᠎ᠠ ᠪᠤᠯᠤᠩᠭᠤᠳᠠ ᠰᠦᠠᠴᠠᠨᠢ ᠰᠠᠯᠭᠠᠨ ᠬᠠᠱᠢᠶᠠᠯᠠᠵᠤ ᠲᠡᠵᠢᠭᠡᠵᠠᠢ᠂ 6 ᠰᠠᠷ᠎ᠠ ᠪᠤᠯᠤᠮᠠᠭ᠍ᠴᠠ ᠪᠠᠶ᠎ᠠ᠎ᠶ᠋ᠢᠨ ᠬᠦᠨᠳᠦ᠎ᠨᠢ 400 ᠵᠢᠩ᠎ᠳᠤ ᠬᠦᠷᠴᠦ᠍᠂ ᠲᠠᠯ᠎ᠠ ᠨᠤᠳᠤᠭ᠎ᠤᠨ ᠶᠠᠫᠤᠨ ᠦᠭᠡᠷ᠎ᠤᠨ ᠪᠠᠯᠠ ᠤᠷᠤᠭᠤᠯᠤᠯᠳᠠ᠎ᠶ᠋ᠢᠨ ᠬᠢᠵᠠᠭᠠᠷᠳᠤ ᠺᠤᠮᠫᠠᠨᠢ᠎ᠠᠴᠠ ᠪᠦᠬᠦᠨ᠎ᠢ ᠬᠤᠳᠠᠯᠳᠤᠵᠤ ᠠᠪᠤᠯ᠎ᠠ᠃ ᠦᠨ᠎ᠡ ᠬᠠᠩᠰᠢ᠎ᠶ᠋ᠢ᠎ᠨᠢ ᠠᠮᠢᠳᠤ᠎ᠶ᠋ᠢᠨ ᠵᠢᠩ᠎ᠢᠶᠠᠷ ᠪᠠᠷᠢᠮᠵᠢᠶᠡᠯᠡᠨ ᠵᠢᠩ ᠪᠦᠷᠢ᠎ᠳᠤ 20 ᠲᠦᠬᠦᠷᠢᠭ᠎ᠢᠶᠠᠷ ᠪᠤᠳᠤᠵᠠᠢ᠂ ᠲᠡᠭᠡᠬᠦᠯᠡᠷ ᠨᠢᠬᠡ ᠲᠤᠭᠤᠯ ᠨᠠᠭᠠᠳᠤ ᠵᠠᠬ᠎ᠠ᠎ᠳᠠᠭᠠᠨ 8000 ᠲᠦᠬᠦᠷᠢᠭ᠎ᠲᠤ ᠬᠦᠷᠴᠤ᠌᠂ 1.2 ᠲᠦᠮᠡᠨ ᠲᠦᠭᠦᠷᠢᠭ᠎ᠲᠤ ᠬᠦᠷᠦᠭ᠌ᠰᠡᠨ ᠲᠤᠭᠤᠯ ᠴᠤ᠌ ᠪᠤᠢ》 ᠬᠡᠵᠦ᠍ ᠬᠢᠴᠢᠶᠠᠯ᠎ᠳᠤ ᠶᠠᠷᠢᠭ᠍ᠰᠠᠨ᠎ᠢᠶᠠᠨ ᠵᠠᠯᠭᠠᠭᠠᠳ᠄ 《ᠰᠦᠷᠦᠭ᠎ᠤᠨ ᠡᠷᠬᠢᠯᠳᠡ᠎ᠶ᠋ᠢ ᠲᠦᠷᠬᠡᠳᠭᠡᠭ᠌ᠰᠡᠨᠢᠶᠠᠷ ᠪᠠᠷᠡᠬᠤ ᠦᠬᠡᠢ ᠠᠱᠢᠭ ᠤᠷᠤᠯᠭ᠎ᠠ᠎ᠶ᠋ᠢ ᠴᠦ᠍ ᠶᠡᠭᠡ᠎ᠪᠠᠷ ᠨᠡᠮᠡᠭ᠌ᠳᠡᠬᠦᠯᠵᠠᠢ᠃ ᠮᠠᠨ᠎ᠤ ᠤᠤᠯ᠎ᠤᠨ ᠮᠠᠯᠵᠢᠵᠦ᠍ ᠪᠠᠢᠬ᠍ᠰᠠᠨ ᠨᠤᠲᠤᠭ᠎ᠤᠨ ᠡᠭᠦᠯᠳᠡᠷ᠎ᠤᠨ ᠦᠬᠡᠷ᠎ᠢ ᠪᠢᠷᠠᠭᠤ ᠪᠤᠯᠬᠤ᠎ᠠᠴᠠ ᠨᠠᠭᠠᠰᠢ ᠬᠤᠳᠠᠯᠳᠤᠵᠦ᠍ ᠠᠪᠬᠤ ᠬᠦᠮᠦᠨ ᠦᠬᠡᠢ᠂ ᠪᠢᠷᠠᠭᠤ ᠪᠤᠯᠤᠬ᠍ᠰᠠᠨ ᠴᠤ᠌ ᠡᠢᠮᠤ ᠦᠨᠳᠦᠷ ᠦᠨᠡᠳᠤ ᠬᠦᠷᠴᠦ᠍ ᠲᠡᠢᠯᠬᠦ᠌ ᠦᠬᠡᠢ ᠶᠤᠮ᠃ ᠲᠠᠬᠢᠪᠠᠯ ᠲᠤᠭᠤᠯ᠎ᠢᠶᠠᠨ ᠬᠠᠱᠢᠶᠠᠯᠠᠵᠤ ᠲᠠᠵᠢᠭᠡᠳᠡᠭ ᠪᠤᠯᠬᠤᠷ ᠨᠤᠳᠤᠭ ᠪᠠᠯᠴᠢᠭᠡᠷ᠎ᠲᠤ ᠶᠡᠭᠡ ᠭᠠᠮᠳᠠᠢ》 ᠬᠡᠵᠤ ᠤᠴᠢᠷᠯᠡᠨ᠎ᠠ᠃ ᠲᠡᠳᠡᠨ᠎ᠤ᠎ᠬᠢᠨ 1000 ᠮᠦ᠍ ᠪᠡᠯᠴᠢᠭᠡᠷ᠎ᠲᠠᠢ᠂ ᠡᠭᠦᠨ᠎ᠳᠤ 100 ᠱᠢᠬᠠᠮ ᠮᠦ᠍ ᠭᠠᠵᠠᠷ᠎ᠲᠤ ᠬᠦᠭᠡ ᠲᠠᠷᠤᠰᠢ ᠪᠠ ᠡᠪᠡᠰᠦ ᠲᠠᠷᠢᠵᠦ᠍ ᠪᠠᠢᠨ᠎ᠠ᠂ ᠨᠢᠭᠡ ᠦᠨᠢᠶ᠎ᠠ ᠮᠠᠯᠵᠢᠵᠤ ᠲᠡᠭᠦᠨ᠎ᠠᠴᠠ᠎ᠪᠠᠨ ᠲᠤᠭᠤᠯ ᠲᠤᠰᠤᠭᠠᠳ 6 ᠰᠠᠷ᠎ᠠ ᠲᠡᠵᠢᠭᠡᠵᠤ ᠪᠤᠷᠳᠤᠬᠤ᠎ᠳᠤ ᠦᠨᠢᠶ᠎ᠠ ᠲᠤᠭᠤᠯᠤᠨ ᠲᠡᠵᠢᠬᠡᠯ ᠪᠤᠷᠳᠤᠭ᠎ᠠ᠎ᠶ᠋ᠢᠨ ᠪᠦᠬᠦ᠌ ᠵᠠᠷᠤᠳᠠᠯ 4500 ᠭᠠᠷᠤᠢ ᠲᠦᠭᠦᠷᠢᠭ ᠪᠠᠢᠳᠠᠭ᠃ ᠢᠩᠬᠢᠵᠤ ᠪᠤᠳᠤᠪᠠᠯ ᠲᠡᠳᠡᠨ᠎ᠤ᠎ᠬᠢᠨ ᠨᠢᠬᠡ ᠲᠤᠭᠤᠯ᠎ᠠᠴᠠ 5000 ᠱᠢᠬᠠᠮ ᠲᠦᠬᠦᠷᠢᠭ᠎ᠤᠨ ᠴᠡᠪᠡᠷ ᠤᠷᠤᠯᠭ᠎ᠠ ᠤᠯᠵᠤ ᠪᠤᠢ᠃
ᠬᠢᠴᠢᠶᠠᠯ᠎ᠳᠤ᠎ᠲᠠᠢ ᠠᠳᠠᠯᠢ᠎ᠪᠠᠷ ᠰᠦᠯᠳᠡ ᠰᠤᠮᠤᠨ᠎ᠤ ᠬᠡᠰᠡᠭ ᠮᠠᠯᠴᠢᠨ ᠢᠡᠭ᠌ᠭᠢᠵᠦ᠍ ᠲᠠᠪᠤ ᠠᠷᠪᠠ᠂ ᠬᠤᠷᠢ ᠭᠤᠴᠢ᠎ᠪᠠᠷ ᠠᠩᠬᠢᠰ ᠦᠨᠢᠶ᠎ᠠ ᠤᠷᠤᠭᠤᠯᠤᠨ ᠮᠠᠯᠵᠢᠵᠤ ᠪᠠᠢᠬᠤ᠎ᠳᠤ ᠦᠤᠱᠢᠨ ᠬᠤᠱᠢᠭᠤᠨ᠎ᠤ ᠴᠤᠤᠳᠠᠢ ᠮᠠᠯ ᠠᠵᠤ ᠠᠬᠤᠢ ᠲᠠᠷᠢᠶᠠᠯᠠᠩ᠎ᠤᠨ ᠲᠤᠰᠭᠠᠢ ᠬᠤᠷᠱᠢᠶ᠎ᠠ᠎ᠶ᠋ᠢᠨ᠎ᠬᠢᠨ ᠬᠠᠷᠢᠨ ᠬᠡᠪᠴᠢᠶᠡᠵᠢᠬᠦᠯᠤᠨ ᠮᠠᠯᠵᠢᠵᠤ ᠪᠤᠢ᠃ ᠲᠤᠰᠭᠠᠢ ᠬᠤᠷᠱᠢᠶ᠎ᠠ᠎ᠶ᠋ᠢᠨ ᠡᠷᠬᠢᠯᠡᠭ᠌ᠴᠢ ᠪᠠᠳᠤᠨᠠᠰᠤᠨ ᠭᠤᠸᠠᠢ ᠬᠤᠷᠱᠢᠶ᠎ᠠ᠎ᠶ᠋ᠢᠨ ᠬᠡᠱᠢᠬᠦᠳ᠎ᠢᠶᠠᠨ ᠲᠠᠢᠴᠢᠯᠠᠬᠤ᠎ᠶ᠋ᠢᠨ ᠬᠠᠮᠳᠤ ᠭᠠᠴᠠᠭᠠᠨ᠎ᠤ ᠬᠠᠮᠲᠤ᠎ᠶ᠋ᠢᠨ ᠠᠵᠤ ᠠᠬᠤᠢ᠎ᠶ᠋ᠢ ᠬᠦᠭ᠌ᠵᠢᠬᠦᠯᠬᠦ᠌ ᠲᠦᠷᠦᠯ ᠵᠦᠢᠯ᠎ᠲᠠᠢ ᠤᠶᠠᠯᠳᠤᠭᠤᠯᠤᠨ ᠨᠢᠳᠤᠨᠤᠨ ᠠᠦ᠋ᠰᠲᠷᠠᠯᠢᠶ᠎ᠠ᠂ ᠱᠢᠨ᠎ᠠ ᠽᠢᠯᠠᠨᠳ᠋᠎ᠠᠴᠠ ᠨᠡᠢᠲᠡ 190 ᠠᠩᠬᠢᠰ ᠦᠨᠢᠶ᠎ᠠ ᠤᠷᠤᠭᠤᠯᠵᠠᠢ᠃ ᠡᠭᠦᠨ᠎ᠳᠤ 40 ᠦᠨᠢᠶ᠎ᠠ᠎ᠨᠢ ᠲᠡᠭᠦᠨ᠎ᠤ ᠬᠤᠪᠢᠨ᠎ᠤ᠎ᠬᠢ ᠪᠠᠢᠵᠤ᠂ ᠪᠤᠰᠤᠳ᠎ᠨᠢ ᠴᠦᠮ ᠬᠠᠮᠳᠤ᠎ᠶ᠋ᠢᠨ᠎ᠬᠢ ᠪᠤᠶᠤ ᠬᠤᠷᠱᠢᠶ᠎ᠠ᠎ᠶ᠋ᠢᠨ ᠬᠡᠱᠢᠬᠦᠨ ᠡᠷᠦᠬᠡ᠎ᠶ᠋ᠢᠨ᠎ᠬᠢ ᠶᠤᠮ᠃ ᠭᠠᠴᠠᠭᠠᠨ᠎ᠤ ᠠᠵᠢᠯ᠎ᠢ ᠤᠯᠠᠨ ᠵᠢᠯ ᠡᠷᠴᠢᠮᠳᠠᠢ ᠬᠢᠵᠦ᠍᠂ 2014 ᠤᠨ᠎ᠳᠤ ᠠᠵᠢᠯ᠎ᠢᠶᠠᠨ ᠶᠠᠬᠦᠯᠠᠵᠦ᠍ ᠦᠭ᠌ᠭᠦᠭ᠌ᠰᠡᠨ ᠲᠠᠷᠠᠪᠠᠷ ᠡᠨᠡ ᠵᠢᠯ 70 ᠨᠠᠰᠤ ᠬᠦᠷᠦᠭ᠌ᠰᠡᠨ ᠪᠤᠯᠪᠠᠴᠤ᠌ 《ᠤᠯᠠᠨ ᠲᠦᠮᠠᠨ᠎ᠢᠶᠠᠨ》 ᠬᠡᠰᠡᠨ ᠵᠢᠳᠬᠦᠯ ᠴᠢᠷᠮᠠᠢᠯᠭ᠎ᠠ᠎ᠪᠠᠨ ᠪᠠᠷᠢᠮᠳᠠᠯᠠᠭ᠍ᠰᠠᠭᠠᠷ᠃ ᠲᠤᠰ ᠬᠤᠷᠱᠢᠶ᠎ᠠ ᠡᠳᠡᠬᠡᠷ ᠦᠨᠢᠶ᠎ᠠ᠎ᠪᠠᠨ 700 ᠭᠠᠷᠤᠢ ᠮᠦ᠍᠎ᠶ᠋ᠢᠨ ᠠᠭᠤᠵᠢᠮ ᠶᠡᠭᠡ ᠬᠦᠷᠢᠶ᠎ᠠ ᠬᠠᠱᠢᠶᠠᠨ᠎ᠳᠠᠭᠠᠨ ᠨᠢᠬᠡᠳᠤᠯᠳᠠᠢ ᠲᠠᠵᠢᠬᠡᠵᠤ᠂ ᠨᠢᠬᠡᠳᠤᠯᠳᠠᠢ᠎ᠪᠠᠷ ᠡᠪᠡᠰᠤ ᠪᠤᠷᠳᠤᠭ᠎ᠠ ᠦᠭ᠌ᠴᠦ᠂ ᠨᠢᠭᠡᠳᠦᠯᠳᠡᠢ᠎ᠪᠠᠷ ᠬᠡᠮ ᠬᠢᠵᠢᠭ᠎ᠤᠨ ᠰᠡᠷᠬᠡᠢᠯᠡᠯᠳᠡ ᠬᠢᠵᠤ᠂ ᠶᠠᠫᠤᠨ ᠦᠬᠡᠷ᠎ᠤᠨ ᠢᠴᠡᠬᠡᠯ ᠦᠷ᠎ᠠ᠎ᠪᠠᠷ ᠨᠢᠬᠡᠳᠤᠯᠳᠠᠢ ᠬᠡᠬᠡᠯᠳᠦᠬᠦᠯᠦᠭ᠌ᠰᠡᠨ ᠦᠨᠢᠶᠡᠳ᠎ᠨᠢ ᠤᠳᠤ ᠨᠢᠬᠡᠨᠳᠡ ᠲᠤᠭᠤᠯᠯᠠᠵᠤ ᠡᠬᠢᠯᠡᠪᠡ᠃ 《ᠦᠨᠳᠤᠰᠤᠨ᠎ᠳᠡᠭᠡᠨ ᠮᠠᠱᠢᠨᠴᠢᠯᠠᠭ᠍ᠰᠠᠨ ᠪᠤᠯᠬᠤᠷ ᠡᠪᠡᠰᠤᠯᠡᠵᠤ ᠤᠰᠤᠯᠠᠬᠤ ᠠᠵᠢᠯ᠎ᠢ ᠨᠢᠬᠡ ᠬᠤᠶᠠᠷᠬᠠᠨ ᠬᠦᠮᠦᠨ ᠪᠦᠬᠦᠨ᠎ᠢ ᠬᠢᠴᠢᠬᠡᠳᠡᠭ᠂ ᠮᠠᠯᠴᠢᠳ ᠤᠷᠤᠭᠤᠯᠤᠭ᠍ᠰᠠᠨ ᠦᠨᠢᠶ᠎ᠠ᠎ᠪᠠᠨ ᠮᠠᠨ᠎ᠤ ᠠᠳᠡ ᠨᠠᠢᠳᠠᠨ ᠲᠠᠵᠢᠭᠡᠯᠭᠡᠵᠤ ᠪᠤᠢ᠂ ᠪᠢᠳᠡ 6 ᠰᠠᠷ᠎ᠠ᠎ᠶ᠋ᠢᠨ ᠲᠤᠭᠤᠯ᠎ᠠᠴᠠ 5000 ᠱᠢᠬᠠᠮ ᠲᠦᠭᠦᠷᠢᠭ᠎ᠤᠨ ᠴᠠᠪᠠᠷ ᠤᠷᠤᠯᠭ᠎ᠠ ᠤᠯᠭᠤᠬᠤ᠎ᠶ᠋ᠢ ᠪᠠᠳᠤᠯᠠᠵᠤ ᠪᠠᠢᠨ᠎ᠠ᠃ ᠢᠡᠭ᠌ᠭᠢᠵᠤ ᠬᠢᠵᠤ ᠪᠠᠢᠭ᠎ᠠ᠎ᠶ᠋ᠢᠨ ᠭᠤᠤᠯ ᠵᠤᠷᠢᠯᠳᠠ ᠪᠤᠯ ᠮᠠᠯᠴᠢᠳ᠎ᠲᠠᠭᠠᠨ ᠵᠢᠱ᠌ᠢᠶ᠎ᠠ ᠦᠵᠡᠬᠦᠯᠵᠤ᠂ ᠠᠱᠢᠭ ᠬᠦᠷᠳᠡᠬᠦ᠌ ᠵᠠᠮ᠎ᠢᠶᠠᠷ ᠬᠠᠮᠳᠤ᠎ᠪᠠᠷ ᠵᠠᠮᠨᠠᠬᠤ ᠬᠡᠰᠡᠨ ᠶᠤᠮ》 ᠬᠡᠵᠤ ᠨᠠᠰᠤᠳᠠᠨ ᠭᠤᠸᠠᠢ ᠤᠴᠢᠷᠯᠠᠨ᠎ᠠ᠃
ᠰᠦᠯᠳᠠ ᠰᠤᠮᠤ᠎ᠶ᠋ᠢᠨ ᠮᠠᠯᠴᠢᠳ ᠭᠤᠷᠪᠠᠨ ᠤᠯᠤᠰ᠎ᠤᠨ ᠦᠬᠡᠷ᠎ᠢ ᠡᠷᠯᠢᠰᠡᠵᠢᠬᠦᠯᠦᠨ ᠮᠠᠯᠵᠢᠬᠤ ᠪᠤᠯᠤᠭ᠍ᠰᠠᠨ᠎ᠨᠢ ᠦᠤᠱᠢᠨ ᠬᠤᠱᠢᠭᠤᠨ᠎ᠳᠠᠬᠢ ᠲᠠᠯ᠎ᠠ ᠨᠤᠳᠤᠭ᠎ᠤᠨ ᠶᠠᠫᠤᠨ ᠦᠭᠡᠷ᠎ᠤᠨ ᠪᠠᠯᠠ ᠤᠷᠤᠭᠤᠯᠤᠯᠳᠠ᠎ᠶ᠋ᠢᠨ ᠬᠢᠵᠠᠭᠠᠷᠳᠤ ᠺᠤᠮᠫᠠᠨᠢ᠎ᠠᠴᠠ ᠰᠠᠯᠵᠤ ᠴᠢᠳᠠᠬᠤ ᠦᠬᠡᠢ ᠶᠤᠮ᠃ ᠲᠤᠰ ᠺᠤᠮᠫᠠᠨᠢ 2017 ᠤᠨ᠎ᠳᠤ ᠪᠠᠢᠭᠤᠯᠤᠭ᠍ᠳᠠᠵᠤ᠂ ᠤᠳᠤᠬᠠᠨ᠎ᠳᠤ ᠪᠦᠬᠦ᠌ ᠰᠤᠮᠤ᠎ᠶ᠋ᠢᠨ ᠶᠠᠫᠤᠨ ᠦᠬᠡᠷ᠎ᠤᠨ ᠪᠤᠷᠤᠯᠠᠭᠤᠯᠭ᠎ᠠ᠎ᠶ᠋ᠢ ᠬᠠᠷᠢᠭᠤᠴᠠᠵᠤ ᠪᠤᠢ᠃ 《ᠶᠠᠫᠤᠨ ᠦᠬᠡᠷ ᠮᠢᠬᠠᠨ᠎ᠤ ᠭᠠᠷᠤᠯᠳᠠ᠎ᠪᠠᠷ ᠦᠨᠳᠤᠷ ᠮᠦᠷᠳᠡᠭᠡᠨ ᠶᠠᠫᠤᠨ᠎ᠳᠤ 〈ᠱᠢᠮᠤᠹᠤᠷᠢ〉 ᠬᠡᠵᠤ ᠶᠠᠷᠢᠭ᠍ᠳᠠᠳᠠᠭ ᠨᠢᠷᠤᠭᠤᠨ᠎ᠤ ᠬᠡᠰᠡᠭ᠎ᠤᠨ ᠮᠢᠬ᠎ᠠ᠎ᠨᠢ ᠶᠡᠭᠡ ᠦᠨᠠᠳᠤ ᠬᠦᠷᠴᠦ᠍᠂ ᠤᠯᠤᠰ᠎ᠤᠨ ᠲᠤᠳᠤᠭᠠᠳᠤ᠎ᠶ᠋ᠢᠨ ᠵᠠᠬ᠎ᠠ ᠲᠠᠯᠬᠡᠬᠦᠷ᠎ᠲᠤ ᠵᠢᠩ᠎ᠳᠡᠭᠡᠨ 600 ᠲᠦᠭᠦᠷᠢᠭ᠎ᠢ ᠲᠠᠪᠠᠵᠤ ᠪᠠᠢᠨ᠎ᠠ》 ᠬᠡᠵᠤ ᠲᠠᠯ᠎ᠠ ᠨᠤᠳᠤᠭ᠎ᠤᠨ ᠶᠠᠫᠤᠨ ᠦᠭᠡᠷ᠎ᠤᠨ ᠪᠠᠯᠠ ᠤᠷᠤᠭᠤᠯᠤᠯᠳᠠ᠎ᠶ᠋ᠢᠨ ᠬᠢᠵᠠᠭᠠᠷᠳᠤ ᠺᠤᠮᠫᠠᠨᠢ᠎ᠶ᠋ᠢᠨ ᠲᠠᠭᠠᠭᠠᠮᠠᠯ ᠲᠤᠯᠭᠠᠭᠤᠷᠢ ᠭᠤᠸᠠᠢ ᠤᠴᠢᠷ ᠤᠬᠠᠭᠠᠨ᠎ᠢ᠎ᠨᠢ ᠶᠠᠷᠢᠨ᠎ᠠ᠃ ᠤᠳᠤ ᠰᠦᠯᠳᠡ ᠰᠤᠮᠤᠨ᠎ᠳᠤ 1300 ᠠᠩᠬᠢᠰ ᠦᠨᠢᠶ᠎ᠠ ᠪᠠ 1600 ᠶᠠᠫᠤᠨ ᠦᠬᠡᠷ᠎ᠲᠠᠢ ᠪᠤᠯᠵᠤ᠂ ᠭᠤᠷᠮᠤᠰᠤᠨ ᠠᠱᠢᠭᠲᠠᠢ ᠡᠨᠡ ᠬᠦ᠌ ᠮᠠᠯᠵᠢᠯ᠎ᠤᠨ ᠠᠷᠭ᠎ᠠ ᠬᠡᠯᠪᠡᠷᠢ᠎ᠨᠢ ᠮᠠᠯᠴᠢᠳ᠎ᠤᠨ ᠬᠦᠷᠢᠶᠡᠯᠡᠯ᠎ᠢ ᠤᠯᠵᠤ᠂ ᠰᠦᠯᠳᠡ ᠰᠤᠮᠤ᠎ᠶ᠋ᠢᠨ ᠪᠤᠬᠢᠷᠳᠤᠯ ᠦᠬᠡᠢ ᠠᠮᠢ ᠠᠬᠤᠢ᠎ᠶ᠋ᠢᠨ ᠮᠠᠯ ᠠᠵᠤ ᠠᠬᠤᠢ᠎ᠶ᠋ᠢᠨ ᠴᠢᠨᠠᠷ ᠰᠠᠢᠳᠠᠢ ᠬᠦᠭ᠌ᠵᠢᠯᠳᠡ᠎ᠶ᠋ᠢᠨ ᠱᠢᠨ᠎ᠠ ᠵᠠᠮ᠎ᠢ ᠨᠡᠬᠡᠬᠡᠯᠠ᠃
(ᠦᠪᠦᠷ ᠮᠤᠩᠭᠤᠯ᠎ᠤᠨ ᠮᠤᠩᠭᠤᠯ ᠰᠤᠨᠢᠨ ᠰᠦᠯᠵᠢᠶ᠎ᠡ᠎ᠶ᠋ᠢᠨ ᠬᠤᠯᠪᠤᠭ᠎ᠠ᠎ᠶ᠋ᠢᠨ ᠰᠤᠷᠪᠤᠯᠵᠢᠯᠠᠭ᠍ᠴᠢ ᠬᠡᠱᠢᠭ᠌ᠪᠡᠶᠠᠷ ᠰᠡᠴᠡᠨᠪᠢᠯᠢᠭ ᠳᠡᠯᠬᠡᠷᠬᠦᠦ ᠦᠷᠬᠡᠨ ᠬᠦᠨᠪᠢᠯᠢᠭ ᠠᠯᠤᠰ ᠴᠠᠩ ᠶᠠᠨ ᠵᠢᠶᠦ᠋ᠨ ᠬᠤᠤᠰᠪᠢᠯᠢᠭ᠌ ᠮᠡᠳᠡᠬᠡᠯᠡᠪᠡ)
ᠣᠷᠴᠢᠭᠤᠯᠤᠭ᠍ᠴᠢ᠄
ᠨᠠᠢᠷᠠᠭᠤᠯᠤᠭ᠍ᠴᠢ᠄
ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号