ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠤ ᠪᠦᠬᠦ᠌ ᠲᠡᠯ᠎ᠡ᠎ᠶ᠋ᠢᠨ ᠢᠯᠠᠯᠳᠠ᠎ᠶ᠋ᠢ ᠤᠯᠬᠤ᠎ᠪᠠᠷ ᠬᠦᠴᠦᠯᠡᠨ ᠲᠡᠮᠡᠴᠡᠰᠦᠭᠡᠢ — ᠶᠡᠷᠤᠩᠬᠡᠢ ᠱᠦᠵᠢ ᠰᠢ᠎ᠶ᠋ᠢᠨ ᠫᠢᠩ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶ᠎ᠡ᠎ᠶ᠋ᠢᠨ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠨ ᠲᠤᠭᠤᠱᠢᠯᠠᠭᠤᠯᠵᠥ᠍ ᠨᠠᠢᠳᠠᠪᠦᠷᠢᠵᠢᠭᠤᠯᠬᠤ ᠲᠤᠬᠠᠢ ᠳᠦᠷᠪᠠᠨᠳᠡ ᠦᠭᠦᠯᠡᠬᠦ᠌᠎ᠨᠢ
2020-05-27 09:07:07
ᠵᠣᠬᠢᠶᠠᠭ᠍ᠴᠢ᠄
ᠦᠪᠦᠷ ᠮᠤᠩᠭᠤᠯ᠎ᠤᠨ ᠡᠳᠦᠷ᠎ᠤᠨ ᠰᠣᠨᠢᠨ᠎ᠤ ᠱᠢᠭᠦᠮᠵᠢᠯᠡᠭ᠌ᠴᠢ
ᠣᠩᠱᠢᠭ᠍ᠰᠠᠨ ᠣᠳᠠᠭ᠎ᠠ᠄
★★★☆☆
ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠤᠯᠳᠠ ᠪᠤᠯ ᠠᠷᠠᠳ ᠲᠦᠮᠡᠨ᠎ᠤ ᠠᠵᠠ ᠵᠢᠷᠭᠠᠯ᠎ᠲᠠᠢ ᠬᠤᠯᠪᠤᠭ᠍ᠳᠠᠵᠤ᠂ ᠴᠢᠨᠡᠭᠡᠯᠢᠭ ᠨᠡᠢᠬᠡᠮ᠎ᠢ ᠪᠦᠬᠦ᠌ ᠲᠡᠯ᠎ᠡ᠎ᠪᠠᠷ ᠪᠡᠶᠡᠯᠡᠬᠦᠯᠬᠦ᠌ ᠬᠠᠳᠠᠭᠤ ᠡᠬᠦᠷᠬᠡ ᠮᠦᠨ᠂ ᠪᠠᠰᠠ ᠴᠦ᠍ ᠶᠡᠷᠤᠩᠬᠡᠢ ᠱᠦᠵᠢ ᠰᠢ᠎ᠶ᠋ᠢᠨ ᠫᠢᠩ᠎ᠤᠨ ᠬᠠᠮᠤᠭ᠎ᠠᠴᠠ ᠰᠠᠨᠠᠭᠠᠱᠢᠷᠠᠵᠥ᠍ ᠪᠠᠢᠭ᠎ᠠ ᠶᠡᠭᠡ ᠶᠠᠪᠤᠳᠠᠯ ᠪᠤᠯᠤᠨ᠎ᠠ᠃ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠭᠤᠷᠪᠠᠳᠤᠭᠠᠷ ᠬᠤᠷᠡᠯ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶᠡᠰ ᠶᠡᠷᠤᠩᠬᠡᠢ ᠱᠦᠵᠢ ᠰᠢ᠎ᠶ᠋ᠢᠨ ᠫᠢᠩ 《ᠬᠢᠵᠢᠭ᠎ᠤᠨ ᠪᠠᠢᠳᠠᠯ᠎ᠠᠴᠠ ᠪᠤᠯᠤᠭ᠍ᠰᠠᠨ ᠠᠱᠢᠬ ᠦᠬᠡᠢ ᠨᠦᠯᠦᠬᠡ᠎ᠶ᠋ᠢ ᠡᠷᠡᠰ ᠢᠯᠠᠨ ᠳᠠᠪᠠᠵᠥ᠍᠂ ᠴᠢᠨᠡᠬᠡᠯᠢᠭ ᠨᠡᠢᠬᠡᠮ᠎ᠢ ᠪᠦᠬᠦ᠌ ᠳᠠᠯ᠎ᠠ᠎ᠪᠠᠷ ᠪᠡᠶᠡᠯᠡᠬᠦᠯᠬᠦ᠌ ᠱᠢᠢᠳᠪᠤᠷᠢᠳᠦ ᠢᠯᠠᠯᠳᠠ᠎ᠶ᠋ᠢ ᠤᠯᠬᠤ᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠱᠢᠢᠳᠪᠦᠷᠢᠳᠤ ᠳᠠᠢᠯᠠᠯᠳᠤᠭᠠᠨ ᠬᠢᠬᠦ᠌ ᠬᠠᠷᠠᠯᠳᠠ ᠡᠬᠦᠷᠬᠡ᠎ᠪᠠᠨ ᠪᠡᠶᠡᠯᠡᠬᠦᠯᠬᠦ᠌᠎ᠶ᠋ᠢ ᠦᠨᠡᠨ ᠬᠦ᠌ ᠪᠠᠳᠤᠯᠠᠬᠤ ᠬᠡᠷᠡᠭ᠌ᠳᠡᠢ》 ᠬᠡᠵᠥ᠍ ᠴᠢᠬᠤᠯᠠᠴᠢᠯᠠᠵᠥ᠍᠂ ᠦᠪᠤᠷ ᠮᠤᠩᠭᠤᠯ᠎ᠤᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠤ ᠪᠦᠬᠦ᠌ ᠲᠡᠯ᠎ᠠ᠎ᠶ᠋ᠢᠨ ᠢᠯᠠᠯᠳᠠ᠎ᠶ᠋ᠢ ᠡᠷᠡᠰ ᠲᠡᠮᠡᠴᠡᠨ ᠤᠯᠬᠤ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠢ ᠲᠠᠭᠠᠭᠤᠯᠤᠨ ᠰᠠᠢᠨ ᠰᠠᠢᠬᠠᠨ ᠠᠮᠢᠳᠤᠷᠠᠯ᠎ᠢ ᠡᠳ᠋ᠯᠡᠬᠦ᠌᠎ᠳᠤ ᠴᠢᠷᠮᠡᠢᠬᠤ ᠴᠢᠭ᠌ᠯᠡᠯ᠎ᠢ ᠲᠤᠳᠤᠷᠬᠠᠢ ᠵᠢᠭᠠᠨ ᠦᠭ᠌ᠴᠦ᠂ ᠦᠨᠳᠦᠰᠦᠨ ᠵᠢᠷᠤᠮᠯᠠᠯ ᠬᠠᠩᠭᠠᠭ᠍ᠰᠠᠠ ᠪᠠᠢᠨ᠎ᠠ᠃
ᠡᠷᠳᠡᠨ᠎ᠠᠴᠠ ᠡᠳᠦᠬᠡ ᠪᠤᠯᠳᠠᠯ᠎ᠠ᠂ ᠢᠳᠡᠵᠥ᠍ ᠡᠮᠤᠰᠭᠦ ᠡᠯᠪᠡᠭ ᠲᠡᠯᠪᠡᠭ᠂ ᠠᠮᠤᠷ ᠲᠠᠢᠪᠤᠩ ᠠᠵᠥ᠍ ᠲᠦᠷᠦᠬᠦ᠌ ᠪᠤᠯ ᠡᠬᠡᠯ ᠠᠷᠠᠳ᠎ᠤᠨ ᠬᠦᠰᠡᠯ ᠬᠦᠬᠡᠬᠡᠴᠡᠯᠳᠤᠯ ᠮᠦᠨ᠃ ᠤᠳᠤᠬᠠᠨ᠎ᠳᠤ ᠶᠠᠳᠠᠭᠤ ᠬᠦᠴᠢᠷᠳᠡᠯ᠎ᠲᠠᠢ ᠲᠡᠮᠡᠴᠡᠵᠦ᠍᠂ ᠰᠡᠳᠭᠢᠯ ᠨᠢᠭᠡᠳᠦᠨ ᠬᠦᠴᠦ᠎ᠪᠠᠨ ᠬᠠᠮᠳᠤᠳᠭᠠᠨ ᠶᠠᠳᠠᠭᠤᠷᠠᠯ᠎ᠤᠨ ᠦᠨᠳᠦᠰᠦ᠎ᠶ᠋ᠢ ᠲᠠᠰᠤᠳᠠᠨ ᠶᠠᠳᠠᠭᠤ᠎ᠠᠴᠠ ᠠᠩᠬᠢᠵᠢᠷᠠᠭᠤᠯᠵᠤ᠂ ᠴᠢᠨᠡᠭᠡᠯᠢᠭ ᠨᠡᠢᠭᠡᠮ ᠲᠡᠢᠰᠢ ᠴᠢᠷᠮᠠᠢᠨ ᠤᠷᠤᠭ᠍ᠰᠢᠯᠠᠵᠤ ᠪᠠᠢᠬᠤ᠎ᠨᠢ 《ᠠᠷᠠᠳ ᠲᠦᠮᠡᠨ᠎ᠢ ᠰᠠᠢᠬᠠᠨ ᠠᠮᠢᠳᠤᠷᠠᠭᠤᠯᠬᠤ》 ᠭᠡᠰᠡᠨ ᠬᠠᠷᠠᠯᠳᠠ ᠪᠠ ᠬᠦᠰᠡᠯᠡᠩ᠎ᠢᠶᠠᠨ ᠪᠡᠶᠡᠯᠡᠭᠦᠯᠬᠦ᠌᠎ᠶ᠋ᠢᠨ ᠲᠦᠯᠦᠭᠡ ᠶᠤᠮ᠃ ᠤᠢ᠍ᠢᠷ᠎ᠠ᠎ᠶ᠋ᠢᠨ ᠵᠢᠯ᠎ᠳᠤ ᠮᠠᠨ᠎ᠤ ᠤᠷᠤᠨ ᠶᠡᠷᠦᠩᠬᠡᠢ ᠱᠦᠵᠢ ᠰᠢ᠎ᠶ᠋ᠢᠨ ᠫᠢᠩ᠎ᠤᠨ ᠵᠢᠭᠠᠪᠤᠷᠢ ᠱᠠᠭᠠᠷᠳᠠᠯᠭ᠎ᠠ ᠪᠤᠯᠤᠨ ᠨᠠᠮ᠎ᠤᠨ ᠲᠦᠪ ᠬᠤᠷᠢᠶᠠᠨ᠎ᠤ ᠱᠢᠢᠳᠪᠦᠷᠢᠳᠤ ᠪᠤᠳᠤᠯᠭ᠎ᠠ ᠪᠠᠢᠷᠢᠯᠠᠭᠤᠯᠤᠯᠳᠠ᠎ᠶ᠋ᠢ ᠭᠦᠨᠵᠡᠭᠡᠢ ᠲᠤᠭᠤᠱᠢᠯᠠᠭᠤᠯᠤᠨ᠂ ᠭᠠᠪᠱᠢᠭᠠᠢᠯᠠᠨ ᠲᠡᠮᠡᠴᠡᠵᠦ᠍᠂ ᠬᠦᠴᠢᠷ᠎ᠢ ᠰᠦᠷᠦᠨ ᠤᠷᠤᠭ᠍ᠰᠢᠯᠠᠵᠤ᠂ ᠦᠨᠡᠨ ᠬᠦ᠌ ᠠᠳᠭᠤᠵᠤ ᠪᠤᠳᠠᠳᠠᠢ ᠠᠵᠢᠯᠯᠠᠨ᠂ ᠤᠨᠤᠴᠠᠳᠠᠢ᠎ᠪᠠᠷ ᠠᠷᠭ᠎ᠠ ᠪᠤᠳᠤᠯᠭ᠎ᠠ ᠬᠡᠷᠡᠭ᠌ᠵᠢᠭᠦᠯᠵᠤ᠂ ᠶᠠᠳᠠᠭᠤ᠎ᠶ᠋ᠢ ᠳᠡᠳᠭᠦᠵᠤ ᠶᠠᠳᠠᠭᠤ᠎ᠠᠴᠠ ᠠᠩᠭᠢᠵᠢᠷᠠᠭᠤᠯᠬᠤ ᠠᠵᠢᠯ᠎ᠳᠤ ᠱᠢᠢᠳᠪᠦᠷᠢᠯᠡᠬᠦ᠌ ᠴᠢᠨᠠᠷᠳᠠᠢ ᠠᠬᠢᠯᠳᠠ ᠭᠠᠷᠭᠠᠪᠠ᠃ ᠶᠠᠳᠠᠭᠤ ᠬᠦᠴᠢᠷᠳᠡᠯᠳᠠᠢ ᠬᠦᠮᠦᠨ ᠠᠮᠠ 2013 ᠤᠨ᠎ᠳᠤ 157 ᠲᠦᠮᠡᠨ ᠪᠠᠢᠭ᠍ᠰᠠᠨ᠎ᠠᠴᠠ᠎ᠪᠠᠨ 2019 ᠤᠨ ᠪᠤᠯᠬᠤ᠎ᠳᠤ 1.6 ᠲᠦᠮᠨ ᠪᠤᠯᠤᠨ ᠴᠦᠬᠡᠷᠡᠵᠤ᠂ ᠶᠠᠳᠠᠭᠤᠷᠠᠯ ᠡᠬᠦᠰᠭᠦ᠎ᠤᠨ ᠨᠤᠷᠮ᠎ᠠ 11.7% ᠪᠠᠢᠬ᠍ᠰᠠᠨ᠎ᠠᠴᠠ᠎ᠪᠠᠨ 0.11% ᠪᠤᠯᠤᠨ ᠪᠠᠭᠤᠷᠠᠵᠤ᠂ ᠶᠠᠳᠠᠭᠤ ᠬᠦᠴᠢᠷᠳᠡᠯᠳᠠᠢ ᠬᠤᠱᠢᠭᠤ ᠱᠢᠶᠠᠨ ᠪᠤᠯᠤᠨ ᠶᠠᠳᠠᠭᠤ ᠬᠦᠴᠢᠷᠳᠡᠯᠳᠠᠢ ᠭᠠᠴᠠᠭ᠎ᠠ ᠲᠤᠰᠭᠤᠨ ᠪᠦᠬᠦᠨ᠎ᠢᠶᠠᠷ᠎ᠢᠶᠠᠨ ᠶᠠᠳᠠᠭᠤ᠎ᠠᠴᠠ ᠠᠩᠭᠢᠵᠢᠷᠠᠵᠤ᠂ ᠤᠷᠤᠨ ᠪᠦᠰᠡ᠎ᠶ᠋ᠢᠨ ᠴᠢᠨᠠᠷᠳᠠᠢ ᠪᠦᠬᠦᠯᠢ ᠴᠤᠬ᠍ᠴᠠ᠎ᠶ᠋ᠢᠨ ᠶᠠᠳᠠᠭᠤ ᠬᠦᠴᠢᠷᠳᠡᠯ᠎ᠤᠨ ᠠᠰᠠᠭᠤᠳᠠᠯ ᠱᠢᠢᠳᠪᠦᠷᠢᠯᠡᠭ᠌ᠳᠡᠭ᠌ᠰᠡᠨ ᠪᠠᠢᠨ᠎ᠠ ᠁ ᠠᠯᠢ ᠤᠯᠠᠨ ᠲᠤᠭ᠎ᠠ ᠪᠠᠷᠢᠮᠳᠠ᠂ ᠠᠯᠢ ᠤᠯᠠᠨ ᠠᠮᠵᠢᠯᠳᠠ ᠪᠦᠲᠦᠮᠵᠢ᠎ᠳᠤ ᠪᠦᠬᠦ᠌ ᠤᠷᠤᠨ᠎ᠤ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠤᠢ ᠤᠬᠠᠭᠠᠨ ᠪᠠ ᠬᠦᠴᠦ᠍ ᠬᠦᠯᠦᠰᠤ ᠱᠢᠩᠬᠡᠵᠤ᠂ ᠲᠠᠯ᠎ᠠ ᠨᠤᠲᠤᠭ᠎ᠤᠨ ᠬᠦᠪᠡᠭᠦᠳ ᠦᠬᠢᠳ᠎ᠤᠨ ᠵᠤᠯ ᠵᠢᠷᠭᠠᠯᠳᠤ ᠠᠮᠢᠳᠤᠷᠠᠯ ᠲᠡᠢᠰᠢ ᠲᠡᠮᠡᠤᠯᠦᠭ᠌ᠰᠡᠨ ᠢᠷᠠᠭᠤ ᠲᠤᠤᠯᠢᠰ᠎ᠢ ᠴᠢᠪᠬᠠᠳᠠᠵᠠᠢ᠃
ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠳᠠᠢᠯᠠᠯᠳᠤᠭᠠᠨ᠎ᠤ ᠢᠯᠠᠯᠳᠠ᠎ᠶ᠋ᠢ ᠲᠡᠢᠮᠦ᠍ ᠬᠢᠯᠪᠠᠷᠬᠠᠨ᠎ᠢᠶᠠᠷ ᠤᠯᠴᠢᠬᠠᠬᠤ ᠪᠢᠰᠢ᠂ ᠱᠢᠢᠳᠪᠦᠷᠢᠯᠡᠬᠦ᠌ ᠴᠢᠨᠠᠷᠳᠠᠢ ᠠᠮᠵᠢᠯᠳᠠ᠎ᠠᠴᠠ ᠪᠦᠬᠦ᠌ ᠲᠠᠯ᠎ᠠ᠎ᠶ᠋ᠢᠨ ᠢᠯᠠᠯᠳᠠ᠎ᠶ᠋ᠢ ᠤᠯᠬᠤ᠎ᠳᠤ ᠲᠤᠯᠭᠠᠷᠠᠵᠤ ᠪᠠᠢᠭ᠎ᠠ ᠬᠦᠴᠢᠷᠳᠡᠯ ᠪᠠ ᠦᠷᠢᠰᠦᠯᠳᠦᠭᠡᠨ ᠮᠦᠨ ᠬᠦ᠌ ᠬᠦᠨᠳᠤ ᠨᠤᠴᠢᠳᠠᠢ ᠪᠠᠢᠭ᠍ᠰᠠᠭᠠᠷ᠂ ᠡᠭᠦᠨ᠎ᠤ ᠳᠡᠭᠡᠷ᠎ᠠ ᠬᠢᠵᠢᠭ᠎ᠤᠨ ᠪᠠᠢᠳᠠᠯ᠎ᠤᠨ ᠨᠦᠯᠦᠭᠡ ᠲᠠᠪᠬᠤᠴᠠᠭᠠᠳ ᠡᠯ᠎ᠠ ᠵᠦᠢᠯ᠎ᠤᠨ ᠠᠵᠢᠯ ᠡᠭᠦᠷᠭᠡ ᠨᠡᠩ ᠬᠦᠨᠳᠦ᠂ ᠱᠠᠭᠠᠷᠳᠠᠯᠭ᠎ᠠ ᠨᠡᠩ ᠦᠨᠳᠦᠷ ᠪᠤᠯᠤᠭ᠍ᠰᠠᠨ ᠠᠵᠢ᠃ ᠶᠠᠲᠠᠭᠤ᠎ᠠᠴᠠ ᠠᠩᠬᠢᠵᠢᠷᠠᠭᠤᠯᠬᠤ ᠪᠤᠭᠤᠮᠲᠠ ᠱᠢᠪᠲᠤᠯᠬᠤ ᠱᠢᠢᠳᠪᠦᠷᠢᠲᠦ ᠲᠠᠢᠯᠠᠯᠲᠤᠭᠠᠠ᠎ᠤ ᠱᠢᠢᠳᠪᠦᠷᠢᠲᠦ ᠢᠯᠠᠯᠲᠠ᠎ᠶ᠋ᠢ ᠤᠯᠬᠤ᠎ᠳᠤ᠂ ᠨᠠᠮ᠎ᠤᠨ ᠲᠦᠪ ᠬᠤᠷᠢᠶᠠᠠ᠎ᠤ ᠱᠢᠢᠳᠪᠦᠷᠢᠲᠦ ᠪᠤᠲᠤᠯᠭ᠎ᠠ ᠪᠠᠢᠷᠢᠯᠠᠭᠤᠯᠤᠯᠲᠠ᠎ᠶ᠋ᠢ ᠡᠷᠡᠰ ᠭᠤᠢᠪᠢᠰᠢ ᠦᠭᠡᠢ ᠰᠠᠢᠲᠤᠷ ᠨᠠᠢᠲᠠᠪᠤᠷᠢᠵᠢᠭᠤᠯᠵᠦ᠍᠂ ᠪᠠᠢᠲᠠᠯ᠎ᠤᠨ ᠬᠦᠭ᠌ᠵᠢᠯᠲᠠ ᠬᠤᠪᠢᠷᠠᠯᠲᠠ᠎ᠶ᠋ᠢ ᠤᠨᠤᠪᠴᠢᠲᠠᠢ ᠡᠵᠡᠮᠲᠡᠨ᠂ ᠬᠠᠮ ᠠᠷᠭ᠎ᠠ ᠬᠡᠮᠵᠢᠶ᠎ᠠ᠎ᠶ᠋ᠢ ᠤᠨᠤᠴᠠᠲᠠᠢ ᠰᠠᠢᠲᠤᠷ ᠭᠡᠷᠡᠭ᠌ᠵᠢᠭᠦᠯᠵᠦ᠍᠂ ᠶᠠᠲᠠᠭᠤ᠎ᠠᠴᠠ ᠠᠩᠭᠢᠵᠢᠷᠠᠭᠤᠯᠬᠤ ᠠᠵᠢᠯ᠎ᠢ ᠨᠡᠩ ᠴᠢᠨᠠᠷ ᠰᠠᠢᠲᠠᠢ᠂ ᠨᠡᠩ ᠦᠨᠲᠦᠷ ᠲᠦᠪᠱᠢᠨ᠎ᠲᠠᠢ ᠬᠢᠬᠦ᠌᠎ᠶ᠋ᠢ ᠦᠨᠡᠨ ᠬᠦ᠌ ᠪᠠᠲᠤᠯᠠᠬᠤ ᠭᠡᠷᠡᠭ᠌ᠲᠡᠢ᠃ ᠶᠠᠲᠠᠭᠤ᠎ᠠᠴᠠ ᠠᠩᠭᠢᠵᠢᠷᠠᠭᠠᠲᠤᠢ ᠬᠦᠮᠦᠨ ᠠᠮᠠ᠎ᠶ᠋ᠢ ᠬᠠᠪᠰᠤᠷᠤᠨ ᠲᠡᠳᠭᠦᠬᠦ᠌ ᠲᠦᠷᠦ᠎ᠶ᠋ᠢᠨ ᠪᠤᠲᠤᠯᠭ᠎ᠠ ᠪᠤᠯᠤᠨ ᠲᠦᠷᠦᠯ ᠵᠦᠢᠯ᠎ᠢ ᠨᠠᠷᠢᠯᠢᠬ᠍ᠵᠢᠭᠤᠯᠬᠤ᠎ᠶ᠋ᠢ ᠨᠢᠭ᠍ᠲᠠ ᠠᠩᠬᠠᠷᠴᠤ᠌᠂ ᠠᠵᠦ᠍ ᠦᠢᠯᠡᠰ ᠠᠵᠢᠯ ᠤᠯᠭᠤᠯᠲᠠ᠎ᠪᠠᠷ ᠶᠠᠲᠠᠭᠤ᠎ᠶ᠋ᠢ ᠲᠡᠳᠭᠦᠬᠦ᠌ ᠦᠷ᠎ᠡ ᠪᠦᠳᠦᠭᠡᠯ᠎ᠢ ᠪᠠᠬᠢᠵᠢᠭᠦᠯᠦᠨ ᠦᠷᠭᠡᠳᠭᠡᠵᠦ᠍᠂ ᠶᠠᠲᠠᠭᠤ᠎ᠶ᠋ᠢ ᠲᠡᠳᠭᠦᠬᠦ᠌᠎ᠪᠠᠷ ᠤᠨᠳᠤᠤ ᠭᠠᠵᠠᠷ᠎ᠲᠤ ᠨᠡᠭᠦᠯᠭᠡᠭ᠌ᠰᠡᠡᠤ ᠲᠠᠷᠠᠭᠠᠬᠢ ᠬᠠᠪᠰᠤᠷᠤᠨ ᠲᠡᠳᠭᠦᠬᠦ᠌ ᠠᠵᠢᠯ᠎ᠢ ᠰᠠᠢᠲᠤᠷ ᠬᠢᠵᠦ᠍᠂ ᠶᠠᠲᠠᠭᠤ᠎ᠠᠴᠠ ᠠᠩᠭᠢᠵᠢᠷᠠᠭᠤᠯᠬᠤ ᠪᠤᠭᠤᠮᠲᠠ ᠱᠢᠪᠲᠤᠯᠬᠤ ᠬᠢᠬᠡᠳ ᠬᠦᠲᠡᠭᠡ ᠲᠤᠰᠭᠤᠨ᠎ᠢ ᠬᠦᠭ᠌ᠵᠢᠭᠦᠯᠦᠨ ᠮᠠᠠᠲᠤᠭᠤᠯᠬᠤ᠎ᠶ᠋ᠢ ᠤᠷᠭᠠᠨᠢᠭ᠎ᠢᠶᠠᠷ ᠵᠤᠯᠭᠠᠭᠤᠯᠵᠦ᠍᠂ ᠶᠠᠲᠠᠭᠤ᠎ᠠᠴᠠ ᠠᠩᠭᠢᠵᠢᠷᠠᠭᠤᠯᠬᠤ ᠰᠠᠭᠤᠷᠢ᠎ᠶ᠋ᠢ ᠨᠡᠩ ᠪᠠᠬᠢᠵᠢᠬᠦᠯᠦᠨ ᠴᠢᠨᠡᠭᠡᠯᠢᠭ᠌ᠵᠢᠯ᠎ᠤᠨ ᠵᠠᠮ᠎ᠢ ᠤᠯᠠᠮ ᠰᠠᠷᠠᠭᠤᠯ ᠪᠤᠯᠭᠠᠬᠤ ᠭᠡᠷᠡᠭ᠌ᠲᠡᠢ᠃
ᠤᠴᠢᠷ ᠶᠠᠪᠤᠲᠠᠯ᠎ᠢ ᠡᠬᠢᠯᠡᠡ ᠬᠢᠬᠦ᠌᠎ᠳᠤ ᠬᠢᠯᠪᠠᠷ᠂ ᠱᠢᠪᠲᠤᠷᠠᠭᠠᠠᠳᠤ ᠤᠷᠤᠬᠤᠯᠠᠷ ᠪᠤᠲᠤᠯᠢᠶᠠᠠᠲᠠᠢ ᠪᠤᠯᠴᠢᠬᠠᠳᠠᠭ ᠶᠤᠮ᠃ ᠭᠡᠨᠡᠳᠲᠡ ᠭᠠᠷᠤᠭ᠍ᠰᠠᠨ ᠱᠢᠨ᠎ᠠ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠢᠲᠠᠯ᠎ᠨᠢ ᠬᠡᠪ᠎ᠤᠨ ᠦᠢᠯᠡᠳᠪᠦᠷᠢᠯᠡᠯ ᠡᠵᠡᠩᠨᠡᠯᠲᠡ᠎ᠶ᠋ᠢᠨ ᠡᠮᠬᠢ ᠲᠢᠭ᠌ᠯᠢᠮᠳᠤ ᠨᠡᠯᠢᠶᠡᠳ ᠶᠡᠭᠡ ᠲᠠᠭᠠᠷᠢᠯᠲᠠ ᠪᠤᠯᠵᠦ᠍᠂ ᠶᠠᠲᠠᠭᠤ᠎ᠠᠴᠠ ᠠᠩᠭᠢᠵᠢᠷᠠᠭᠤᠯᠬᠤ ᠪᠤᠭᠤᠮᠲᠠ ᠱᠢᠪᠲᠤᠯᠬᠤ ᠬᠠᠷᠠᠯᠲᠠ ᠡᠬᠦᠷᠭᠡ᠎ᠶ᠋ᠢ ᠪᠡᠶᠡᠯᠡᠭᠦᠯᠬᠦ᠌᠎ᠳᠤ ᠵᠤᠬᠢᠬᠤ ᠬᠦᠴᠢᠷᠲᠠᠯ ᠲᠤᠯᠭᠠᠷᠠᠭᠤᠯᠵᠠᠢ᠃ ᠤᠯᠠᠠ ᠲᠦᠮᠠᠠ ᠭᠠᠲᠠᠭ᠍ᠰᠢ ᠭᠠᠷᠴᠤ᠌ ᠬᠦᠯᠦᠰᠤᠨ ᠠᠵᠢᠯ ᠬᠢᠬᠦ᠌᠎ᠳᠤ ᠬᠠᠷᠰᠢ ᠰᠠᠭᠠᠳ᠎ᠲᠠᠢ ᠪᠠᠢᠬᠤ ᠡᠰᠡᠭᠦ᠌᠂ ᠶᠠᠲᠠᠭᠤ᠎ᠶ᠋ᠢ ᠲᠡᠳᠭᠦᠬᠦ᠌ ᠦᠢᠯᠡᠳᠭᠦᠨ᠎ᠤ ᠪᠤᠷᠤᠯᠠᠭᠤᠯᠭ᠎ᠠ ᠪᠤᠯᠤᠨ ᠠᠵᠦ᠍ ᠦᠢᠯᠡᠰ᠎ᠢᠶᠠᠷ ᠶᠠᠲᠠᠭᠤ᠎ᠶ᠋ᠢ ᠲᠡᠳᠭᠦᠬᠦ᠌ ᠠᠵᠢᠯ᠎ᠳᠤ ᠬᠦᠴᠢᠷᠲᠡᠯ᠎ᠲᠠᠢ ᠡᠰᠡᠬᠦ᠂ ᠶᠠᠲᠠᠭᠤ᠎ᠶ᠋ᠢ ᠲᠡᠳᠭᠦᠬᠦ᠌ ᠲᠦᠷᠦᠯ ᠵᠦᠢᠯ᠎ᠤᠨ ᠠᠬᠢᠴᠠ ᠱᠢᠯᠤᠭᠤᠨ ᠪᠠᠢᠬᠤ ᠡᠰᠡᠬᠦ᠌ ᠁ ᠬᠢᠵᠢᠭ᠎ᠤᠨ ᠪᠠᠢᠲᠠᠯ᠎ᠤᠨ ᠨᠦᠯᠦᠭᠡ᠎ᠶ᠋ᠢ ᠢᠯᠠᠠ ᠲᠠᠪᠠᠭ᠍ᠤ ᠲᠠᠯ᠎ᠠ᠎ᠪᠠᠷ ᠠᠯᠢ ᠨᠢᠭᠡᠨ ᠨᠠᠷᠢᠨ ᠵᠦᠢᠯᠡᠰ᠎ᠢ ᠴᠦ᠍ ᠤᠮᠳᠤᠭᠠᠢᠯᠠᠵᠤ ᠪᠤᠯᠬᠤ ᠦᠬᠡᠢ᠂ ᠨᠡᠩ ᠴᠤ᠌ ᠬᠠᠰᠢ ᠶᠠᠰᠢ᠎ᠪᠠᠷ ᠬᠠᠨᠳᠤᠵᠦ᠍ ᠪᠤᠯᠬᠤ ᠦᠬᠡᠢ ᠶᠤᠮ᠃ ᠭᠠᠭ᠍ᠴᠠ ᠬᠦ᠌ ᠪᠤᠳᠠᠳᠠᠢ᠎ᠠᠴᠠ ᠡᠬᠦᠰᠤᠨ᠂ ᠢᠯᠡᠬᠦᠬᠡᠨ ᠠᠷᠭ᠎ᠠ ᠰᠦᠪᠡᠭ᠌ᠴᠢᠯᠡᠨ ᠵᠠᠮ ᠬᠠᠢᠵᠤ᠂ ᠭᠤᠤᠯᠳᠠᠯᠭ᠎ᠠ᠎ᠲᠠᠢ ᠶᠠᠪᠤᠳᠠᠯ᠎ᠳᠤ ᠠᠩᠬᠠᠷᠤᠯ᠎ᠢᠶᠠᠨ ᠲᠦᠪᠯᠡᠷᠡᠬᠦᠯᠤᠨ ᠲᠦᠷᠤᠯ ᠬᠤᠪᠢᠶᠠᠨ ᠠᠷᠭ᠎ᠠ ᠪᠤᠳᠤᠯᠭ᠎ᠠ ᠭᠡᠷᠡᠭ᠌ᠵᠢᠬᠦᠯᠵᠤ᠂ ᠬᠦᠴᠤ᠎ᠪᠠᠨ ᠲᠦᠪᠯᠡᠷᠡᠬᠦᠯᠤᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠠᠵᠢᠯ᠎ᠢ ᠪᠤᠳᠠᠳᠠᠢ ᠠᠳᠭᠤᠵᠤ᠂ ᠶᠠᠳᠠᠭᠤ ᠬᠦᠴᠢᠷᠳᠠᠯᠳᠠᠢ ᠬᠦᠳᠡᠯᠮᠤᠷᠢ ᠬᠦᠴᠤᠨ᠎ᠳᠤ ᠠᠵᠢᠯ ᠤᠯᠭᠤᠬᠤ᠎ᠶ᠋ᠢ ᠤᠷᠢᠳ᠎ᠢᠶᠠᠷ ᠪᠤᠳᠤᠯᠬᠢᠯᠠᠨ᠂ ᠶᠠᠳᠠᠭᠤ᠎ᠶ᠋ᠢ ᠲᠡᠳᠬᠦᠬᠦ᠌ ᠮᠠᠯ᠎ᠤᠨ ᠠᠱᠢᠭ ᠱᠢᠮ᠎ᠠ ᠲᠠᠷᠢᠶᠠᠯᠠᠩ᠎ᠤᠨ ᠪᠦᠳᠦᠭᠡᠭ᠌ᠳᠡᠬᠦᠨ᠎ᠤ ᠪᠤᠷᠤᠯᠠᠭᠤᠯᠭ᠎ᠠ ᠮᠠᠭᠤᠳᠠᠬᠤ᠎ᠶ᠋ᠢ ᠪᠦᠳᠤᠮᠵᠢᠳᠠᠢ ᠰᠡᠷᠬᠡᠢᠯᠡᠨ ᠱᠢᠢᠳᠪᠤᠷᠢᠯᠡᠵᠤ᠂ ᠶᠠᠳᠠᠭᠤ᠎ᠶ᠋ᠢ ᠲᠡᠳᠬᠦᠬᠦ᠌ ᠠᠵᠤ ᠤᠢ᠍ᠢᠯᠡᠰ᠎ᠤᠨ ᠠᠵᠢᠯ ᠤᠢ᠍ᠢᠯᠡᠳᠪᠤᠷᠢᠯᠡᠯᠢᠶᠠᠨ ᠰᠡᠷᠬᠦᠬᠡᠬᠦ᠌᠎ᠶ᠋ᠢ ᠪᠦᠬᠦ᠌ ᠬᠦᠴᠤᠨ᠎ᠢᠶᠠᠷ ᠪᠠᠳᠤᠯᠠᠪᠠᠯ ᠰᠠᠶᠢ ᠤᠯᠠᠨ ᠲᠦᠮᠡᠨ᠎ᠤ ᠬᠦᠴᠢᠷᠳᠠᠯ᠎ᠢ ᠦᠨᠡᠨ ᠬᠦ᠌ ᠱᠢᠢᠳᠪᠤᠷᠢᠯᠠᠵᠤ ᠲᠡᠢᠯᠤᠨ᠎ᠠ᠃
ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠪᠤᠯ ᠬᠠᠳᠠᠭᠤ ᠲᠠᠢᠯᠠᠯᠳᠤᠭᠠᠨ ᠮᠦᠨ᠂ ᠡᠴᠤᠰ᠎ᠤᠨ ᠵᠠᠩᠬᠢᠯᠠᠭ᠎ᠠ᠎ᠶ᠋ᠢᠨ ᠦᠶ᠎ᠠ ᠪᠤᠯᠬᠤ ᠲᠤᠳᠤᠮ ᠡᠷᠴᠢᠮ᠎ᠢᠶᠠᠨ ᠤᠯᠠᠮ ᠴᠢᠩᠭᠠᠯᠠᠨ ᠬᠦᠴᠦ᠎ᠪᠠᠨ ᠤᠯᠠᠮ ᠡᠷᠴᠢᠯᠡᠬᠦ᠌ ᠴᠢᠬᠤᠯᠠᠳᠠᠢ᠂ ᠦᠴᠤᠬᠡᠨ ᠴᠤ᠌ ᠵᠤᠬ᠍ᠰᠤᠩᠬᠢᠷᠠᠵᠤ ᠪᠤᠯᠬᠤ ᠦᠬᠡᠢ᠂ ᠠᠯᠮᠠᠢᠷᠠᠵᠤ ᠪᠤᠯᠬᠤ ᠦᠬᠡᠢ᠂ ᠰᠤᠯᠠᠷᠠᠭᠤᠯᠵᠤ ᠪᠤᠯᠬᠤ ᠦᠬᠡᠢ᠃ ᠪᠢᠳᠡ 《ᠰᠠᠨᠠᠬ᠍ᠰᠠᠨ᠎ᠳᠠᠭᠠᠨ ᠬᠦᠷᠬᠦ᠌᠎ᠪᠠᠷ ᠱᠢᠨᠳᠠᠷᠠᠰᠢ ᠦᠭᠡᠢ ᠴᠢᠷᠮᠠᠢᠬᠤ》 ᠲᠠᠭᠠᠭᠠᠮᠠᠭᠠᠢ ᠵᠤᠷᠢᠬ᠂ 《ᠬᠦᠴᠢᠷ ᠪᠡᠷᠬᠡᠱᠢᠶᠠᠯ᠎ᠲᠠᠢ ᠪᠤᠯᠬᠤ ᠲᠤᠳᠤᠮ ᠬᠦᠴᠦᠯᠡᠨ ᠤᠷᠤᠬ᠍ᠰᠢᠯᠠᠬᠤ》 ᠬᠠᠳᠠᠭᠤ ᠵᠤᠷᠢᠬ᠂ 《ᠲᠠᠶᠠᠭᠠᠷ᠎ᠢᠶᠠᠨ ᠰᠡᠳᠭᠢᠯ ᠨᠢᠭᠡᠳᠤᠨ ᠴᠢᠷᠮᠠᠢᠨ ᠲᠡᠮᠡᠴᠡᠬᠦ᠌》 ᠡᠷᠴᠢ ᠬᠦᠴᠤ᠎ᠪᠠᠷ ᠶᠠᠷᠤᠩᠬᠡᠢ ᠱᠢᠪᠳᠤᠯᠤᠯᠳᠠ ᠬᠢᠵᠤ᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠬᠠᠷᠠᠯᠳᠠ ᠡᠬᠦᠷᠬᠡ᠎ᠶ᠋ᠢ ᠲᠤᠭ᠍ᠳᠠᠬ᠍ᠰᠠᠨ ᠬᠤᠭᠤᠴᠠᠭᠠᠨ᠎ᠳᠠᠭᠠᠨ ᠴᠢᠨᠠᠷ ᠰᠠᠢᠳᠠᠢ᠎ᠪᠠᠷ ᠪᠡᠶᠡᠯᠡᠬᠦᠯᠬᠦ᠌᠎ᠶ᠋ᠢ ᠪᠠᠳᠤᠯᠠᠨ᠂ ᠨᠠᠮ ᠪᠠ ᠠᠷᠠᠳ ᠲᠦᠮᠡᠨ᠎ᠳᠤ ᠱᠢᠯᠢᠳᠡᠭ ᠰᠠᠢᠨ ᠱᠢᠯᠭᠠᠯᠳᠠ᠎ᠶ᠋ᠢᠨ ᠬᠠᠭᠤᠳᠠᠰᠤ ᠲᠤᠱᠢᠶᠠᠰᠤᠭᠠᠢ᠃
ᠣᠷᠴᠢᠭᠤᠯᠤᠭ᠍ᠴᠢ᠄
ᠨᠠᠢᠷᠠᠭᠤᠯᠤᠭ᠍ᠴᠢ᠄
ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号