《 ᠣᠯᠠᠭᠠᠨ ᠦᠬᠡᠷ᠎ᠤᠨ ᠨᠣᠲᠤᠭ 》 ᠎ᠲᠤ ᠮᠢᠬᠠᠨ᠎ᠤ ᠦᠬᠡᠷ᠎ᠤᠨ ᠠᠵᠣ ᠦᠢᠯᠡᠰ᠎ᠤᠨ ᠬᠡᠯᠬᠢᠶ᠎ᠡ ᠪᠦᠷᠢᠯᠳᠦᠯ᠎ᠡ
2020-04-08 09:33:42
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

    ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠭᠠᠨᠵᠤᠭ᠎ᠠ ᠪᠠᠯᠭᠠᠰᠤᠨ᠎ᠤ ᠵᠡᠭᠦᠨ ᠬᠤᠯᠪᠤᠭ᠎ᠠ ᠲᠤᠰᠭᠤᠨ᠎ᠤ ᠵᠠᠩ ᠯᠢᠶᠠᠨ ᠡᠥ᠎ᠶ᠋ᠢᠨ ᠪᠠᠬᠢᠯᠢᠭ᠌ ᠠᠭᠤᠵᠢᠮ ᠮᠠᠯ᠎ᠤᠨ ᠫᠧᠩ᠎ᠳᠤ ᠪᠠᠢᠭ᠎ᠠ ᠲᠠᠷᠭᠤ ᠰᠠᠢᠳᠠᠢ 300 ᠱᠢᠬᠠᠮ ᠮᠢᠬᠠᠨ᠎ᠤ ᠥᠭᠡᠷ ᠬᠠᠷᠠᠭ᠍ᠰᠠᠨ ᠪᠦᠬᠦᠨ᠎ᠤ ᠪᠠᠭ᠍ᠠᠷᠠᠯ᠎ᠢ ᠲᠠᠳᠠᠨ᠎ᠠ᠃ 《ᠪᠢ ᠡᠳᠥᠷ ᠪᠥᠷᠢ ᠮᠠᠯ᠎ᠤᠨ᠎ᠢᠶᠠᠨ ᠥᠰᠥᠯᠳᠠ᠎ᠶ᠋ᠢᠨ ᠪᠠᠢᠳᠠᠯ᠎ᠢ ᠱᠢᠨᠵᠢᠵᠤ ᠪᠠᠢᠳᠠᠭ᠂ ᠡᠳᠡᠬᠡᠷ ᠲᠥᠷᠥᠭᠦᠤ ᠪᠥᠯᠥᠭ ᠪᠠᠷᠢᠬ᠍ᠰᠠᠨ ᠥᠭᠡᠷ᠎ᠤᠳ ᠮᠠᠨᠢ ᠴᠥᠮ᠎ᠢᠶᠠᠷ᠎ᠢᠶᠠᠨ 1000 ᠭᠠᠷᠤᠢ ᠵᠢᠩ ᠪᠤᠯᠤᠭ᠍ᠰᠠᠨ ᠳ᠋ᠠ》 ᠭᠡᠵᠤ ᠵᠠᠩ ᠯᠢᠶᠠᠨ ᠡᠥ ᠤᠷᠮ᠎ᠠ᠎ᠲᠠᠢ ᠲᠠᠨᠢᠯᠴᠠᠭᠤᠯᠤᠨ᠎ᠠ᠃
    ᠵᠢᠷᠠ᠎ᠶ᠋ᠢ ᠲᠥᠬᠦᠭ᠌ᠰᠡᠨ ᠵᠠᠩ ᠯᠢᠶᠠᠨ ᠡᠥ ᠵᠠᠯᠠᠭᠤ᠎ᠠᠴᠠ᠎ᠪᠠᠨ ᠥᠭᠡᠷ ᠳᠡᠵᠢᠭᠡᠵᠤ᠂ ᠥᠭᠡᠷ ᠪᠤᠷᠳᠤᠬᠤ ᠬᠠᠱᠢᠶ᠎ᠡ ᠰᠠᠷᠠᠪᠴᠢ᠎ᠶ᠋ᠢ ᠲᠤᠰᠭᠤᠨ᠎ᠳᠤ᠎ᠪᠠᠨ ᠬᠠᠮᠤᠬ ᠡᠷᠳᠡ ᠪᠠᠢᠭᠤᠯᠤᠬ᠍ᠰᠠᠨ ᠶᠤᠮ᠃ ᠲᠡᠭᠦᠨ᠎ᠤ ᠲᠠᠭᠠᠭᠤᠯᠭ᠎ᠠ᠎ᠪᠠᠷ ᠲᠤᠰᠭᠤᠨ᠎ᠤ᠎ᠬᠢᠨ ᠬᠠᠱᠢᠶ᠎ᠠ ᠰᠠᠷᠠᠪᠴᠢ ᠪᠠᠢᠭᠤᠯᠤᠨ ᠥᠭᠡᠷ ᠳᠡᠵᠢᠭᠡᠵᠤ ᠡᠬᠢᠯᠡᠭ᠌ᠰᠡᠨ ᠪᠥᠭᠡᠳ ᠤᠳᠤ ᠥᠭᠡᠷ ᠳᠡᠵᠢᠭᠡᠵᠤ ᠥᠷᠡᠵᠢᠭᠦᠯᠬᠦ᠌ ᠳᠤᠰᠭᠠᠢ ᠲᠤᠰᠭᠤᠨ ᠪᠤᠯᠵᠠᠢ᠃ ᠵᠠᠩ ᠯᠢᠶᠠᠨ ᠡᠥ᠎ᠶ᠋ᠢᠨ ᠨᠥᠯᠥᠭᠡ᠎ᠪᠠᠷ ᠳᠡᠭᠦᠨ᠎ᠤ ᠬᠥᠥ ᠵᠠᠩ ᠫᠧᠩ᠎ᠨᠢ ᠬᠤᠯᠠ ᠥᠢᠷ᠎ᠠ᠎ᠳᠤ᠎ᠪᠠᠨ ᠠᠯᠳᠠᠷᠱᠢᠬ᠍ᠰᠠᠨ ᠨᠡᠷᠡᠳᠥ ᠥᠨ᠎ᠡ ᠵᠠᠰᠠᠬ᠍ᠴᠢ ᠪᠤᠯᠵᠤ᠂ ᠭᠠᠳᠠᠨ᠎ᠠ ᠮᠤᠵᠢ ᠤᠷᠤᠨ᠎ᠤ ᠬᠤᠳᠠᠯᠳᠤᠭᠠᠴᠢᠳ ᠲᠤᠰᠭᠠᠢᠯᠠᠨ ᠳᠡᠭᠦᠨ᠎ᠢ ᠤᠷᠢᠵᠤ ᠥᠭᠡᠷ᠎ᠤᠨ ᠵᠠᠬ᠎ᠠ᠎ᠠᠴᠠ ᠥᠭᠡᠷ ᠪᠠᠷᠢᠭᠤᠯᠳᠠᠬ᠎ᠠᠴᠠ ᠡᠳᠦᠷᠵᠢᠨ ᠥᠢᠷ᠎ᠠ ᠬᠠᠪᠢ᠎ᠶ᠋ᠢᠨ ᠬᠡᠳᠥᠨ ᠳᠤᠮᠤ ᠮᠠᠯ᠎ᠤᠨ ᠵᠠᠬ᠎ᠠ᠎ᠪᠠᠷ ᠡᠭᠡᠯᠵᠢᠯᠠᠨ ᠭᠥᠶᠥᠳᠡᠭ ᠪᠠᠢᠯ᠎ᠠ᠃
    ᠬᠤᠷᠴᠢᠨ ᠵᠡᠭᠦᠨ ᠭᠠᠷᠤᠨ ᠬᠤᠢᠳᠤ ᠬᠤᠱᠢᠭᠤ ᠨᠤᠲᠤᠬ᠎ᠤᠨ ᠥᠭᠡᠷ᠎ᠤᠨ ᠡᠭᠦᠯᠳᠡᠷ᠎ᠢ ᠰᠠᠢᠵᠢᠷᠠᠭᠤᠯᠬᠤ᠎ᠶ᠋ᠢ ᠬᠠᠮᠤᠬ ᠡᠷᠳᠡ ᠭᠠᠷᠳᠠᠨ ᠬᠢᠵᠤ᠂ ᠤᠯᠠᠭᠠᠨ ᠥᠭᠡᠷ᠎ᠢ ᠳᠡᠵᠢᠭᠡᠵᠤ ᠥᠷᠡᠵᠢᠭᠦᠯᠥᠭ᠌ᠰᠡᠨ ᠳᠡᠤᠬᠡ ᠤᠷᠳᠤ᠂ ᠬᠡᠪᠴᠢᠶ᠎ᠡ ᠶᠡᠭᠡ ᠪᠤᠯᠬᠤᠷ 《ᠤᠯᠠᠭᠠᠨ ᠥᠭᠡᠷ᠎ᠤᠨ ᠨᠤᠲᠤᠬ》 ᠬᠡᠮᠡᠨ ᠠᠯᠳᠠᠷᠱᠢᠵᠠᠢ᠃ ᠮᠠᠯ ᠠᠵᠤ ᠠᠬᠤᠢ᠎ᠶ᠋ᠢᠨ ᠬᠥᠭ᠌ᠵᠢᠯᠲᠠ᠎ᠶ᠋ᠢᠨ ᠠᠷᠭ᠎ᠠ ᠬᠡᠯᠪᠡᠷᠢ᠎ᠶ᠋ᠢᠨ ᠬᠤᠪᠢᠷᠠᠯᠲᠠ᠎ᠶ᠋ᠢ ᠳᠠᠭᠠᠯᠳᠤᠨ᠂ ᠲᠤᠰ ᠬᠤᠱᠢᠭᠤ ᠤᠯᠠᠭᠠᠨ ᠥᠭᠡᠷ᠎ᠤᠨ ᠠᠵᠤ ᠥᠢᠯᠡᠰᠵᠢᠯᠲᠠ᠎ᠶ᠋ᠢᠨ ᠬᠥᠭ᠌ᠵᠢᠯᠲᠠ᠎ᠶ᠋ᠢᠨ ᠵᠠᠮ᠎ᠢ ᠳᠠᠰᠤᠷᠠᠯᠲᠠ ᠥᠭᠡᠢ ᠡᠷᠢᠯᠭᠢᠯᠡᠵᠤ᠂ ᠳᠡᠵᠢᠭᠡᠵᠤ ᠡᠳ᠋ᠱᠢᠭᠦᠯᠥᠨ ᠪᠤᠷᠤᠯᠠᠭᠤᠯᠬᠤ᠎ᠶ᠋ᠢ ᠨᠢᠭᠡ ᠴᠤᠬ᠍ᠴᠠᠵᠢᠭᠤᠯᠤᠬ᠍ᠰᠠᠨ᠂ ᠨᠢᠭᠡᠳᠥᠭᠡᠷ᠂ ᠬᠤᠶᠠᠳᠤᠭᠠᠷ᠂ ᠭᠤᠷᠪᠠᠳᠤᠭᠠᠷ ᠠᠵᠤ ᠥᠢᠯᠡᠰ᠎ᠢ ᠠᠭᠤᠰᠤᠯᠴᠠᠭᠤᠯᠤᠬ᠍ᠰᠠᠨ ᠮᠢᠬᠠᠨ᠎ᠤ ᠥᠭᠡᠷ᠎ᠤᠨ ᠪᠥᠷᠢᠨ ᠲᠥᠭᠦᠷ ᠠᠵᠤ ᠥᠢᠯᠡᠰ᠎ᠤᠨ ᠬᠡᠯᠬᠢᠶ᠎ᠡ᠎ᠶ᠋ᠢ ᠪᠦᠷᠢᠯᠳᠦᠬᠦᠯᠪᠡ᠃ ᠡᠨᠡ ᠵᠢᠯ᠂ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠤᠯᠠᠭᠠᠨ ᠥᠭᠡᠷ᠎ᠤᠨ ᠬᠠᠱᠢᠶᠠᠵᠢᠯᠲᠠ᠎ᠶ᠋ᠢᠨ ᠳᠤᠭ᠎ᠠ 69 ᠲᠥᠮᠡ᠎ᠳᠤ ᠬᠥᠷᠴᠥ᠍᠂ ᠥᠭᠡᠷ᠎ᠤᠨ ᠠᠷᠠᠯᠵᠢᠶᠠᠨ᠎ᠤ ᠳᠤᠭ᠎ᠠ 100 ᠲᠥᠮᠡ᠎ᠶ᠋ᠢ ᠳᠠᠪᠠᠵᠤ᠂ ᠥᠷᠭᠡᠨ ᠤᠯᠠᠨ ᠮᠡᠯᠴᠢᠨ ᠳᠠᠷᠢᠶᠠᠴᠢᠨ᠎ᠤ 70% ᠎ᠶ᠋ᠢᠨ ᠤᠷᠤᠯᠭ᠎ᠠ ᠥᠭᠡᠷ᠎ᠤᠨ ᠠᠵᠤ ᠥᠢᠯᠡᠰ᠎ᠠᠴᠠ ᠢᠷᠡᠯᠲᠠ᠎ᠲᠠᠢ ᠪᠤᠯᠤᠬ᠍ᠰᠠᠨ ᠪᠠᠢᠨ᠎ᠠ᠃ ᠤᠯᠠᠮᠵᠢᠯᠠᠯᠳᠤ ᠳᠡᠵᠢᠭᠡᠵᠤ ᠥᠷᠡᠵᠢᠭᠦᠯᠬᠦ᠌ ᠵᠠᠬ᠍ᠪᠤᠷ᠎ᠢ ᠬᠤᠪᠢᠷᠠᠭᠤᠯᠤᠨ ᠬᠠᠱᠢᠶᠠᠯᠠᠨ ᠳᠡᠵᠢᠭᠡᠬᠦ᠌ ᠵᠠᠮ᠎ᠢ ᠰᠤᠩᠭᠤᠵᠤ᠂ ᠮᠠᠯᠴᠢᠨ ᠲᠠᠷᠢᠶᠠᠴᠢᠨ᠎ᠢ ᠵᠢᠯᠤᠭᠤᠳᠤᠨ ᠡᠪᠡᠰᠥ᠍ ᠪᠠ ᠬᠦᠬᠡ ᠲᠠᠷᠤᠰᠢ ᠲᠠᠷᠢᠭᠤᠯᠵᠤ᠂ ᠥᠨᠢᠶ᠎ᠡ᠎ᠶ᠋ᠢ ᠨᠠᠷᠢᠯᠢᠬ ᠪᠤᠷᠳᠤᠵᠤ᠂ ᠡᠬᠡ ᠳᠤᠭᠤᠯ᠎ᠢ ᠰᠠᠯᠭᠠᠨ ᠪᠤᠷᠳᠤᠬᠤ ᠵᠡᠷᠭᠡ᠎ᠶ᠋ᠢ ᠭᠤᠤᠯᠳᠠᠯᠭ᠎ᠠ᠎ᠲᠠᠢ ᠳᠡᠯᠭᠡᠷᠡᠭᠦᠯᠥᠭ᠌ᠰᠡᠨ᠎ᠠᠴᠠ ᠰᠠᠭᠤᠷᠢ ᠡᠬᠡ ᠮᠡᠯ᠎ᠤᠨ ᠥᠷᠡᠵᠢᠯᠲᠠ᠎ᠶ᠋ᠢᠨ ᠨᠤᠷᠮ᠎ᠠ 80% ᠎ᠠᠴᠠ ᠳᠡᠭᠡᠭ᠌ᠰᠢ᠎ᠳᠤ ᠬᠥᠷᠴᠥ᠍᠂ ᠬᠡᠰᠡᠭ ᠪᠠᠢᠭᠠᠯᠢᠯᠢᠬ ᠭᠠᠴᠠᠭ᠎ᠠ ᠲᠤᠰᠭᠤᠨ᠎ᠤ ᠥᠷᠡᠵᠢᠯᠲᠠ᠎ᠶ᠋ᠢᠨ ᠨᠤᠷᠮ᠎ᠠ 90% ᠎ᠠᠴᠠ ᠳᠡᠭᠡᠭ᠌ᠰᠢ᠎ᠳᠤ ᠬᠥᠷᠥᠭ᠌ᠰᠡᠨ ᠪᠠᠢᠨ᠎ᠠ᠃ ᠡᠢᠨ ᠬᠦ᠌ ᠪᠥᠬᠦ᠌ ᠤᠯᠤᠰ᠎ᠤᠨ ᠠᠩᠬᠠᠳᠠᠬ᠍ᠴᠢ ᠪᠥᠯᠥᠭ ᠳᠡᠵᠢᠭᠡᠵᠤ ᠥᠷᠡᠵᠢᠭᠦᠯᠬᠦ᠌ ᠲᠤᠮᠤ ᠱᠢᠶᠠᠨ ᠪᠤᠯᠬᠤ 《ᠤᠯᠠᠭᠠᠨ ᠥᠭᠡᠷ᠎ᠤᠨ ᠨᠤᠲᠤᠬ》 ᠎ᠨᠢ ᠤᠳᠤᠬᠢᠴᠢᠯᠠᠬ᠍ᠰᠠᠨ ᠥᠭᠡᠷ ᠳᠡᠵᠢᠭᠡᠬᠦ᠌ ᠬᠥᠭ᠌ᠵᠢᠯᠲᠠ᠎ᠶ᠋ᠢᠨ ᠱᠠᠳᠤᠨ᠎ᠳᠤ ᠤᠷᠤᠵᠤ᠂ ᠬᠡᠪᠴᠢᠶᠡᠵᠢᠭᠦᠯᠥᠨ ᠥᠭᠡᠷ ᠳᠡᠵᠢᠭᠡᠬᠦ᠌᠎ᠪᠠᠷ ᠬᠥᠭ᠌ᠵᠢᠯᠲᠠ᠎ᠶ᠋ᠢᠨ ᠬᠠᠨᠳᠤᠰᠢ᠎ᠪᠠᠨ ᠪᠤᠯᠭᠠᠵᠠᠢ᠃ ᠤᠳᠤ ᠪᠥᠬᠦ᠌ ᠬᠤᠱᠢᠭᠤᠨ᠎ᠳᠤ 1 ᠲᠥᠮᠡ᠎ᠠᠴᠠ ᠳᠡᠭᠡᠭ᠌ᠰᠢᠬᠢ ᠥᠭᠡᠷ ᠳᠡᠵᠢᠭᠡᠵᠤ ᠥᠷᠡᠵᠢᠭᠦᠯᠬᠦ᠌ ᠰᠠᠭᠤᠷᠢᠨ 3᠂ 100 ᠥᠭᠡᠷ᠎ᠠᠴᠠ ᠳᠡᠭᠡᠭ᠌ᠰᠢᠬᠢ ᠬᠡᠪᠴᠢᠶᠡᠵᠢᠭ᠌ᠰᠡᠨ ᠳᠡᠵᠢᠭᠡᠨ ᠥᠷᠡᠵᠢᠭᠦᠯᠬᠦ᠌ ᠡᠷᠥᠭᠡ (ᠲᠠᠯᠠᠪᠠᠢ) 100 ᠭᠠᠷᠤᠢ᠂ ᠪᠠᠷᠢᠮᠵᠢᠶᠠᠯᠠᠬ᠍ᠰᠠᠨ ᠳᠡᠵᠢᠭᠡᠵᠤ ᠥᠷᠡᠵᠢᠭᠦᠯᠬᠦ᠌ ᠳᠤᠭᠤᠷᠢᠬ 7 ᠪᠠᠢᠨ᠎ᠠ᠃ ᠪᠥᠬᠦ᠌ ᠬᠤᠱᠢᠭᠤᠨ᠎ᠳᠤ ᠬᠠᠱᠢᠶᠠᠯᠠᠨ ᠲᠡᠵᠢᠬᠡᠵᠥ᠍ ᠪᠠᠢᠭ᠎ᠠ ᠮᠢᠬᠠᠨ᠎ᠤ ᠥᠭᠡᠷ᠎ᠤᠨ ᠲᠤᠭ᠎ᠠ 1 ᠲᠥᠮᠡ᠎ᠶ᠋ᠢ ᠳᠠᠪᠠᠭ᠍ᠰᠠᠨ ᠰᠤᠮᠤ ᠪᠠᠯᠭᠠᠰᠤ 15᠂ 1000 ᠎ᠶ᠋ᠢ ᠳᠠᠪᠠᠭ᠍ᠰᠠᠨ ᠭᠠᠴᠠᠭ᠎ᠠ ᠲᠤᠰᠭᠤᠨ 218᠂ 100 ᠎ᠶ᠋ᠢ ᠳᠠᠪᠠᠭ᠍ᠰᠠᠨ ᠳᠠᠵᠢᠭᠡᠵᠤ ᠥᠷᠡᠵᠢᠭᠦᠯᠬᠦ᠌ ᠲᠠᠯᠠᠪᠠᠢ (ᠡᠷᠥᠭᠡ) 100᠂ 10 ᠎ᠶ᠋ᠢ ᠳᠠᠪᠠᠭ᠍ᠰᠠᠨ ᠳᠡᠵᠢᠭᠡᠵᠤ ᠥᠷᠡᠵᠢᠭᠦᠯᠬᠦ᠌ ᠡᠷᠥᠭᠡ 23728 ᠪᠤᠢ᠃
    ᠲᠤᠰ ᠬᠤᠱᠢᠭᠤ ᠱᠢᠨ᠎ᠡ ᠬᠡᠯᠪᠡᠷᠢ᠎ᠶ᠋ᠢᠨ ᠲᠠᠷᠢᠶᠠᠯᠠᠩ ᠮᠠᠯ ᠠᠵᠤ ᠠᠬᠤᠢ᠎ᠶ᠋ᠢᠨ ᠡᠵᠡᠩᠨᠡᠯᠲᠠ᠎ᠶ᠋ᠢᠨ ᠭᠤᠤᠯ ᠴᠤᠬ᠍ᠴᠠ᠎ᠶ᠋ᠢ ᠬᠥᠮᠥᠵᠢᠭᠦᠯᠥᠨ᠂ ᠭᠡᠷ ᠪᠥᠯᠢ᠎ᠶ᠋ᠢᠨ ᠡᠵᠡᠩᠨᠡᠯᠲᠠ᠎ᠳᠤ ᠰᠠᠭᠤᠷᠢᠯᠠᠵᠤ᠂ ᠲᠤᠰᠭᠠᠢ ᠳᠡᠵᠢᠭᠡᠵᠤ ᠥᠷᠡᠵᠢᠭᠦᠯᠬᠦ᠌ ᠳᠤᠮᠤ ᠡᠷᠥᠭᠡ᠂ ᠭᠡᠷ ᠪᠥᠯᠢ᠎ᠶ᠋ᠢᠨ ᠲᠠᠷᠢᠶᠠᠯᠠᠩ ᠮᠠᠯᠵᠢᠯ᠎ᠤᠨ ᠲᠠᠯᠠᠪᠠᠢ᠂ ᠮᠠᠯᠴᠢᠨ ᠲᠠᠷᠢᠶᠠᠴᠢᠨ᠎ᠤ ᠬᠤᠷᠱᠢᠶ᠎ᠠ᠂ ᠠᠵᠤ ᠥᠢᠯᠡᠰᠵᠢᠯᠳᠠ᠎ᠶ᠋ᠢᠨ ᠳᠠᠭᠠᠭᠤᠯᠤᠬ᠍ᠴᠢ ᠠᠵᠤ ᠠᠬᠤᠢ᠍ᠢᠯᠠᠯ᠎ᠢᠶᠠᠷ ᠭᠤᠤᠯ ᠪᠤᠯᠭᠠᠵᠤ᠂ ᠪᠤᠰᠤᠳ ᠵᠤᠬᠢᠶᠠᠨ ᠪᠠᠢᠭᠤᠯᠤᠯᠲᠠ᠎ᠶ᠋ᠢᠨ ᠬᠡᠯᠪᠡᠷᠢ᠎ᠪᠠᠷ ᠨᠥᠬᠦᠪᠥᠷᠢ ᠪᠤᠯᠭᠠᠬ᠍ᠰᠠᠨ ᠱᠢᠨ᠎ᠡ ᠬᠡᠯᠪᠡᠷᠢ᠎ᠶ᠋ᠢᠨ ᠲᠠᠷᠢᠶᠠᠯᠠᠩ ᠮᠠᠯ ᠠᠵᠤ ᠠᠬᠤᠢ᠎ᠶ᠋ᠢᠨ ᠡᠵᠡᠩᠨᠡᠯᠲᠠ᠎ᠶ᠋ᠢᠨ ᠱᠢᠰᠲ᠋ᠧᠮ᠎ᠢ ᠪᠥᠷᠢᠯᠳᠥᠭᠦᠯᠪᠡ᠃ ᠤᠳᠤᠬᠠᠨ᠎ᠳᠤ᠂ ᠪᠥᠬᠦ᠌ ᠬᠤᠱᠢᠭᠤᠨ᠎ᠤ ᠲᠠᠷᠢᠶᠠᠯᠠᠩ ᠮᠠᠯ ᠠᠵᠤ ᠠᠬᠤᠢ᠎ᠶ᠋ᠢᠨ ᠰᠠᠯᠠᠭ᠎ᠠ ᠮᠥᠴᠢᠷ᠎ᠲᠤ ᠳᠠᠩᠰᠠᠯᠠᠬ᠍ᠰᠠᠨ ᠬᠤᠷᠱᠢᠶ᠎ᠠ 1380 ᠪᠠᠢᠵᠤ᠂ ᠡᠭᠦᠨ᠎ᠳᠤ ᠤᠯᠤᠰ᠎ᠤᠨ ᠳᠡᠰ᠎ᠤᠨ ᠵᠢᠱ᠌ᠢᠶ᠎ᠡ ᠥᠵᠡᠭᠦᠯᠬᠦ᠌ ᠬᠤᠷᠱᠢᠶ᠎ᠠ 7᠂ ᠥᠪᠡᠷᠳᠡᠭᠡᠨ ᠵᠠᠰᠠᠬᠤ ᠤᠷᠤᠨ᠎ᠤ ᠳᠡᠰ᠎ᠤᠨ ᠵᠢᠱ᠌ᠢᠶ᠎ᠡ ᠥᠵᠡᠭᠦᠯᠬᠦ᠌ ᠬᠤᠷᠱᠢᠶ᠎ᠠ 10᠂ ᠬᠤᠲᠠ᠎ᠶ᠋ᠢᠨ ᠳᠡᠰ᠎ᠤᠨ ᠵᠢᠱ᠌ᠢᠶ᠎ᠡ ᠥᠵᠡᠭᠦᠯᠬᠦ᠌ ᠬᠤᠷᠱᠢᠶ᠎ᠠ 23 ᠪᠤᠯᠪᠠ᠃ ᠡᠨᠡ ᠵᠢᠯ 120 ᠭᠡᠷ ᠪᠥᠯᠢ᠎ᠶ᠋ᠢᠨ ᠲᠠᠷᠢᠶᠠᠯᠠᠩ ᠮᠠᠯᠵᠢᠯ᠎ᠤᠨ ᠲᠠᠯᠠᠪᠠᠢ᠎ᠶ᠋ᠢ ᠥᠨᠡᠯᠡᠨ ᠳᠤᠬ᠍ᠳᠠᠭᠠᠵᠤ᠂ ᠲᠠᠷᠢᠶᠠᠯᠠᠩ ᠮᠠᠯᠵᠢᠯ᠎ᠤᠨ ᠲᠠᠯᠠᠪᠠᠢ᠎ᠨᠢ ᠨᠡᠢᠳᠡ 325 ᠪᠤᠯᠵᠤ ᠬᠥᠭ᠌ᠵᠢᠭ᠌ᠰᠡᠨ ᠪᠠᠢᠨ᠎ᠠ᠃
    ᠬᠤᠷᠴᠢᠨ ᠵᠡᠭᠦᠨ ᠭᠠᠷᠤᠨ ᠬᠤᠢᠳᠤ ᠬᠤᠱᠢᠭᠤ ᠳᠠᠭᠠᠭᠤᠯᠤᠬ᠍ᠴᠢ ᠠᠵᠤ ᠠᠬᠤᠢ᠍ᠢᠯᠠᠯ᠎ᠤᠨ ᠥᠷᠢᠰᠥᠯᠳᠥᠬᠦ᠌ ᠬᠥᠴᠥᠨ᠎ᠢ ᠳᠡᠭᠡᠭ᠌ᠰᠢᠯᠡᠭᠦᠯᠵᠤ᠂ ᠬᠤᠷᠴᠢᠨ ᠥᠭᠡᠷ᠎ᠤᠨ ᠥᠢᠯᠡᠰ᠎ᠢᠶᠠᠷ ᠳᠠᠭᠠᠭᠤᠯᠤᠬ᠍ᠴᠢ ᠠᠵᠤ ᠠᠬᠤᠢ᠍ᠢᠯᠠᠯ ᠪᠤᠯᠭᠠᠬ᠍ᠰᠠᠨ ᠡᠪᠡᠰᠥ᠍ ᠪᠤᠷᠳᠤᠭ᠎ᠠ᠎ᠶ᠋ᠢ ᠲᠠᠷᠢᠵᠤ ᠤᠷᠭᠤᠭᠤᠯᠬᠤ᠂ ᠥᠨᠢᠶ᠎ᠡ ᠥᠷᠡᠵᠢᠭᠦᠯᠬᠦ᠂ ᠪᠤᠷᠳᠤᠭᠠᠨ ᠥᠭᠡᠷ ᠳᠡᠵᠢᠭᠡᠵᠤ ᠥᠷᠡᠵᠢᠭᠦᠯᠬᠦ᠂ ᠠᠯᠠᠵᠤ ᠡᠳ᠋ᠱᠢᠭᠦᠯᠬᠦ᠂ ᠥᠭᠡᠷ᠎ᠤᠨ ᠮᠢᠬᠠᠨ ᠥᠢᠯᠡᠳᠭᠦᠨ᠎ᠢ ᠥᠢᠯᠡᠳᠪᠥᠷᠢᠯᠡᠬᠦ᠌᠎ᠠᠴᠠ ᠵᠠᠬ᠎ᠠ᠎ᠶ᠋ᠢᠨ ᠪᠤᠷᠤᠯᠠᠭᠤᠯᠭ᠎ᠠ ᠪᠠ ᠰᠥᠯᠵᠢᠶᠠᠨ᠎ᠤ ᠪᠤᠷᠤᠯᠠᠭᠤᠯᠭ᠎ᠠ᠎ᠶ᠋ᠢ ᠤᠶᠠᠯᠳᠤᠭᠤᠯᠤᠬ᠍ᠰᠠᠨ ᠬᠡᠯᠬᠢᠶ᠎ᠡ᠎ᠶ᠋ᠢ ᠪᠦᠷᠢᠯᠳᠦᠬᠦᠯᠪᠡ᠃ ᠤᠳᠤᠬᠠᠨ᠎ᠤ ᠨᠠᠷᠢᠯᠢᠬ ᠡᠳ᠋ᠱᠢᠭᠦᠯᠬᠦ᠌ ᠠᠵᠤ ᠥᠢᠯᠡᠰ᠎ᠤᠨ ᠬᠡᠯᠬᠢᠶᠡᠵᠢᠯ᠎ᠢ ᠤᠷᠳᠤᠳᠭᠠᠵᠤ᠂ ᠭᠤᠤᠯᠳᠠᠭᠤ 《ᠥᠭᠡᠷ — ᠠᠯᠠᠵᠤ ᠨᠢᠳᠥᠯᠬᠤ ᠬᠢᠭᠡᠳ ᠮᠢᠬ᠎ᠠ᠎ᠶ᠋ᠢ ᠲᠥᠷᠥᠯ ᠬᠤᠪᠢᠶᠠᠨ ᠡᠳ᠋ᠱᠢᠭᠦᠯᠬᠦ᠌ — ᠮᠢᠬᠠᠨ ᠥᠢᠯᠡᠳᠭᠦᠨ ᠡᠳ᠋ᠱᠢᠭᠦᠯᠬᠦ᠌》 ᠪᠤᠯᠤᠨ 《ᠥᠭᠡᠷ — ᠳᠤᠳᠤᠷ ᠡᠷᠬᠡᠳᠡᠨ᠂ ᠶᠠᠰᠤ᠂ ᠴᠢᠰᠥ᠎ᠶ᠋ᠢ ᠶᠠᠷᠥᠩᠬᠡᠢᠯᠡᠨ ᠠᠱᠢᠬ᠍ᠯᠠᠬᠤ》 ᠬᠤᠶᠠᠷ ᠠᠵᠤ ᠥᠢᠯᠡᠰ᠎ᠤᠨ ᠬᠡᠯᠬᠢᠶᠡᠵᠢᠯ᠎ᠢ ᠪᠥᠬᠦ᠌ ᠬᠥᠴᠥᠨ᠎ᠢᠶᠠᠷ ᠠᠬᠢᠭᠤᠯᠵᠤ ᠪᠠᠢᠨ᠎ᠠ᠃ ᠪᠥᠬᠦ᠌ ᠬᠤᠱᠢᠭᠤᠨ᠎ᠳᠤ ᠤᠯᠠᠭᠠᠨ ᠥᠭᠡᠷ᠎ᠤᠨ ᠠᠵᠤ ᠥᠢᠯᠡᠰ᠎ᠤᠨ ᠭᠤᠤᠯᠳᠠᠯᠭ᠎ᠠ᠎ᠲᠠᠢ ᠳᠠᠭᠠᠭᠤᠯᠤᠬ᠍ᠴᠢ ᠠᠵᠤ ᠠᠬᠤᠢ᠍ᠢᠯᠠᠯ 3᠂ ᠪᠠᠷᠢᠮᠵᠢᠶᠠᠯᠠᠬ᠍ᠰᠠᠨ ᠳᠡᠵᠢᠭᠡᠵᠤ ᠥᠷᠡᠵᠢᠭᠦᠯᠬᠦ᠌ ᠲᠠᠯᠠᠪᠠᠢ 22᠂ ᠵᠢᠯ᠎ᠳᠤ 40 ᠲᠥᠮᠡᠨ ᠥᠭᠡᠷ᠎ᠠᠴᠠ ᠳᠡᠭᠡᠭ᠌ᠰᠢ ᠠᠷᠠᠯᠵᠢᠶᠠᠨ᠎ᠤ ᠨᠤᠷᠮ ᠎ᠠ᠎ᠲᠠᠢ ᠤᠯᠠᠭᠠᠨ ᠥᠭᠡᠷ᠎ᠤᠨ ᠠᠷᠠᠯᠵᠢᠶᠠᠨ᠎ᠤ ᠵᠠᠬ᠎ᠠ ᠳᠡᠯᠭᠡᠭᠦᠷ 2 ᠪᠤᠯᠪᠠ᠃ ᠤᠯᠠᠭᠠᠨ ᠥᠭᠡᠷ᠎ᠢᠶᠠᠷ ᠳᠤᠯᠭᠠᠭᠤᠷᠢᠯᠠᠬ᠍ᠰᠠᠨ ᠠᠵᠤ ᠥᠢᠯᠡᠰ᠎ᠢᠶᠠᠷ ᠶᠠᠳᠠᠭᠤ᠎ᠠᠴᠠ ᠠᠩᠬᠢᠵᠢᠷᠠᠭᠤᠯᠬᠤ ᠠᠬᠢᠴᠠ᠎ᠶ᠋ᠢ ᠲᠦᠷᠬᠡᠳᠭᠡᠬᠦ᠌᠎ᠶ᠋ᠢᠨ ᠲᠦᠯᠥᠬᠡ ᠬᠤᠷᠴᠢᠨ ᠵᠡᠭᠦᠨ ᠭᠠᠷᠤᠨ ᠬᠤᠢᠳᠤ ᠬᠤᠱᠢᠭᠤ ᠠᠱᠢᠬ ᠲᠤᠰᠠ᠎ᠶ᠋ᠢᠨ ᠬᠤᠯᠪᠤᠭᠠᠯᠠᠯ᠎ᠢ ᠨᠢᠬ᠍ᠳᠠᠷᠠᠭᠤᠯᠵᠤ᠂ ᠠᠵᠤ ᠠᠬᠤᠢ᠍ᠢᠯᠠᠯ ᠵᠠᠬᠢᠶᠠᠯᠠᠭ᠎ᠠ᠎ᠪᠠᠷ ᠬᠤᠳᠠᠯᠳᠤᠨ ᠠᠪᠬᠤ᠂ ᠠᠵᠢᠯ᠎ᠤᠨ ᠪᠠᠢᠷᠢ ᠬᠠᠩᠭᠠᠬᠤ᠂ ᠬᠤᠷᠱᠢᠶ᠎ᠠ᠎ᠳᠤ ᠤᠷᠤᠵᠤ ᠨᠢᠭᠡᠳᠥᠯᠲᠠᠢ ᠥᠭᠡᠷ ᠬᠤᠳᠠᠯᠳᠤᠨ ᠠᠪᠴᠥ᠍ ᠡᠵᠡᠩᠨᠡᠵᠤ ᠬᠤᠳᠠᠯᠳᠤᠬᠤ ᠵᠡᠷᠭᠡ ᠠᠷᠭ᠎ᠠ᠎ᠪᠠᠷ ᠳᠠᠮᠵᠢᠨ ᠶᠠᠳᠠᠭᠤ ᠬᠥᠴᠢᠷᠳᠡᠯᠲᠠᠢ ᠡᠷᠥᠭᠡ᠎ᠶ᠋ᠢᠨ ᠥᠭᠡᠷ ᠳᠡᠵᠢᠭᠡᠬᠦ᠌᠎ᠶ᠋ᠢ     ᠳᠠᠢᠴᠢᠯᠠᠵᠠᠢ᠃ ᠬᠤᠷᠴᠢᠨ ᠥᠭᠡᠷ᠎ᠤᠨ ᠥᠢᠯᠡᠰ᠎ᠠᠴᠠ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠶᠠᠳᠠᠭᠤ᠎ᠶ᠋ᠢ ᠳᠡᠳᠭᠦᠬᠦ᠌ ᠤᠯᠠᠭᠠᠨ ᠥᠭᠡᠷ᠎ᠢ ᠨᠠᠢᠳᠠᠨ ᠬᠠᠮᠢᠶᠠᠷᠤᠭᠤᠯᠬᠤ ᠳᠡᠵᠢᠭᠡᠵᠤ ᠥᠷᠡᠵᠢᠭᠦᠯᠬᠦ᠌ ᠲᠠᠯᠠᠪᠠᠢ ᠪᠠᠢᠭᠤᠯᠵᠤ᠂ ᠵᠢᠭᠡᠯᠡᠯᠭᠡ ᠠᠪᠬᠤ ᠨᠥᠭᠦᠴᠡᠯ ᠬᠥᠷᠥᠯᠴᠡᠬᠦ᠌ ᠥᠭᠡᠢ ᠪᠤᠶᠤ ᠳᠡᠵᠢᠭᠡᠵᠤ ᠥᠷᠡᠵᠢᠭᠦᠯᠬᠦ᠌ ᠴᠢᠳᠠᠪᠤᠷᠢ ᠥᠭᠡᠢ 1283 ᠶᠠᠳᠠᠭᠤ ᠬᠥᠴᠢᠷᠳᠡᠯᠲᠠᠢ ᠡᠷᠥᠭᠡ᠎ᠳᠤ ᠪᠠᠳᠤᠯᠠᠭᠠᠳᠤ ᠵᠢᠭᠡᠯᠡᠯᠭᠡ ᠤᠯᠵᠤ ᠥᠭ᠌ᠭᠦᠨ᠂ ᠥᠷᠬᠦᠯᠵᠢᠯᠠᠨ 3 ᠵᠢᠯ ᠡᠷᠥᠭᠡ ᠪᠥᠷᠢ᠎ᠳᠤ 4000 ᠲᠥᠭᠦᠷᠢᠭ᠎ᠤᠨ ᠴᠡᠪᠡᠷ ᠠᠱᠢᠬ ᠬᠤᠪᠢᠶᠠᠪᠠ᠃ 278 ᠬᠤᠷᠱᠢᠶ᠎ᠠ ᠬᠢᠭᠡᠳ 3360 ᠶᠠᠳᠠᠭᠤ ᠬᠥᠴᠢᠷᠳᠡᠯᠲᠠᠢ ᠡᠷᠥᠭᠡ ᠬᠤᠷᠱᠢᠵᠤ ᠪᠠᠢᠭᠠᠳ 1.46 ᠲᠥᠮᠡᠨ ᠥᠭᠡᠷ ᠳᠡᠵᠢᠭᠡᠵᠤ᠂ 115 ᠳᠡᠵᠢᠭᠡᠵᠤ ᠥᠷᠡᠵᠢᠭᠦᠯᠬᠦ᠌ ᠳᠤᠮᠤ ᠡᠷᠥᠭᠡ 1731 ᠬᠥᠳᠡᠯᠮᠥᠷᠢᠯᠡᠬᠦ᠌ ᠴᠢᠳᠠᠪᠥᠷᠢ ᠥᠭᠡᠢ ᠶᠠᠳᠠᠭᠤ ᠬᠥᠴᠢᠷᠳᠡᠯᠲᠠᠢ ᠡᠷᠥᠭᠡ᠎ᠶ᠋ᠢᠨ 2690 ᠥᠭᠡᠷ᠎ᠢ ᠨᠠᠢᠳᠠᠨ ᠬᠠᠮᠢᠶᠠᠷᠴᠥ᠍ ᠥᠭ᠌ᠴᠠᠢ᠃ ᠤᠯᠠᠭᠠᠨ ᠥᠭᠡᠷ ᠳᠡᠵᠢᠭᠡᠵᠤ ᠥᠷᠡᠵᠢᠭᠦᠯᠬᠦ᠌᠎ᠨᠢ ᠪᠥᠬᠦ᠌ ᠬᠤᠱᠢᠭᠤᠨ᠎ᠤ 1.1 ᠲᠥᠮᠡᠨ ᠶᠠᠳᠠᠭᠤ ᠬᠥᠴᠢᠷᠳᠡᠯᠲᠠᠢ ᠡᠷᠥᠭᠡ᠎ᠶ᠋ᠢ ᠶᠠᠳᠠᠭᠤ᠎ᠠᠴᠠ ᠠᠩᠬᠢᠵᠢᠷᠠᠭᠤᠯᠵᠤ᠂ ᠶᠠᠳᠠᠭᠤ ᠬᠥᠴᠢᠷᠳᠡᠯᠲᠠᠢ ᠡᠷᠥᠭᠡ (ᠨᠢᠭᠡᠨᠳᠡ ᠶᠠᠳᠠᠭᠤ᠎ᠠᠴᠠ ᠠᠩᠬᠢᠵᠢᠷᠠᠬ᠍ᠰᠠᠳ᠎ᠢ ᠪᠠᠭ᠍ᠳᠠᠭᠠᠨ᠎ᠠ) 6.23 ᠲᠥᠮᠡᠨ ᠥᠭᠡᠷ ᠳᠡᠵᠢᠭᠡᠵᠤ᠂ ᠬᠥᠮᠥᠨ ᠳᠤᠮᠳᠠᠴᠢ᠎ᠳᠤ 2.2 ᠥᠭᠡᠷ ᠨᠤᠬ᠍ᠳᠠᠵᠤ᠂ ᠬᠥᠮᠥᠨ ᠳᠤᠮᠳᠠᠴᠢ᠎ᠶ᠋ᠢᠨ ᠤᠷᠤᠯᠭ᠎ᠠ᠎ᠶ᠋ᠢ 3600 ᠲᠥᠭᠦᠷᠢᠭ ᠳᠡᠭᠡᠭ᠌ᠰᠢᠯᠡᠭᠦᠯᠥᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号