ᠲᠠᠬᠢᠨ ᠠᠭᠤᠯᠵᠠᠯ᠎ᠠ᠃ ᠮᠦᠨ ᠯᠠ ᠤᠤᠯ᠎ᠤᠨ᠎ᠬᠢ ᠱᠢᠭ ᠳᠤᠳᠤᠨᠤᠰᠤᠭ᠂ ᠤᠤᠯ᠎ᠤᠨ᠎ᠬᠢ ᠱᠢᠭ ᠰᠡᠳᠭᠢᠯᠭᠡ ᠭᠦᠨ᠃
《ᠠᠮᠢ ᠠᠬᠤᠢ᠎ᠶ᠋ᠢᠨ ᠪᠤᠯᠪᠠᠰᠤᠨ᠎ᠤ ᠪᠠᠢᠭᠤᠯᠤᠯᠲᠠ᠎ᠶ᠋ᠢ ᠴᠢᠩᠭᠠᠳᠭᠠᠬᠤ ᠪᠠᠢᠯᠲᠤᠬᠤ ᠪᠤᠲᠤᠯᠭ᠎ᠠ᠎ᠶ᠋ᠢᠨ ᠲᠤᠭ᠍ᠲᠠᠯ ᠬᠦᠴᠦᠨ᠎ᠢᠶᠠᠨ ᠪᠠᠳᠤᠯᠠᠵᠤ᠂ ᠠᠮᠢ ᠠᠬᠤᠢ᠎ᠶ᠋ᠢ ᠤᠷᠢᠳ᠎ᠢᠶᠠᠷ ᠪᠤᠲᠤᠯᠬᠢᠯᠠᠬᠤ᠂ ᠪᠤᠬᠢᠷᠲᠤᠯ ᠦᠭᠡᠢ᠎ᠪᠠᠷ ᠬᠦᠭ᠌ᠵᠢᠭᠦᠯᠬᠦ᠌ ᠤᠲᠤᠷᠢᠲᠤᠮᠵᠢ᠎ᠶ᠋ᠢ ᠪᠠᠲᠤ ᠪᠤᠢ ᠪᠤᠯᠭᠠᠨ᠂ ᠬᠦᠭᠡ ᠤᠭ᠍ᠳᠠᠷᠭᠤᠢ᠂ ᠬᠦᠭᠡᠮᠲᠦᠭ ᠤᠰᠤ᠂ ᠠᠷᠢᠭᠤᠨ ᠬᠦᠷᠦᠰᠦ᠎ᠶ᠋ᠢ ᠬᠠᠮᠠᠭᠠᠯᠠᠬᠤ ᠲᠠᠢᠯᠠᠯᠲᠤᠭᠠᠠ᠎ᠢ ᠦᠷᠬᠦᠯᠵᠢᠯᠠᠠ ᠰᠠᠢᠳᠦᠷ ᠬᠢᠵᠦ᠍᠂ ᠡᠭᠡ ᠤᠯᠤᠰ᠎ᠤᠨ ᠤᠮᠠᠷᠠᠲᠦ᠎ᠶ᠋ᠢᠨ ᠡᠨᠡ ᠬᠦ᠌ ᠲᠦᠮᠡᠡ ᠭᠠᠵᠠᠷ᠎ᠤᠨ ᠨᠤᠮᠢᠨ ᠨᠤᠭᠤᠭᠠᠠ ᠤᠷᠲᠤ ᠴᠠᠭᠠᠠ ᠭᠡᠷᠡᠮ᠎ᠢ ᠨᠡᠩ ᠪᠠᠳᠤ ᠪᠠᠬᠢ ᠴᠤᠭ᠍ᠴᠠᠯᠠᠬᠤ ᠭᠡᠷᠡᠭ᠌ᠲᠡᠢ》᠃
5 ᠰᠠᠷ᠎ᠠ᠎ᠶ᠋ᠢᠨ 22 ᠤᠨ ᠦᠳᠠ᠎ᠶ᠋ᠢᠨ ᠬᠤᠢᠨ᠎ᠠ᠂ ᠶᠡᠷᠦᠩᠭᠡᠢ ᠱᠦᠵᠢ ᠰᠢ᠎ᠶ᠋ᠢᠨ ᠫᠢᠩ ᠲᠡᠬᠦᠨ᠎ᠤ ᠪᠠᠢᠭ᠎ᠠ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠭᠤᠷᠪᠠᠳᠤᠭᠠᠷ ᠬᠤᠷᠡᠯ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ ᠢᠩᠬᠢᠵᠦ᠍ ᠲᠠᠬᠢᠨ ᠲᠠᠪᠳᠠᠨ ᠰᠠᠨᠠᠭᠤᠯᠵᠦ᠍ ᠪᠠᠢᠯ᠎ᠠ᠃
《ᠬᠦᠭᠡᠮᠳᠦᠭ ᠨᠤᠭᠤᠭᠠᠨ ᠠᠭᠤᠯᠠ ᠤᠰᠤ᠎ᠪᠠᠨ ᠰᠠᠬᠢᠨ ᠬᠠᠮᠠᠭᠠᠯᠠᠵᠦ᠍᠂ ᠦᠷᠭᠡᠨ ᠤᠯᠠᠨ ᠠᠷᠠᠳ ᠲᠦᠮᠡᠨ᠎ᠳᠤ ᠠᠮᠢ ᠠᠬᠤᠢ᠎ᠶ᠋ᠢᠨ ᠪᠤᠯᠪᠠᠰᠤᠨ᠎ᠤ ᠪᠠᠢᠭᠤᠯᠤᠯᠳᠠ᠎ᠶ᠋ᠢᠨ ᠦᠷ᠎ᠠ ᠪᠦᠳᠦᠭᠡᠯ᠎ᠢ ᠬᠠᠮᠳᠤ᠎ᠪᠠᠷ ᠡᠳ᠋ᠯᠡᠬᠦᠯᠦᠨ᠎ᠠ》᠃
《ᠶᠡᠷᠦᠩᠭᠡᠢ ᠱᠦᠵᠢ ᠤᠢ᠍ᠢᠷ᠎ᠠ᠎ᠶ᠋ᠢᠨ ᠵᠢᠯ᠎ᠳᠤ ᠥᠪᠦᠷ ᠮᠤᠩᠭᠤᠯ᠎ᠤᠨ ᠠᠮᠢ ᠠᠬᠤᠢ᠎ᠶ᠋ᠢ ᠦᠷᠬᠦᠯᠵᠢᠯᠡᠨ ᠠᠩᠬᠠᠷᠤᠬ᠍ᠰᠠᠭᠠᠷ ᠢᠷᠡᠵᠡᠢ᠃ ᠬᠦᠭᠡ ᠤᠬ᠍ᠳᠠᠷᠭᠤᠢ᠂ ᠬᠦᠭᠡᠮᠳᠦᠭ ᠤᠰᠤ᠂ ᠠᠷᠢᠭᠤᠨ ᠬᠦᠷᠦᠰᠦ᠎ᠪᠠᠨ ᠰᠠᠢᠳᠤᠷ ᠰᠠᠬᠢᠨ ᠬᠠᠮᠠᠭᠠᠯᠠᠬᠤ ᠪᠤᠯ ᠪᠢᠳᠠᠨ᠎ᠤ ᠬᠠᠷᠢᠭᠤᠴᠠᠯᠭ᠎ᠠ ᠮᠦᠨ》᠃
《ᠪᠢᠳᠠ ᠮᠤᠩᠭᠤᠯ ᠮᠤᠷᠢᠨ᠎ᠤ ᠵᠤᠷᠢᠭ ᠰᠠᠨᠠᠭ᠎ᠠ᠎ᠶ᠋ᠢ ᠦᠷᠬᠦᠯᠵᠢᠯᠡᠨ ᠪᠠᠳᠠᠷᠠᠭᠤᠯᠵᠦ᠍᠂ ᠠᠷᠠᠳ ᠲᠦᠮᠡᠨ᠎ᠢᠶᠠᠷ ᠭᠤᠤᠯ ᠪᠤᠯᠭᠠᠬᠤ ᠬᠦᠭ᠌ᠵᠢᠯᠳᠠ᠎ᠶ᠋ᠢᠨ ᠦᠵᠡᠯ ᠰᠠᠨᠠᠭ᠎ᠠ᠎ᠶ᠋ᠢ ᠡᠯ᠎ᠠ ᠵᠦᠢᠯ᠎ᠤᠨ ᠱᠢᠢᠳᠪᠤᠷᠢᠳᠦ ᠪᠤᠳᠤᠯᠭ᠎ᠠ ᠪᠠᠢᠷᠢᠯᠠᠭᠤᠯᠤᠯᠳᠠ ᠪᠠ ᠪᠤᠳᠠᠳᠠᠢ ᠠᠵᠢᠯ ᠳᠤᠮᠳᠠ᠎ᠪᠠᠨ ᠨᠠᠢᠳᠠᠪᠤᠷᠢᠵᠢᠭᠤᠯᠵᠦ᠍᠂ ᠡᠭᠡ ᠤᠯᠤᠰ᠎ᠤᠨ ᠤᠮᠠᠷᠠᠳᠦ᠎ᠶ᠋ᠢᠨ ᠦᠵᠡᠮᠵᠢ᠎ᠶ᠋ᠢᠨ ᠤᠷᠤᠨ᠎ᠢᠶᠠᠨ ᠨᠡᠩ ᠦᠵᠡᠰᠭᠦᠯᠡᠩᠳᠦ ᠰᠠᠢᠬᠠᠨ ᠪᠤᠯᠭᠠᠨ ᠪᠦᠳᠦᠭᠡᠨ ᠪᠠᠢᠭᠤᠯᠬᠤ ᠭᠡᠷᠡᠭ᠌ᠲᠡᠢ》᠃
ᠠᠯᠢᠪᠠ ᠪᠦᠬᠦᠨ᠎ᠳᠤ ᠠᠷᠠᠳ ᠲᠦᠮᠡᠨ᠎ᠢ ᠳᠡᠭᠡᠳᠦᠯᠡᠨᠠ᠃ ᠡᠨᠡ ᠬᠦ᠌ ᠤᠨᠴᠠᠭᠠᠢ ᠵᠤᠨ᠎ᠤ ᠤᠯᠠᠷᠢᠯ᠎ᠳᠤ᠂ ᠡᠭᠡ ᠤᠯᠤᠰ᠎ᠤᠨ ᠤᠮᠠᠷᠠᠳᠦ᠎ᠶ᠋ᠢᠨ ᠲᠦᠮᠡᠨ ᠭᠠᠵᠠᠷ᠎ᠤᠨ ᠨᠤᠮᠢᠨ ᠨᠤᠭᠤᠭᠠᠨ ᠤᠷᠳᠤ ᠴᠠᠭᠠᠨ ᠭᠡᠷᠡᠮ᠎ᠢ ᠪᠠᠳᠤ ᠴᠤᠬ᠍ᠴᠠᠯᠠᠬᠤ ᠲᠣᠬᠠᠢ ᠬᠦᠰᠡᠯ ᠨᠠᠢᠳᠠᠯᠭ᠎ᠠ ᠪᠠ 《ᠠᠷᠠᠳ ᠲᠦᠮᠡᠨ》 ᠭᠡᠬᠦ᠌ ᠦᠭᠡ᠎ᠶ᠋ᠢᠨ ᠬᠦᠨᠳᠦ ᠲᠤᠰᠴᠠᠨᠢ ᠪᠡᠭᠡᠵᠢᠩ᠎ᠳᠤ ᠤᠴᠢᠬ᠍ᠰᠠᠨ ᠲᠦᠯᠦᠭᠡᠯᠡᠭ᠌ᠴᠢᠳ᠂ ᠭᠡᠱᠢᠬᠦᠳ᠎ᠤᠨ ᠰᠡᠳᠭᠢᠯ᠎ᠳᠤ ᠬᠦᠨᠳᠦᠬᠡᠨ ᠪᠠᠭᠤᠭ᠍ᠰᠠᠠ ᠳᠡᠳᠦᠢ ᠦᠭᠡᠢ᠂ ᠰᠤᠨᠢᠨ᠂ ᠲᠧᠯᠸᠢᠰ᠂ ᠭᠠᠷ ᠤᠳᠠᠰᠤᠨ᠎ᠤ ᠱᠢᠯᠵᠢᠶ᠎ᠡ ᠵᠡᠷᠬᠡ᠎ᠪᠠᠷ ᠲᠠᠮᠵᠢᠭ᠍ᠲᠠᠨ ᠪᠦᠬᠦ᠌ ᠤᠯᠤᠰ᠎ᠤᠨ ᠬᠤᠶᠠᠷ ᠬᠤᠷᠡᠯ᠎ᠤᠨ ᠦᠪᠡᠳᠡᠭ᠌ᠰᠢ ᠪᠠᠢᠳᠠᠯ᠎ᠢ ᠠᠩᠬᠠᠷᠴᠤ᠌ ᠪᠠᠢᠭ᠍ᠰᠠᠠ 2500 ᠭᠠᠷᠤᠢ ᠲᠦᠮᠡᠨ ᠲᠠᠯ᠎ᠠ ᠨᠤᠳᠤᠭ᠎ᠤᠨ ᠬᠦᠪᠡᠬᠦᠳ ᠦᠬᠢᠳ᠎ᠤᠨ ᠲᠤᠮᠲᠠ ᠦᠳᠳᠡᠷ ᠲᠦᠷᠬᠡᠨ ᠤᠯᠠᠮᠵᠢᠯᠠᠬ᠍ᠳᠠᠪᠠ᠃

ᠨᠣᠮᠢᠨ ᠨᠣᠭᠤᠭᠠᠨ ᠲᠣᠮᠲᠠᠲᠣ᠎ᠶ᠋ᠢᠨ ᠵᠡᠭᠦᠲᠦ
ᠪᠠᠳᠤᠳᠠᠢ ᠦᠢᠯᠡᠳᠦᠯᠬᠡᠵᠢᠬᠦᠯᠥᠨᠡ — ᠠᠮᠢ ᠠᠬᠤᠢ᠎ᠳᠤ ᠤᠷᠤᠨ ᠵᠠᠢ ᠦᠯᠡᠳᠡᠬᠡᠵᠥ᠍᠂ ᠬᠦᠭ᠌ᠵᠢᠯᠳᠡ᠎ᠳᠤ ᠡᠨᠧᠷᠬᠢ ᠨᠦᠬᠡᠴᠡᠯᠡᠵᠥ᠍᠂ ᠠᠮᠢ ᠠᠬᠤᠢ᠎ᠶ᠋ᠢᠨ ᠪᠤᠯᠪᠠᠰᠤᠨ᠎ᠤ ᠦᠵᠡᠰᠭᠦᠯᠡᠩᠳᠤ ᠵᠢᠷᠤᠭ᠎ᠢ ᠵᠢᠷᠤᠭ᠍ᠯᠠᠨ᠎ᠠ
《ᠦᠪᠤᠷ ᠮᠤᠩᠭᠤᠯ᠎ᠤᠨ ᠠᠮᠢ ᠠᠬᠤᠢ᠎ᠶ᠋ᠢᠨ ᠪᠠᠢᠳᠠᠯ ᠶᠠᠮᠠᠷᠱᠢᠦ ᠪᠠᠢᠬᠤ᠎ᠨᠢ ᠦᠪᠤᠷ ᠮᠤᠩᠭᠤᠯ᠎ᠤᠨ ᠦᠨᠳᠦᠰᠦᠳᠡᠨ᠎ᠨᠦᠭᠦᠳ᠎ᠤᠨ ᠤᠯᠠᠨ ᠲᠦᠮᠡᠨ᠎ᠤ ᠤᠷᠤᠱᠢᠨ ᠲᠤᠬ᠍ᠳᠠᠨᠢᠯ ᠪᠤᠯᠤᠨ ᠬᠦᠭ᠌ᠵᠢᠯᠳᠡ᠎ᠲᠠᠢ ᠬᠤᠯᠪᠤᠭ᠍ᠳᠠᠬᠤ᠎ᠪᠠᠷ ᠪᠠᠷᠠᠬᠤ ᠦᠬᠡᠢ᠂ ᠤᠮᠠᠷᠠᠳᠤ ᠤᠷᠤᠨ᠂ ᠵᠡᠬᠦᠨ ᠬᠤᠢᠳᠤ ᠤᠷᠤᠨ᠂ ᠪᠠᠷᠠᠭᠤᠨ ᠬᠤᠢᠳᠤ ᠤᠷᠤᠨ ᠴᠢᠨᠠᠬ᠍ᠰᠢᠯᠠᠪᠠᠯ ᠪᠦᠬᠦ᠌ ᠤᠯᠤᠰ᠎ᠤᠨ ᠠᠮᠢ ᠠᠬᠤᠢ᠎ᠶ᠋ᠢᠨ ᠠᠮᠤᠷ ᠲᠦᠪᠱᠢᠨ᠎ᠲᠠᠢ ᠬᠤᠯᠪᠤᠬ᠍ᠳᠠᠵᠥ᠍ ᠪᠠᠢᠨ᠎ᠠ᠂ ᠦᠪᠤᠷ ᠮᠤᠩᠭᠤᠯ᠎ᠢ ᠮᠠᠨ᠎ᠤ ᠤᠯᠤᠰ᠎ᠤᠨ ᠤᠮᠠᠷᠠᠳᠤ᠎ᠶ᠋ᠢᠨ ᠴᠢᠬᠤᠯᠠ ᠠᠮᠢ ᠠᠬᠤᠢ᠎ᠶ᠋ᠢᠨ ᠠᠮᠤᠷ ᠲᠦᠪᠱᠢᠨ᠎ᠤ ᠬᠠᠯᠬᠠᠪᠴᠢ ᠪᠤᠯᠭᠠᠨ ᠪᠦᠳᠦᠬᠡᠨ ᠪᠠᠢᠭᠤᠯᠬᠤ᠎ᠪᠠᠷ ᠴᠢᠷᠮᠡᠢᠬᠤ ᠬᠡᠷᠡᠭ᠌ᠳᠡᠢ》᠃
《ᠱᠢᠨ᠎ᠡ ᠬᠦᠭ᠌ᠵᠢᠯᠳᠡ᠎ᠶ᠋ᠢᠨ ᠤᠢ᠍ᠢᠯᠠᠭᠠᠬ᠍ᠳᠠᠬᠤᠨ᠎ᠢ ᠲᠤᠭᠤᠱᠢᠯᠠᠭᠤᠯᠵᠥ᠍᠂ ᠠᠵᠥ᠍ ᠠᠬᠤᠢ᠎ᠶ᠋ᠢᠨ ᠬᠦᠭ᠌ᠵᠢᠯᠳᠡ ᠪᠤᠯᠤᠨ ᠠᠮᠢ ᠠᠬᠤᠢ ᠤᠷᠴᠢᠨ ᠲᠤᠭᠤᠷᠢᠨ᠎ᠤ ᠬᠠᠮᠠᠭᠠᠯᠠᠯᠳᠠ ᠪᠦᠳᠦᠬᠡᠨ ᠪᠠᠢᠭᠤᠯᠤᠯᠳᠠ᠎ᠶ᠋ᠢᠨ ᠬᠠᠷᠢᠴᠠᠭ᠎ᠠ᠎ᠶ᠋ᠢ ᠰᠠᠢᠳᠤᠷ ᠨᠢᠬᠡᠳᠤᠯᠳᠡᠢ ᠲᠦᠯᠥᠪᠵᠢᠬᠦᠯᠵᠥ᠍᠂ ᠪᠠᠢᠯᠳᠤᠬᠤ ᠪᠤᠳᠤᠯᠭ᠎ᠠ᠎ᠶ᠋ᠢᠨ ᠪᠠᠢᠷᠢ ᠲᠤᠭ᠍ᠳᠠᠭᠠᠯᠳᠠᠲᠠᠢ ᠨᠡᠢᠴᠡᠭ᠌ᠰᠡᠡ᠂ ᠦᠪᠤᠷ ᠮᠤᠩᠭᠤᠯ᠎ᠤᠨ ᠤᠨᠴᠠᠯᠢᠭ᠎ᠢ ᠢᠯᠡᠷᠡᠬᠦᠯᠥᠭ᠌ᠰᠡᠡ᠂ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠬᠤ᠂ ᠪᠤᠬᠢᠷᠳᠤᠯ ᠦᠬᠡᠢ ᠬᠦᠭ᠌ᠵᠢᠬᠦᠯᠬᠦ᠌᠎ᠪᠠᠷ ᠤᠳᠤᠷᠢᠳᠤᠮᠵᠢ ᠪᠤᠯᠭᠠᠭ᠍ᠰᠠᠠ ᠴᠢᠨᠠᠷ ᠰᠠᠢᠳᠠᠢ ᠬᠦᠭ᠌ᠵᠢᠯᠳᠡ᠎ᠶ᠋ᠢᠨ ᠱᠢᠨ᠎ᠡ ᠵᠠᠮ᠎ᠢ ᠴᠢᠷᠮᠡᠢᠨ ᠬᠠᠢᠨ ᠰᠦᠪᠡᠭ᠌ᠴᠢᠯᠡᠬᠦ᠌ ᠬᠡᠷᠡᠭ᠌ᠳᠡᠢ》᠃
᠁
2014 ᠤᠨ᠎ᠠᠴᠠ 2020 ᠤᠨ ᠪᠤᠯᠳᠠᠯ᠎ᠠ᠂ ᠶᠡᠷᠤᠩᠬᠡᠢ ᠱᠦᠵᠢ ᠰᠢ᠎ᠶ᠋ᠢᠨ ᠫᠢᠩ ᠤᠷᠢᠳ ᠬᠤᠵᠢᠳ ᠬᠤᠶᠠᠷ ᠤᠳᠠᠭ᠎ᠠ ᠦᠪᠤᠷ ᠮᠤᠩᠭᠤᠯ᠎ᠳᠤ ᠱᠢᠨᠵᠢᠯᠡᠨ ᠪᠠᠢᠴᠠᠭᠠᠵᠥ᠍᠂ 3 ᠤᠳᠠᠭ᠎ᠠ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠵᠥ᠍᠂ ᠤᠳᠠᠭ᠎ᠠ ᠪᠤᠯᠭᠠᠨ ᠪᠦᠷ ᠦᠪᠤᠷ ᠮᠤᠩᠭᠤᠯ᠎ᠤᠨ ᠠᠮᠢ ᠠᠬᠤᠢ᠎ᠶ᠋ᠢᠨ ᠪᠤᠯᠪᠠᠰᠤᠨ᠎ᠤ ᠪᠠᠢᠭᠤᠯᠤᠯᠳᠠ᠎ᠶ᠋ᠢ ᠴᠢᠬᠤᠯᠠᠴᠢᠯᠠᠪᠠ᠃
ᠡᠬᠦᠷᠬᠡ ᠬᠠᠷᠢᠭᠤᠴᠠᠯᠭ᠎ᠠ ᠬᠦᠨᠳᠤ ᠴᠢᠬᠤᠯᠠ᠃ 《ᠪᠢᠳᠡ ᠠᠮᠢ ᠠᠬᠤᠢ᠎ᠶ᠋ᠢᠨ ᠪᠤᠯᠪᠠᠰᠤᠨ᠎ᠤ ᠪᠠᠢᠭᠤᠯᠤᠯᠳᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠲᠤᠭ᠍ᠳᠠᠯ ᠬᠦᠴᠤᠨ᠎ᠢ ᠢᠮᠠᠬ᠍ᠳᠠ ᠪᠠᠳᠤᠯᠠᠵᠥ᠍᠂ ᠠᠮᠢ ᠠᠬᠤᠢ ᠤᠷᠴᠢᠨ ᠲᠤᠭᠤᠷᠢᠨ᠎ᠤ ᠬᠠᠮᠠᠭᠠᠯᠠᠯᠳᠠ᠎ᠶ᠋ᠢ ᠲᠡᠷᠢᠬᠦᠨ᠎ᠳᠤ ᠲᠠᠯᠪᠢᠬᠤ᠎ᠶ᠋ᠢ ᠪᠠᠷᠢᠮᠳᠠᠯᠠᠵᠥ᠍᠂ ᠠᠯᠬᠤᠮ ᠠᠯᠬᠤᠮ᠎ᠢᠶᠠᠷ ᠤᠷᠤᠭ᠍ᠰᠢᠯᠠᠵᠥ᠍᠂ ᠤᠷᠳᠤ ᠤᠳᠠᠭᠠᠨ᠎ᠢᠶᠠᠷ ᠵᠢᠳᠬᠦᠯ ᠴᠢᠷᠮᠡᠢᠯᠭ᠎ᠠ ᠭᠠᠷᠭᠠᠵᠥ᠍᠂ ᠡᠬᠡ ᠤᠯᠤᠰ᠎ᠤᠨ ᠤᠮᠠᠷᠠᠳᠤ᠎ᠶ᠋ᠢᠨ ᠡᠨᠡ ᠬᠦ᠌ ᠦᠵᠡᠰᠭᠦᠯᠡᠩᠳᠤ ᠰᠠᠢᠬᠠᠨ ᠦᠵᠡᠮᠵᠢ᠎ᠶ᠋ᠢᠨ ᠤᠷᠤᠨ᠎ᠢ ᠪᠦᠬᠦ᠌ ᠬᠦᠴᠦ᠎ᠪᠠᠷ᠎ᠢᠶᠠᠨ ᠰᠠᠬᠢᠨ ᠬᠠᠮᠠᠭᠠᠯᠠᠬᠤ ᠬᠡᠷᠡᠭ᠌ᠳᠡᠢ》 ᠬᠡᠵᠥ᠍ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠡᠨ᠎ᠤ ᠱᠦᠵᠢ᠂ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠪᠠᠢᠩᠭᠤ᠎ᠶ᠋ᠢᠨ ᠬᠤᠷᠢᠶᠠᠨ᠎ᠤ ᠡᠷᠬᠢᠯᠡᠭ᠌ᠴᠢ ᠱ᠌ᠢ᠎ᠲᠠᠢ ᠹᠧᠩ ᠢᠲᠡᠯᠢᠭ ᠭᠦᠴᠦᠲᠠᠢ ᠬᠡᠯᠡᠪᠡ᠃
《ᠪᠤᠬᠢᠷᠳᠤᠯ ᠦᠬᠡᠢ ᠪᠠᠢᠯᠭᠠᠬᠤ᠎ᠪᠠᠷ ᠨᠡᠮᠡᠬᠦ᠌ ᠦᠢᠯᠡᠳᠦᠯ ᠪᠤᠯᠭᠠᠵᠥ᠍ ᠪᠠᠢᠭ᠎ᠠ᠎ᠨᠢ ᠲᠠᠷᠤᠢ ᠪᠢᠳᠡᠨ᠎ᠤ ᠡᠳ᠋ ᠬᠦᠷᠦᠩᠬᠡᠪᠠᠷᠢᠶᠠᠨ ᠨᠡᠮᠡᠬᠦ᠌ ᠦᠢᠯᠡᠳᠦᠯ ᠪᠤᠯᠭᠠᠵᠥ᠍ ᠪᠠᠢᠭ᠎ᠠ ᠶᠠᠪᠤᠳᠠᠯ ᠪᠤᠯᠤᠨ᠎ᠠ᠃ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠬᠤ᠂ ᠪᠤᠬᠢᠷᠳᠤᠯ ᠦᠬᠡᠢ ᠬᠦᠭ᠌ᠵᠢᠯᠳᠡ᠎ᠶ᠋ᠢᠨ ᠤᠳᠤᠷᠢᠳᠤᠮᠵᠢ᠎ᠶ᠋ᠢ ᠦᠨᠡᠨ ᠬᠦ᠌ ᠪᠤᠢ ᠪᠤᠯᠭᠠᠵᠥ᠍᠂ ᠨᠠᠢᠳᠠᠪᠤᠷᠢᠵᠢᠭᠤᠯᠬᠤ ᠬᠡᠷᠡᠭ᠌ᠳᠡᠢ》᠃ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠳᠡᠳ᠋ ᠱᠦᠵᠢ᠂ ᠦᠪᠡᠷᠳᠡᠭᠡᠨ ᠵᠠᠰᠠᠬᠤ ᠤᠷᠤᠨ᠎ᠤ ᠳᠡᠷᠢᠬᠦᠯᠡᠭ᠌ᠴᠢ ᠪᠦ᠋ ᠱᠢᠶᠤᠤ ᠯᠢᠨ ᠳᠤᠳᠤᠷᠬᠠᠢ ᠱᠠᠭᠠᠷᠳᠠᠯᠭ᠎ᠠ ᠳᠤᠷᠠᠳᠴᠠᠢ᠃
ᠠᠷᠭ᠎ᠠ ᠬᠡᠮᠵᠢᠶ᠎ᠠ ᠪᠦᠷᠢ᠎ᠶ᠋ᠢ ᠨᠢᠬᠡᠳ ᠨᠢᠬᠡ᠎ᠪᠠᠷ ᠠᠬᠢᠭᠤᠯᠵᠦ᠍᠂ ᠠᠷᠭ᠎ᠠ ᠪᠤᠳᠤᠯᠭ᠎ᠠ᠎ᠲᠠᠢ᠎ᠪᠠᠷ ᠠᠵᠢᠯᠯᠠᠵᠦ᠍᠂ ᠠᠰᠠᠭᠤᠳᠠᠯ᠎ᠤᠨ ᠵᠠᠩᠬᠢᠯᠠᠭ᠎ᠠ᠎ᠶ᠋ᠢ ᠠᠳᠭᠤᠪᠡ —
ᠠᠭᠤᠯᠠ ᠤᠰᠤ ᠤᠢ ᠱᠢᠭᠤᠢ ᠳᠠᠷᠢᠶ᠎ᠠ ᠨᠠᠭᠤᠷ ᠪᠦᠷᠢᠳᠦ ᠨᠤᠳᠤᠭ ᠪᠡᠯᠴᠢᠬᠡᠷ᠎ᠤᠨ ᠱᠢᠰᠲ᠋ᠧᠮ᠎ᠲᠠᠢ ᠵᠠᠰᠠᠯᠳᠠ᠎ᠶ᠋ᠢ ᠨᠢᠬᠡᠳᠦᠯᠳᠡᠢ ᠳᠦᠯᠦᠪᠵᠢᠬᠦᠯᠵᠦ᠍᠂ ᠤᠯᠤᠰ᠎ᠤᠨ ᠭᠤᠤᠯᠳᠠᠯᠭ᠎ᠠ᠎ᠲᠠᠢ ᠢᠨᠵᠧᠨᠧᠷᠢᠩ᠎ᠢ ᠬᠡᠷᠡᠭ᠌ᠵᠢᠬᠦᠯᠵᠦ᠍᠂ ᠳᠠᠯᠠᠨ ᠬᠠᠷ᠎ᠠ ᠠᠭᠤᠯᠠᠨ᠎ᠤ ᠠᠮᠢ ᠠᠬᠤᠢ᠎ᠶ᠋ᠢᠨ ᠰᠡᠷᠬᠦᠭᠡᠯᠳᠡ ᠪᠤᠯᠤᠨ ᠭᠤᠤᠯᠳᠠᠯᠭ᠎ᠠ᠎ᠲᠠᠢ ᠤᠷᠤᠨ ᠪᠦᠰᠡ᠎ᠶ᠋ᠢᠨ ᠨᠤᠭᠤᠭᠠᠷᠠᠭᠤᠯᠤᠯᠳᠠ᠎ᠶ᠋ᠢ ᠠᠬᠢᠭᠤᠯᠵᠦ᠍᠂ 《ᠱᠢᠷᠭᠤᠯᠵᠢᠨ ᠤᠢ ᠱᠢᠭᠤᠢ》 ᠶ᠋ᠢᠨ ᠨᠡᠢᠳᠡ᠎ᠶ᠋ᠢᠨ ᠠᠰᠠᠷᠠᠮᠵᠢ᠎ᠶ᠋ᠢᠨ ᠤᠢ᠍ᠢᠵᠢᠭᠤᠯᠤᠯᠳᠠ᠎ᠶ᠋ᠢ ᠠᠬᠢᠭᠤᠯᠪᠠ;
ᠤᠢ ᠱᠢᠭᠤᠢ ᠡᠪᠡᠰᠦ ᠪᠡᠯᠴᠢᠬᠡᠷ᠎ᠤᠨ ᠪᠦᠷᠬᠦᠴᠡ᠎ᠶ᠋ᠢ ᠱᠢᠨᠵᠢᠯᠠᠬᠦ᠌ ᠤᠬᠠᠭᠠᠨᠴᠢ᠎ᠪᠠᠷ ᠳᠤᠬᠢᠷᠠᠭᠤᠯᠵᠦ᠍᠂ ᠳᠤᠷᠤᠬ ᠮᠤᠳᠤ ᠳᠠᠷᠢᠬᠤ᠎ᠳᠤ ᠳᠤᠬᠢᠷᠠᠪᠠᠯ ᠳᠤᠷᠤᠬ ᠮᠤᠳᠤ ᠳᠠᠷᠢᠵᠦ᠍᠂ ᠪᠤᠳᠠᠯᠢᠭ ᠮᠤᠳᠤ ᠳᠠᠷᠢᠬᠤ᠎ᠳᠤ ᠳᠤᠬᠢᠷᠠᠪᠠᠯ ᠪᠤᠳᠠᠯᠢᠭ ᠮᠤᠳᠤ ᠳᠠᠷᠢᠵᠦ᠍᠂ ᠡᠪᠡᠰᠦ ᠳᠠᠷᠢᠬᠤ᠎ᠳᠤ ᠳᠤᠬᠢᠷᠠᠪᠠᠯ ᠡᠪᠡᠰᠤ ᠳᠠᠷᠢᠵᠦ᠍᠂ ᠨᠤᠳᠤᠬ᠎ᠤᠨ ᠬᠦᠷᠦᠰᠦᠨ᠎ᠳᠤ ᠳᠤᠬᠢᠷᠠᠬᠤ ᠮᠤᠳᠤ᠎ᠶ᠋ᠢ ᠳᠠᠷᠢᠬᠤ᠂ ᠰᠠᠢᠨ ᠦᠷ᠎ᠠ᠎ᠪᠠᠷ ᠴᠢᠬᠢ ᠪᠤᠢᠵᠢᠭᠤᠯᠬᠤ ᠠᠷᠭ᠎ᠠ᠎ᠶ᠋ᠢ ᠳᠡᠯᠬᠡᠷᠡᠬᠦᠯᠵᠦ᠍᠂ ᠡᠪᠡᠰᠦᠨ᠎ᠤ ᠦᠷ᠎ᠠ᠎ᠶ᠋ᠢ ᠰᠠᠢᠵᠢᠷᠠᠭᠤᠯᠵᠦ᠍᠂ ᠨᠢᠬ᠍ᠳᠡᠴᠡ ᠪᠠᠭᠠᠳᠠᠢ ᠤᠢ᠍ᠢᠵᠢᠭᠤᠯᠤᠯᠳᠠ᠎ᠶ᠋ᠢ ᠬᠠᠢᠨ ᠰᠦᠪᠡᠭ᠌ᠴᠢᠯᠡᠪᠡ;
ᠬᠦᠪᠴᠢ᠎ᠶ᠋ᠢᠨ ᠡᠯᠡᠰᠦ᠎ᠶ᠋ᠢ ᠵᠠᠰᠠᠬ᠍ᠰᠠᠨ ᠳᠤᠷᠱᠢᠯᠭ᠎ᠠ ᠪᠤᠯᠤᠨ ᠮᠡᠷᠬᠡᠵᠢᠯ᠎ᠤᠨ ᠬᠡᠪ ᠵᠠᠬ᠍ᠪᠤᠷ᠎ᠢ ᠳᠡᠯᠬᠡᠷᠡᠬᠦᠯᠵᠦ᠍᠂ ᠬᠤᠯᠠᠨ ᠱᠢᠷᠭ᠎ᠠ ᠳᠠᠭ᠎ᠠ᠂ ᠦᠵᠦᠮᠦᠴᠢᠨ᠎ᠤ ᠡᠯᠡᠰᠤᠷᠬᠡᠭ ᠭᠠᠵᠠᠷ᠎ᠤᠨ ᠬᠦᠨᠳᠦ ᠬᠡᠴᠡᠬᠦᠦ ᠠᠶᠤᠯ ᠬᠦᠨᠦᠬᠡᠯ᠎ᠲᠠᠢ ᠪᠠᠢᠭ᠎ᠠ ᠤᠷᠤᠨ᠎ᠤ ᠵᠠᠰᠠᠯᠳᠠ ᠪᠤᠯᠤᠨ ᠬᠤᠷᠴᠢᠨ᠎ᠤ ᠡᠯᠡᠰᠤᠷᠬᠡᠭ ᠭᠠᠵᠠᠷ᠎ᠤᠨ ᠳᠤᠰᠭᠠᠢ ᠵᠠᠰᠠᠯᠳᠠ᠎ᠶ᠋ᠢ ᠦᠷᠬᠦᠯᠵᠢᠯᠡᠨ ᠠᠬᠢᠭᠤᠯᠪᠠ;

ᠣᠯᠠᠭᠠᠨ ᠬᠤᠱᠢᠭᠤᠲᠣ ᠭᠠᠯᠠᠭᠤ
《ᠨᠤᠭᠤᠭᠠᠨ ᠬᠠᠮᠠᠭᠠᠯᠠᠭ᠍ᠴᠢ 2019》᠂ ᠬᠢᠯᠢ ᠳᠠᠪᠠᠨ ᠦᠡᠭ᠌ᠭᠡᠷᠡᠬᠦ᠌ ᠨᠡᠭᠦᠳᠡᠯ᠎ᠤᠨ ᠱᠢᠪᠠᠭᠤ᠎ᠶ᠋ᠢ ᠬᠠᠮᠠᠭᠠᠯᠠᠬᠤ ᠵᠡᠷᠬᠡ ᠱᠢᠷᠢᠰ ᠳᠤᠰᠭᠠᠢ ᠳᠦᠷᠦᠯ᠎ᠤᠨ ᠠᠵᠢᠯᠯᠠᠭ᠎ᠠ᠎ᠶ᠋ᠢ ᠦᠷᠨᠢᠬᠦᠯᠵᠦ᠍᠂ ᠤᠢ ᠱᠢᠭᠤᠢ᠂ ᠨᠤᠳᠤᠬ ᠪᠠᠯᠴᠢᠬᠡᠷ᠂ ᠨᠤᠭᠤ ᠭᠠᠵᠠᠷ ᠵᠢᠴᠢ ᠬᠡᠬᠡᠷ᠎ᠠ᠎ᠶ᠋ᠢᠨ ᠠᠮᠢᠳᠠᠨ ᠤᠷᠭᠤᠮᠠᠯ᠎ᠤᠨ ᠡᠬᠢ ᠪᠠᠶᠠᠯᠢᠬ᠎ᠢ ᠡᠪᠳᠡᠬᠦ᠌ ᠬᠠᠤᠯᠢ᠎ᠠᠴᠠ ᠵᠦᠷᠢᠴᠡᠭ᠌ᠰᠡᠨ ᠠᠵᠢᠯᠯᠠᠭ᠎ᠠ᠎ᠳᠤ ᠴᠢᠩᠭ᠎ᠠ ᠴᠤᠬᠢᠯᠳᠠ ᠦᠭ᠌ᠪᠡ ᠁
ᠡᠨᠡ ᠬᠡᠳᠦᠨ ᠡᠳᠦᠷ᠂ ᠮᠤᠤᠡᠤᠰᠤ᠎ᠶ᠋ᠢᠨ ᠡᠯᠡᠰᠦᠷᠬᠡᠭ ᠭᠠᠵᠠᠷ᠎ᠤᠨ ᠵᠠᠭᠤᠨ ᠳᠦᠮᠡᠨ ᠮᠦ᠍᠎ᠶ᠋ᠢᠨ ᠨᠠᠢᠯᠵᠠᠭᠤᠷ ᠬᠠᠷᠭᠠᠨ᠎ᠠ ᠨᠢᠬᠡᠨᠳᠡ ᠨᠠᠬᠢᠶᠠᠯᠠᠨ ᠰᠤᠶᠤᠭᠠᠯᠠᠵᠤ᠂ ᠴᠡᠪᠡᠷ ᠳᠤᠩᠭᠠᠯᠬ ᠪᠤᠷᠵᠠᠩ ᠨᠠᠭᠤᠷ ᠶᠠᠬ ᠨᠢᠬᠡᠨ ᠬᠡᠷᠡᠯᠳᠦ ᠰᠤᠪᠤᠳ ᠠᠳᠠᠯᠢ᠎ᠪᠠᠷ ᠳᠠᠯ᠎ᠠ ᠨᠤᠳᠤᠬ᠎ᠤᠨ ᠴᠢᠮᠡᠭ ᠪᠤᠯᠵᠦ᠍᠂ ᠴᠠᠬᠤᠯᠠᠢ᠂ ᠬᠠᠷᠬᠢᠶ᠎ᠠ ᠵᠡᠷᠬᠡ ᠱᠢᠪᠠᠭᠤᠳ ᠨᠠᠭᠤᠷ᠎ᠤᠨ ᠤᠰᠤᠨ᠎ᠳᠤ ᠱᠤᠩᠪᠠᠨ ᠴᠡᠩᠬᠡᠨᠠ᠃ ᠪᠤᠷᠵᠠᠩ ᠨᠠᠭᠤᠷ ᠨᠢᠬᠡᠨ ᠦᠶ᠎ᠠ ᠬᠠᠳᠠᠵᠦ᠍ ᠱᠢᠷᠬᠢᠬᠡᠳ ᠪᠠᠢᠬ᠍ᠰᠠᠨ ᠰᠠᠨ᠃
《ᠪᠢᠳᠡ ᠤᠯᠠᠨ ᠵᠦᠢᠯ᠎ᠤᠨ ᠠᠷᠭ᠎ᠠ ᠬᠡᠮᠵᠢᠶ᠎ᠠ ᠠᠪᠴᠤ᠌ ᠨᠤᠭᠤ ᠭᠠᠵᠠᠷ᠎ᠤᠨ ᠠᠮᠢ ᠠᠬᠤᠢ᠎ᠶ᠋ᠢ ᠰᠡᠷᠬᠦᠬᠡᠭ᠌ᠰᠡᠨ᠎ᠢᠶᠠᠷ ᠪᠤᠷᠵᠠᠩ ᠨᠠᠭᠤᠷ᠎ᠲᠤ ᠠᠮᠢᠯᠠᠯ᠎ᠤᠨ ᠬᠦᠴᠦᠨ ᠳᠠᠬᠢᠨ ᠢᠯᠡᠷᠡᠵᠦ᠍᠂ ᠨᠡᠭᠦᠳᠡᠯ᠎ᠤᠨ ᠱᠢᠪᠠᠭᠤᠳ᠎ᠤᠨ ᠵᠢᠷᠭᠠᠯᠠᠩᠳᠦ ᠤᠷᠤᠨ ᠪᠤᠯᠵᠠᠢ》 ᠬᠡᠵᠦ᠍ ᠤᠷᠳᠤᠰ᠎ᠤᠨ ᠴᠠᠬᠤᠯᠠᠢ᠎ᠶ᠋ᠢᠨ ᠤᠯᠤᠰ᠎ᠤᠨ ᠳᠡᠰ᠎ᠤᠨ ᠬᠠᠮᠠᠭᠠᠯᠠᠯᠳᠠ᠎ᠶ᠋ᠢᠨ ᠤᠷᠤᠨ᠎ᠤ ᠬᠠᠮᠢᠶᠠᠷᠤᠯᠳᠠ᠎ᠶ᠋ᠢᠨ ᠳᠤᠪᠴᠢᠶᠠᠨ᠎ᠤ ᠳᠠᠷᠤᠭ᠎ᠠ ᠱᠢᠩ ᠱᠢᠶᠤᠤ ᠵᠢᠶᠦ᠋ᠨ ᠬᠡᠯᠡᠯ᠎ᠠ᠃
ᠡᠯᠡᠰᠦ ᠤᠰᠤ ᠠᠭᠤᠰᠤᠯᠴᠠᠭᠠᠳ᠂ ᠭᠠᠢᠬᠠᠯᠳᠠᠢ ᠦᠵᠡᠮᠵᠢ ᠬᠦᠪᠴᠢ᠎ᠶ᠋ᠢᠨ ᠡᠯᠡᠰᠦᠨ ᠴᠦᠯ ᠤᠰᠤᠨ᠎ᠤ ᠠᠮᠢ ᠠᠬᠤᠢ᠎ᠶ᠋ᠢᠨ ᠵᠠᠰᠠᠯᠳᠠ᠎ᠶ᠋ᠢᠨ ᠤᠷᠤᠨ᠎ᠳᠤ ᠢᠯᠡᠷᠡᠯᠠ᠃ 《ᠤᠰᠤ᠎ᠲᠠᠢ ᠪᠤᠯ ᠬᠦᠰᠡᠯ ᠡᠷᠡᠮᠡᠯᠵᠡᠯ᠎ᠲᠠᠢ ᠪᠤᠯᠤᠨ᠎ᠠ᠃ 600 ᠭᠠᠷᠤᠢ ᠵᠡᠷᠯᠢᠭ ᠦᠭᠡᠷ ᠲᠠᠵᠢᠭᠡᠵᠤ᠂ ᠵᠢᠯ᠎ᠤᠨ ᠤᠷᠤᠯᠭ᠎ᠠ 80 ᠲᠦᠮᠡᠨ ᠲᠦᠭᠦᠷᠢᠭ ᠬᠦᠷᠳᠡᠭ》 ᠬᠠᠨᠭ᠌᠎ᠬᠢᠨ ᠬᠤᠱᠢᠭᠤᠨ᠎ᠤ ᠵᠢᠷᠭᠠᠯᠠᠩᠳᠤ ᠪᠠᠯᠭᠠᠰᠤᠨ᠎ᠤ ᠤᠯᠠᠭᠠᠨ ᠲᠤᠭ ᠬᠤᠶᠠᠳᠤᠭᠠᠷ ᠬᠤᠷᠱᠢᠶ᠎ᠡ᠎ᠶ᠋ᠢᠨ ᠬᠤᠸᠠᠩ ᠮᠤᠤ ᠪᠤᠯ ᠠᠮᠢ ᠠᠬᠤᠢ᠎ᠶ᠋ᠢᠨ ᠰᠠᠢᠵᠢᠷᠠᠯᠳᠠ᠎ᠠᠴᠠ ᠠᠱᠢᠭ ᠬᠦᠷᠳᠡᠭ᠌ᠴᠢ ᠪᠤᠯᠤᠨ᠎ᠡ᠃
《ᠷᠠᠱᠢᠶᠠᠨ᠎ᠤ ᠪᠠᠢᠭᠠᠯᠢ᠎ᠶ᠋ᠢᠨ ᠦᠵᠡᠮᠵᠢ ᠲᠦᠷᠪᠡᠨ ᠤᠯᠠᠷᠢᠯ᠎ᠤᠨ ᠲᠤᠷᠰᠢ ᠴᠦᠮ ᠮᠠᠰᠢ ᠰᠠᠢᠬᠠᠨ ᠶᠤᠮ》᠃ ᠶᠡᠷᠤᠩᠭᠡᠢ ᠱᠦᠵᠢ᠎ᠶ᠋ᠢᠨ ᠲᠤᠬᠠᠢ᠎ᠶ᠋ᠢᠨ ᠵᠢᠯ᠎ᠤᠨ ᠮᠠᠬ᠍ᠳᠠᠭᠠᠯ ᠰᠠᠢᠱᠢᠶᠠᠯ᠎ᠨᠢ ᠪᠦᠬᠦ᠌ ᠬᠤᠳᠠ᠎ᠶ᠋ᠢᠨ ᠲᠡᠭᠡᠳᠦ ᠲᠤᠤᠷᠠᠳᠤ ᠱᠠᠳᠤᠨᠤᠬᠢᠨᠤ ᠵᠢᠭᠤᠯᠴᠢᠯᠠᠯ᠎ᠤᠨ ᠦᠢᠯᠡᠰ᠎ᠢᠶᠠᠨ ᠪᠤᠵᠠᠭᠠᠢᠷᠠᠭᠤᠯᠤᠨ ᠬᠦᠴᠦᠷᠭᠡᠭ᠌ᠵᠢᠬᠦᠯᠬᠦ᠌ ᠢᠳᠡᠭᠡᠯ ᠵᠤᠷᠢᠭ ᠪᠠ ᠡᠷᠡᠰ ᠵᠤᠷᠢᠭ᠎ᠢ᠎ᠨᠢ ᠪᠠᠳᠤᠳᠭᠠᠬ᠍ᠰᠡᠨ ᠪᠠᠢᠨ᠎ᠡ᠃ ᠡᠳᠦᠭᠡ᠂ ᠷᠠᠱᠢᠶᠠᠨ᠎ᠳᠤ ᠬᠠᠪᠤᠷ᠎ᠲᠠᠭᠠᠨ ᠵᠢᠭᠤᠯᠴᠢᠯᠠᠵᠤ᠂ ᠵᠤᠨ᠎ᠳᠠᠭᠠᠨ ᠵᠤᠰᠠᠵᠤ᠂ ᠨᠠᠮᠤᠷ᠎ᠲᠠᠭᠠᠨ ᠵᠢᠮᠢᠰ ᠲᠡᠬᠦᠵᠤ᠂ ᠡᠪᠤᠯ᠎ᠳᠡᠭᠡᠨ ᠴᠠᠰᠤ ᠰᠤᠨᠢᠷᠬᠠᠵᠤ ᠪᠤᠯᠤᠨ᠎ᠡ᠂ 《ᠦᠵᠡᠰᠭᠦᠯᠡᠩᠳᠤ ᠰᠠᠢᠬᠠᠨ ᠠᠵᠤ ᠠᠬᠤᠢ》 ᠬᠦᠷ ᠬᠦᠭ᠌ᠵᠢᠶᠠᠨᠢᠶᠠᠷ ᠪᠢᠯᠬᠠᠨᠡ᠃
ᠨᠢᠭᠡ ᠮᠦᠬᠦᠯᠢᠭ ᠦᠷ᠎ᠡ᠎ᠶ᠋ᠢᠨ ᠬᠦᠴᠤᠨ ᠴᠢᠳᠠᠯ ᠭᠡᠳᠦᠢ ᠶᠡᠭᠡ ᠪᠠᠢᠳᠠᠭ ᠪᠤᠢ? ᠡᠨᠡ ᠬᠦ᠌ ᠮᠧᠩ ᠼᠤᠤ᠎ᠠᠴᠠ ᠢᠷᠡᠭ᠌ᠰᠡᠨ ᠵᠢᠵᠢᠭ ᠮᠦᠬᠦᠯᠢᠭ᠎ᠨᠢ ᠲᠠᠯ᠎ᠡ ᠨᠤᠳᠤᠭ᠎ᠤᠨ ᠠᠮᠢ ᠠᠬᠤᠢ᠎ᠶ᠋ᠢ ᠵᠠᠰᠠᠨ ᠰᠡᠷᠬᠦᠭᠡᠬᠦ᠌ ᠶᠡᠭᠡ ᠠᠰᠠᠭᠤᠳᠠᠯ᠎ᠢ ᠠᠮᠵᠢᠯᠳᠠᠳᠠᠢ ᠱᠢᠢᠳᠪᠤᠷᠢᠯᠡᠪᠡ᠃ ᠤᠤᠯ᠎ᠨᠢ ᠬᠠᠯᠴᠠᠭᠠᠢ ᠭᠠᠵᠠᠷ ᠪᠠᠢᠬ᠍ᠰᠡᠨ ᠬᠦᠭᠡ ᠲᠠᠯ᠎ᠡ᠎ᠨᠢ ᠤᠳᠤ ᠨᠢᠭᠡᠨᠳᠠ ᠵᠠᠰᠠᠨ ᠰᠡᠷᠬᠦᠭᠡᠭ᠌ᠳᠡᠭᠡᠳ ᠡᠪᠡᠰᠤ ᠮᠤᠳᠤ ᠬᠦᠭᠡᠷᠠᠨ ᠨᠤᠭᠤᠭᠠᠷᠠᠵᠤ᠂ ᠲᠠᠯ᠎ᠡ ᠨᠤᠳᠤᠭ᠎ᠤᠨ ᠡᠪᠡᠰᠤ ᠤᠷᠭᠤᠮᠠᠯ ᠲᠠᠷᠢᠬᠤ ᠦᠶ᠎ᠡ᠎ᠶ᠋ᠢᠨ 20 ᠭᠠᠷᠤᠢ ᠲᠦᠷᠦᠯ ᠪᠠᠢᠬ᠍ᠰᠡᠨ᠎ᠠᠴᠠ ᠰᠡᠷᠬᠦᠭᠡᠳ 50 ᠭᠠᠷᠤᠢ ᠲᠦᠷᠦᠯ ᠪᠤᠯᠤᠬ᠍ᠰᠡᠨ ᠪᠠᠢᠨ᠎ᠡ᠃
《ᠡᠨᠡ ᠤᠳᠠᠭ᠎ᠠ᠎ᠶ᠋ᠢᠨ ᠪᠦᠬᠦ᠌ ᠤᠯᠤᠰ᠎ᠤᠨ ᠬᠤᠶᠠᠷ ᠬᠤᠷᠠᠯ᠎ᠳᠤ ᠪᠢ ᠲᠤᠰᠭᠠᠢᠯᠡᠨ ᠬᠠᠳᠤᠨ ᠭᠤᠤᠯ᠎ᠤᠨ ᠰᠠᠪᠠ ᠭᠠᠵᠠᠷ᠎ᠤᠨ ᠲᠡᠷᠢᠶᠠᠯᠠᠩ ᠤᠢ ᠱᠢᠭᠤᠢ ᠡᠪᠡᠰᠤ ᠪᠡᠯᠴᠢᠭᠡᠷ ᠨᠤᠳᠤᠭ᠎ᠤᠨ ᠦᠷ᠎ᠡ᠎ᠶ᠋ᠢᠨ ᠡᠬᠢ ᠪᠠᠶᠠᠯᠢᠭ᠎ᠢ ᠬᠠᠮᠠᠠᠭᠠᠯᠠᠬᠤ ᠲᠤᠬᠠᠢ ᠰᠠᠨᠠᠯ ᠲᠤᠷᠠᠳᠤᠯᠭ᠎ᠠ ᠲᠤᠭᠤᠷᠪᠢᠪᠠ!》 ᠭᠡᠵᠤ ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠭᠡᠱᠢᠬᠦᠨ᠂ ᠦᠪᠤᠷ ᠮᠤᠩᠭᠤᠯ᠎ᠤᠨ ᠮᠧᠩ ᠼᠤᠤ ᠠᠮᠢ ᠠᠬᠤᠢ᠎ᠶ᠋ᠢᠨ ᠪᠦᠯᠦᠭ᠌ᠯᠡᠯ᠎ᠤᠨ ᠭᠡᠷᠡᠭ ᠮᠡᠳᠡᠭ᠌ᠴᠢᠳ᠎ᠤᠨ ᠲᠠᠷᠤᠭ᠎ᠠ ᠸᠠᠩ ᠵᠤᠤ ᠮᠢᠩ ᠬᠡᠯᠡᠪᠡ᠃
ᠬᠤᠷ᠎ᠡ ᠲᠤᠨᠤᠳᠠᠰᠤ ᠲᠠᠯ᠎ᠡ ᠨᠤᠳᠤᠭ᠎ᠢ ᠱᠢᠮᠡᠵᠢᠬᠦᠯᠦᠨ ᠤᠮᠳᠠᠯᠠᠬ᠍ᠰᠠᠭᠠᠷ᠃ ᠮᠠᠨ᠎ᠤ ᠤᠷᠤᠨ᠎ᠤ ᠤᠢ ᠱᠢᠭᠤᠢ᠎ᠶ᠋ᠢᠨ ᠲᠠᠯᠠᠪᠠᠢ᠂ ᠤᠢ ᠮᠤᠲᠤᠨ᠎ᠤ ᠬᠠᠲᠠᠭᠠᠯᠠᠯᠲᠠ ᠦᠷᠬᠦᠯᠵᠢᠯᠡᠨ 《ᠬᠤᠤᠰ ᠨᠡᠮᠡᠭ᠌ᠳᠡᠵᠤ》᠂ ᠴᠦᠯᠯᠡᠷᠭᠡᠭ᠌ᠵᠢᠯ ᠪᠤᠯᠤᠨ ᠡᠯᠡᠰᠦᠷᠭᠡᠭ᠌ᠵᠢᠯᠤᠨ ᠲᠠᠯᠠᠪᠠᠢ ᠦᠷᠬᠦᠯᠵᠢᠯᠡᠨ 《ᠬᠤᠤᠰ ᠪᠠᠭᠤᠷᠠᠯᠳᠠ》 ᠲᠠᠢ ᠪᠤᠯᠵᠦ᠍᠂ ᠤᠢ ᠱᠢᠭᠤᠢ᠎ᠶ᠋ᠢᠨ ᠲᠠᠯᠠᠪᠠᠢ 3.92 ᠳ᠋ᠦᠡᠭ᠌ᠰᠢᠭᠤᠷ ᠮᠤ᠌᠎ᠳᠤ ᠬᠦᠷᠴᠤ᠌᠂ 99.5% ᠤᠨ ᠦᠢᠯᠡᠳᠪᠤᠷᠢ ᠠᠭᠤᠷᠬᠠᠢ᠎ᠶ᠋ᠢᠨ ᠠᠵᠤ ᠠᠬᠤᠢ᠍ᠢᠯᠠᠯ ᠪᠠᠢᠭᠠᠯᠢ᠎ᠶ᠋ᠢᠨ ᠬᠠᠮᠠᠭᠠᠯᠠᠯᠳᠠ᠎ᠶ᠋ᠢᠨ ᠤᠷᠤᠨ᠎ᠠᠴᠠ ᠤᠬᠤᠷᠢᠨ ᠭᠠᠷᠪᠠ᠃ 2019 ᠤᠨ᠎ᠳᠤ᠂ ᠪᠦᠬᠦ᠌ ᠤᠷᠤᠨ᠎ᠤ ᠠᠭᠤᠷ ᠠᠮᠢᠰᠭᠤᠯ ᠱᠢᠯᠢᠳᠡᠭ ᠰᠠᠢᠨ ᠡᠳᠦᠷ᠎ᠤᠨ ᠲᠤᠭᠠᠨ᠎ᠤ ᠬᠠᠷᠢᠴᠠᠯ᠎ᠨᠢ 89.6% ᠳᠤ ᠬᠦᠷᠴᠤ᠌᠂ ᠵᠢᠭᠤᠯᠴᠢᠯᠠᠯ᠎ᠤᠨ ᠦᠢᠯᠡᠰ᠎ᠤᠨ ᠶᠡᠷᠤᠩᠭᠡᠢᠯᠡᠭ᠌ᠰᠡᠨ ᠤᠷᠤᠯᠭ᠎ᠠ᠎ᠨᠢ 4651.49 ᠳ᠋ᠦᠡᠭ᠌ᠰᠢᠭᠤᠷ ᠲᠦᠬᠦᠷᠢᠭ᠎ᠲᠤ ᠬᠦᠷᠦᠭ᠌ᠰᠡᠨ ᠪᠠᠢᠨ᠎ᠡ᠃

ᠦᠪᠦᠷ ᠮᠣᠩᠭᠤᠯ᠎ᠤᠨ ᠶᠡᠭᠡ ᠬᠢᠩᠭᠠᠨ ᠲᠠᠪᠠᠭᠠᠨ᠎ᠤ ᠬᠤᠢᠲᠣ ᠪᠡᠶ᠎ᠡ᠎ᠶ᠋ᠢᠨ ᠱᠢᠭᠤᠢᠲᠣ ᠣᠷᠣᠨ
ᠬᠦᠴᠤᠨ ᠴᠢᠳᠠᠯ᠎ᠢᠶᠠᠨ ᠬᠤᠷᠠᠮᠳᠤᠭᠤᠯᠵᠤ ᠲᠡᠷᠪᠠᠭᠤᠯ ᠭᠡᠢᠰᠭᠡᠨ ᠠᠯᠤᠰ᠎ᠢ ᠵᠤᠷᠢᠨᠡ — ᠠᠷᠠᠳ ᠲᠦᠮᠨᠨ᠎ᠳᠤ ᠲᠦᠱᠢᠭ᠌ᠯᠡᠵᠤ᠂ ᠠᠷᠠᠳ ᠲᠦᠮᠡᠨ᠎ᠳᠤ ᠲᠠᠰᠤᠷᠠᠯᠳᠠ ᠦᠭᠡᠢ ᠪᠤᠶᠠᠨ ᠦᠢᠯᠡᠳᠴᠤ᠌᠂ ᠡᠭᠡ ᠤᠯᠤᠰ᠎ᠤᠨ ᠤᠮᠠᠷᠠᠳᠤ᠎ᠶ᠋ᠢᠨ ᠲᠦᠮᠡᠨ ᠭᠠᠵᠠᠷ᠎ᠤᠨ ᠨᠤᠮᠢᠨ ᠨᠤᠭᠤᠭᠠᠨ ᠤᠷᠳᠤ ᠴᠠᠭᠠᠨ ᠭᠡᠷᠡᠮ᠎ᠢ ᠪᠠᠳᠤ ᠴᠤᠬ᠍ᠴᠠᠯᠠᠨ᠎ᠠ
《ᠥᠩᠭᠡᠷᠡᠭ᠌ᠰᠡᠨ᠎ᠳᠤ ᠨᠢᠭᠡ ᠪᠦᠯᠦᠭ ᠵᠠᠳᠠᠭᠠᠢ ᠨᠡᠭᠦᠷᠡᠰᠦᠨ ᠠᠭᠤᠷᠬᠠᠢ ᠪᠣᠯᠤᠨ ᠨᠡᠭᠦᠷᠡᠰᠦᠨ᠎ᠤ ᠪᠤᠰᠤ ᠠᠭᠤᠷᠬᠠᠢ᠎ᠶ᠋ᠢ ᠲᠥᠪᠯᠡᠷᠡᠭᠦᠯᠦᠨ ᠨᠡᠭᠡᠭᠡᠳ ᠠᠮᠢ ᠠᠬᠤᠢ ᠣᠷᠴᠢᠨ ᠲᠣᠭᠤᠷᠢᠨ᠎ᠳᠤ ᠬᠦᠨᠳᠦ ᠳᠠᠷᠤᠭᠠᠰᠤ ᠪᠤᠯᠭᠠᠵᠠᠢ᠃ ᠪᠢᠳᠡ ᠵᠢᠵᠢᠭ ᠲᠠᠷᠠᠬᠠᠶ ᠠᠭᠤᠷᠬᠠᠶ ᠪᠤᠯᠤᠨ ᠠᠭᠤᠷᠬᠠᠶ᠎ᠶ᠋ᠢᠨ ᠦᠶᠯᠡᠰ᠎ᠤᠨ ᠡᠷᠬᠡ᠎ᠶ᠋ᠢᠨ ᠬᠤᠭᠤᠴᠠᠭ᠎ᠠ᠎ᠨᠢ ᠲᠤᠯᠤᠬ᠍ᠰᠠᠨᠤ ᠳᠠᠷᠠᠭ᠎ᠠ ᠳᠠᠬᠢᠨ ᠦᠷᠭᠦᠯᠵᠢᠯᠡᠭᠦᠯᠬᠦ᠌ ᠥᠬᠡᠶ᠂ 2023 ᠣᠨ ᠪᠣᠯᠬᠤ᠎ᠳᠤ ᠪᠣᠶ ᠪᠥᠬᠦᠶ ᠨᠡᠭᠡᠬᠡᠯᠲᠡ᠎ᠶ᠋ᠢᠨ ᠬᠤᠭᠤᠴᠠᠭᠠᠨ᠎ᠳᠤ ᠪᠠᠢᠬᠤ ᠠᠭᠤᠷᠬᠠᠶ᠎ᠶ᠋ᠢ ᠴᠥᠮ ᠪᠣᠬᠢᠷᠲᠤᠯ ᠥᠬᠡᠶ ᠠᠭᠤᠷᠬᠠᠶ ᠪᠣᠯᠭᠠᠨ ᠪᠥᠲᠥᠭᠡᠨ ᠪᠠᠢᠭᠤᠯᠬᠤ᠎ᠪᠠᠷ ᠴᠢᠷᠮᠠᠢᠨ᠎ᠠ》 ᠭᠡᠵᠦ᠍ ᠪᠥᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠱᠢᠯᠢ᠎ᠶ᠋ᠢᠨ ᠭᠤᠤᠯ ᠠᠢᠮᠠᠭ᠎ᠤᠨ ᠨᠠᠮ᠎ᠤᠨ ᠬᠤᠷᠢᠶᠠᠨ᠎ᠤ ᠳᠡᠳ᠋ ᠱᠦᠵᠢ᠂ ᠠᠢᠮᠠᠭ᠎ᠤᠨ ᠳᠠᠷᠤᠭ᠎ᠠ ᠾᠦᠸᠧ ᠵᠣᠣ ᠯᠢᠶᠠᠩ ᠬᠡᠯᠡᠪᠡ᠃
ᠥᠪᠥᠷ ᠮᠣᠩᠭᠤᠯ᠎ᠤᠨ ᠲᠥᠯᠥᠭᠡᠯᠡᠭ᠌ᠴᠢᠳ᠎ᠤᠨ ᠪᠦᠯᠬᠦᠮ᠎ᠤᠨ ᠬᠢᠨᠠᠨ ᠵᠥᠪᠯᠡᠬᠦ᠌ ᠠᠬᠤᠢ ᠲᠠᠯᠠᠪᠠᠢ᠎ᠳᠤ᠂ ᠶᠡᠷᠦᠩᠬᠡᠢ ᠱᠦᠵᠢ ᠤᠯᠠᠨ᠎ᠲᠠᠢ ᠬᠠᠯᠠᠭᠤᠨ᠎ᠢᠶᠠᠷ ᠶᠠᠷᠢᠯᠴᠠᠪᠠ᠃
《ᠬᠤᠢᠱᠢᠳᠠ ᠳᠠᠬᠢᠵᠤ ᠨᠡᠭᠡᠭᠡᠬᠦ᠌ ᠦᠭᠡᠢ ᠤᠤ?》 ᠭᠡᠵᠤ ᠶᠡᠷᠦᠩᠬᠡᠶ ᠱᠦᠵᠢ ᠠᠰᠠᠭᠤᠪᠠ᠂ ᠡᠨᠡ ᠠᠰᠠᠭᠤᠵᠤ ᠪᠠᠢᠭ᠎ᠠ᠎ᠨᠢ ᠨᠤᠲᠤᠭ ᠪᠡᠯᠴᠢᠭᠡᠷ᠎ᠲᠤ ᠠᠭᠤᠷᠬᠠᠶ ᠨᠡᠭᠡᠭᠡᠨ ᠠᠱᠢᠬ᠍ᠯᠠᠬᠤ ᠲᠥᠷᠥᠯ ᠵᠦᠢᠯ᠎ᠢ ᠨᠡᠭᠡᠭᠡᠬᠦ᠌ ᠦᠭᠡᠢ᠎ᠶ᠋ᠢ ᠵᠢᠭᠠᠵᠤ ᠪᠠᠢᠨ᠎ᠠ᠃
ᠾᠦᠸᠧ ᠵᠣᠣ ᠯᠢᠶᠠᠩ᠄ 《ᠳᠠᠬᠢᠨ ᠨᠡᠭᠡᠭᠡᠬᠦ᠌ ᠦᠭᠡᠢ! ᠪᠦᠬᠦ᠌ ᠠᠢᠮᠠᠭ᠎ᠤᠨ ᠵᠢᠷᠭᠤᠭᠠᠨ ᠬᠤᠪᠢ᠎ᠠᠴᠠ ᠳᠡᠭᠡᠭ᠌ᠰᠢᠬᠢ ᠣᠷᠣᠨ ᠪᠦᠰᠡ᠎ᠶ᠋ᠢ ᠪᠦᠷ ᠠᠮᠢ ᠠᠬᠤᠶ᠎ᠶ᠋ᠢᠨ ᠬᠠᠮᠠᠭᠠᠯᠠᠯᠲᠠ᠎ᠶ᠋ᠢᠨ ᠤᠯᠠᠭᠠᠨ ᠱᠤᠭᠤᠮ᠎ᠤᠨ ᠬᠡᠪᠴᠢᠶᠡᠨ᠎ᠳᠤ ᠣᠷᠣᠭᠤᠯᠪᠡ》 ᠭᠡᠵᠦ᠍ ᠬᠠᠷᠢᠭᠤᠯᠪᠠ᠃
《ᠲᠡᠨᠳᠡ᠎ᠪᠠᠨ ᠦᠯᠡᠳᠡᠭᠡᠵᠦ᠍ ᠪᠤᠢ᠂ ᠦᠷ᠎ᠡ ᠬᠤᠢᠴᠢᠰ ᠮᠠᠨᠢ ᠬᠡᠷᠡᠭ᠌ᠯᠡᠵᠦ᠍ ᠪᠣᠯᠤᠨ᠎ᠠ》 ᠭᠡᠵᠦ᠍ ᠶᠡᠷᠦᠩᠬᠡᠶ ᠱᠦᠵᠢ ᠲᠤᠯᠤᠭᠠᠢ ᠳᠤᠬᠢᠨ ᠲᠠᠭᠠᠱᠢᠶᠠᠪᠠ᠃
ᠰᠦᠬᠡ ᠬᠢᠷᠥᠭᠡ᠎ᠪᠠᠨ ᠲᠠᠯᠪᠢᠵᠤ᠂ ᠬᠦᠷᠵᠡ ᠵᠡᠭᠡᠲᠦᠦ ᠠᠳᠭᠤᠪᠠ᠃ ᠮᠣᠳᠣ ᠣᠭ᠍ᠲᠣᠯᠬᠤ᠎ᠠᠴᠠ ᠤᠢ ᠱᠢᠭᠤᠢ᠎ᠶ᠋ᠢ ᠬᠠᠮᠠᠭᠠᠯᠠᠬᠤ ᠬᠦᠷᠲᠡᠯ᠎ᠡ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠥᠪᠥᠷ ᠮᠣᠩᠭᠤᠯ᠎ᠤᠨ ᠶᠡᠭᠡ ᠬᠢᠩᠭᠠᠨ ᠳᠠᠪᠠᠭ᠎ᠠ᠎ᠶ᠋ᠢᠨ ᠭᠤᠣᠯᠳᠠᠯᠭ᠎ᠠ᠎ᠲᠠᠢ ᠤᠯᠤᠰ᠎ᠤᠨ ᠥᠮᠴᠢᠯᠡᠯ᠎ᠤᠨ ᠤᠢ ᠱᠢᠭᠤᠢ᠎ᠶ᠋ᠢᠨ ᠬᠠᠮᠢᠶᠠᠷᠤᠯᠲᠠ᠎ᠶ᠋ᠢᠨ ᠲᠣᠪᠴᠢᠶ᠎ᠠ᠎ᠶ᠋ᠢᠨ ᠬᠤᠢᠲᠤ ᠡᠷᠭᠢ᠎ᠶ᠋ᠢᠨ ᠤᠢ ᠱᠢᠭᠤᠢ᠎ᠶ᠋ᠢᠨ ᠲᠠᠯᠠᠪᠠᠢ᠎ᠶ᠋ᠢᠨ ᠠᠵᠢᠯᠴᠢᠨ ᠵᠧᠦ ᠢ ᠵᠧ ᠪᠣᠯ ᠠᠮᠢ ᠠᠬᠤᠢ᠎ᠶ᠋ᠢ ᠤᠷᠢᠳ᠎ᠢᠶᠠᠷ ᠪᠣᠳᠣᠯᠬᠢᠯᠠᠨ ᠪᠣᠬᠢᠷᠲᠤᠯ ᠦᠭᠡᠢ ᠬᠥᠭ᠌ᠵᠢᠭᠦᠯᠬᠦ᠌᠎ᠪᠠᠷ ᠤᠳᠤᠷᠢᠳᠤᠮᠵᠢ ᠪᠣᠯᠭᠠᠭ᠍ᠰᠠᠨ ᠴᠢᠨᠠᠷ ᠰᠠᠢᠲᠠᠢ ᠬᠥᠭ᠌ᠵᠢᠯᠲᠡ᠎ᠶ᠋ᠢᠨ ᠱᠢᠨ᠎ᠡ ᠵᠠᠮ᠎ᠢ ᠪᠡᠶ᠎ᠠ᠎ᠪᠠᠷ᠎ᠢᠶᠠᠨ ᠦᠩᠭᠡᠷᠡᠬᠦᠯᠦᠭ᠌ᠴᠢ ᠪᠤᠯᠬᠤ ᠶᠤᠮ᠃
2015 ᠣᠨ᠎ᠤ 4 ᠰᠠᠷ᠎ᠠ᠎ᠳᠤ᠂ ᠲᠡᠷᠡ ᠮᠣᠳᠣ ᠣᠭ᠍ᠲᠣᠯᠬᠤ ᠠᠵᠢᠯᠴᠢᠨ ᠪᠠᠢᠭ᠍ᠰᠠᠨ᠎ᠠᠴᠠ᠎ᠪᠠᠨ ᠤᠢ ᠬᠠᠮᠠᠭᠠᠯᠠᠭ᠍ᠴᠢ ᠪᠣᠯᠪᠠ᠃ 《ᠲᠤᠬᠠᠢ᠎ᠶ᠋ᠢᠨ ᠦᠶ᠎ᠠ᠎ᠳᠤ ᠶᠡᠭᠡ ᠡᠭᠡᠳᠡᠷᠡᠭᠡᠨ᠎ᠲᠠᠢ ᠪᠠᠢᠵᠠᠢ᠂ ᠮᠣᠳᠣ ᠤᠬ᠍ᠲᠤᠯᠵᠤ ᠪᠣᠯᠬᠤ ᠦᠭᠡᠢ ᠪᠣᠯᠵᠠᠶ᠂ ᠪᠢᠳᠡ ᠶᠠᠭᠤ ᠬᠢᠬᠦ᠌ ᠪᠤᠢ? ᠰᠡᠭᠦᠯᠡᠷ᠎ᠨᠢ ᠦᠵᠡᠭᠦᠯᠡᠷ᠂ ᠬᠢᠬᠦ᠌ ᠠᠵᠢᠯ ᠪᠠᠢᠬᠤ᠎ᠪᠠᠷ ᠪᠠᠷᠠᠬᠤ ᠦᠭᠡᠢ ᠪᠠᠰᠠ ᠵᠣᠭᠤᠰ ᠣᠯᠵᠤ ᠳᠡᠢᠯᠬᠦ᠌ ᠪᠠᠢᠵᠠᠢ᠃ ᠡᠳᠡᠭᠡᠷ ᠵᠢᠯ᠎ᠤᠳ᠎ᠲᠤ᠌᠂ ᠮᠠᠨ᠎ᠤ ᠮᠣᠳᠣ ᠶᠠᠪᠤᠬᠤ ᠳᠤᠳᠤᠮ ᠪᠦᠳᠦᠭᠦᠷᠡᠵᠦ᠍᠂ ᠶᠠᠪᠤᠬᠤ ᠳᠤᠳᠤᠮ ᠥᠨᠳᠥᠷ ᠪᠤᠯᠵᠤ᠂ ᠵᠡᠷᠯᠢᠭ ᠠᠮᠢᠲᠠᠨ ᠶᠠᠪᠤᠬᠤ ᠳᠤᠳᠤᠮ ᠣᠯᠠᠱᠢᠷᠠᠵᠤ ᠪᠠᠢᠨ᠎ᠠ᠃ ᠲᠠᠷᠢᠭ᠍ᠰᠠᠨ ᠢᠳᠡᠱᠢᠨ ᠨᠣᠭᠤᠭ᠎ᠠ ᠵᠢᠮᠢᠰ᠂ ᠲᠡᠵᠢᠭᠡᠭ᠌ᠰᠡᠨ ᠦᠬᠡᠷ ᠬᠤᠨᠢᠨ᠎ᠤ ᠱᠢᠮ᠎ᠡ ᠲᠡᠵᠢᠭᠡᠯ ᠥᠨᠳᠥᠷ ᠪᠠᠢᠵᠤ᠂ ᠪᠣᠷᠣᠯᠠᠭᠤᠯᠭ᠎ᠠ ᠰᠠᠢᠨ᠃ ᠨᠠᠢᠵᠠ ᠨᠠᠷ ᠮᠠᠨ᠎ᠤ ᠱᠢᠭᠤᠢᠲᠤ ᠣᠷᠣᠨ᠎ᠳᠤ ᠣᠴᠢᠵᠤ᠂ ᠮᠠᠨ᠎ᠤ ᠥᠪᠥᠷ ᠮᠣᠩᠭᠤᠯ᠎ᠤᠨ ᠶᠡᠭᠡ ᠬᠢᠩᠭᠠᠨ ᠳᠠᠪᠠᠭᠠᠨ᠎ᠤ ᠠᠳᠠᠯᠢ ᠪᠤᠰᠤ 〈ᠲᠦᠮᠡᠨ ᠭᠠᠵᠠᠷ᠎ᠤᠨ ᠤᠷᠳᠤ ᠴᠠᠭᠠᠨ ᠬᠡᠷᠡᠮ〉 ᠢ ᠦᠵᠡᠭᠡᠷᠡᠢ》 ᠭᠡᠵᠦ᠍ ᠵᠧᠦ ᠢ ᠵᠧ ᠤᠷᠢᠯᠭ᠎ᠠ ᠲᠠᠯᠪᠢᠪᠠ᠃
《ᠪᠢᠳᠡ ᠠᠮᠢ ᠠᠬᠤᠶ ᠣᠷᠴᠢᠨ ᠲᠣᠭᠤᠷᠢᠨ᠎ᠤ ᠬᠠᠮᠠᠭᠠᠯᠠᠯᠲᠠ᠎ᠶ᠋ᠢᠨ ᠡᠷᠴᠢᠮ᠎ᠢᠶᠠᠨ ᠴᠢᠩᠭᠠᠷᠠᠭᠤᠯᠵᠤ᠂ ᠠᠵᠤ ᠦᠶᠯᠡᠰ᠎ᠤᠨ ᠬᠡᠯᠪᠡᠷᠢ᠎ᠪᠠᠨ ᠬᠤᠪᠢᠷᠠᠭᠤᠯᠤᠨ ᠲᠠᠰ ᠳᠡᠪᠱᠢᠬᠦ᠌᠎ᠶ᠋ᠢ ᠲᠦᠷᠭᠡᠳᠭᠡᠵᠦ᠍᠂ ᠦᠷ᠎ᠡ ᠪᠦᠲᠦᠮᠵᠢ ᠮᠠᠰᠢ ᠰᠠᠢᠨ ᠪᠤᠯᠵᠠᠢ᠃ ᠢᠯᠠᠩᠭᠤᠶ᠎ᠠ ᠳᠠᠯᠠᠨ ᠬᠠᠷ᠎ᠠ ᠠᠭᠤᠯᠠ᠎ᠶ᠋ᠢᠨ ᠡᠮᠦᠨ᠎ᠡ ᠪᠠᠯ᠎ᠤᠨ ᠠᠮᠢ ᠠᠬᠤᠢ᠎ᠶ᠋ᠢᠨ ᠴᠢᠳᠠᠮᠵᠢᠲᠤ ᠣᠷᠣᠨ᠎ᠢ ᠵᠠᠰᠠᠭ᠍ᠰᠠᠨ᠎ᠠᠴᠠ ᠬᠦᠬᠡᠮᠳᠦᠭ ᠨᠤᠭᠤᠭᠠᠨ ᠠᠭᠤᠯᠠ ᠤᠰᠤ ᠳᠠᠬᠢᠨ ᠢᠯᠡᠷᠡᠵᠦ᠍᠂ ᠬᠥᠮᠦᠰ ᠠᠳᠡ ᠢᠷᠡᠪᠡᠯ ᠪᠤᠴᠠᠬᠤ ᠳᠤᠷ᠎ᠠ ᠦᠭᠡᠢ ᠪᠤᠯᠪᠠ!》 ᠭᠡᠵᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠪᠤᠭᠤᠲᠤ ᠬᠤᠲᠠ᠎ᠶ᠋ᠢᠨ ᠨᠠᠮ᠎ᠤᠨ ᠬᠤᠷᠢᠶᠠᠨ᠎ᠤ ᠳᠡᠳ᠋ ᠱᠦᠵᠢ᠂ ᠬᠤᠲᠠ᠎ᠶ᠋ᠢᠨ ᠳᠠᠷᠤᠭ᠎ᠠ ᠵᠤᠤ ᠵᠢᠶᠠᠩ ᠲᠤᠤ᠂ 《ᠲᠠᠷᠠᠭᠠᠴᠢ᠎ᠶ᠋ᠢᠨ ᠠᠯᠬᠤᠮ᠎ᠳᠤ᠂ ᠪᠢᠳᠡ ᠠᠷᠠᠳ ᠲᠦᠮᠡᠨ᠎ᠢᠶᠠᠷ ᠭᠤᠤᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠢᠮᠠᠭ᠍ᠲᠠ ᠪᠠᠷᠢᠮᠲᠠᠯᠠᠵᠤ᠂ ᠨᠠᠩ ᠴᠢᠩᠭ᠎ᠠ ᠱᠠᠭᠠᠷᠳᠠᠯᠭ᠎ᠠ᠎ᠪᠠᠷ ᠠᠮᠢ ᠠᠬᠤᠶ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢ ᠠᠬᠢᠭᠤᠯᠤᠨ᠎ᠠ》 ᠭᠡᠪᠡ᠃
ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠱᠢᠯᠢ᠎ᠶ᠋ᠢᠨ ᠭᠤᠣᠯ ᠠᠢᠮᠠᠭ᠎ᠤᠨ ᠲᠤᠯᠤᠨ ᠨᠤᠤᠷ ᠱᠢᠶᠠᠨ᠎ᠤ ᠼᠠᠢ ᠮᠦ᠍ ᠱᠠᠨ ᠱᠢᠶᠠᠩ᠎ᠤᠨ ᠲᠢᠶᠧ ᠬᠦᠩ ᠫᠤᠤ ᠽᠢ ᠲᠣᠰᠭᠤᠨ᠎ᠤ ᠨᠠᠮ᠎ᠤᠨ ᠡᠭᠦᠷ᠎ᠤᠨ ᠱᠦᠵᠢ ᠯᠢ ᠭᠦᠸᠧ ᠴᠢᠨ 《ᠡᠯᠡᠰᠦ ᠮᠠᠩᠬᠠᠨ ᠳᠤᠮᠳᠠ᠎ᠠᠴᠠ ᠨᠣᠭᠤᠭᠠᠨ ᠦᠩᠭᠡ ᠡᠷᠢᠬᠦ᠌》 ᠠᠴᠠ 《ᠨᠣᠭᠤᠭᠠᠨ ᠦᠩᠬᠡ᠎ᠶ᠋ᠢᠨ ᠳᠤᠮᠳᠠ᠎ᠠᠴᠠ ᠡᠯᠡᠰᠦ ᠮᠠᠩᠬ᠎ᠠ ᠡᠷᠢᠬᠦ᠌》 ᠪᠤᠯᠲᠠᠯ᠎ᠠ ᠬᠤᠪᠢᠷᠠᠭ᠍ᠰᠠᠨ᠎ᠨᠢ ᠬᠡᠴᠢᠨᠡᠨ ᠬᠢᠯᠪᠡᠷ ᠪᠤᠰᠤ ᠭᠡᠳᠡᠭ᠎ᠢ ᠬᠦᠨᠵᠡᠭᠡᠢ ᠤᠢ᠍ᠢᠯᠠᠭᠠᠵᠦ᠍ ᠪᠠᠢᠪᠠ᠃ 《ᠣᠷᠴᠢᠨ ᠲᠣᠭᠤᠷᠢᠨ ᠰᠠᠢᠵᠢᠷᠠᠵᠠᠢ᠂ ᠲᠣᠰᠭᠤᠨ᠎ᠤ ᠶᠠᠳᠠᠭᠤ ᠬᠦᠴᠢᠷᠳᠡᠯᠲᠡᠢ ᠡᠷᠦᠬᠡ ᠠᠵᠤ ᠦᠢᠯᠡᠰ᠎ᠤᠨ ᠲᠦᠷᠦᠯ ᠵᠦᠢᠯ᠎ᠢᠶᠠᠷ ᠳᠠᠮᠵᠢᠨ ᠶᠠᠳᠠᠭᠤ᠎ᠠᠴᠠ ᠠᠩᠭᠢᠵᠢᠷᠠᠪᠠ᠂ ᠬᠤᠢᠱᠢᠳᠠ ᠨᠡᠩ ᠤᠯᠠᠨ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢᠨ ᠦᠷ᠎ᠡ ᠪᠦᠲᠦᠭᠡᠯ᠎ᠢ ᠠᠷᠠᠳ ᠲᠦᠮᠡᠨ᠎ᠳᠤ ᠬᠦᠷᠲᠡᠭᠡᠨ᠎ᠡ》 ᠭᠡᠵᠤ ᠲᠡᠷᠡ ᠬᠡᠯᠡᠨ᠎ᠡ᠃
ᠬᠤᠯᠠ᠎ᠶ᠋ᠢᠨ ᠪᠤᠳᠤᠯ᠎ᠲᠠᠢ ᠪᠤᠯ ᠬᠤᠵᠢᠮ᠎ᠤᠨ ᠵᠤᠪᠠᠯᠠᠩ ᠠᠯᠠᠭ᠎ᠠ᠃ ᠬᠡᠳᠦᠨ ᠡᠳᠦᠷ᠎ᠤᠨ ᠲᠤᠷᠰᠢ᠂ ᠲᠥᠯᠥᠭᠡᠯᠡᠭ᠌ᠴᠢᠳ᠂ ᠭᠡᠱᠢᠭᠦᠳ ᠶᠡᠷᠦᠩᠬᠡᠶ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠡᠵᠡᠮᠱᠢᠵᠦ᠍᠂ ᠠᠷᠠᠳ ᠲᠦᠮᠡᠨ᠎ᠢ ᠳᠡᠭᠡᠳᠦᠯᠡᠬᠦ᠌᠎ᠶ᠋ᠢ ᠪᠠᠷᠢᠮᠲᠠᠯᠠᠬᠤ᠂ ᠠᠷᠠᠳ ᠲᠦᠮᠡᠨ᠎ᠢ ᠴᠢᠩᠭ᠎ᠠ ᠲᠦᠱᠢᠭ᠌ᠯᠡᠬᠦ᠂ ᠠᠷᠠᠳ ᠲᠦᠮᠡᠨ᠎ᠳᠤ ᠲᠠᠰᠤᠷᠠᠯᠲᠠ ᠦᠭᠡᠢ ᠪᠤᠶᠠᠨ ᠦᠢᠯᠡᠳᠬᠦ᠂ ᠠᠷᠠᠳ ᠲᠦᠮᠡᠨ᠎ᠤ ᠳᠤᠮᠳᠠ ᠭᠦᠨᠵᠡᠭᠡᠢᠷᠡᠵᠦ᠍ ᠦᠨᠳᠦᠰᠦᠯᠡᠬᠦ᠌ ᠴᠢᠬᠤᠯᠠ ᠤᠯᠤᠰ ᠲᠦᠷᠦ᠎ᠶ᠋ᠢᠨ ᠱᠠᠭᠠᠷᠳᠠᠯᠭ᠎ᠠ ᠪᠠ ᠦᠢᠯᠡᠳᠦᠯᠭᠡ᠎ᠶ᠋ᠢᠨ ᠱᠠᠭᠠᠷᠳᠠᠯᠭ᠎ᠠ᠎ᠶ᠋ᠢ ᠭᠦᠨᠵᠡᠭᠡᠢ ᠤᠢ᠍ᠢᠯᠠᠭᠠᠨ ᠡᠵᠡᠮᠱᠢᠵᠦ᠍᠂ ᠡᠬᠡ ᠤᠯᠤᠰ᠎ᠤᠨ ᠤᠮᠠᠷᠠᠲᠤ᠎ᠶ᠋ᠢᠨ ᠲᠦᠮᠡᠨ ᠭᠠᠵᠠᠷ᠎ᠤᠨ ᠨᠣᠮᠢᠨ ᠨᠣᠭᠤᠭᠠᠨ ᠤᠷᠲᠤ ᠴᠠᠭᠠᠨ ᠬᠡᠷᠡᠮ᠎ᠢ ᠪᠠᠲᠤ ᠴᠣᠭ᠍ᠴᠠᠯᠠᠬᠤ ᠬᠦᠴᠦᠷᠬᠡᠭ ᠶᠡᠭᠡ ᠬᠠᠮᠲᠤ᠎ᠶ᠋ᠢᠨ ᠲᠠᠨᠢᠯᠲᠠ᠎ᠶ᠋ᠢ ᠨᠢᠭ᠍ᠲᠠᠷᠠᠭᠤᠯᠪᠠ᠃
ᠳᠠᠯᠠᠨ ᠬᠠᠷ᠎ᠠ ᠠᠭᠤᠯᠠ᠎ᠶ᠋ᠢᠨ ᠠᠭᠤᠯᠠ ᠠᠪᠠᠷᠢᠬᠤ ᠵᠠᠮ᠎ᠠᠴᠠ ᠵᠡᠭᠦᠨᠰᠢ᠂ ᠵᠠᠮ᠎ᠤᠨ ᠬᠠᠵᠠᠭᠤ᠎ᠶ᠋ᠢᠨ ᠠᠮᠢ ᠠᠬᠤᠶ᠎ᠶ᠋ᠢᠨ ᠣᠶ ᠠᠭᠤᠯᠠ᠎ᠶ᠋ᠢ᠎ᠲᠠᠭᠠᠨ ᠲᠠᠰᠤᠷᠠᠯᠲᠠ ᠤᠢ᠍ᠭᠡᠢ ᠦᠷᠭᠦᠯᠵᠢᠯᠡᠨ᠎ᠡ᠃ ᠵᠠᠮᠨᠠᠨ ᠶᠠᠪᠤᠬᠤ ᠵᠠᠭᠤᠷ᠎ᠠ᠂ ᠬᠡᠭᠡᠷ᠎ᠡ᠎ᠶ᠋ᠢᠨ ᠲᠠᠤᠯᠠᠢ ᠢᠭ᠍ᠴᠤ ᠤᠢ᠎ᠶ᠋ᠢᠨ ᠭᠦᠨᠳᠤ ᠭᠦᠶᠦᠨ ᠣᠷᠣᠵᠤ᠂ ᠪᠠᠰᠠ ᠠᠭᠤᠯᠠ᠎ᠶ᠋ᠢᠨ ᠬᠠᠷᠴᠠᠭᠠᠢ ᠤᠢ᠎ᠶ᠋ᠢᠨ ᠳᠤᠮᠳᠠᠭᠤᠷ ᠡᠷᠭᠢᠯᠳᠦᠨ ᠢᠳᠡᠰᠢ ᠡᠷᠢᠬᠦ᠌᠎ᠶ᠋ᠢ ᠣᠯᠵᠤ ᠬᠠᠷᠠᠳᠠᠭ᠃
《ᠶᠡᠭᠡ ᠬᠤᠪᠢᠷᠠᠯᠲᠠ ᠭᠠᠷᠴᠠᠢ᠂ ᠡᠢᠮᠦ᠍ ᠪᠤᠯᠤᠨ᠎ᠠ ᠭᠡᠵᠦ᠍ ᠠᠷᠪᠠᠠ ᠵᠡᠬᠦᠳᠦᠨ᠎ᠳᠤ ᠴᠦ᠍ ᠤᠷᠤᠬ᠍ᠰᠠᠨ ᠦᠭᠡᠢ᠃ ᠶᠡᠭᠡ ᠬᠢᠩᠭᠠᠨ ᠳᠠᠪᠠᠭ᠎ᠠ᠎ᠶ᠋ᠢᠨ ᠦᠵᠡᠮᠵᠢ ᠱᠢᠭ ᠰᠠᠢᠬᠠᠨ ᠪᠤᠯᠵᠠᠢ!》 ᠭᠡᠵᠤ ᠬᠥᠬᠡᠬᠤᠲᠠ᠎ᠶ᠋ᠢᠨ ᠬᠤᠳᠠ᠎ᠶ᠋ᠢᠨ ᠠᠷᠠᠳ ᠵᠠᠩ ᠴᠦᠨ ᠱᠢᠶᠠᠩ᠂ ᠨᠢᠳᠤᠨ᠎ᠳᠤ ᠦᠷᠳᠡᠭ᠌ᠰᠡᠨ ᠦᠵᠡᠮᠵᠢ᠎ᠨᠢ ᠲᠡᠭᠦᠨ᠎ᠤ ᠳᠠᠯᠠᠨ ᠬᠠᠷ᠎ᠠ ᠠᠭᠤᠯᠠ᠎ᠶ᠋ᠢᠨ ᠲᠤᠬᠠᠶ ᠰᠠᠭᠤᠭ᠍ᠳᠠᠯ᠎ᠢ ᠪᠦᠷᠢᠮᠦᠰᠦᠨ ᠦᠭᠡᠷᠡᠴᠢᠯᠡᠵᠠᠢ ᠭᠡᠪᠡ᠃
ᠬᠠᠭᠠᠰ᠎ᠨᠢ ᠠᠭᠤᠯᠠ ᠬᠠᠭᠠᠰ᠎ᠨᠢ ᠬᠤᠲᠠ᠃ ᠣᠢᠷ᠎ᠠ᠎ᠶ᠋ᠢᠨ ᠵᠢᠯ᠎ᠠᠴᠠ ᠨᠡᠭᠠᠰᠢ᠂ ᠬᠥᠬᠡᠬᠤᠲᠠ ᠠᠮᠢ ᠠᠬᠤᠶ᠎ᠶ᠋ᠢᠨ ᠨᠣᠭᠤᠭᠠᠷᠠᠭᠤᠯᠤᠯᠲᠠ ᠪᠠ ᠣᠷᠴᠢᠨ ᠲᠣᠭᠤᠷᠢᠨ᠎ᠢ ᠶᠡᠷᠦᠩᠬᠡᠢᠢᠯᠡᠨ ᠴᠡᠭ᠌ᠴᠡᠯᠡᠨ ᠵᠠᠰᠠᠬᠤ ᠠᠵᠢᠯ᠎ᠢ ᠡᠷᠴᠢᠮᠳᠠᠢ ᠬᠡᠷᠡᠭ᠌ᠵᠢᠭᠦᠯᠵᠦ᠍᠂ ᠠᠮᠢ ᠠᠬᠤᠢ ᠶᠡᠭᠡ᠎ᠪᠠᠷ ᠡᠪᠳᠡᠭ᠌ᠳᠡᠭ᠌ᠰᠡᠨ ᠳᠠᠯᠠᠨ ᠬᠠᠷ᠎ᠠ ᠠᠭᠤᠯᠠ᠎ᠶ᠋ᠢᠨ ᠡᠮᠦᠨ᠎ᠡ ᠪᠠᠯ ᠨᠢᠭᠡᠨᠲᠡ ᠤᠢ ᠮᠤᠲᠤ ᠡᠪᠡᠰᠦ ᠴᠡᠴᠡᠭ ᠬᠠᠷᠠᠭ᠎ᠠ ᠪᠠᠶᠠᠰᠭᠠᠭ᠍ᠰᠠᠠ ᠤᠷᠤᠨ᠎ᠤ ᠲᠥᠪ ᠬᠤᠲᠠ᠎ᠶ᠋ᠢᠨ ᠠᠷᠤ ᠴᠡᠴᠡᠷᠯᠢᠭ ᠪᠣᠯᠵᠠᠶ᠃
ᠠᠮᠢ ᠠᠬᠤᠶ᠎ᠶ᠋ᠢᠨ ᠡᠯᠧᠮᠧᠨ᠋ᠲ᠎ᠨᠢ ᠦᠢᠯᠡᠳᠪᠦᠷᠢᠯᠡᠯ᠎ᠤᠨ ᠡᠯᠧᠮᠧᠨ᠋ᠲ ᠪᠣᠯᠬᠤ᠎ᠳᠤ ᠬᠦᠷᠪᠡᠯ᠂ ᠠᠮᠢ ᠠᠬᠤᠶ᠎ᠶ᠋ᠢᠨ ᠲᠠᠪᠠᠭᠤᠯᠢᠭ᠎ᠨᠢ ᠳᠠᠷᠤᠶ ᠬᠥᠭ᠌ᠵᠢᠯᠲᠡ᠎ᠶ᠋ᠢᠨ ᠳᠠᠪᠠᠭᠤᠯᠢᠭ ᠪᠤᠯᠵᠤ ᠴᠢᠳᠠᠨ᠎ᠠ᠃ ᠡᠭᠦᠨ᠎ᠳᠤ ᠬᠥᠬᠡᠬᠤᠲᠠ᠎ᠶ᠋ᠢᠨ ᠰᠡᠳᠭᠢᠴᠡ ᠲᠣᠳᠣᠷᠬᠠᠶ ᠪᠠᠢᠵᠤ᠂ ᠳᠠᠷᠠᠭ᠎ᠠ ᠠᠯᠬᠤᠮ᠎ᠳᠤ ᠪᠣᠬᠢᠷᠲᠤᠯ ᠦᠭᠡᠢ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠦᠷᠭᠦᠯᠵᠢᠯᠡᠨ ᠪᠠᠲᠤᠲᠠᠶ ᠦᠢᠯᠡᠳᠦᠯᠭᠡᠵᠢᠬᠦᠯᠵᠤ᠂ 《ᠰᠠᠨᠰᠠᠷ ᠳᠡᠭ᠌ᠷᠢ ᠬᠦᠭᠡᠷᠦᠭᠡᠳ ᠰᠠᠷᠠᠭᠤᠯ ᠲᠠᠯ᠎ᠠ ᠴᠡᠯᠡᠢᠬᠦ᠂ ᠰᠠᠯᠬᠢᠨ᠎ᠳᠤ ᠡᠪᠡᠰᠦ ᠨᠠᠢᠭᠤᠬᠤᠯᠠᠷ ᠦᠭᠡᠷ ᠬᠤᠨᠢᠳ ᠢᠷᠠᠯᠵᠠᠬᠤ》 ᠭᠡᠰᠡᠨ ᠰᠠᠢᠬᠠᠨ ᠦᠵᠡᠮᠵᠢ᠎ᠶ᠋ᠢ ᠳᠠᠬᠢᠨ ᠢᠯᠡᠷᠡᠬᠦᠯᠦᠨ᠎ᠡ᠃