ᠶᠠᠳᠠᠭᠤ᠎ᠶ᠋ᠢ ᠳᠡᠳᠬᠦᠬᠦ᠌ ᠺᠠᠳ᠋ᠷᠴᠤᠳ᠄ ᠤᠯᠠᠨ ᠲᠦᠮᠡᠨ᠎ᠳᠤ ᠪᠤᠶᠠᠨ ᠵᠢᠷᠭᠠᠯ ᠡᠳ᠋ᠯᠡᠭᠦᠯᠬᠦ᠌᠎ᠨᠢ ᠶᠠᠭᠤᠨ᠎ᠠᠴᠠ ᠴᠤ᠌ ᠴᠢᠬᠤᠯᠠ
2020-06-01 11:02:46
ᠵᠣᠬᠢᠶᠠᠭ᠍ᠴᠢ᠄
ᠵᠢᠶᠠ ᠢ ᠶᠤᠸᠠᠨ ᠬᠠᠨ ᠱᠢᠤᠸᠠᠢ ᠷᠦ᠍
ᠣᠩᠱᠢᠭ᠍ᠰᠠᠨ ᠣᠳᠠᠭ᠎ᠠ᠄
★★★☆☆

    ᠶᠡᠷᠦᠩᠬᠡᠢ ᠱᠦᠵᠢ ᠰᠢ᠎ᠶ᠋ᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠳᠦᠯᠦᠬᠡᠯᠡᠭ᠌ᠴᠢᠳ᠎ᠤᠨ ᠶᠡᠭᠡ ᠬᠤᠷᠠᠯ᠎ᠤᠨ ᠭᠤᠷᠪᠠᠳᠤᠭᠠᠷ ᠬᠤᠷᠠᠯ᠎ᠤᠨ ᠦᠪᠦᠷ ᠮᠤᠩᠭᠤᠯ᠎ᠤᠨ ᠳᠦᠯᠦᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ᠂ ᠭᠤᠷᠪᠠᠨ ᠶᠡᠭᠡ ᠪᠤᠭᠤᠮᠳᠠ ᠱᠢᠪᠳᠤᠯᠬᠤ ᠳᠠᠢᠯᠠᠯᠳᠤᠭᠠᠨ᠎ᠢ ᠰᠠᠢᠳᠤᠷ ᠬᠢᠵᠦ᠍᠂ 《ᠵᠢᠷᠭᠤᠭ᠎ᠠ᠎ᠶ᠋ᠢ ᠳᠤᠬ᠍ᠳᠠᠪᠤᠷᠢᠵᠢᠭᠤᠯᠬᠤ》 ᠠᠵᠢᠯ᠎ᠢ ᠯᠠᠪᠳᠠᠭᠤᠨ ᠪᠠᠳᠤᠳᠠᠢ ᠰᠠᠢᠳᠤᠷ ᠬᠢᠵᠦ᠍᠂ 《ᠵᠢᠷᠭᠤᠭ᠎ᠠ᠎ᠶ᠋ᠢ ᠪᠠᠳᠤᠯᠠᠬᠤ》 ᠡᠬᠦᠷᠬᠡ᠎ᠶ᠋ᠢ ᠪᠦᠬᠦ᠌ ᠳᠠᠯ᠎ᠠ᠎ᠪᠠᠷ ᠨᠠᠢᠳᠠᠪᠤᠷᠢᠵᠢᠭᠤᠯᠵᠦ᠍᠂ ᠬᠢᠵᠢᠭ᠎ᠤᠨ ᠪᠠᠢᠳᠠᠯ᠎ᠠᠴᠠ ᠪᠤᠢ ᠪᠤᠯᠭᠠᠬ᠍ᠰᠠᠨ ᠠᠱᠢᠬ ᠦᠬᠡᠢ ᠨᠦᠯᠦᠬᠡ᠎ᠶ᠋ᠢ ᠡᠷᠡᠰ ᠢᠯᠡᠨ ᠳᠠᠪᠠᠵᠦ᠍᠂ ᠴᠢᠨᠡᠬᠡᠯᠢᠭ ᠨᠡᠢᠭᠡᠮ᠎ᠢ ᠪᠦᠬᠦ᠌ ᠳᠠᠯ᠎ᠠ᠎ᠪᠠᠷ ᠪᠡᠶᠡᠯᠡᠬᠦᠯᠬᠦ᠌ ᠱᠢᠢᠳᠪᠤᠷᠢᠳᠦ ᠢᠯᠠᠯᠳᠠ᠎ᠶ᠋ᠢ ᠳᠡᠮᠡᠴᠡᠨ ᠤᠯᠬᠤ᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠬᠠᠷᠠᠯᠳᠠ ᠡᠬᠦᠷᠬᠡ᠎ᠶ᠋ᠢᠨ ᠱᠢᠢᠳᠪᠤᠷᠢᠳᠦ ᠢᠯᠠᠯᠳᠠ᠎ᠶ᠋ᠢ ᠳᠡᠮᠡᠴᠡᠨ ᠤᠯᠬᠤ᠎ᠶ᠋ᠢ ᠦᠨᠡᠨ ᠬᠦ᠌ ᠪᠠᠳᠤᠯᠠᠵᠦ᠍᠂ ᠱᠢᠨ᠎ᠠ ᠴᠠᠬ ᠦᠶ᠎ᠠ᠎ᠶ᠋ᠢᠨ ᠨᠡᠢᠭᠡᠮ ᠵᠢᠷᠤᠮ᠎ᠤᠨ ᠤᠳᠤᠬᠢᠴᠢᠯᠠᠬ᠍ᠰᠠᠨ ᠤᠯᠤᠰ᠎ᠢ ᠪᠦᠬᠦ᠌ ᠳᠠᠯ᠎ᠠ᠎ᠪᠠᠷ ᠪᠦᠳᠦᠬᠡᠨ ᠪᠠᠢᠭᠤᠯᠬᠤ ᠠᠶᠠᠨ᠎ᠳᠤ ᠦᠪᠦᠷ ᠮᠤᠩᠭᠤᠯ᠎ᠤᠨ ᠬᠦᠭ᠌ᠵᠢᠯᠳᠡ᠎ᠶ᠋ᠢᠨ ᠱᠢᠨ᠎ᠠ ᠬᠠᠭᠤᠳᠠᠰᠤ᠎ᠶ᠋ᠢ ᠪᠢᠴᠢᠭ᠌ᠯᠡᠬᠦ᠌ ᠬᠡᠷᠡᠭ᠌ᠳᠡᠢ ᠬᠡᠵᠦ᠍ ᠴᠢᠬᠤᠯᠠᠴᠢᠯᠠᠵᠠᠢ᠃
    ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠪᠠᠷ ᠬᠡᠮᠵᠢᠶᠠᠯᠠᠰᠢ ᠦᠬᠡᠢ ᠬᠦᠳᠡᠯᠬᠡᠬᠦ᠌ ᠬᠦᠴᠦᠨ ᠪᠤᠯᠭᠠᠨ᠎ᠠ᠃ ᠶᠠᠳᠠᠭᠤ ᠬᠦᠴᠢᠷᠳᠡᠯᠳᠡᠢ ᠤᠯᠠᠨ ᠳᠦᠮᠡᠨ᠎ᠢ ᠶᠠᠳᠠᠭᠤ᠎ᠠᠴᠠ ᠠᠩᠬᠢᠵᠢᠷᠠᠭᠤᠯᠬᠤ᠎ᠶ᠋ᠢ ᠳᠦᠯᠬᠢᠨ ᠠᠬᠢᠭᠤᠯᠬᠤ ᠳᠤᠯᠭᠠᠭᠤᠷᠢ ᠬᠦᠴᠦᠨ ᠪᠤᠯᠤᠬ᠍ᠰᠠᠨ᠎ᠤ ᠬᠤᠪᠢ᠎ᠳᠤ᠂ ᠮᠠᠨ᠎ᠤ ᠤᠷᠤᠨ᠎ᠤ 57 ᠶᠡᠷᠦᠩᠬᠡᠢ ᠠᠵᠢᠯᠯᠠᠬᠤ ᠠᠩᠬᠢ᠂ 8689 ᠳᠤᠰᠭᠤᠨ᠎ᠳᠤ ᠰᠠᠭᠤᠭ᠎ᠠ ᠠᠵᠢᠯᠯᠠᠬᠤ ᠠᠩᠬᠢ᠂ 32180 ᠳᠤᠰᠭᠤᠨ᠎ᠳᠤ ᠰᠠᠭᠤᠭ᠎ᠠ ᠺᠠᠳ᠋ᠷᠴᠤᠳ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠨᠢᠬᠡᠳᠦᠬᠡᠷ ᠹᠷᠤᠨᠲ᠎ᠲᠤ ᠭᠠᠪᠱᠢᠭᠠᠢᠯᠠᠨ ᠠᠵᠢᠯᠯᠠᠵᠦ᠍᠂ ᠳᠡᠪᠳᠡᠷ ᠳᠡᠪᠳᠡᠷ ᠳᠤᠰᠭᠤᠨ᠎ᠳᠤ ᠰᠠᠭᠤᠬ᠍ᠰᠠᠨ ᠵᠤᠵᠠᠭᠠᠨ ᠡᠳᠦᠷ᠎ᠤᠨ ᠳᠡᠮᠳᠡᠭ᠌ᠯᠡᠯ᠂ ᠤᠯᠠᠨ ᠠᠷᠪᠢᠨ ᠪᠠᠳᠤ ᠴᠢᠩᠭ᠎ᠠ ᠳᠠᠢᠴᠢᠨ ᠪᠠᠬᠢᠯᠡᠯᠳᠡ᠂ ᠳᠦᠷᠰᠦ ᠪᠠᠢᠳᠠᠯ᠎ᠨᠢ ᠦᠪᠴᠢ ᠱᠢᠨᠡᠳᠦᠭ᠌ᠰᠡᠨ ᠤᠯᠠᠨ ᠠᠷᠪᠢᠨ ᠭᠠᠴᠠᠭ᠎ᠠ ᠳᠤᠰᠭᠤᠨ᠎ᠢᠶᠠᠷ ᠠᠷᠠᠳ ᠳᠦᠮᠡᠨ᠎ᠯᠦᠭᠡ ᠰᠡᠳᠭᠢᠯ ᠵᠢᠷᠤᠬᠡ᠎ᠪᠠᠨ ᠬᠤᠯᠪᠤᠬᠤ᠂ ᠠᠷᠠᠳ᠎ᠤᠨ ᠠᠮᠢᠳᠤᠷᠠᠯ᠎ᠢ ᠦᠷᠦᠴᠡ ᠴᠡᠬᠡᠵᠢᠨ᠎ᠳᠡᠭᠡᠨ ᠪᠤᠳᠤᠯᠬᠢᠯᠠᠬᠤ ᠬᠦᠨ ᠵᠤᠵᠠᠭᠠᠨ ᠬᠠᠢᠷ᠎ᠠ ᠰᠡᠳᠭᠢᠯᠬᠡ᠎ᠶ᠋ᠢ ᠢᠯᠡᠷᠡᠬᠦᠯᠵᠡᠢ᠃



        ᠬᠦᠬᠡᠬᠤᠳᠠ᠎ᠶ᠋ᠢᠨ ᠦᠴᠦᠸᠠᠨ ᠱᠢᠶᠠᠨ᠎ᠤ ᠬᠤᠭᠤᠯᠠᠢ ᠠᠭᠤᠯᠠ ᠱᠢᠶᠠᠩ᠎ᠤᠨ ᠶᠡᠭᠡ ᠲᠠᠱᠢᠭᠤᠲᠠᠢ ᠳᠤᠰᠭᠤᠨ᠎ᠤ ᠳᠤᠰᠭᠤᠨ᠎ᠳᠤ ᠰᠠᠭᠤᠬᠤ ᠺᠠᠳ᠋ᠷ ᠼᠤᠤ ᠬᠤᠢ ᠭᠡᠷ᠎ᠲᠡᠭᠡᠨ ᠬᠤᠴᠤᠷᠤᠬ᠍ᠰᠠᠨ ᠡᠮᠡᠭ᠌ᠲᠡᠢᠴᠦᠳ᠎ᠲᠤ ᠬᠠᠪᠰᠤᠷᠤᠨ ᠭᠠᠷ ᠤᠷᠠᠯᠠᠯ᠎ᠤᠨ ᠦᠢᠯᠡᠳᠭᠡᠯ᠎ᠤᠨ ᠭᠠᠵᠠᠷ ᠪᠠᠢᠭᠤᠯᠵᠥ᠍ ᠦᠭ᠌ᠴᠤ ᠪᠠᠢᠭ᠎ᠠ ᠊ᠨᠢ᠃


      ᠴᠢᠨᠡᠬᠡᠯᠢᠭ᠎ᠤᠨ ᠬᠦᠰᠡᠯ ᠵᠡᠬᠦᠳᠦ᠎ᠶ᠋ᠢ ᠳᠡᠷᠬᠡᠯᠱᠢᠬᠦᠯᠦᠭ᠌ᠰᠡᠨ ᠬᠦᠮᠦᠨ
    ᠬᠢᠩᠭᠠᠨ ᠠᠢᠮᠠᠬ᠎ᠤᠨ ᠬᠤᠷᠴᠢᠨ ᠪᠠᠷᠠᠭᠤᠨ ᠭᠠᠷᠤᠨ ᠡᠮᠤᠨᠡᠳᠦ ᠬᠤᠱᠢᠭᠤᠨ᠎ᠤ ᠬᠤᠷᠴᠢᠨ ᠪᠠᠯᠭᠠᠰᠤᠨ᠎ᠳᠤ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠠᠵᠢᠯ᠎ᠢ ᠪᠡᠶᠡᠯᠡᠬᠦᠯᠬᠦ᠌᠎ᠳᠤ ᠬᠦᠴᠢᠷᠳᠡᠢ ᠨᠢᠬᠡᠨ 《ᠪᠡᠷᠬᠡ ᠬᠡᠴᠡᠬᠦᠦ》 ᠳᠤᠰᠭᠤᠨ ᠪᠠᠢᠯ᠎ᠠ᠂ ᠡᠨᠡ᠎ᠨᠢ ᠳᠠᠷᠤᠢ ᠶᠤᠸᠠᠨ ᠱᠢᠨ ᠳᠤᠰᠭᠤᠨ ᠪᠤᠯᠤᠨ᠎ᠠ᠃ ᠳᠤᠰ ᠳᠤᠰᠭᠤᠨ ᠤᠤᠯ᠎ᠨᠢ ᠤᠯᠤᠰ᠎ᠤᠨ ᠳᠡᠰ᠎ᠤᠨ ᠳᠠᠩᠰᠠᠯᠠᠨ ᠺᠠᠷᠲᠯᠠᠬ᠍ᠰᠠᠨ ᠶᠠᠳᠠᠭᠤ ᠬᠦᠴᠢᠷᠳᠡᠯᠳᠡᠢ ᠳᠤᠰᠭᠤᠨ ᠪᠠᠢᠵᠦ᠍᠂ 2014 ᠤᠨ᠎ᠳᠤ ᠶᠠᠳᠠᠭᠤ ᠬᠦᠴᠢᠷᠳᠡᠯ ᠡᠬᠦᠰᠦᠭ᠌ᠰᠡᠨ ᠨᠤᠷᠮ᠎ᠠ᠎ᠨᠢ ᠨᠢᠬᠡᠨ ᠦᠶ᠎ᠠ 10% ᠎ᠳᠤ ᠬᠦᠷᠴᠤ᠌ ᠪᠠᠢᠵᠠᠢ᠃
    2017 ᠤᠨ᠎ᠤ ᠰᠡᠬᠦᠯᠴᠢ᠎ᠪᠠᠷ᠂ ᠶᠤᠸᠠᠨ ᠱᠢᠨ ᠳᠤᠰᠭᠤᠨ ᠨᠢᠬᠡᠨ 《ᠳ᠋ᠤᠺᠲ᠋ᠤᠷ ᠱᠦᠵᠢ》 — ᠪᠡᠬᠡᠵᠢᠩ᠎ᠤᠨ ᠤᠢ ᠱᠢᠭᠤᠢ᠎ᠶ᠋ᠢᠨ ᠶᠡᠭᠡ ᠰᠤᠷᠭᠠᠭᠤᠯᠢ᠎ᠶ᠋ᠢᠨ ᠡᠪᠯᠡᠯ᠎ᠤᠨ ᠬᠤᠷᠢᠶᠠᠨ᠎ᠤ ᠳᠡᠳ᠋ ᠱᠦᠵᠢ ᠵᠠᠩ ᠬᠤᠸᠠ᠎ᠶ᠋ᠢ ᠤᠬ᠍ᠳᠤᠨ ᠠᠪᠴᠢᠷᠠᠪᠠ᠂ ᠳᠦᠪ᠎ᠤᠨ ᠨᠢᠬᠡᠴᠢ᠎ᠠᠴᠠ ᠳᠤᠱᠢᠶᠠᠯ ᠡᠬᠦᠷᠬᠡᠯᠡᠨ ᠬᠤᠷᠴᠢᠨ ᠪᠠᠷᠠᠭᠤᠨ ᠭᠠᠷᠤᠨ ᠡᠮᠤᠨᠡᠳᠦ ᠬᠤᠱᠢᠭᠤ᠎ᠶ᠋ᠢ ᠳᠤᠬ᠍ᠳᠠᠬ᠍ᠰᠠᠨ ᠴᠡᠭ᠎ᠢᠶᠠᠷ ᠬᠠᠪᠰᠤᠷᠤᠨ ᠳᠡᠳᠬᠦᠬᠦ᠌ ᠦᠨᠳᠦᠰᠦᠨ ᠱᠠᠳᠤᠨ᠎ᠤ ᠺᠠᠳ᠋ᠷ ᠪᠤᠯᠤᠬ᠍ᠰᠠᠨ᠎ᠤ ᠬᠤᠪᠢ᠎ᠳᠤ᠂ ᠳᠡᠷᠡ ᠤᠳᠠᠯ ᠦᠬᠡᠢ ᠬᠤᠷᠢᠮ᠎ᠤᠨ ᠶᠤᠰᠤᠯᠠᠯ᠎ᠢᠶᠠᠨ ᠬᠢᠬᠦ᠌᠎ᠪᠠᠷ ᠪᠠᠢᠬ᠍ᠰᠠᠨ ᠤᠷᠤᠬ᠍ᠯᠠᠭᠠᠳᠤᠢ ᠬᠡᠷᠬᠡᠢ᠎ᠪᠠᠨ ᠠᠷᠤ ᠬᠡᠷ᠎ᠲᠡᠭᠡᠨ ᠤᠷᠬᠢᠵᠦ᠍᠂ ᠦᠴᠦᠬᠡᠨ ᠴᠤ᠌ ᠳᠦᠳᠡᠬᠡᠯᠵᠡᠯ ᠦᠬᠡᠢ᠎ᠪᠠᠷ ᠤᠷᠤ ᠳᠡᠪᠢᠰᠭᠡᠷ᠎ᠢᠶᠠᠨ ᠡᠬᠦᠷᠤᠨ ᠶᠤᠸᠠᠨ ᠱᠢᠨ ᠳᠤᠰᠭᠤᠨ᠎ᠳᠤ ᠢᠷᠡᠵᠦ᠍᠂ ᠳᠤᠰᠭᠤᠨ᠎ᠳᠤ ᠰᠠᠭᠤᠬᠤ ᠨᠢᠬᠡᠳᠦᠬᠡᠷ ᠱᠦᠵᠢ ᠪᠡ ᠳᠤᠰᠭᠤᠨ᠎ᠳᠤ ᠰᠠᠭᠤᠬᠤ ᠠᠵᠢᠯᠯᠠᠬᠤ ᠠᠩᠬᠢ᠎ᠶ᠋ᠢᠨ ᠳᠠᠷᠤᠭ᠎ᠠ᠎ᠶ᠋ᠢᠨ ᠳᠤᠱᠢᠶᠠᠯ᠎ᠢ ᠬᠠᠷᠢᠭᠤᠴᠠᠪᠠ᠃
    ᠭᠡᠳᠦ᠋ᠢᠪᠡᠷ ᠰᠡᠳᠭᠢᠯ᠎ᠤᠨ ᠪᠡᠯᠡᠳᠭᠡᠯ᠎ᠲᠠᠢ ᠪᠤᠯᠪᠠᠴᠤ᠌ ᠨᠢᠳᠤᠨ ᠡᠮᠤᠨᠡᠬᠢ ᠪᠠᠢᠳᠠᠯ᠎ᠨᠢ ᠪᠠᠰᠠ ᠴᠤ᠌ ᠵᠠᠩ ᠬᠤᠸᠠ᠎ᠶ᠋ᠢᠨ ᠵᠢᠷᠤᠭᠡ ᠰᠡᠳᠭᠢᠯ᠎ᠢ ᠱᠢᠮᠱᠢᠷᠠᠬᠦᠯᠤᠨ᠎ᠡ᠄ ᠨᠡᠮ᠎ᠤᠨ ᠭᠡᠱᠢᠬᠦᠨ᠎ᠤ ᠶᠡᠭᠡ ᠬᠤᠷᠠᠯ ᠬᠤᠷᠠᠯᠳᠤᠭᠤᠯᠤᠬ᠍ᠰᠡᠨ᠎ᠳᠤ ᠨᠠᠮ᠎ᠤᠨ ᠭᠡᠱᠢᠬᠦᠨ᠎ᠤ ᠤᠷᠤᠯᠴᠠᠬ᠍ᠰᠡᠨ ᠬᠦᠮᠦᠨ᠎ᠤ ᠲᠤᠭ᠎ᠠ ᠬᠠᠭᠠᠰ ᠬᠦᠷᠬᠦ᠌ ᠦᠭᠡᠢ ᠪᠠᠢᠯ᠎ᠡ; ᠲᠡᠷᠢᠶᠠᠴᠢᠨ ᠡᠷᠦᠭᠡ᠎ᠶ᠋ᠢᠨ ᠲᠠᠩᠰᠠ ᠡᠪᠬᠡᠮᠡᠯ᠎ᠤᠨ ᠲᠡᠮᠳᠡᠭ᠌ᠯᠡᠯ ᠡᠮᠬᠢ ᠵᠡᠮᠪᠠᠷᠠᠭ᠎ᠠ ᠦᠭᠡᠢ ᠪᠠᠢᠵᠤ᠂ ᠲᠠᠩᠰᠠᠯᠠᠵᠤ ᠺᠠᠷᠲᠯᠠᠬ᠍ᠰᠠᠨ ᠶᠠᠳᠠᠭᠤ ᠬᠦᠴᠢᠷᠳᠡᠯᠳᠠᠢ ᠡᠷᠦᠭᠡ᠎ᠶ᠋ᠢ ᠢᠯᠭᠠᠨ ᠲᠠᠨᠢᠬᠤ᠎ᠳᠤ ᠤᠨᠤᠪᠴᠢ ᠦᠭᠡᠢ ᠠᠰᠠᠭᠤᠳᠠᠯ ᠤᠷᠤᠱᠢᠵᠤ ᠪᠠᠢᠯ᠎ᠡ; ᠠᠷᠠᠳ᠎ᠢ ᠪᠠᠶᠠᠵᠢᠭᠤᠯᠬᠤ ᠠᠵᠤ ᠦᠢᠯᠡᠰ ᠪᠠᠢᠬᠤ ᠦᠭᠡᠢ ᠁ ᠶᠡᠷᠤ᠎ᠠᠴᠠ ᠪᠤᠳᠤᠵᠤ ᠤᠯᠤᠬ᠍ᠰᠡᠨ ᠦᠭᠡᠢ ᠬᠦᠴᠢᠷ ᠠᠰᠠᠭᠤᠳᠠᠯ᠎ᠤᠳ ᠲᠡᠬᠦᠨ᠎ᠤ ᠡᠮᠤᠨ᠎ᠡ ᠲᠠᠯᠪᠢᠬ᠍ᠳᠠᠯ᠎ᠡ᠃
    ᠡᠳᠦᠷ᠎ᠨᠢ ᠵᠠᠩ ᠬᠤᠸᠠ ᠲᠤᠰᠭᠤᠨ᠎ᠤ ᠠᠢᠯ ᠡᠷᠦᠭᠡ᠎ᠪᠠᠷ ᠶᠠᠪᠤᠵᠤ ᠤᠷᠤᠢ᠎ᠨᠢ ᠲᠤᠰᠭᠤᠨ᠎ᠤ ᠵᠦᠪᠯᠡᠯ᠎ᠤᠨ ᠠᠯᠪᠡᠨ ᠭᠡᠷ᠎ᠲᠤ ᠶᠠᠳᠠᠭᠤ᠎ᠶ᠋ᠢ ᠲᠡᠳᠬᠦᠬᠦ᠌ ᠲᠦᠷᠦ᠎ᠶ᠋ᠢᠨ ᠪᠤᠳᠤᠯᠭ᠎ᠠ᠎ᠶ᠋ᠢ ᠰᠤᠳᠤᠯᠳᠠᠭ᠃ ᠲᠤᠰᠭᠤᠨ᠎ᠳᠤ ᠰᠠᠭᠤᠬ᠍ᠰᠡᠨ ᠲᠦᠷᠦᠬᠦᠤ ᠰᠠᠷ᠎ᠡ᠎ᠳᠤ᠂ 49 ᠶᠠᠳᠠᠭᠤ ᠬᠦᠴᠢᠷᠳᠡᠯᠳᠠᠢ ᠡᠷᠦᠭᠡ᠂ 23 ᠨᠠᠮ᠎ᠤᠨ ᠭᠡᠱᠢᠬᠦᠨ ᠡᠷᠦᠭᠡ᠂ 6 ᠲᠠᠷᠢᠵᠤ ᠲᠡᠵᠢᠭᠡᠬᠦ᠌ ᠲᠤᠮᠤ ᠡᠷᠦᠭᠡ᠎ᠪᠠᠷ ᠲᠤᠭᠤᠷᠢᠨ ᠦᠵᠡᠵᠤ᠂ ᠲᠡᠳᠡᠨ᠎ᠢ ᠬᠠᠪᠰᠤᠷᠤᠨ ᠬᠦᠴᠢᠷ ᠠᠰᠠᠭᠤᠳᠠᠯ᠎ᠢ᠎ᠨᠢ ᠨᠢᠭᠡᠳ ᠨᠢᠭᠡ᠎ᠪᠠᠷ ᠱᠢᠢᠳᠪᠤᠷᠢᠯᠡᠵᠤ ᠦᠭ᠌ᠴᠠᠢ᠃
    ᠨᠢᠭᠡ ᠵᠢᠯ ᠪᠤᠯᠤᠯ ᠦᠭᠡᠢ᠎ᠪᠠᠷ᠂ ᠲᠤᠰᠭᠤᠨ ᠡᠬᠢᠯᠡᠨ ᠬᠤᠪᠢᠷᠠᠯᠳᠠ ᠭᠠᠷᠪᠠ᠃ ᠲᠤᠰᠭᠤᠨ᠎ᠤ ᠪᠠᠢᠭᠤᠯᠤᠬ᠍ᠰᠡᠨ ᠲᠡᠷᠢᠵᠤ ᠲᠡᠵᠢᠭᠡᠬᠦ᠌ ᠲᠤᠰᠭᠠᠢ ᠬᠤᠷᠱᠢᠶ᠎ᠡ᠎ᠶ᠋ᠢᠨ ᠠᠱᠢᠭ ᠤᠷᠤᠯᠭ᠎ᠠ᠎ᠨᠢ ᠬᠠᠨᠤᠮᠵᠢᠳᠠᠢ ᠪᠠᠢᠵᠤ᠂ ᠲᠡᠷᠢᠬ᠍ᠰᠡᠨ ᠬᠠᠷ᠎ᠡ ᠱᠢᠯᠤᠭᠡᠢ ᠡᠷᠳᠡᠨᠢ ᠱᠢᠰᠢ᠎ᠨᠢ 2018 ᠤᠨ᠎ᠤ ᠬᠢᠨᠭ᠌ᠭᠠᠨ ᠠᠢᠮᠠᠭ᠎ᠤᠨ ᠨᠠᠭᠠᠳᠤᠮ᠎ᠤᠨ ᠶᠡᠭᠡ ᠬᠤᠷᠠᠯ᠎ᠤᠨ ᠴᠤᠷ᠎ᠤᠨ ᠭᠠᠭ᠍ᠴᠠ ᠬᠡᠷᠡᠭ᠌ᠯᠡᠬᠦ᠌᠎ᠪᠠᠷ ᠲᠤᠬ᠍ᠳᠠᠬ᠍ᠰᠡᠨ ᠡᠷᠳᠡᠨᠢ ᠱᠢᠰᠢ ᠪᠤᠯᠤᠬ᠍ᠰᠡᠨ ᠪᠦᠭᠡᠳ ᠪᠠᠰᠠ ᠪᠡᠭᠡᠵᠢᠩ᠎ᠤᠨ ᠵᠠᠬ᠎ᠠ ᠲᠡᠯᠭᠡᠬᠦᠷ᠎ᠲᠤ ᠪᠤᠷᠤᠯᠠᠭᠤᠯᠤᠭ᠍ᠳᠠᠭ᠍ᠰᠠᠨ ᠪᠠᠢᠨ᠎ᠡ; ᠲᠤᠰᠭᠤᠨ᠎ᠤ ᠬᠠᠮᠳᠤ᠎ᠶ᠋ᠢᠨ ᠠᠵᠤ ᠠᠬᠤᠢ᠎ᠶ᠋ᠢᠨ ᠬᠤᠪᠢ ᠤᠷᠤᠭᠤᠯᠤᠬ᠍ᠰᠡᠨ ᠲᠦᠷᠢᠮᠳᠤ ᠦᠭᠡᠷᠡᠴᠢᠯᠡᠯᠳᠠ᠎ᠶ᠋ᠢ ᠠᠮᠵᠢᠯᠳᠠᠳᠠᠢ ᠪᠠᠶᠠᠯᠡᠬᠦᠯᠵᠤ᠂ ᠲᠤᠰᠭᠤᠨ᠎ᠤ ᠠᠷᠠᠳ᠎ᠤᠨ ᠤᠷᠤᠯᠭ᠎ᠠ᠎ᠪᠠᠨ ᠨᠡᠮᠡᠭ᠌ᠳᠡᠬᠦᠯᠬᠦ᠌ ᠠᠷᠭ᠎ᠠ ᠵᠠᠮ ᠪᠠᠰᠠ ᠨᠢᠭᠡ ᠨᠡᠮᠡᠭ᠌ᠳᠡᠪᠠ; ᠬᠦᠳᠡᠭᠡ ᠨᠤᠳᠤᠭ᠎ᠤᠨ ᠶᠡᠷᠤᠩᠭᠡᠢ ᠴᠤᠬ᠍ᠴᠠ᠎ᠶ᠋ᠢ ᠪᠠᠢᠭᠤᠯᠵᠤ ᠲᠠᠭᠤᠰᠭᠠᠬ᠍ᠰᠡᠨ᠎ᠤ ᠲᠠᠷᠠᠭ᠎ᠠ᠂ ᠰᠤᠶᠤᠯ ᠵᠢᠭᠤᠯᠴᠢᠯᠠᠯ᠎ᠤᠨ ᠠᠵᠤ ᠦᠢᠯᠡᠰ ᠪᠠᠰᠠ ᠯᠠᠪᠳᠠᠭᠤᠨ᠎ᠢᠶᠠᠷ ᠡᠬᠢᠯᠡᠵᠠᠢ ᠁
    ᠠᠷᠠᠳ ᠲᠦᠮᠡᠨ᠎ᠤ ᠵᠤᠯ ᠵᠢᠷᠭᠠᠯ ᠪᠤᠯ ᠨᠠᠮ᠎ᠤᠨ ᠭᠡᠱᠢᠬᠦᠨ ᠺᠠᠳ᠋ᠷ᠎ᠤᠨ ᠠᠵᠢᠯᠯᠠᠭᠠᠨ᠎ᠤ ᠪᠦᠷᠢᠶ᠎ᠡ ᠪᠤᠯᠤᠨ᠎ᠡ᠃ ᠦᠪᠤᠷ ᠮᠤᠩᠭᠤᠯ᠎ᠤᠨ ᠶᠠᠳᠠᠭᠤ ᠬᠦᠴᠢᠷᠳᠡᠯᠳᠠᠢ ᠭᠠᠵᠠᠷ ᠤᠷᠤᠨ᠎ᠳᠤ᠂ ᠦᠢ ᠤᠯᠠᠨ 《ᠵᠠᠩ ᠬᠤᠸᠠ》 ᠱᠢᠷᠭᠠᠭᠤ ᠬᠠᠳᠠᠭᠤᠵᠢᠯᠳᠠᠢ ᠬᠦᠴᠤ᠌ ᠬᠦᠳᠡᠯᠮᠤᠷᠢ᠎ᠪᠠᠷ᠎ᠶ᠋ᠢᠨ ᠶᠠᠳᠠᠭᠤ᠎ᠠᠴᠠ ᠠᠩᠭᠢᠵᠢᠷᠠᠭᠤᠯᠤᠬ᠍ᠰᠡᠨ ᠦᠷ᠎ᠡ ᠪᠦᠳᠦᠭᠡᠯ᠎ᠢ ᠪᠠᠬᠢᠵᠢᠬᠦᠯᠤᠨ ᠬᠠᠮᠠᠭᠠᠯᠠᠵᠤ᠂ ᠤᠯᠠᠨ ᠲᠦᠮᠡᠨ᠎ᠤ ᠰᠠᠢᠨ ᠰᠠᠢᠬᠠᠨ ᠠᠮᠢᠳᠤᠷᠠᠯ᠎ᠢ ᠬᠦᠭᠡᠭᠡᠴᠡᠯᠳᠦᠬᠦ᠌ ᠬᠦᠰᠡᠯ ᠵᠡᠬᠦᠳᠤ᠎ᠶ᠋ᠢᠨ ᠲᠡᠷᠭᠡᠯᠱᠢᠬᠦᠯᠦᠭ᠌ᠴᠢ ᠪᠤᠯᠪᠠ᠃



        ᠱᠢᠯᠢ᠎ᠶ᠋ᠢᠨ ᠭᠤᠤᠯ ᠠᠢᠮᠠᠬ᠎ᠤᠨ ᠠᠪᠠᠭ᠎ᠠ ᠬᠤᠱᠢᠭᠤᠨ᠎ᠤ ᠪᠡᠯᠬᠦᠳᠡᠢ ᠪᠠᠯᠭᠠᠰᠤᠨ᠎ᠤ  ᠠᠯᠲᠠᠨ ᠬᠠᠩᠭᠠᠢ ᠭᠠᠴᠠᠭ᠎ᠠ᠎ᠶ᠋ᠢᠨ ᠲᠣᠰᠭᠤᠨ᠎ᠳᠤ ᠰᠠᠭᠤᠬᠤ ᠠᠵᠢᠯᠯᠠᠬᠤ ᠠᠩᠬᠢ᠎ᠶ᠋ᠢᠨ᠎ᠬᠢᠨ ᠶᠠᠳᠠᠭᠤ ᠬᠦᠴᠢᠷᠳᠡᠯᠳᠡᠢ ᠡᠷᠦᠬᠡ᠎ᠶ᠋ᠢ ᠡᠷᠬᠢᠨ ᠦᠵᠡᠵᠥ᠍ ᠪᠠᠢᠭ᠎ᠠ ᠊ᠨᠢ᠃


        ᠬᠠᠪᠰᠤᠷᠤᠨ ᠲᠡᠳᠬᠦᠬᠦ᠌ ᠲᠤᠳᠤᠨᠤ ᠬᠦᠮᠦᠨ
    ᠲᠤᠰᠭᠤᠨ᠎ᠳᠤ ᠨᠡᠪᠳᠡᠷᠡᠬᠦ᠌ ᠵᠠᠮ᠎ᠨᠢ ᠰᠡᠷᠡᠭᠤᠯ ᠲᠠᠷᠳᠠᠩ ᠪᠦᠭᠡᠳ ᠱᠢᠯᠤᠭᠤᠬᠠᠨ ᠪᠠᠢᠵᠤ᠂ ᠡᠪᠡᠰᠤ ᠮᠤᠳᠤ ᠬᠦᠭᠡᠷᠡᠨ ᠨᠤᠭᠤᠭᠠᠷᠠᠵᠤ᠂ ᠦᠵᠡᠰᠭᠦᠯᠡᠩᠳᠤ ᠰᠠᠢᠬᠠᠨ ᠲᠤᠰᠭᠤᠨ᠎ᠨᠢ ᠴᠡᠪᠡᠷ ᠲᠤᠬᠢᠯᠢᠭ ᠪᠦᠭᠡᠳ ᠲᠡᠷᠢ ᠲᠡᠭ᠌ᠰᠢ ᠁ ᠦᠴᠤᠸᠠᠨ ᠱᠢᠶᠠᠨ᠎ᠤ ᠬᠤᠭᠤᠯᠠᠢ ᠠᠭᠤᠯᠠ ᠱᠢᠶᠠᠩ᠎ᠤᠨ ᠶᠡᠭᠡ ᠲᠠᠱᠢᠭᠤᠳᠠᠢ ᠲᠤᠰᠭᠤᠨ᠎ᠤ ᠭᠤᠴᠤ᠌ ᠰᠠᠢᠬᠠᠨ 《ᠬᠤᠪᠢᠷᠠᠯᠳᠠ》 ᠎ᠨᠢ ᠲᠤᠰᠭᠤᠨ᠎ᠳᠤ ᠰᠠᠭᠤᠭ᠎ᠠ ᠺᠠᠳ᠋ᠷ ᠼᠤᠤ ᠬᠤᠢ᠎ᠶ᠋ᠢ ᠮᠠᠰᠢ ᠪᠠᠶᠠᠷᠯᠠᠭᠤᠯᠵᠠᠢ᠄ ᠲᠣᠰᠭᠤᠨ᠎ᠳᠤ ᠰᠠᠭᠤᠭ᠍ᠰᠠᠨ ᠡᠨᠡ ᠭᠤᠷᠪᠠᠨ ᠵᠢᠯ ᠭᠠᠷᠤᠶ᠎ᠶ᠋ᠢᠨ ᠬᠤᠭᠤᠴᠠᠭᠠᠨ᠎ᠳᠤ ᠲᠡᠷᠡ ᠤᠶᠤᠨ ᠤᠬᠠᠭᠠᠨ ᠬᠦᠴᠦ᠍ ᠬᠦᠳᠡᠯᠮᠦᠷᠢ᠎ᠪᠠᠨ ᠪᠦᠷ ᠡᠨᠡ ᠲᠤᠰᠭᠤᠨ᠎ᠤ ᠬᠦᠭ᠌ᠵᠢᠯᠳᠡ᠎ᠳᠤ ᠵᠤᠷᠢᠭᠤᠯᠵᠠᠢ᠃
    ᠶᠡᠭᠡ ᠲᠠᠱᠢᠭᠤᠳᠠᠢ ᠲᠣᠰᠭᠤᠨ ᠤᠤᠯ᠎ᠨᠢ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠶᠠᠳᠠᠭᠤ ᠬᠦᠴᠢᠷᠳᠡᠯᠲᠡᠶ ᠲᠣᠰᠭᠤᠨ ᠪᠠᠢᠪᠠ᠂ ᠭᠠᠵᠠᠷ ᠱᠢᠷᠣᠢ ᠲᠠᠴᠢᠷ ᠨᠢᠮᠭᠡᠨ ᠪᠠᠢᠵᠤ᠂ ᠲᠣᠰᠭᠤᠨ᠎ᠤ ᠠᠷᠠᠳ ᠬᠡᠳᠦᠨ ᠮᠦ᠍ ᠲᠠᠷᠢᠶ᠎ᠠ᠎ᠪᠠᠨ ᠰᠠᠬᠢᠵᠤ᠂ ᠶᠠᠭᠠᠬᠢᠵᠤ ᠴᠢᠷᠮᠠᠢᠭ᠍ᠰᠠᠨ ᠴᠤ᠌ ᠤᠷᠤᠯᠭ᠎ᠠ᠎ᠪᠠᠨ ᠳᠡᠭᠡᠭ᠌ᠰᠢᠯᠡᠭᠦᠯᠵᠦ᠍ ᠳᠡᠢᠯᠬᠦ᠌ ᠦᠭᠡᠢ ᠪᠠᠢᠵᠠᠢ᠃
    ᠲᠣᠰᠭᠤᠨ᠎ᠳᠤ ᠰᠠᠭᠤᠭ᠍ᠰᠠᠨ ᠠᠩᠬᠠᠨ᠎ᠤ ᠰᠦᠨᠢ᠂ ᠶᠡᠭᠡ ᠲᠠᠱᠢᠭᠤᠳᠠᠢ ᠲᠣᠰᠭᠤᠨ᠎ᠤ ᠶᠠᠳᠠᠭᠤ ᠬᠦᠴᠢᠷᠳᠡᠯᠲᠡᠢ ᠪᠠᠢᠳᠠᠯ᠎ᠨᠢ ᠼᠤᠤ ᠬᠤᠢ᠎ᠶ᠋ᠢ ᠨᠦᠢᠷ ᠬᠤᠯᠵᠢᠭᠤᠯᠪᠠ᠃ ᠡᠨᠡ ᠬᠦ᠌ ᠲᠣᠰᠭᠤᠨ᠎ᠢ ᠡᠷᠲᠡᠬᠡᠨ ᠶᠠᠳᠠᠭᠤ᠎ᠠᠴᠠ ᠠᠩᠭᠢᠵᠢᠷᠠᠭᠤᠯᠬᠤ᠎ᠶ᠋ᠢᠨ ᠲᠥᠯᠥᠭᠡ᠂ ᠲᠡᠷᠡ ᠡᠳᠦᠷ ᠰᠥᠨᠢ ᠢᠯᠭᠠᠯ ᠦᠭᠡᠢ᠎ᠪᠠᠷ ᠡᠯ᠎ᠡ ᠲᠣᠰᠭᠤᠨ᠎ᠤ ᠬᠤᠭᠤᠷᠣᠨᠳᠣ ᠬᠦᠶᠦᠵᠦ᠍᠂ ᠠᠢᠯ ᠡᠷᠦᠬᠡ᠎ᠳᠤ ᠣᠷᠣᠵᠤ ᠰᠤᠷᠪᠤᠯᠵᠢᠯᠠᠨ᠂ ᠲᠠᠷᠢᠶᠠᠨ ᠭᠠᠵᠠᠷ᠎ᠲᠤ ᠪᠠᠢᠴᠠᠭᠠᠯᠲᠠ ᠬᠢᠵᠦ᠍᠂ ᠲᠥᠷᠥ᠎ᠶ᠋ᠢᠨ ᠪᠣᠳᠣᠯᠭ᠎ᠠ᠎ᠶ᠋ᠢ ᠰᠤᠳᠤᠯᠪᠠ ᠁ 《ᠠᠩᠬ᠎ᠠ ᠢᠷᠡᠭ᠌ᠰᠡᠨ ᠬᠡᠳᠦᠨ ᠰᠠᠷ᠎ᠠ᠎ᠳᠤ᠂ ᠠᠢᠯ ᠡᠷᠦᠬᠡ᠎ᠪᠠᠷ ᠰᠤᠷᠪᠤᠯᠵᠢᠯᠠᠵᠤ ᠪᠠᠷᠠᠭᠠᠳ ᠰᠠᠭᠤᠭ᠎ᠠ ᠭᠠᠵᠠᠷ᠎ᠲᠠᠭᠠᠨ ᠬᠠᠷᠢᠬᠤ᠎ᠳᠠᠭᠠᠨ ᠦᠷᠭᠦᠯᠵᠢ ᠲᠥᠭᠡᠷᠢᠳᠡᠭ ᠪᠠᠢᠪᠠ᠂ ᠮᠤᠷᠤᠶ ᠰᠠᠷᠤᠶ ᠠᠭᠤᠯᠠᠨ ᠵᠠᠮ᠎ᠢᠶᠠᠷ ᠲᠤᠭᠤᠷᠢᠵᠤ ᠭᠠᠷᠴᠤ᠌ ᠳᠡᠢᠯᠬᠦ᠌ ᠦᠭᠡᠢ᠃ ᠤᠳᠤ ᠪᠢ ᠨᠢᠳᠦ᠎ᠪᠠᠨ ᠠᠨᠢᠭᠠᠳ ᠪᠠᠰᠠ ᠠᠯᠢ ᠡᠷᠦᠭᠡ᠎ᠨᠢ ᠬᠠᠮᠢᠭ᠎ᠠ ᠰᠠᠭᠤᠵᠤ ᠪᠠᠢᠬᠤ᠎ᠶ᠋ᠢ ᠪᠦᠷ ᠮᠡᠳᠡᠨ᠎ᠡ᠂ ᠶᠠᠳᠠᠭᠤ ᠬᠦᠴᠢᠷᠳᠡᠯᠲᠡᠢ ᠡᠷᠦᠬᠡ᠎ᠶ᠋ᠢᠨ᠎ᠬᠢᠨ᠎ᠳᠤ ᠤᠴᠢᠬᠤ᠎ᠨᠢ ᠶᠠᠭ ᠲᠥᠷᠥᠯ ᠰᠠᠳᠤᠨ᠎ᠤ᠎ᠪᠠᠷ᠎ᠢᠶᠠᠨ ᠶᠠᠪᠤᠵᠤ ᠪᠠᠢᠬᠤ ᠱᠢᠭ ᠪᠤᠯᠪᠠ》 ᠭᠡᠵᠦ᠍ ᠼᠤᠤ ᠬᠤᠢ ᠢᠨᠢᠶᠡᠮᠰᠦᠭ᠌ᠯᠡᠨ ᠬᠡᠯᠡᠨ᠎ᠡ᠃
    2017 ᠣᠨ᠎ᠤ ᠵᠤᠨ᠂ ᠼᠤᠤ ᠬᠤᠢ ᠠᠢᠯᠴᠢᠯᠠᠨ ᠰᠤᠷᠪᠤᠯᠵᠢᠯᠠᠬᠤ ᠳᠤᠮᠳᠠ᠎ᠪᠠᠨ ᠬᠡᠳᠦᠨ ᠲᠣᠰᠭᠤᠨ᠎ᠤ ᠠᠷᠠᠳ ᠨᠡᠢᠯᠵᠦ᠍ ᠰᠠᠭᠤᠭᠠᠳ ᠰᠡᠭᠦᠷᠡᠰᠦ ᠠᠯᠳᠠᠵᠤ ᠪᠠᠢᠬᠤ᠎ᠶ᠋ᠢ ᠣᠯᠵᠤ ᠬᠠᠷᠠᠭᠠᠳ ᠲᠡᠷᠡ ᠳᠠᠷᠤᠶ ᠣᠴᠢᠵᠤ ᠶᠠᠭᠤ ᠪᠤᠯᠤᠭ᠍ᠰᠠᠨ᠎ᠢ᠎ᠨᠢ ᠯᠠᠪᠯᠠᠨ ᠠᠰᠠᠭᠤᠪᠠᠯ᠂ ᠲᠥᠮᠥᠰᠥ᠎ᠪᠠᠨ ᠬᠤᠳᠠᠯᠳᠤᠵᠤ ᠭᠠᠷᠬᠤ ᠦᠭᠡᠢ᠂ ᠤᠳᠠᠬᠤ ᠦᠭᠡᠢ ᠪᠦᠷ ᠵᠣᠭᠤᠷᠢᠨ᠎ᠳᠠᠭᠠᠨ ᠡᠪᠳᠡᠷᠡᠵᠦ᠍ ᠢᠯᠵᠠᠷᠠᠬᠤ ᠪᠤᠯᠤᠨ᠎ᠠ ᠭᠡᠵᠦ᠍ ᠵᠤᠪᠠᠵᠤ ᠪᠠᠢᠭ᠍ᠰᠠᠨ᠎ᠢ    ᠮᠡᠳᠡᠪᠡ᠃ ᠢᠩᠭᠢᠭᠡᠳ ᠲᠡᠷᠡ ᠵᠢᠯ᠎ᠤᠨ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠪᠠᠶᠠᠷ᠎ᠨᠢ ᠼᠤᠤ ᠬᠤᠢ᠎ᠶ᠋ᠢᠨ 《ᠪᠣᠷᠣᠯᠠᠭᠤᠯᠭ᠎ᠠ ᠬᠢᠬᠦ᠌ ᠡᠳᠦᠷ》 ᠪᠣᠯᠤᠭ᠍ᠰᠠᠨ ᠪᠠᠢᠨ᠎ᠠ᠃ ᠲᠡᠷᠡ ᠪᠦᠬᠦᠯᠢ ᠨᠢᠭᠡ ᠡᠳᠦᠷ᠎ᠤᠨ ᠴᠠᠭ᠎ᠢ ᠬᠡᠷᠡᠭ᠌ᠰᠡᠵᠦ᠍ ᠲᠤᠬᠠᠶ᠎ᠶ᠋ᠢᠨ ᠭᠠᠵᠠᠷ᠎ᠤᠨ 50 ᠱᠢᠬᠠᠮ ᠬᠤᠭᠤᠯᠠᠨ ᠭᠡᠷ᠎ᠢᠶᠠᠷ ᠬᠦᠷᠴᠦ᠍᠂ ᠶᠠᠳᠠᠭᠤ ᠬᠦᠴᠢᠷᠳᠡᠯᠲᠡᠶ ᠡᠷᠦᠬᠡ᠎ᠶ᠋ᠢ ᠬᠠᠪᠰᠤᠷᠤᠨ 8000 ᠭᠠᠷᠤᠶ ᠵᠢᠩ ᠲᠥᠮᠥᠰᠥ᠍ ᠬᠤᠳᠠᠯᠳᠤᠵᠤ ᠥᠭ᠌ᠴᠡᠶ᠃
    ᠭᠠᠷ᠎ᠲᠠᠭᠠᠨ ᠲᠥᠮᠥᠰᠥ᠍ ᠬᠤᠳᠠᠯᠳᠤᠵᠤ ᠤᠯᠤᠭ᠍ᠰᠠᠨ ᠵᠣᠭᠤᠰ᠎ᠢ ᠠᠳᠭᠤᠭ᠍ᠰᠠᠨ ᠲᠣᠰᠭᠤᠨ᠎ᠤ ᠠᠷᠠᠳ ᠲᠡᠭᠦᠨ᠎ᠳᠤ ᠳᠠᠬᠢᠨ ᠳᠠᠪᠲᠠᠨ ᠲᠠᠯᠠᠷᠬᠠᠭ᠍ᠰᠠᠨ ᠰᠡᠳᠭᠢᠯᠭᠡ᠎ᠪᠠᠨ ᠢᠯᠡᠳᠭᠡᠵᠦ᠍ ᠪᠠᠢᠪᠠ᠃ ᠡᠭᠦᠨ᠎ᠠᠴᠠ ᠡᠬᠢᠯᠡᠨ᠂ 《ᠬᠦᠴᠢᠷᠳᠡᠯ᠎ᠲᠠᠢ ᠪᠣᠯ ᠼᠤᠤ ᠬᠤᠢ᠎ᠶ᠋ᠢ ᠡᠷᠢ》 ᠬᠡᠬᠦ᠌ ᠦᠭᠡ ᠲᠣᠰᠭᠤᠨ᠎ᠤ ᠠᠷᠠᠳ᠎ᠤᠨ ᠳᠤᠮᠳᠠ ᠳᠡᠯᠭᠡᠷᠡᠭ᠌ᠰᠡᠨ ᠪᠠᠢᠨ᠎ᠠ᠃
    ᠠᠢᠯ ᠡᠷᠦᠬᠡ ᠪᠦᠷᠢ᠎ᠶ᠋ᠢᠨ ᠠᠷᠰᠠᠷ ᠶᠠᠪᠤᠳᠠᠯ᠎ᠳᠤ ᠰᠠᠨᠠᠭ᠎ᠠ ᠪᠤᠯᠬᠤ᠎ᠠᠴᠠ ᠭᠠᠳᠠᠨ᠎ᠠ᠂ ᠼᠤᠤ ᠬᠤᠢ ᠪᠠᠰᠠ ᠤᠯᠠᠨ ᠲᠦᠮᠡᠨ᠎ᠢ ᠳᠠᠭᠠᠭᠤᠯᠤᠨ ᠶᠠᠳᠠᠭᠤ᠎ᠠᠴᠠ ᠠᠩᠭᠢᠵᠢᠷᠠᠭᠤᠯᠬᠤ ᠶᠡᠭᠡ ᠶᠠᠪᠤᠳᠠᠯ᠎ᠳᠤ ᠰᠠᠨᠠᠭᠠᠱᠢᠷᠠᠵᠤ ᠪᠠᠢᠯ᠎ᠠ᠃ ᠲᠡᠭᠦᠨ᠎ᠤ ᠢᠳᠡᠪᠬᠢᠲᠡᠶ ᠴᠢᠷᠮᠠᠢᠯᠭ᠎ᠠ ᠳᠣᠣᠷ᠎ᠠ᠂ 10.51 ᠺᠢᠯᠣᠮᠧᠲᠷ᠎ᠤᠨ ᠲᠣᠰᠭᠤᠨ᠎ᠠᠴᠠ ᠭᠠᠷᠬᠤ ᠵᠠᠮ ᠱᠢᠨᠡᠳᠭᠡᠭ᠌ᠳᠡᠵᠦ᠍᠂ 130 ᠰᠠᠭᠤᠷᠢ ᠵᠠᠮ᠎ᠤᠨ ᠳ᠋ᠧᠩ ᠬᠡᠷᠡᠯᠲᠦᠵᠦ᠍᠂ ᠡᠪᠦᠯ᠎ᠤᠨ ᠴᠠᠭ ᠲᠦᠭᠡᠭᠡᠯ ᠤᠰᠤ ᠬᠥᠯᠳᠡᠬᠦ᠌ ᠠᠰᠠᠭᠤᠳᠠᠯ ᠱᠢᠢᠳᠪᠦᠷᠢᠯᠡᠭ᠌ᠳᠡᠪᠡ ᠁
    ᠲᠣᠰᠭᠤᠨ᠎ᠤ ᠬᠠᠮᠲᠤ᠎ᠶ᠋ᠢᠨ ᠠᠵᠤ ᠠᠬᠤᠢ᠎ᠶ᠋ᠢᠨ ᠬᠤᠭᠤᠰᠣᠨ ᠪᠠᠢᠳᠠᠯ᠎ᠢ ᠡᠪᠳᠡᠬᠦ᠌᠎ᠶ᠋ᠢᠨ ᠲᠥᠯᠥᠭᠡ᠂ ᠲᠡᠷᠡ ᠪᠦᠬᠦᠯᠢ ᠬᠤᠶᠠᠷ ᠰᠠᠷ᠎ᠠ ᠭᠦᠶᠦᠵᠦ᠍᠂ 2017 ᠣᠨ᠎ᠤ 9 ᠰᠠᠷ᠎ᠠ᠎ᠳᠤ ᠢᠦᠢ ᠨᠦᠩ ᠱᠢᠶᠠᠩ᠎ᠤᠨ ᠲᠠᠷᠢᠮᠠᠯ᠎ᠤᠨ ᠲᠤᠰᠭᠠᠢ ᠬᠤᠷᠱᠢᠶ᠎ᠠ᠎ᠶ᠋ᠢ ᠪᠠᠢᠭᠤᠯᠵᠠᠢ᠃ ᠪᠠᠰᠠ ᠲᠠᠸᠠᠷ᠎ᠤᠨ ᠲᠡᠮᠳᠡᠭ᠎ᠢ ᠠᠮᠵᠢᠯᠲᠠ᠎ᠲᠠᠢ᠎ᠪᠠᠷ ᠭᠤᠶᠤᠴᠢᠯᠠᠪᠠ᠃ 2018 ᠣᠨ᠎ᠳᠤ᠂ ᠶᠡᠭᠡ ᠲᠠᠱᠢᠭᠤᠳᠠᠢ ᠲᠣᠰᠭᠤᠨ ᠶᠠᠳᠠᠭᠤ ᠬᠦᠴᠢᠷᠳᠡᠯᠲᠡᠢ ᠲᠣᠰᠭᠤᠨ᠎ᠤ ᠮᠠᠯᠠᠭᠠᠢ᠎ᠶ᠋ᠢ ᠠᠮᠵᠢᠯᠲᠠ᠎ᠲᠠᠢ ᠠᠪᠴᠤ᠌ ᠬᠠᠶᠠᠵᠠᠢ᠃ ᠡᠨᠡ ᠵᠢᠯ᠂ ᠲᠡᠷᠡ ᠪᠠᠰᠠ ᠲᠣᠰᠭᠤᠨ᠎ᠳᠠᠭᠠᠨ ᠬᠠᠪᠰᠤᠷᠤᠨ ᠦᠴᠤᠸᠠᠨ ᠱᠢᠶᠠᠨ᠎ᠤ ᠠᠩᠬᠠᠳᠠᠭ᠍ᠴᠢ ᠭᠠᠷ ᠤᠷᠠᠯᠠᠯ᠎ᠤᠨ ᠪᠦᠲᠦᠭᠡᠭ᠌ᠳᠡᠬᠦᠨ ᠦᠢᠯᠡᠳᠬᠦ᠌ ᠬᠤᠷᠱᠢᠶ᠎ᠠ — ᠱᠢᠶᠠᠩᠶᠦ᠋ᠨ ᠵᠠᠩ ᠦᠢᠯᠡ᠎ᠶ᠋ᠢᠨ ᠭᠠᠷ ᠤᠷᠠᠯᠠᠯ᠎ᠤᠨ ᠪᠦᠲᠦᠭᠡᠭ᠌ᠳᠡᠬᠦᠨ ᠦᠢᠯᠡᠳᠬᠦ᠌ ᠲᠤᠰᠭᠠᠢ ᠬᠤᠷᠱᠢᠶ᠎ᠠ᠎ᠶ᠋ᠢ ᠪᠠᠢᠭᠤᠯᠵᠤ᠂ ᠡᠮᠡᠭ᠌ᠲᠡᠢᠴᠦᠳ᠎ᠤᠨ ᠦᠢᠯᠡᠰ ᠪᠤᠰᠭᠠᠵᠤ ᠣᠷᠣᠯᠭ᠎ᠠ᠎ᠪᠠᠨ ᠨᠡᠮᠡᠭ᠌ᠳᠡᠭᠦᠯᠬᠦ᠌ ᠱᠢᠨ᠎ᠡ ᠠᠷᠭ᠎ᠠ ᠵᠠᠮ᠎ᠢ ᠨᠡᠭᠡᠭᠡᠪᠡ᠃
    ᠠᠷᠠᠳ ᠲᠦᠮᠡᠨ ᠭᠦᠰᠡᠯ ᠶᠠᠮᠠᠷ ᠱᠠᠭᠠᠷᠳᠠᠯᠭ᠎ᠠ᠎ᠲᠠᠢ ᠪᠠᠢᠪᠡᠯ᠂ ᠪᠢ ᠲᠡᠭᠦᠨ᠎ᠢ᠎ᠨᠢ ᠴᠢᠷᠮᠠᠢᠨ ᠪᠠᠶᠠᠯᠡᠭᠦᠯᠦᠨ᠎ᠠ᠃ ᠤᠯᠠᠨ ᠤᠳᠠᠭ᠎ᠠ ᠰᠡᠳᠭᠢᠯ᠎ᠤᠨ ᠦᠭᠡ᠎ᠪᠠᠨ ᠰᠣᠯᠢᠯᠴᠠᠵᠤ᠂ ᠤᠯᠠᠨ ᠲᠦᠮᠡᠨ᠎ᠤ ᠬᠦᠴᠢᠷ ᠵᠣᠪᠠᠭᠤᠷᠢ᠎ᠶ᠋ᠢ ᠠᠩᠬᠠᠷᠤᠨ ᠰᠣᠨᠣᠰᠤᠨ᠎ᠠ; ᠲᠡᠰᠤᠷᠠᠯᠳᠡ ᠦᠭᠡᠢ ᠱᠢᠷᠭᠠᠭᠤ ᠬᠠᠲᠠᠭᠤᠵᠢᠯᠲᠠᠢ ᠠᠵᠢᠯᠯᠠᠵᠤ᠂ ᠦᠨᠡᠨ ᠰᠡᠳᠭᠢᠯ᠎ᠠᠴᠠ᠎ᠪᠠᠨ ᠨᠤᠲᠤᠭ᠎ᠤᠨ ᠠᠬ᠎ᠠ ᠳᠡᠭᠦᠦ ᠨᠡᠷ᠎ᠤᠨ ᠲᠥᠯᠥᠭᠡ ᠵᠢᠳᠬᠦᠵᠦ᠍ ᠪᠠᠢᠯ᠎ᠠ; ᠠᠷᠠᠳ᠎ᠤᠨ ᠲᠥᠯᠥᠭᠡ ᠠᠷᠭ᠎ᠠ ᠤᠬᠠᠭᠠᠨ ᠰᠤᠪᠢᠵᠤ᠂ ᠠᠷᠠᠳ᠎ᠤᠨ ᠠᠮᠢᠳᠤᠷᠠᠯ᠎ᠳᠤ ᠦᠨᠡᠨ ᠬᠦ᠌ ᠠᠱᠢᠭ ᠭᠦᠷᠳᠡᠭᠡᠨ᠎ᠡ ᠁ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠳᠠᠢᠯᠠᠯᠳᠤᠭᠠᠨ᠎ᠤ ᠭᠤᠣᠯ ᠲᠠᠯᠠᠪᠤᠷ ᠪᠣᠯ ᠺᠠᠳ᠋ᠷ᠎ᠤᠨ ᠰᠤᠷᠲᠠᠯ᠎ᠤᠨ ᠶᠡᠭᠡ ᠱᠢᠯᠭᠠᠯᠲᠠ᠎ᠶ᠋ᠢᠨ ᠲᠠᠯᠠᠪᠠᠢ ᠪᠣᠯᠤᠨ᠎ᠠ᠃ ᠥᠪᠥᠷ ᠮᠣᠩᠭᠤᠯ᠎ᠳᠤ᠂ ᠼᠤᠤ ᠬᠤᠢ ᠱᠢᠭ᠋ ᠮᠠᠰᠢ ᠤᠯᠠᠨ ᠶᠠᠳᠠᠭᠤ᠎ᠶ᠋ᠢ ᠲᠡᠳᠬᠦᠬᠦ᠌ ᠺᠠᠳ᠋ᠷ ᠦᠨᠡᠨ ᠰᠡᠳᠭᠢᠯ᠎ᠠᠴᠠ᠎ᠪᠠᠨ ᠶᠠᠳᠠᠭᠤ ᠬᠦᠴᠢᠷᠳᠡᠯᠲᠡᠢ ᠤᠯᠠᠨ ᠲᠦᠮᠡᠨ᠎ᠢ ᠬᠠᠪᠰᠤᠷᠤᠨ ᠲᠡᠳᠬᠦᠬᠦ᠌ ᠳᠣᠲᠣᠨᠣ ᠬᠥᠮᠦᠨ ᠪᠣᠯᠵᠠᠢ᠃



        ᠤᠷᠳᠤᠰ ᠬᠤᠳᠠ᠎ᠶ᠋ᠢᠨ ᠤᠳᠤᠬ ᠬᠤᠱᠢᠭᠤᠨ᠎ᠤ ᠠᠷᠪᠠᠰ ᠰᠤᠮᠤ᠎ᠶ᠋ᠢᠨ ᠰᠠᠢᠨ ᠤᠰᠤ ᠭᠠᠴᠠᠭᠠᠨ᠎ᠤ ᠶᠠᠳᠠᠭᠤ᠎ᠠᠴᠠ ᠠᠩᠬᠢᠵᠢᠷᠠᠭᠤᠯᠬᠤ ᠠᠵᠥ᠍  ᠦᠢᠯᠡᠰ ᠦᠷᠨᠢᠨ ᠬᠦᠭ᠌ᠵᠢᠵᠦ᠍ ᠪᠣᠢ᠃

           (ᠬᠡᠷᠡᠯ ᠵᠢᠷᠤᠭ᠎ᠢ ᠦᠪᠠᠷᠳᠡᠭᠡᠨ ᠵᠠᠰᠠᠬᠤ ᠤᠷᠤᠨ᠎ᠤ ᠶᠠᠳᠠᠭᠤ᠎ᠶ᠋ᠢ ᠲᠡᠤᠨᠬᠦᠬᠦ᠌ ᠠᠯᠪᠠᠨ ᠬᠡᠷ᠎ᠠᠴᠠ ᠬᠠᠨᠭ᠌ᠭᠠᠪᠠ)


        ᠶᠠᠳᠠᠭᠤ᠎ᠠᠴᠠ ᠠᠩᠭᠢᠵᠢᠷᠠᠭᠤᠯᠬᠤ ᠵᠠᠮᠴᠢᠯᠠᠭ᠍ᠴᠢ
    《ᠲᠡᠳᠡ ᠪᠣᠯ ᠮᠠᠨ᠎ᠤ ᠲᠣᠰᠭᠤᠨ᠎ᠤ ᠪᠠᠢᠳᠠᠯ ᠠᠷᠠᠳ᠎ᠤᠨ ᠰᠠᠨᠠᠭ᠎ᠠ᠎ᠶ᠋ᠢᠨ ᠴᠤᠭ᠍ᠯᠠᠭᠤᠯᠤᠭ᠍ᠴᠢ᠂ ᠨᠠᠮ᠎ᠤᠨ ᠪᠠᠢᠭᠤᠯᠤᠯᠲᠠ᠎ᠶ᠋ᠢᠨ ᠠᠵᠢᠯ᠎ᠤᠨ ᠵᠢᠯᠣᠭᠤᠳᠤᠭ᠍ᠴᠢ᠂ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠵᠠᠮᠴᠢᠯᠠᠭ᠍ᠴᠢ᠂ ᠵᠥᠷᠢᠴᠡᠯ ᠵᠢᠭᠤᠷᠠᠭᠠᠨ᠎ᠢ ᠡᠶᠡᠳᠡᠭᠦᠯᠦᠭ᠌ᠴᠢ ᠮᠥᠨ᠂ ᠨᠢᠭᠡ ᠯᠡ ᠦᠭᠡ᠎ᠪᠠᠷ ᠳ᠋ᠦᠩᠨᠡᠪᠡᠯ᠂ ᠪᠢᠳᠡᠨ᠎ᠤ ᠶᠠᠳᠠᠭᠤ᠎ᠠᠴᠠ ᠠᠩᠭᠢᠵᠢᠷᠠᠨ ᠪᠠᠶᠠᠵᠢᠨ ᠴᠢᠨᠡᠭᠡᠯᠢᠭ᠌ᠵᠢᠬᠦ᠌᠎ᠶ᠋ᠢᠨ ᠵᠠᠮᠴᠢ ᠪᠣᠯᠤᠨ᠎ᠠ》᠃ ᠲᠣᠰᠭᠤᠨ᠎ᠳᠤ ᠰᠠᠭᠤᠭ᠎ᠠ ᠠᠵᠢᠯᠯᠠᠬᠤ ᠠᠩᠭᠢ᠎ᠶ᠋ᠢ ᠶᠠᠷᠢᠬᠤ᠎ᠳᠤ᠂ ᠤᠯᠠᠭᠠᠨᠬᠠᠳᠠ ᠬᠤᠲᠠ᠎ᠶ᠋ᠢᠨ ᠪᠠᠭᠠᠷᠢᠨ ᠵᠡᠭᠦᠨ ᠬᠤᠱᠢᠭᠤᠨ᠎ᠤ ᠬᠠᠷᠠᠬᠠᠳᠠ ᠪᠠᠯᠭᠠᠰᠤᠨ᠎ᠤ ᠰᠠᠨᠱᠧᠩ ᠲᠣᠰᠭᠤᠨ᠎ᠤ ᠠᠷᠠᠳ ᠡᠢᠨ ᠬᠦ᠌ ᠮᠠᠭ᠍ᠲᠠᠨ᠎ᠠ᠃
    ᠣᠳᠣ᠎ᠶ᠋ᠢᠨ ᠰᠠᠨᠱᠧᠩ ᠲᠣᠰᠭᠤᠨ᠎ᠤ ᠳᠦᠷᠰᠦ ᠪᠠᠢᠳᠠᠯ ᠴᠣ᠌ ᠱᠢᠨ᠎ᠡ ᠪᠣᠯᠵᠤ᠂ ᠱᠦᠭᠦᠷ ᠴᠢᠬᠢ᠎ᠶ᠋ᠢᠨ ᠦᠢᠯᠡᠳᠪᠦᠷᠢ ᠪᠠᠢᠭᠤᠯᠤᠭ᠍ᠳᠠᠵᠤ᠂ ᠭᠡᠷᠡᠯ᠎ᠤᠨ ᠡᠨᠧᠷᠭᠢ᠎ᠪᠠᠷ ᠶᠠᠳᠠᠭᠤ᠎ᠶ᠋ᠢ ᠲᠡᠳᠬᠦᠬᠦ᠌ ᠠᠵᠢᠯ ᠴᠤ᠌ ᠠᠱᠢᠭ ᠣᠯᠵᠠᠪᠤᠷᠢ᠎ᠲᠠᠢ ᠪᠣᠯᠪᠠ ᠁ ᠲᠣᠰᠭᠤᠨ᠎ᠳᠤ ᠬᠤᠶᠠᠷ ᠵᠢᠯ ᠭᠠᠷᠤᠢ ᠰᠠᠭᠤᠵᠤ᠂ ᠨᠢᠭᠡᠳᠦᠭᠡᠷ ᠱᠦᠵᠢ ᠰᠡᠴᠠᠨᠳᠤ ᠡᠳᠡᠭᠡᠷ ᠬᠤᠪᠢᠷᠠᠯᠲᠠ᠎ᠶ᠋ᠢ ᠲᠣᠪ ᠲᠣᠳᠣᠷᠬᠠᠶ ᠣᠯᠵᠤ ᠬᠠᠷᠠᠯ᠎ᠠ᠃ ᠲᠡᠷᠡ ᠲᠤᠬᠠᠶ᠎ᠶ᠋ᠢᠨ ᠭᠠᠵᠠᠷ᠎ᠤᠨ ᠣᠯᠠᠨ ᠲᠦᠮᠡᠨ᠎ᠤ ᠵᠤᠷᠢᠭ ᠰᠠᠨᠠᠭᠠᠨ᠎ᠤ ᠳᠦᠷᠰᠦ ᠪᠠᠢᠳᠠᠯ ᠶᠡᠭᠡ᠎ᠪᠠᠷ ᠬᠤᠪᠢᠷᠠᠵᠤ᠂ ᠪᠡᠶ᠎ᠡ᠎ᠪᠠᠨ ᠳᠠᠭᠠᠭᠠᠵᠤ ᠶᠠᠳᠠᠭᠤ᠎ᠠᠴᠠ ᠠᠩᠭᠢᠵᠢᠷᠠᠬᠤ ᠢᠳᠡᠪᠬᠢᠵᠢᠯ ᠮᠠᠰᠢ ᠥᠨᠳᠥᠷ ᠪᠠᠢᠵᠤ᠂ ᠲᠣᠰᠭᠤᠨ᠎ᠤ 《ᠬᠤᠶᠠᠷ ᠵᠥᠪᠯᠡᠯ》 ᠎ᠤᠨ ᠤᠳᠤᠷᠢᠳᠭᠤ ᠪᠠᠭ᠎ᠤᠨ ᠨᠢᠭ᠍ᠲᠠᠷᠠᠯ᠎ᠤᠨ ᠬᠦᠴᠦᠨ ᠪᠠ ᠲᠠᠢᠴᠢᠨ ᠬᠦᠴᠦᠨ ᠴᠦ᠍ ᠶᠡᠬᠡᠪᠡᠷ ᠳᠡᠭᠡᠭ᠌ᠰᠢᠯᠡᠭ᠌ᠰᠡᠨ᠎ᠳᠤ ᠬᠠᠮᠤᠭ ᠬᠠᠨᠤᠮᠵᠢ᠎ᠲᠠᠢ ᠪᠠᠢᠯ᠎ᠠ᠃
    《ᠨᠢᠭᠡ ᠬᠤᠪᠢ ᠬᠢᠷᠢ ᠪᠦᠲᠦᠮᠵᠢ᠎ᠶ᠋ᠢᠨ ᠬᠠᠭᠤᠳᠠᠰᠤ᠎ᠪᠠᠨ ᠲᠤᠱᠢᠶᠠᠬᠤ᠎ᠳᠤ ᠪᠠᠰᠠ ᠨᠢᠭᠡ ᠪᠦᠯᠦᠭ ᠰᠠᠢᠨ ᠲᠤᠷᠱᠢᠯᠭ᠎ᠠ᠂ ᠨᠢᠭᠡᠨ ᠰᠠᠢᠨ ᠪᠠᠬᠢᠯᠡᠯᠲᠡ ᠦᠯᠡᠳᠡᠭᠡᠬᠦ᠌ ᠬᠡᠷᠡᠭ᠌ᠲᠡᠶ᠃ ᠭᠠᠭ᠍ᠴᠠ ᠬᠦ᠌ ᠣᠯᠠᠨ ᠲᠦᠮᠡᠨ᠎ᠤ ᠶᠠᠳᠠᠭᠤ ᠬᠦᠴᠢᠷᠳᠡᠯ᠎ᠠᠴᠠ ᠠᠩᠭᠢᠵᠢᠷᠠᠬᠤ ᠤᠷᠮ᠎ᠠ ᠵᠤᠷᠢᠭ᠎ᠢ ᠪᠦᠲᠦᠮᠵᠢᠲᠡᠶ ᠬᠥᠭ᠌ᠵᠢᠭᠡᠵᠦ᠍᠂ ᠬᠠᠪᠰᠤᠷᠤᠨ ᠲᠡᠳᠬᠦᠬᠦ᠌ ᠭᠠᠵᠠᠷ ᠣᠷᠣᠨ᠎ᠳᠤ ᠶᠠᠳᠠᠭᠤ᠎ᠠᠴᠠ ᠠᠩᠭᠢᠵᠢᠷᠠᠭᠤᠯᠬᠤ ᠴᠢᠳᠠᠪᠤᠷᠢ᠎ᠲᠠᠢ 〈ᠲᠤᠬ᠍ᠲᠠᠪᠤᠷᠢᠲᠠᠢ ᠠᠵᠢᠯᠯᠠᠬᠤ    ᠠᠩᠭᠢ〉 ᠦᠯᠡᠳᠡᠭᠡᠵᠦ᠍ ᠥᠭ᠌ᠪᠡᠯ ᠰᠠᠶᠢ ᠵᠢᠩᠬᠢᠨᠢ ᠤᠳᠭ᠎ᠠ ᠠᠭᠤᠯᠭ᠎ᠠ ᠳᠡᠭᠡᠷᠡᠬᠢ ᠶᠠᠳᠠᠭᠤ᠎ᠶ᠋ᠢ ᠲᠡᠳᠬᠦᠬᠦ᠌ ᠶᠠᠪᠤᠳᠠᠯ ᠪᠣᠯᠤᠨ᠎ᠠ》᠃ ᠰᠡᠴᠡᠨᠲᠦ ᠥᠪᠡᠷ᠎ᠤᠨ ᠶᠠᠳᠠᠭᠤ᠎ᠶ᠋ᠢ ᠲᠡᠳᠬᠦᠬᠦ᠌ ᠠᠵᠢᠯ᠎ᠳᠠᠭᠠᠨ ᠮᠠᠰᠢ ᠭᠦᠨᠵᠡᠭᠡᠶ ᠣᠢᠯᠠᠭᠠᠯᠲᠠ᠎ᠲᠠᠢ᠃
    ᠰᠡᠴᠡᠨᠲᠦ᠎ᠲᠠᠢ ᠠᠳᠠᠯᠢ ᠪᠠᠰᠠ ᠦᠵᠡᠯ ᠪᠤᠳᠤᠯ ᠨᠢᠭᠡᠳᠡᠢ ᠪᠠᠢᠳᠠᠭ ᠬᠦᠮᠦᠨ᠎ᠤ ᠨᠢᠭᠡ᠎ᠨᠢ ᠣᠷᠳᠣᠰ ᠬᠤᠲᠠ᠎ᠶ᠋ᠢᠨ ᠤᠳᠤᠭ᠎ᠤᠨ ᠡᠮᠦᠨᠡᠲᠦ ᠬᠤᠱᠢᠭᠤᠨ᠎ᠤ ᠨᠠᠩᠰᠤ ᠪᠠᠯᠭᠠᠰᠤᠨ᠎ᠤ ᠪᠠᠶᠠᠨ ᠤᠰᠤ ᠭᠠᠴᠠᠭᠠᠨ᠎ᠤ ᠲᠣᠰᠭᠤᠨ᠎ᠳᠤ ᠰᠠᠭᠤᠭ᠎ᠠ ᠨᠢᠭᠡᠳᠦᠭᠡᠷ ᠱᠦᠵᠢ ᠸᠠᠩ ᠪᠢᠨ ᠪᠣᠯᠤᠨ᠎ᠠ᠃ ᠲᠡᠭᠦᠨ᠎ᠤ ᠳᠠᠭᠠᠭᠤᠯᠭ᠎ᠠ ᠳᠣᠣᠷ᠎ᠠ ᠰᠤᠯᠠ ᠲᠠᠯᠪᠢᠵᠤ ᠪᠠᠢᠶᠭ᠎ᠠ ᠬᠠᠮᠲᠤ᠎ᠶ᠋ᠢᠨ ᠬᠡᠷᠡᠭ᠌ᠯᠡᠯᠲᠡ᠎ᠶ᠋ᠢᠨ ᠭᠠᠵᠠᠷ ᠱᠢᠷᠤᠢ ᠳᠡᠭᠡᠷ᠎ᠠ ᠲᠦᠪᠯᠡᠷᠡᠩᠭᠦᠢ ᠲᠠᠷᠢᠮᠠᠯ᠎ᠤᠨ ᠬᠦᠷᠢᠶᠡᠯᠡᠩ᠂ ᠤᠶᠤᠨᠴᠢ ᠳᠤᠯᠠᠭᠠᠨ ᠬᠦᠯᠡᠮᠵᠢ᠂ ᠵᠢᠭᠠᠰᠤᠨ ᠴᠥᠭᠦᠷᠥᠮ᠎ᠢ ᠨᠢᠭᠡ ᠴᠣᠭ᠍ᠴᠠᠵᠢᠭᠤᠯᠤᠭ᠍ᠰᠠᠨ ᠣᠯᠠᠨ ᠴᠢᠳᠠᠮᠵᠢᠲᠤ ᠣᠷᠭᠠᠨᠢᠭ ᠵᠢᠮᠢᠰ ᠲᠡᠭᠦᠬᠦ᠌ ᠬᠦᠷᠢᠶᠡᠯᠡᠩ ᠲᠣᠭᠤᠷᠢᠭ᠎ᠢ ᠪᠠᠢᠭᠤᠯᠵᠤ᠂ ᠭᠠᠴᠠᠭ᠎ᠠ᠎ᠨᠢ ᠱᠢᠨ᠎ᠡ ᠠᠵᠤ ᠠᠬᠤᠢ᠎ᠶ᠋ᠢᠨ ᠨᠡᠮᠡᠭ᠌ᠳᠡᠯ᠎ᠤᠨ ᠴᠡᠭ᠎ᠲᠠᠢ ᠪᠣᠯᠵᠠᠶ᠃ ᠲᠣᠰᠭᠤᠨ᠎ᠤ ᠠᠷᠠᠳ᠄ 《ᠶᠠᠳᠠᠭᠤ᠎ᠶ᠋ᠢ ᠲᠡᠳᠬᠦᠬᠦ᠌ ᠺᠠᠳ᠋ᠷ ᠬᠠᠷᠢᠭ᠍ᠰᠠᠨ ᠴᠤ᠌᠂ ᠪᠢᠳᠠ ᠪᠠᠰᠠ ᠴᠡᠭᠡᠵᠢ ᠲᠡᠨᠢᠯᠭᠡᠨ ᠨᠢᠷᠤᠭᠤ ᠭᠡᠳᠡᠢᠵᠦ᠍᠂ ᠴᠢᠨᠡᠭᠡᠯᠢᠭ᠌ᠵᠢᠬᠦ᠌ ᠵᠠᠮ᠎ᠢᠶᠠᠷ ᠦᠷᠬᠦᠯᠵᠢᠯᠡᠨ ᠰᠠᠢᠲᠤᠷ ᠶᠠᠪᠤᠵᠤ ᠪᠣᠯᠤᠨ᠎ᠠ》 ᠭᠡᠵᠦ᠍ ᠢᠯᠡᠳᠭᠡᠵᠡᠭᠡᠨ᠎ᠠ᠃
    ᠠᠷᠠᠳ᠎ᠲᠤ ᠠᠱᠢᠭ ᠬᠦᠷᠲᠡᠭᠡᠬᠦ᠌ ᠬᠡᠳᠦ᠋ᠢᠴᠢᠨᠡᠨ ᠪᠠᠭ᠎ᠠ ᠶᠠᠪᠤᠳᠠᠯ᠎ᠢ ᠴᠤ᠌ ᠬᠡᠰᠡᠨ ᠰᠠᠢᠲᠤᠷ ᠬᠢᠬᠦ᠌ ᠬᠡᠷᠡᠭ᠌ᠲᠡᠢ᠃ ᠬᠠᠨᠵᠤ ᠢᠰᠡᠭᠡᠶ ᠭᠡᠷ᠎ᠠᠴᠠ ᠲᠠᠷᠢᠶᠠᠨ ᠭᠠᠵᠠᠷ ᠪᠡᠯᠴᠢᠭᠡᠷ ᠬᠦᠷᠲᠡᠯ᠎ᠡ᠂ ᠡᠨᠡ ᠬᠦ᠌ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠠᠵᠢᠯ᠎ᠤᠨ ᠱᠢᠯᠢᠳᠡᠭ 《ᠬᠤᠱᠢᠭᠤᠴᠢ ᠴᠡᠷᠢᠭ》 ᠲᠥᠯᠥᠪᠵᠢᠭᠦᠯᠭᠡ ᠬᠢᠵᠦ᠍᠂ ᠪᠡᠯᠡ ᠮᠥᠩᠭᠦ᠌ ᠡᠷᠢᠵᠤ᠂ ᠲᠦᠷᠦᠯ ᠵᠦᠢᠯ᠎ᠢ ᠨᠠᠢᠳᠠᠪᠤᠷᠢᠵᠢᠭᠤᠯᠵᠤ᠂ ᠢᠵᠢ ᠪᠦᠷᠢᠳᠦᠭᠦᠯᠬᠦ᠌᠎ᠶ᠋ᠢ ᠠᠳᠭᠤᠵᠤ᠂ ᠣᠳᠣᠬᠠᠨ᠎ᠤ ᠪᠠᠢᠳᠠᠯ᠎ᠳᠠᠭᠠᠨ ᠰᠠᠭᠤᠷᠢᠯᠠᠨ ᠶᠠᠳᠠᠭᠤ ᠬᠦᠴᠢᠷᠳᠡᠯᠲᠡᠢ ᠤᠯᠠᠨ ᠲᠦᠮᠡᠨ᠎ᠤ ᠬᠦᠴᠢᠷ᠎ᠢ ᠲᠤᠭᠤᠯᠬᠤ᠎ᠳᠤ ᠬᠠᠪᠰᠤᠷᠤᠬ᠍ᠰᠠᠨ ᠮᠥᠷᠲᠡᠭᠡᠨ ᠪᠠᠰᠠ ᠠᠯᠤᠰ᠎ᠤᠨ ᠬᠠᠷᠠᠭ᠎ᠠ᠎ᠲᠠᠢ ᠪᠠᠢᠵᠤ ᠶᠠᠳᠠᠭᠤ ᠬᠦᠴᠢᠷᠳᠡᠯᠲᠡᠢ ᠭᠠᠵᠠᠷ ᠣᠷᠣᠨ᠎ᠤ ᠬᠥᠭ᠌ᠵᠢᠯᠲᠡ᠎ᠶ᠋ᠢᠨ ᠨᠦᠬᠡᠴᠡ ᠬᠦᠴᠦᠨ᠎ᠢ ᠨᠡᠮᠡᠭ᠌ᠳᠡᠭᠦᠯᠵᠦ᠍᠂ ᠶᠠᠳᠠᠭᠤ᠎ᠠᠴᠠ ᠠᠩᠭᠢᠵᠢᠷᠠᠭᠤᠯᠬᠤ ᠪᠠᠲᠤᠯᠠᠭ᠎ᠠ᠎ᠲᠠᠢ᠂ ᠣᠷᠣᠯᠭ᠎ᠠ᠎ᠶ᠋ᠢ ᠨᠡᠮᠡᠭ᠌ᠳᠡᠭᠦᠯᠬᠦ᠌ ᠨᠢᠭᠡ ᠪᠦᠯᠦᠭ ᠲᠦᠷᠦᠯ ᠵᠦᠢᠯ᠎ᠢ ᠪᠣᠳᠠᠲᠠᠢ᠎ᠳᠤ ᠨᠠᠢᠳᠠᠪᠤᠷᠢᠵᠢᠭᠤᠯᠪᠠ᠃
    ᠤᠯᠠᠨ ᠲᠦᠮᠡᠨ᠎ᠳᠤ ᠪᠤᠶᠠᠨ ᠵᠢᠷᠭᠠᠯ ᠡᠳ᠋ᠯᠡᠭᠦᠯᠬᠦ᠌᠎ᠨᠢ ᠶᠠᠭᠤᠨ᠎ᠠᠴᠠ ᠴᠤ᠌ ᠴᠢᠬᠤᠯᠠ᠂ ᠠᠷᠠᠳ ᠲᠦᠮᠡᠨ᠎ᠤ ᠲᠦᠯᠦᠭᠡ ᠤᠨᠢᠨ ᠳᠡᠭᠡᠷ᠎ᠠ᠎ᠨᠢ ᠶᠠᠳᠠᠭᠤ᠎ᠶ᠋ᠢ ᠲᠡᠳᠭᠦᠬᠦ᠌ ᠬᠡᠷᠡᠭ᠌ᠲᠡᠢ᠃ ᠥᠪᠥᠷ ᠮᠣᠩᠭᠤᠯ᠎ᠤᠨ ᠡᠨᠡᠬᠦ᠌ ᠬᠠᠯᠠᠭᠤᠨ ᠬᠥᠷᠥᠰᠥᠨ᠎ᠳᠤ᠂ ᠶᠠᠳᠠᠭᠤ᠎ᠠᠴᠠ ᠠᠩᠭᠢᠵᠢᠷᠠᠭᠤᠯᠬᠤ ᠡᠮᠦᠨ᠎ᠡ ᠹᠷᠣᠨᠲ᠎ᠲᠠᠬᠢ ᠲᠡᠳᠡᠭᠡᠷ ᠶᠠᠳᠠᠭᠤ᠎ᠶ᠋ᠢ ᠲᠡᠳᠬᠦᠬᠦ᠌ ᠺᠠᠳ᠋ᠷᠴᠤᠳ ᠥᠪᠡᠷ᠎ᠤᠨ ᠬᠦᠴᠦ᠍ ᠬᠥᠯᠥᠰᠥ᠎ᠪᠠᠷ᠎ᠢᠶᠠᠨ ᠱᠢᠷᠭᠠᠭᠤ ᠬᠠᠲᠠᠭᠤᠵᠢᠯᠲᠠᠢ ᠠᠵᠢᠯᠯᠠᠵᠤ᠂ ᠤᠷᠬᠢᠯᠦᠮ᠎ᠠ ᠬᠠᠯᠠᠭᠤᠨ ᠰᠡᠳᠭᠢᠯᠭᠡ ᠪᠠ ᠤᠢ᠍ᠢᠭ᠎ᠠ ᠦᠭᠡᠢ ᠴᠢᠷᠮᠠᠢᠯᠭ᠎ᠠ᠎ᠪᠠᠷ᠎ᠢᠶᠠᠨ ᠬᠦᠰᠡᠯ ᠡᠷᠡᠮᠡᠯᠵᠡᠯ᠎ᠤᠨ ᠲᠦᠯᠦ᠎ᠶ᠋ᠢ ᠨᠤᠴᠤᠭᠠᠵᠤ ᠶᠠᠪᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号