ᠪᠣᠭᠤᠷᠣᠯ ᠲᠡᠣᠬᠡ᠎ᠶ᠋ᠢ ᠬᠦᠣᠷᠨᠢᠭ᠌ᠰᠡᠨ ᠪᠠᠭᠤᠷᠢ ᠦᠯᠡᠳᠡᠭ᠌ᠳᠡᠯ᠎ᠤᠳ
2020-07-31 17:34:19
ᠵᠣᠬᠢᠶᠠᠭ᠍ᠴᠢ᠄
ᠱᠢᠶᠡᠩ ᠴᠦᠨ
ᠣᠩᠱᠢᠭ᠍ᠰᠠᠨ ᠣᠳᠠᠭ᠎ᠠ᠄
★★★☆☆

ᠤᠳᠤᠨ ᠮᠡᠴᠢᠳ ᠱᠢᠭ ᠲᠦᠭᠡᠭ᠌ᠰᠡᠨ ᠬᠤᠪᠣᠷ ᠨᠠᠨᠳᠢᠨ ᠰᠣᠶᠣᠯ᠎ᠤᠨ ᠪᠠᠭᠤᠷᠢ ᠦᠯᠡᠳᠡᠭ᠌ᠳᠡᠯ᠎ᠤᠳ ᠲᠠᠯ᠎ᠠ ᠨᠤᠲᠤᠭ᠎ᠤᠨ ᠪᠣᠯᠪᠠᠰᠤᠨ᠎ᠤ ᠲᠡᠤᠬᠡ᠎ᠶ᠋ᠢ ᠬᠦᠦᠷᠨᠢᠨ᠂ ᠲᠠᠯ᠎ᠠ ᠨᠤᠲᠤᠭ᠎ᠤᠨ ᠰᠣᠶᠣᠯ᠎ᠤᠨ ᠬᠥᠭ᠌ᠵᠢᠯᠲᠡ᠎ᠶ᠋ᠢᠨ ᠠᠮᠢᠨ ᠰᠤᠳᠠᠰᠤ᠎ᠶ᠋ᠢ ᠦᠷᠬᠦᠯᠵᠢᠯᠡᠬᠦᠯᠦᠨ᠎ᠡ ᠁ ᠰᠤᠶᠤᠯ᠎ᠤᠨ ᠪᠠᠭᠤᠷᠢ ᠦᠯᠡᠳᠡᠭ᠌ᠳᠡᠯ ᠪᠤᠯ ᠬᠥᠮᠦᠨ ᠲᠥᠷᠥᠯᠬᠢᠲᠡᠨ᠎ᠤ ᠨᠡᠢᠭᠡᠮ ᠤᠯᠤᠰ ᠲᠥᠷᠥ᠍᠂ ᠠᠵᠤ ᠠᠬᠤᠶ᠂ ᠰᠣᠶᠣᠯ᠂ ᠴᠡᠷᠢᠭ᠎ᠤᠨ ᠶᠠᠪᠤᠳᠠᠯ᠂ ᠱᠠᠱᠢᠨ ᠰᠤᠷᠲᠠᠬᠤᠨ ᠵᠡᠷᠭᠡ ᠣᠯᠠᠨ ᠲᠠᠯ᠎ᠠ᠎ᠳᠤ ᠬᠤᠯᠪᠣᠭ᠍ᠳᠠᠬᠤ ᠲᠡᠤᠬᠡ᠎ᠶ᠋ᠢᠨ ᠢᠮ ᠲᠠᠮᠠᠭ᠎ᠠ ᠪᠤᠯᠤᠨ᠎ᠠ᠃


444.jpg



ᠲᠡᠤᠭᠡ ᠬᠦᠦᠷᠨᠢᠭ᠌ᠰᠡᠨ ᠪᠠᠭᠤᠷᠢ ᠦᠯᠡᠳᠡᠭ᠌ᠳᠡᠯ

ᠲᠡᠯᠬᠡᠷ ᠵᠤᠨ᠎ᠤ ᠳᠣᠯᠣᠭᠠᠨ ᠰᠠᠷ᠎ᠠ᠂ ᠱᠠᠩᠳᠤ᠎ᠶ᠋ᠢᠨ ᠭᠤᠤᠯ ᠤᠭᠠᠯᠵᠠᠯᠠᠨ ᠤᠷᠤᠰᠴᠤ᠌ ᠠᠯᠳᠠᠩᠬ᠍ᠸ᠎ᠠ ᠴᠡᠴᠡᠭ ᠥᠪᠴᠢ ᠲᠡᠯᠭᠡᠷᠡᠭ᠌ᠰᠡᠨ ᠪᠠᠢᠭᠠᠯᠢ᠎ᠶ᠋ᠢᠨ ᠥᠵᠡᠮᠵᠢ ᠰᠡᠥᠠᠬᠢᠯ ᠰᠡᠷᠬᠦᠭᠡᠮ᠎ᠠ ᠭᠤᠶᠤᠮᠰᠤᠭ᠃ ᠠᠳᠡ — ᠱᠢᠯᠢ᠎ᠶ᠋ᠢᠨ ᠭᠤᠤᠯ ᠠᠢᠮᠠᠬ᠎ᠤᠨ ᠱᠢᠯᠤᠭᠤᠨ ᠬᠦᠬᠡ ᠬᠤᠱᠢᠭᠤᠨ᠎ᠤ ᠠᠯᠳᠠᠩᠬ᠊ ᠤᠠ᠋᠎ᠶ᠋ᠢᠨ ᠲᠠᠯ᠎ᠠ᠎ᠳᠤ ᠲᠡᠯᠡᠭᠡᠢ᠎ᠶ᠋ᠢᠨ ᠬᠠᠮᠤᠭ᠎ᠤᠨ ᠲᠥᠯᠥᠭᠡᠯᠡᠬᠦ᠌ ᠴᠢᠨᠠᠷ ᠪᠦᠬᠦᠢ ᠨᠡᠬᠦᠳᠡᠯᠴᠢᠨ ᠥᠨᠳᠥᠰᠥᠳᠡᠨ᠎ᠤ ᠰᠤᠶᠤᠯ᠎ᠤᠨ ᠥᠪ ᠪᠤᠯᠬᠤ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ ᠪᠠᠢᠷᠢᠯᠠᠳᠠᠬ᠃ 1256 ᠤᠨ᠎ᠳᠤ ᠶᠤᠸᠠᠨ ᠱ᠌ᠢᠽᠤ ᠬᠤᠪᠢᠯᠠᠢ ᠬᠠᠭᠠᠨ ᠠᠳᠡ ᠰᠠᠭᠤᠷᠢᠨ᠎ᠳᠤ ᠰᠠᠭᠤᠵᠤ ᠶᠤᠸᠠᠨ ᠬᠥᠷᠥᠨ᠎ᠢ ᠪᠠᠢᠭᠤᠯᠵᠠᠢ᠂ ᠡᠨᠡ᠎ᠨᠢ ᠲᠤᠬᠠᠢ᠎ᠶ᠋ᠢᠨ ᠥᠶ᠎ᠠ᠎ᠶ᠋ᠢᠨ ᠤᠯᠤᠰ ᠲᠥᠷᠤ ᠠᠵᠤ ᠠᠬᠤᠢ ᠴᠡᠷᠢᠭ᠎ᠤᠨ ᠶᠠᠪᠤᠳᠠᠯ᠂ ᠰᠤᠶᠤᠯ᠎ᠤᠨ ᠲᠥᠪ ᠪᠤᠯᠵᠤ᠂ ᠲᠤᠮᠳᠠᠳᠤ ᠤᠯᠤᠰ᠎ᠤᠨ ᠡᠷᠳᠡᠨ᠎ᠤ ᠲᠡᠥᠭᠡ ᠪᠤᠯᠥᠨ ᠲᠡᠯᠡᠭᠡᠢ᠎ᠶ᠋ᠢᠨ ᠨᠡᠬᠦᠳᠡᠯᠴᠢᠨ ᠥᠨᠳᠥᠰᠥᠳᠡᠨ᠎ᠤ ᠲᠡᠥᠭᠡ᠎ᠶ᠋ᠢᠨ ᠱᠢᠨ᠎ᠠ ᠤᠨ ᠲᠤᠭᠠᠯᠠᠯ᠎ᠢ ᠨᠡᠭᠡᠭᠡᠵᠦ᠍᠂ ᠮᠤᠩᠭᠤᠯ ᠶᠤᠸᠠᠨ᠎ᠤ ᠰᠤᠶᠤᠯ᠂ ᠶᠤᠸᠠᠨ᠎ᠤ ᠤᠯᠠᠨ ᠥᠨᠳᠥᠰᠥᠳᠡᠨ᠎ᠤ ᠰᠤᠶᠤᠯ ᠪᠤᠯᠪᠠᠰᠤᠨ᠎ᠢ ᠠᠭᠤᠰᠤᠯᠴᠠᠭᠤᠯᠥᠨ᠂ ᠦᠷᠤᠨᠡᠳᠠᠬᠢᠨ ᠪᠠ ᠲᠤᠷᠤᠨᠠᠳᠠᠬᠢᠨ᠎ᠤ ᠰᠤᠶᠤᠯ᠎ᠤᠨ ᠰᠤᠯᠢᠯᠴᠠᠭ᠎ᠠ᠎ᠶ᠋ᠢ ᠠᠬᠢᠭᠤᠯᠵᠤ᠂ ᠬᠥᠮᠥᠨ ᠲᠥᠷᠥᠯᠬᠢᠳᠠᠠ᠎ᠤ ᠲᠡᠥᠭᠡᠨ ᠲᠡᠭᠡᠷᠡᠬᠢ ᠴᠢᠬᠤᠯᠠ ᠪᠤᠯᠪᠠᠰᠤᠨ᠎ᠤ ᠲᠡᠥᠭᠡ᠎ᠶ᠋ᠢ ᠲᠡᠮᠳᠡᠭ᠌ᠯᠡᠭ᠌ᠰᠠᠠ ᠪᠠᠢᠨ᠎ᠠ᠃ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ 2012 ᠤᠨ᠎ᠳᠤ ᠲᠡᠯᠡᠭᠡᠢ᠎ᠶ᠋ᠢᠨ ᠰᠤᠶᠤᠯ᠎ᠤᠨ ᠥᠪ᠎ᠲᠤ ᠪᠦᠷᠢᠳᠭᠡᠭ᠌ᠳᠡᠭ᠌ᠰᠡᠨ ᠪᠠᠢᠨ᠎ᠠ᠃

ᠲᠤᠮᠳᠠᠳᠦ᠎ᠶ᠋ᠢᠨ ᠦᠨᠳᠦᠰᠦᠳᠡᠨ᠎ᠤ ᠡᠵᠢ ᠭᠤᠤᠯ — ᠬᠠᠳᠤᠨ ᠭᠤᠤᠯ᠎ᠤᠨ ᠦᠷᠦᠴᠡᠨ᠎ᠳᠤ ᠦᠨᠢ ᠤᠳᠠᠭᠠᠨ ᠲᠡᠤᠭᠡ᠎ᠲᠠᠢ ᠪᠤᠷᠤᠳᠤᠬᠤᠢ᠎ᠶ᠋ᠢᠨ ᠰᠤᠶᠤᠯ ᠬᠦᠪᠦᠷᠡᠨ ᠪᠤᠢᠵᠢᠬ᠍ᠰᠠᠨ ᠶᠤᠮ᠃ ᠲᠡᠬᠡᠷ᠎ᠠ ᠵᠠᠭᠤᠨ᠎ᠤ ᠬᠤᠷᠢᠭᠠᠳ ᠤᠨ᠎ᠳᠤ ᠪᠤᠷᠤᠳᠤᠬᠤᠢ᠎ᠶ᠋ᠢᠨ ᠡᠮᠦᠨᠡᠳᠦ ᠬᠡᠰᠡᠭ᠎ᠤᠨ ᠱᠢᠷᠬᠤᠰᠦᠨ ᠭᠤᠤᠯ᠎ᠤᠨ ᠤᠷᠤᠰᠭᠠᠯ ᠲᠠᠭᠠᠤ ᠤᠷᠤᠨ᠎ᠠᠴᠠ ᠲᠡᠯᠡᠬᠡᠢ᠎ᠳᠤ ᠠᠯᠳᠠᠷᠳᠠᠢ 《ᠪᠤᠷᠤᠳᠤᠬᠤᠢ᠎ᠶ᠋ᠢᠨ ᠬᠦᠮᠦᠨ》 ᠎ᠤ ᠴᠢᠯᠠᠭᠤᠵᠢᠮᠠᠯ ᠪᠤᠯᠤᠨ 《ᠱᠢᠷᠬᠤᠰᠤᠨ᠎ᠤ ᠠᠮᠢᠳᠡᠨ᠎ᠤ ᠰᠦᠷᠦᠭ》 ᠎ᠤᠨ ᠴᠢᠯᠠᠭᠤᠵᠢᠮᠠᠯ᠎ᠤᠨ ᠤᠷᠤᠨ᠎ᠢ ᠢᠯᠡᠷᠠᠬᠦᠯᠵᠠᠢ᠃ ᠤᠨᠴᠠᠭᠠᠢᠯᠠᠨ᠂ 《ᠪᠤᠷᠤᠳᠤᠬᠤᠢ᠎ᠶ᠋ᠢᠨ       ᠬᠦᠮᠦᠨ》 ᠎ᠤ ᠴᠢᠯᠠᠭᠤᠵᠢᠮᠠᠯ ᠪᠤᠯ ᠲᠤᠮᠳᠠᠳᠦ ᠤᠯᠤᠰ᠎ᠤᠨ ᠨᠤᠳᠤᠭ ᠲᠡᠪᠢᠰᠭᠡᠷ ᠲᠡᠬᠡᠷ᠎ᠠ᠎ᠠᠴᠠ ᠢᠯᠡᠷᠡᠬᠦᠯᠦᠭ᠌ᠰᠡᠨ ᠤᠷᠤᠨ ᠪᠠᠢᠷᠢ ᠪᠤᠯᠤᠨ ᠭᠠᠵᠠᠷ᠎ᠤᠨ ᠲᠠᠪᠬᠤᠷᠭ᠎ᠠ᠎ᠶ᠋ᠢᠨ ᠲᠡᠮᠳᠡᠭ᠌ᠯᠡᠯ᠎ᠨᠢ ᠲᠤᠳᠤᠷᠬᠠᠢ ᠠᠩᠬᠠᠳᠠᠭ᠍ᠴᠢ ᠬᠦᠮᠦᠨ᠎ᠤ ᠠᠷᠠᠭ ᠶᠠᠰᠦᠨ᠎ᠤ ᠴᠢᠯᠠᠭᠤᠵᠢᠮᠠᠯ ᠪᠤᠯᠬᠤ᠎ᠪᠠᠷ ᠦᠯᠦ᠍ ᠪᠠᠷᠠᠨ ᠲᠤᠮᠳᠠᠳᠦ ᠤᠯᠤᠰ᠎ᠢ ᠪᠠᠭ᠍ᠳᠠᠭᠠᠬ᠍ᠰᠠᠨ ᠠᠯᠤᠰ ᠲᠤᠷᠤᠨᠠᠳᠦ᠎ᠶ᠋ᠢᠨ ᠠᠩᠬᠠᠳᠤᠭᠠᠷ ᠪᠦᠯᠦᠭ ᠤᠨ ᠵᠢᠯ᠎ᠨᠢ ᠳᠤᠳᠤᠷᠬᠠᠢ ᠬᠦᠮᠦᠨ᠎ᠤ ᠠᠷᠠᠭ ᠶᠠᠰᠦᠨ᠎ᠤ ᠴᠢᠯᠠᠭᠤᠵᠢᠮᠠᠯ ᠪᠤᠯᠤᠨ᠎ᠠ᠃ ᠲᠡᠷᠡ᠎ᠨᠢ ᠮᠦᠨ ᠴᠤ᠌ ᠠᠽᠢᠶ ᠎ᠠ ᠲᠢᠪ᠎ᠲᠤ ᠬᠠᠭᠤᠴᠢᠨ ᠴᠢᠯᠠᠭᠤᠨ ᠵᠡᠪᠰᠡᠭ᠎ᠤᠨ ᠦᠶ᠎ᠠ᠎ᠶ᠋ᠢᠨ ᠬᠦᠮᠦᠨ ᠲᠦᠷᠦᠯᠬᠢᠳᠡᠨ᠎ᠤ ᠤᠷᠤ ᠮᠦᠷ ᠤᠯᠳᠠᠭ᠎ᠠ ᠦᠬᠡᠢ ᠪᠠᠢᠬ᠍ᠰᠠᠨ ᠬᠤᠭᠤᠰᠦᠨ᠎ᠢ ᠨᠦᠬᠦᠪᠦᠷᠢᠯᠠᠵᠦ᠍᠂ ᠲᠤᠮᠳᠠᠳᠦ ᠤᠯᠤᠰ ᠴᠢᠨᠠᠭ᠍ᠰᠢᠯᠠᠭᠠᠳ ᠪᠦᠬᠦ᠋ᠢᠯᠡ ᠠᠽᠢᠶ᠎ᠠ ᠲᠢᠪ᠎ᠤᠨ ᠡᠷᠳᠡᠨ᠎ᠤ ᠬᠦᠮᠦᠨ ᠲᠦᠷᠦᠯᠬᠢᠳᠡᠨ᠎ᠤ ᠰᠤᠳᠤᠯᠭᠠᠨ᠎ᠤ ᠬᠦᠱᠢᠬᠡ᠎ᠶ᠋ᠢ ᠰᠡᠬᠦᠭ᠌ᠰᠡᠨ ᠪᠠᠢᠨ᠎ᠠ᠃

ᠱᠢᠷᠠᠮᠦᠷᠡᠨ᠂ ᠯᠤᠤᠬ᠎ᠠ᠎ᠶ᠋ᠢᠨ ᠭᠤᠤᠯ᠎ᠤᠨ ᠰᠡᠪᠡ ᠭᠠᠵᠠᠷ᠎ᠢᠶᠠᠷ ᠲᠤᠮᠳᠡᠳᠦ ᠤᠯᠤᠰ᠎ᠤᠨ ᠤᠮᠠᠷᠡᠳᠦ᠎ᠶ᠋ᠢᠨ ᠱᠢᠨ᠎ᠠ ᠴᠢᠯᠠᠭᠤᠨ ᠵᠡᠪᠰᠡᠭ᠎ᠤᠨ ᠦᠶ᠎ᠠ᠎ᠶ᠋ᠢᠨ ᠬᠠᠮᠤᠭ᠎ᠤᠨ ᠴᠢᠬᠤᠯᠠ ᠪᠥᠬᠡᠳ ᠬᠠᠮᠤᠭ᠎ᠤᠨ ᠲᠦᠯᠦᠭᠡᠯᠡᠬᠦ᠌ ᠴᠢᠨᠠᠷᠳᠠᠢ ᠪᠠᠯᠡᠷ ᠡᠷᠳᠡᠨ᠎ᠤ ᠰᠤᠶᠤᠯ᠎ᠤᠨ ᠪᠠᠭᠤᠷᠢ ᠦᠯᠡᠳᠡᠭ᠌ᠳᠡᠯ᠎ᠤᠳ ᠪᠠᠢᠳᠠᠬ᠎ᠢ ᠨᠡᠢᠯᠡᠬᠦᠯᠦᠭᠡᠳ ᠤᠯᠠᠭᠠᠨ ᠬᠠᠳᠠ ᠰᠤᠶᠤᠯ ᠬᠡᠮᠡᠳᠡᠭ᠃ ᠤᠯᠠᠭᠠᠨ ᠬᠠᠳᠠ ᠰᠤᠶᠤᠯ᠎ᠤᠨ ᠪᠠᠭᠤᠷᠢ᠎ᠠᠴᠠ ᠲᠤᠮᠳᠠᠳᠦ ᠤᠯᠤᠰ᠎ᠤᠨ ᠬᠠᠮᠤᠭ᠎ᠤᠨ ᠠᠩᠬᠠᠨ᠎ᠤ ᠲᠤᠰᠭᠤᠨ᠎ᠤ ᠪᠠᠭᠤᠷᠢ᠂ ᠤᠳᠤᠬᠠᠨ ᠪᠤᠯᠳᠠᠯ᠎ᠠ ᠤᠯᠳᠠᠬ᠍ᠰᠠᠨ ᠲᠡᠯᠡᠬᠡᠢ ᠲᠡᠬᠡᠷᠡᠬᠢ ᠬᠠᠮᠤᠭ᠎ᠤᠨ ᠡᠷᠳᠡᠨ᠎ᠤ ᠭᠠᠷ᠎ᠢᠶᠠᠷ ᠦᠷᠡᠵᠤ ᠦᠢᠯᠡᠳᠦᠭ᠌ᠰᠡᠨ ᠬᠠᠰ ᠪᠠᠭᠠᠵᠢ᠂ ᠲᠤᠮᠳᠠᠳᠦ ᠤᠯᠤᠰ᠎ᠤᠨ ᠬᠠᠮᠤᠭ᠎ᠤᠨ ᠠᠩᠬᠠᠨ᠎ᠤ ᠯᠤᠤ (ᠴᠢᠯᠠᠭᠤ᠎ᠪᠠᠷ ᠪᠠᠷᠢᠬ᠍ᠰᠠᠨ ᠯᠤᠤ)᠂ ᠲᠤᠮᠳᠠᠳᠦ ᠤᠯᠤᠰ᠎ᠤᠨ ᠬᠠᠮᠤᠭ᠎ᠤᠨ ᠠᠩᠬᠠᠨ᠎ᠤ ᠨᠡᠬᠦᠷᠡᠰᠦᠵᠢᠭ᠌ᠰᠡᠨ ᠨᠠᠷᠢᠮᠦ᠍ ᠪᠤᠯᠤᠨ ᠱᠢᠯᠦᠬᠡᠢ ᠠᠮᠤ᠂ ᠮᠠᠰᠢ ᠲᠤᠮᠦ᠍ ᠤᠷᠤᠨ ᠰᠠᠭᠤᠴᠠ᠎ᠶ᠋ᠢᠨ ᠪᠠᠭᠤᠷᠢ ᠪᠤᠯᠤᠨ ᠮᠠᠨ᠎ᠤ ᠤᠯᠤᠰ᠎ᠤᠨ ᠬᠠᠮᠤᠭ᠎ᠤᠨ ᠠᠩᠬᠠᠨ᠎ᠤ ᠲᠠᠬᠢᠯ᠎ᠤᠨ ᠪᠠᠢᠭᠤᠯᠤᠮᠵᠢ — ᠴᠢᠯᠠᠭᠤ᠎ᠪᠠᠷ ᠪᠠᠷᠢᠬ᠍ᠰᠠᠨ ᠲᠠᠬᠢᠯ᠎ᠤᠨ ᠤᠷᠳᠦ᠂ ᠤᠳᠤᠬᠠᠨ ᠪᠤᠯᠳᠠᠯ᠎ᠠ ᠤᠯᠳᠠᠬ᠍ᠰᠠᠨ ᠲᠤᠮᠳᠠᠳᠦ ᠤᠯᠤᠰ᠎ᠤᠨ ᠬᠠᠮᠤᠭ᠎ᠤᠨ ᠠᠩᠬᠠᠨ᠎ᠤ ᠰᠦᠮ᠎ᠠ ᠁ ᠵᠡᠷᠬᠡ ᠰᠤᠶᠤᠯ᠎ᠤᠨ ᠦᠯᠡᠳᠡᠭ᠌ᠳᠡᠯ᠎ᠤᠳ᠎ᠢ ᠢᠯᠡᠷᠡᠬᠦᠯᠦᠭ᠌ᠰᠡᠨ ᠪᠠᠢᠨ᠎ᠠ᠃


111.jpg


ᠱᠢᠷᠬᠤᠰᠤᠨ ᠰᠤᠶᠤᠯ᠎ᠤᠨ ᠪᠠᠭᠤᠷᠢ



ᠤᠯᠠᠭᠠᠨᠬᠠᠳᠠ ᠬᠤᠳᠠ᠎ᠶ᠋ᠢᠨ ᠪᠠᠭᠠᠷᠢᠨ ᠵᠠᠬᠦᠨ ᠬᠤᠱᠢᠭᠤᠨ᠎ᠳᠤ ᠪᠤᠢ ᠯᠢᠶᠤᠤ᠎ᠶ᠋ᠢᠨ ᠲᠡᠭᠡᠳᠤ ᠨᠡᠢᠰᠯᠡᠯ᠎ᠤᠨ ᠪᠠᠭᠤᠷᠢ᠂ ᠨᠢᠩᠴᠸᠡᠭ ᠱᠢᠶᠠᠨ᠎ᠳᠤ ᠪᠤᠢ ᠯᠢᠶᠤᠤ᠎ᠶ᠋ᠢᠨ ᠲᠤᠮᠳᠠᠳᠦ ᠨᠠᠢᠰᠯᠠᠯ᠎ᠤᠨ ᠪᠠᠭᠤᠷᠢ᠎ᠠᠴᠠ ᠭᠠᠳᠠᠨ᠎ᠠ᠂ ᠪᠠᠰᠠ ᠯᠢᠶᠤᠤ ᠤᠯᠤᠰ᠎ᠤᠨ ᠬᠠᠭᠠᠨ᠎ᠤ ᠤᠡᠭ᠌ᠭᠤᠨ ᠪᠤᠯᠤᠨ ᠲᠡᠭᠡᠳᠦᠰ᠎ᠤᠨ ᠲᠠᠬᠢᠯᠭ᠎ᠠ᠎ᠶ᠋ᠢᠨ ᠰᠦᠮ᠎ᠠ᠎ᠶ᠋ᠢᠨ ᠪᠠᠭᠤᠷᠢ᠂ ᠯᠢᠶᠤᠤ ᠤᠯᠤᠰ᠎ᠤᠨ ᠤᠯᠠᠨ ᠬᠠᠭᠠᠳ ᠪᠤᠯᠤᠨ ᠲᠡᠭᠡᠳᠦᠰ᠎ᠤᠨ ᠤᠡᠭ᠌ᠭᠤᠨ᠂ ᠯᠢᠶᠤᠤ ᠤᠯᠤᠰ᠎ᠤᠨ ᠪᠠᠷᠢᠯᠭ᠎ᠠ᠎ᠶ᠋ᠢᠨ ᠤᠨᠴᠠᠯᠢᠭ ᠪᠤᠯᠤᠨ ᠬᠢᠷᠢ ᠲᠦᠪᠱᠢᠨ᠎ᠢ ᠬᠠᠷᠠᠭᠤᠯᠬᠤ ᠴᠢᠬᠤᠯᠠ ᠰᠤᠶᠤᠯ᠎ᠤᠨ ᠦᠯᠡᠳᠡᠭ᠌ᠳᠡᠯ ᠪᠤᠯᠬᠤ ᠯᠢᠶᠤᠤ᠎ᠶ᠋ᠢᠨ ᠰᠤᠪᠤᠷᠭ᠎ᠠ᠂ ᠤᠳᠤ ᠪᠤᠯᠳᠠᠯ᠎ᠠ ᠨᠡᠯᠢᠶᠡᠳ ᠪᠦᠷᠢᠨ ᠪᠦᠳᠦᠨ᠎ᠢᠶᠠᠷ᠎ᠢᠶᠠᠨ ᠦᠯᠡᠳᠡᠭ᠌ᠰᠡᠨ ᠯᠢᠶᠤᠤ ᠤᠯᠤᠰ᠎ᠤᠨ ᠦᠶ᠎ᠠ᠎ᠶ᠋ᠢᠨ ᠬᠡᠢᠳ ᠵᠡᠷᠬᠡ ᠬᠢᠳᠡᠨ ᠰᠤᠶᠤᠯ᠎ᠤᠨ ᠪᠠᠭᠤᠷᠢ ᠦᠯᠡᠳᠡᠭ᠌ᠳᠡᠯ ᠪᠤᠯ ᠮᠦᠨ ᠴᠦ᠍ ᠮᠠᠨ᠎ᠤ ᠤᠷᠤᠨ᠎ᠤ ᠡᠯᠪᠡᠭ ᠪᠠᠶᠠᠯᠢᠭ ᠰᠤᠶᠤᠯ᠎ᠤᠨ ᠪᠠᠭᠤᠷᠢ ᠦᠯᠡᠳᠡᠭ᠌ᠳᠡᠯ᠎ᠤᠨ ᠤᠨᠴᠠᠯᠢᠬ᠍ᠳᠤ ᠡᠬᠢ ᠪᠠᠶᠠᠯᠢᠭ ᠪᠤᠯᠬᠤ    ᠶᠤᠮ᠃

ᠪᠠᠳᠡᠢ᠎ᠶ᠋ᠢᠨ ᠵᠢᠷᠠᠨ᠎ᠤ ᠪᠠᠷᠠᠭᠤᠨ ᠬᠤᠢᠳᠤ ᠬᠦᠪᠡᠭᠡ ᠳᠠᠭᠠᠤ ᠤᠷᠤᠨ᠎ᠢᠶᠠᠷ ᠤᠷᠤᠰᠳᠠᠭ ᠬᠠᠷ᠎ᠠ ᠭᠤᠤᠯ᠎ᠤᠨ ᠲᠤᠤᠷᠠᠳᠤ ᠤᠷᠤᠰᠭᠠᠯ᠎ᠤᠨ ᠦᠷᠬᠡᠨ ᠠᠭᠤᠳᠠᠮ ᠰᠠᠪᠠ ᠭᠠᠵᠠᠷ᠎ᠠᠴᠠ ᠪᠠᠯᠠᠷ ᠡᠷᠲᠡᠨ᠎ᠤ ᠬᠦᠮᠦᠨ ᠲᠦᠷᠦᠯᠬᠢᠲᠡᠨ᠎ᠤ ᠴᠢᠯᠠᠭᠤᠨ ᠪᠠᠭᠠᠵᠢ ᠵᠡᠪᠰᠡᠭ᠎ᠤᠨ ᠦᠯᠡᠳᠡᠭ᠌ᠳᠡᠯ᠎ᠠᠴᠠ ᠡᠬᠢᠯᠡᠨ ᠬᠠᠨ᠂ ᠲᠠᠩ᠂ ᠪᠠᠷᠠᠭᠤᠨ ᠱᠢᠶᠠ᠂ ᠶᠤᠸᠠᠨ ᠵᠡᠷᠬᠡ ᠲᠦᠷᠦ᠎ᠨᠦᠭᠦᠳ᠎ᠤᠨ ᠬᠤᠳᠠ ᠪᠠᠷᠢᠯᠭ᠎ᠠ᠎ᠶ᠋ᠢᠨ ᠪᠠᠭᠤᠷᠢ ᠤᠯᠠᠨ ᠪᠤᠢ᠃ ᠡᠳᠡᠭᠡᠷ ᠡᠷᠲᠡᠨ᠎ᠤ ᠪᠠᠭᠤᠷᠢ᠎ᠶ᠋ᠢᠨ ᠲᠤᠳᠤᠷ᠎ᠠ ᠬᠠᠷ᠎ᠠ ᠬᠤᠳᠠ᠎ᠶ᠋ᠢᠨ ᠪᠠᠭᠤᠷᠢ᠎ᠨᠢ ᠨᠡᠯᠢᠶᠡᠳ ᠪᠦᠷᠢᠨ ᠪᠦᠳᠦᠨ ᠪᠠᠢᠵᠤ᠂ ᠤᠯᠤᠰ᠎ᠤᠨ ᠲᠤᠳᠤᠭᠠᠳᠤ ᠭᠠᠳᠠᠭᠠᠳᠤ᠎ᠳᠤ ᠠᠯᠳᠠᠷᠱᠢᠭ᠍ᠰᠠᠨ ᠪᠠᠢᠨ᠎ᠠ᠃ ᠬᠤᠳᠠ᠎ᠶ᠋ᠢᠨ ᠬᠡᠷᠡᠮ᠎ᠤᠨ ᠭᠠᠳᠠᠨ᠎ᠠ ᠪᠠᠷᠠᠭᠤᠨ ᠬᠤᠢᠳᠤ ᠵᠠᠬ᠎ᠠ᠎ᠳᠤ ᠪᠠᠢᠭ᠎ᠠ ᠨᠢᠭᠡᠨ ᠪᠤᠷᠬᠠᠨ ᠱᠠᠱᠢᠨ᠎ᠤ ᠰᠤᠪᠤᠷᠭ᠎ᠠ ᠪᠤᠯᠤᠨ ᠪᠠᠷᠠᠭᠤᠨ ᠡᠮᠦᠨ᠎ᠡ ᠵᠠᠬ᠎ᠠ᠎ᠳᠤ ᠪᠠᠢᠷᠢᠱᠢᠭ᠍ᠰᠠᠨ ᠢᠰᠯᠠᠮ᠎ᠤᠨ ᠱᠠᠱᠢᠨ᠎ᠤ ᠨᠢᠭᠡ ᠰᠤᠪᠤᠷᠭ᠎ᠠ ᠵᠡᠷᠬᠡ᠎ᠨᠢ ᠦᠨᠳᠦᠰᠦᠨ᠎ᠳᠡᠭᠡᠨ ᠤᠤᠯ ᠬᠡᠪ᠎ᠢᠶᠠᠨ ᠬᠠᠳᠠᠭᠠᠯᠠᠨ ᠰᠦᠨᠳᠡᠷᠯᠡᠵᠤ ᠪᠤᠢ᠃ ᠮᠦᠨ ᠴᠦ᠍ ᠬᠤᠳᠠ᠎ᠶ᠋ᠢᠨ ᠭᠠᠳᠠᠨᠠᠬᠢ ᠲᠠᠯ᠎ᠠ ᠭᠠᠵᠠᠷ᠎ᠢᠶᠠᠷ ᠬᠤᠳᠠ᠎ᠶ᠋ᠢᠨ ᠠᠷᠠᠳ᠎ᠤᠳ᠎ᠤᠨ ᠲᠠᠷᠢᠶᠠᠯᠠᠵᠤ ᠪᠠᠢᠭ᠍ᠰᠠᠨ᠂ ᠤᠰᠤᠨ ᠰᠤᠪᠠᠭ᠎ᠤᠳ᠎ᠤᠨ ᠤᠷᠤ ᠮᠦᠷ ᠪᠠᠰᠠ ᠲᠤᠳᠤᠷᠬᠠᠢ ᠬᠠᠷᠠᠭ᠍ᠳᠠᠵᠤ ᠪᠠᠢᠳᠠᠭ᠃

ᠦᠪᠦᠷ ᠮᠣᠩᠭᠤᠯ᠎ᠳᠤ ᠪᠠᠰᠠ 《ᠪᠡᠭᠡᠵᠢᠩ ᠭᠦᠮᠦᠠ》 ᠎ᠯᠦᠭᠡ ᠮᠦᠴᠡᠭᠡᠷᠭᠡᠭ᠌ᠰᠡᠡ ᠳ᠋ᠠ ᠶᠣᠣ ᠬᠡᠮᠡᠭᠦ᠌ ᠰᠣᠶᠣᠯ᠎ᠤᠨ ᠪᠠᠭᠤᠷᠢ ᠪᠠᠢᠳᠠᠭ ᠶᠣᠮ ᠰᠠᠠ᠃ ᠬᠦᠬᠡᠬᠤᠳᠠ᠎ᠶ᠋ᠢᠨ ᠰᠠᠢᠬᠠᠨ ᠲᠤᠭᠤᠷᠢᠭ᠎ᠤᠨ ᠪᠤᠷᠤᠬᠤᠱᠢᠭᠤ ᠱᠢᠶᠡᠩ᠎ᠤᠨ ᠬᠠᠷᠢᠶᠠᠨ᠎ᠳᠤ ᠪᠤᠢ ᠳ᠋ᠠ ᠶᠣᠣ ᠰᠣᠶᠣᠯ᠎ᠤᠨ ᠪᠠᠭᠤᠷᠢ᠎ᠶ᠋ᠢᠨ ᠭᠦᠷᠢᠶ᠎ᠠ ᠭᠡᠪᠴᠢᠶ᠎ᠠ᠂ ᠣᠯᠳᠠᠭ᠍ᠰᠠᠠ ᠡᠳ᠋ ᠵᠦᠢᠯᠡᠰ᠂ ᠦᠢᠯᠡᠳᠦᠭ᠌ᠰᠡᠡ ᠪᠠᠭᠠᠵᠢ ᠵᠡᠪᠰᠡᠭ ᠵᠡᠷᠭᠡ᠎ᠨᠢ ᠪᠦᠷ ᠣᠯᠣᠰ᠎ᠤᠨ ᠳᠣᠳᠣᠭᠠᠳᠣ ᠭᠠᠳᠠᠭᠠᠳᠣ᠎ᠳᠤ ᠠᠯᠳᠠᠷᠱᠢᠬ᠍ᠰᠠᠠ ᠵᠸᠦ ᠺᠸᠦ ᠳ᠋ᠢᠶᠠᠠ᠎ᠤ 《ᠪᠡᠭᠡᠵᠢᠩ ᠭᠦᠮᠦᠠ》 ᠎ᠤ ᠰᠣᠶᠣᠯ᠎ᠠᠴᠠ ᠢᠯᠡᠭᠦᠦ ᠪᠦᠷᠢᠠ ᠳᠡᠭᠦᠰ ᠬᠡᠮᠡᠭ᠌ᠳᠡᠳᠡᠭ᠃ ᠠᠳᠡ ᠬᠠᠭᠤᠴᠢᠠ ᠴᠢᠯᠠᠭᠤᠠ ᠵᠡᠪᠰᠡᠭ᠎ᠤᠨ ᠦᠶ᠎ᠠ᠎ᠶ᠋ᠢᠨ ᠡᠷᠳᠡ ᠦᠶ᠎ᠡ᠎ᠠᠴᠠ ᠱᠢᠨ᠎ᠠ ᠴᠢᠯᠠᠭᠤᠠ ᠵᠡᠪᠰᠡᠭ᠎ᠤᠨ ᠦᠶ᠎ᠠ᠎ᠶ᠋ᠢᠨ 5 ᠬᠤᠭᠤᠴᠠᠭ᠎ᠠ᠎ᠶ᠋ᠢᠨ ᠪᠠᠯᠠᠷ ᠡᠷᠳᠡᠡ᠎ᠤ ᠨᠡᠢᠭᠡᠮ᠎ᠤᠨ ᠰᠣᠶᠣᠯ᠎ᠢ ᠪᠦᠷᠢᠠ ᠳᠦᠭᠦᠷ ᠬᠠᠳᠠᠭᠠᠯᠠᠵᠤ ᠪᠠᠢᠳᠠᠭ᠃

ᠪᠦᠷᠢᠳᠭᠡᠯ᠎ᠢᠶᠠᠷ᠂ ᠮᠠᠨ᠎ᠤ ᠣᠷᠣᠨ᠎ᠳᠤ ᠡᠯ᠎ᠡ ᠲᠥᠷᠥᠯ᠎ᠤᠨ ᠲᠡᠤᠬᠡ ᠰᠤᠶᠤᠯ᠎ᠤᠨ ᠪᠠᠭᠤᠷᠢ ᠦᠯᠡᠳᠡᠭ᠌ᠳᠡᠯ 2.1 ᠲᠦᠮᠡ ᠭᠠᠷᠤᠶ ᠪᠠᠢᠨ᠎ᠠ᠃ ᠡᠬᠦᠨ᠎ᠳᠤ᠂ ᠬᠠᠭᠤᠴᠢᠨ ᠴᠢᠯᠠᠭᠤᠨ ᠵᠡᠪᠰᠡᠭ᠎ᠤᠨ ᠦᠶ᠎ᠡ᠎ᠶ᠋ᠢᠨ ᠪᠠᠭᠤᠷᠢ 30 ᠭᠠᠷᠤᠶ᠂ ᠬᠦᠷᠡᠯ ᠵᠡᠪᠰᠡᠭ᠎ᠤᠨ ᠦᠶ᠎ᠡ᠎ᠶ᠋ᠢᠨ ᠪᠠᠭᠤᠷᠢ 5000 ᠭᠠᠷᠤᠶ᠂ ᠴᠢᠨ᠂ ᠬᠠᠨ᠂ ᠸᠧᠶ ᠤᠯᠤᠰ᠎ᠤᠨ ᠦᠶ᠎ᠡ᠎ᠶ᠋ᠢᠨ ᠶᠡᠭᠡ ᠪᠠᠭ᠎ᠠ ᠬᠤᠲᠠ ᠪᠠᠯᠭᠠᠰᠤ᠎ᠶ᠋ᠢᠨ ᠪᠠᠭᠤᠷᠢ 40 ᠭᠠᠷᠤᠶ᠂ ᠰᠦᠶ ᠳᠠᠩ᠎ᠤᠨ ᠦᠶ᠎ᠡ᠎ᠶ᠋ᠢᠨ ᠪᠠᠭᠤᠷᠢ ᠦᠯᠡᠳᠡᠭ᠌ᠳᠡᠯ 300 ᠭᠠᠷᠤᠶ᠂ ᠯᠢᠶᠣᠤ᠂ ᠶ᠋ᠢᠨ᠂ ᠶᠤᠸᠠᠨ ᠤᠯᠤᠰ᠎ᠤᠨ ᠲᠡᠤᠬᠡ᠎ᠶ᠋ᠢᠨ ᠳᠤᠷᠠᠰᠭᠠᠯᠲᠤ ᠵᠦᠶᠯᠡᠰ 11000 ᠭᠠᠷᠤᠶ ᠪᠠᠢᠵᠦ᠍᠂ ᠣᠳᠣᠨ ᠮᠡᠴᠢᠳ ᠱᠢᠭ ᠲᠦᠭᠡᠭ᠌ᠰᠡᠨ ᠪᠠᠭᠤᠷᠢ ᠦᠯᠡᠳᠡᠭ᠌ᠳᠡᠯ᠎ᠨᠢ ᠲᠠᠯ᠎ᠠ ᠨᠤᠳᠤᠭ᠎ᠤᠨ ᠪᠤᠯᠪᠠᠰᠤᠨ᠎ᠤ ᠤᠯᠪᠠᠭ᠎ᠠ᠎ᠶ᠋ᠢ ᠬᠦᠦᠷᠨᠢᠨ ᠪᠠᠢᠨ᠎ᠠ᠃


222.jpg


ᠬᠠᠷ᠎ᠠ ᠬᠤᠳᠠ᠎ᠶ᠋ᠢᠨ ᠪᠠᠭᠤᠷᠢ



ᠲᠦᠮᠡᠨ᠎ᠤ ᠬᠦᠷᠳᠡᠬᠡᠯ ᠪᠤᠯᠤᠬ᠍ᠰᠠᠨ ᠰᠤᠶᠤᠯ᠎ᠤᠨ ᠦᠪ

ᠦᠨᠦᠳᠦᠷ᠂ ᠦᠪᠦᠷ ᠮᠤᠩᠭᠤᠯ᠎ᠤᠨ ᠡᠯᠪᠡᠭ ᠪᠡᠶᠠᠯᠢᠭ ᠦᠪ ᠰᠤᠶᠤᠯ᠂ ᠪᠤᠭᠤᠷᠤᠯ ᠲᠡᠤᠬᠡ᠎ᠶ᠋ᠢᠨ ᠢᠮ ᠲᠠᠮᠠᠭ᠎ᠠ ᠪᠤᠯᠤᠬ᠍ᠰᠠᠨ ᠪᠠᠭᠤᠷᠢ ᠦᠯᠡᠳᠡᠭ᠌ᠳᠡᠯ᠎ᠤᠳ ᠰᠤᠶᠤᠯ ᠵᠢᠭᠤᠯᠴᠢᠯᠡᠯ᠎ᠤᠨ ᠲᠠᠷᠬᠠᠨ ᠤᠷᠤᠨ ᠪᠤᠯᠵᠦ᠍ ᠲᠠᠶᠠᠩ᠎ᠤᠨ ᠲᠠᠭᠠᠱᠢᠶᠠᠯ ᠰᠤᠨᠢᠷᠬᠠᠯ᠎ᠳᠤ ᠬᠦᠷᠦᠨ᠎ᠡ᠃

ᠵᠢᠯ ᠪᠦᠷᠢ᠎ᠶ᠋ᠢᠨ ᠵᠤᠨ᠎ᠤ ᠤᠯᠠᠷᠢᠯ ᠪᠤᠯ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ᠎ᠶ᠋ᠢᠨ ᠵᠢᠭᠤᠯᠴᠢᠯᠠᠯ᠎ᠤᠨ ᠤᠷᠬᠢᠯ ᠪᠤᠯᠳᠠᠬ᠃ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ᠎ᠶ᠋ᠢᠨ ᠲᠡᠷᠭᠡᠳᠡ ᠪᠠᠢᠭᠤᠯᠤᠬ᠍ᠰᠠᠨ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ᠎ᠶ᠋ᠢᠨ ᠮᠦᠽᠸᠢ᠎ᠨᠢ ᠮᠤᠩᠭᠤᠯ ᠶᠤᠸᠠᠨ᠎ᠤ ᠰᠤᠶᠤᠯ᠎ᠢ ᠨᠡᠩ ᠴᠤ᠌ ᠤᠯᠠᠨ ᠲᠠᠯ᠎ᠠ᠎ᠠᠴᠠ ᠬᠠᠷᠠᠭᠤᠯᠤᠨ᠎ᠠ᠃ ᠠᠳᠡ ᠬᠠᠳᠠᠭᠠᠯᠬᠠᠳᠠᠵᠤ ᠪᠠᠢᠭ᠎ᠠ ᠲᠡᠥᠭᠡ᠎ᠶ᠋ᠢᠨ ᠲᠤᠷᠠᠰᠭᠠᠯᠳᠤ ᠵᠥᠢᠯᠡᠰ᠎ᠨᠢ ᠶᠤᠸᠠᠨ ᠬᠥᠷᠥᠨ᠎ᠤ ᠮᠠᠨᠳᠤᠯ ᠬᠥᠭ᠌ᠵᠢᠯ᠎ᠤᠨ ᠲᠡᠥᠭᠡᠨ ᠱᠢᠵᠢᠷ ᠬᠢᠯᠪᠠᠭ᠎ᠠ᠎ᠶ᠋ᠢ ᠲᠠᠬᠢᠨ ᠢᠯᠡᠷᠡᠬᠦᠯᠵᠤ᠂ ᠶᠤᠸᠠᠨ ᠬᠥᠷᠥᠨ᠎ᠤ ᠤᠯᠤᠰ ᠲᠥᠷᠤ᠂ ᠴᠡᠷᠢᠭ ᠲᠠᠢᠠ᠂ ᠠᠵᠤ ᠠᠬᠤᠢ ᠵᠡᠷᠭᠡ ᠤᠯᠠᠨ ᠲᠥᠷᠥᠯ᠎ᠤᠨ ᠰᠤᠶᠤᠯ᠎ᠤᠨ ᠠᠭᠤᠰᠤᠯᠴᠠᠯ᠂ ᠤᠯᠠᠨ ᠥᠨᠳᠥᠰᠥᠳᠡᠨ᠎ᠲᠠᠢ ᠨᠢᠭᠡᠳᠥᠮᠠᠯ ᠤᠯᠤᠰ᠎ᠢ ᠪᠠᠢᠭᠤᠯᠥᠠᠠᠰᠠᠠ ᠵᠡᠷᠭᠡ ᠪᠤᠳᠠᠳᠤ ᠲᠠᠥᠭᠡᠨ ᠭᠡᠷᠡᠴᠢ᠎ᠶ᠋ᠢ ᠤᠳᠤᠬᠢ ᠬᠥᠮᠥᠰ᠎ᠲᠤ ᠨᠡᠩ ᠠᠮᠢᠳᠤᠯᠢᠬ᠎ᠢᠶᠠᠷ ᠲᠡᠯᠭᠡᠨ ᠦᠵᠡᠬᠦᠯᠦᠨ᠎ᠡ᠃ ᠤᠢᠯᠠᠭᠠᠭ᠍ᠰᠠᠨ᠎ᠢᠶᠠᠷ᠂ ᠤᠷᠴᠢᠮ᠎ᠤᠨ ᠬᠤᠶᠠᠷ ᠵᠢᠯ ᠶᠤᠸᠠᠨ᠎ᠤ ᠲᠡᠭᠡᠳᠤ ᠨᠡᠢᠰᠯᠡᠯ᠎ᠤᠨ ᠪᠠᠭᠤᠷᠢ᠎ᠶ᠋ᠢᠨ ᠮᠦᠽᠸᠢ᠎ᠶ᠋ᠢᠨ ᠨᠥᠯᠥᠭᠡᠯᠡᠬᠦ᠌ ᠬᠥᠴᠥᠨ ᠪᠠ ᠨᠡᠷ᠎ᠠ ᠠᠯᠳᠠᠷᠱᠢᠯ ᠲᠠᠰᠤᠷᠠᠯᠳᠠ ᠥᠭᠡᠢ ᠲᠡᠭᠡᠭ᠌ᠰᠢᠯᠡᠵᠦ᠍᠂ ᠵᠢᠯ ᠲᠤᠮᠳᠠᠴᠢ᠎ᠪᠠᠷ 20 ᠲᠥᠮᠡᠨ ᠬᠥᠮᠥᠨ ᠤᠳᠠᠭ᠎ᠠ᠎ᠶ᠋ᠢᠨ ᠵᠢᠭᠤᠯᠴᠢᠯᠠᠭ᠍ᠰᠠᠤᠨ᠎ᠢ ᠬᠥᠯᠢᠶᠡᠨ ᠵᠤᠴᠢᠯᠠᠵᠤ ᠪᠠᠢᠨ᠎ᠠ᠃

ᠤᠯᠠᠭᠠᠨᠬᠠᠳᠠ ᠬᠤᠳᠠ 2006 ᠤᠨ᠎ᠠᠴᠠ ᠡᠬᠢᠯᠡᠨ ᠤᠯᠠᠭᠠᠨ ᠬᠠᠳᠠ ᠰᠤᠶᠤᠯ ᠵᠢᠭᠤᠯᠴᠢᠯᠡᠯ᠎ᠤᠨ ᠨᠡᠢᠷ᠎ᠢ ᠡᠬᠦᠰᠭᠡᠨ ᠪᠠᠢᠭᠤᠯᠵᠦ᠍᠂ ᠤᠯᠠᠭᠠᠨ ᠬᠠᠳᠠ ᠰᠤᠶᠤᠯ᠎ᠤᠨ ᠨᠡᠷᠡᠳᠦ ᠲᠡᠮᠳᠡᠭ᠎ᠢ ᠡᠬᠦᠳᠴᠡᠢ᠃ ᠤᠯᠠᠭᠠᠨ ᠬᠠᠳᠠ ᠰᠤᠶᠤᠯ᠎ᠤᠨ ᠦᠵᠡᠬᠦᠯᠭᠡ᠎ᠶ᠋ᠢᠨ ᠲᠦᠪ᠎ᠨᠢ ᠲᠠᠭᠤ ᠭᠡᠷᠡᠯ ᠵᠡᠷᠬᠡ ᠤᠳᠤᠬᠢᠴᠢᠯᠠᠬ᠍ᠰᠠᠨ ᠱᠢᠨ᠎ᠠ ᠮᠡᠷᠬᠡᠵᠢᠯ᠎ᠢ ᠠᠱᠢᠬ᠍ᠯᠠᠨ᠂ ᠤᠯᠠᠭᠠᠨ ᠬᠠᠳᠠ ᠰᠤᠶᠤᠯ᠎ᠤᠨ ᠰᠤᠳᠤᠯᠭᠠᠨ᠎ᠤ ᠦᠷ᠎ᠠ ᠪᠦᠳᠦᠬᠡᠯ ᠵᠢᠴᠢ ᠲᠡᠬᠦᠨ᠎ᠤ ᠲᠡᠤᠭᠡ ᠭᠠᠷᠪᠠᠯᠢ᠎ᠶ᠋ᠢ ᠬᠦᠮᠦᠰ᠎ᠲᠤ ᠲᠠᠨᠢᠯᠴᠠᠭᠤᠯᠵᠦ᠍ ᠪᠤᠢ᠃ ᠲᠡᠷᠡ᠎ᠨᠢ ᠮᠦᠨ ᠤᠯᠤᠰ᠎ᠤᠨ ᠲᠤᠳᠤᠭᠠᠳᠦ᠎ᠶ᠋ᠢᠨ ᠤᠯᠠᠭᠠᠨ ᠬᠠᠳᠠ ᠰᠤᠶᠤᠯ᠎ᠤᠨ ᠲᠤᠰᠭᠠᠢ ᠰᠡᠳᠦᠪᠳᠦ ᠤᠤᠭᠠᠨ ᠮᠦᠽᠸᠢ ᠪᠠᠢᠵᠦ᠍᠂ ᠤᠯᠠᠭᠠᠨ ᠬᠠᠳᠠ ᠰᠤᠶᠤᠯ᠎ᠢ ᠬᠠᠮᠠᠭᠠᠯᠠᠬᠤ ᠤᠯᠠᠮᠵᠢᠯᠠᠬᠤ᠂ ᠤᠯᠠᠨ ᠨᠡᠢᠳᠡ᠎ᠶ᠋ᠢᠨ ᠤᠷᠤᠯᠴᠠᠭ᠎ᠠ᠎ᠶ᠋ᠢ ᠦᠷᠭᠡᠳᠭᠡᠬᠦ᠌ ᠴᠢᠬᠤᠯᠠ ᠴᠤᠩᠬᠤᠪᠴᠢ ᠪᠤᠯᠵᠦ᠍ ᠪᠠᠢᠨ᠎ᠠ᠃

ᠮᠠᠨ᠎ᠤ ᠤᠷᠤᠨ ᠪᠠᠰᠠ ᠡᠯᠪᠡᠭ ᠪᠠᠶᠠᠯᠢᠭ ᠬᠢᠳᠡᠨ ᠰᠤᠶᠤᠯ᠎ᠤᠨ ᠪᠠᠭᠤᠷᠢ ᠦᠯᠡᠳᠡᠭ᠌ᠳᠠᠯ᠎ᠢ ᠠᠱᠢᠬ᠍ᠯᠠᠨ᠂ ᠬᠢᠳᠡᠨ᠎ᠤ ᠰᠤᠶᠤᠯ᠎ᠤᠨ ᠠᠵᠦ᠍ ᠦᠢᠯᠡᠰ᠎ᠤᠨ ᠬᠦᠷᠢᠶᠡᠯᠡᠩ᠂ ᠯᠢᠶᠤᠤ ᠤᠯᠤᠰ᠎ᠤᠨ ᠲᠡᠭᠡᠳᠦ ᠨᠡᠢᠰᠯᠠᠯ᠎ᠤᠨ ᠬᠠᠭᠤᠴᠢ ᠰᠤᠳᠤᠯᠤᠯ᠎ᠤᠨ ᠴᠡᠴᠡᠷᠯᠢᠭ᠂ ᠯᠢᠶᠤᠤ ᠤᠯᠤᠰ᠎ᠤᠨ ᠬᠠᠭᠠᠳ᠎ᠤᠨ ᠤᠡᠭ᠌ᠭᠤᠨ᠂ ᠵᠧᠨ ᠵᠶ᠋ᠢ ᡁᠢ ᠰᠧ ᠬᠡᠢᠳ ᠵᠢᠴᠢ ᠪᠤᠰᠤᠳ ᠪᠠᠭᠤᠷᠢ ᠦᠯᠡᠳᠡᠭ᠌ᠳᠡᠯ᠎ᠢ ᠨᠢᠬᠡ ᠴᠤᠬ᠍ᠴᠠᠵᠢᠭᠤᠯᠤᠨ ᠨᠡᠬᠡᠬᠡᠯᠳᠡ ᠬᠢᠵᠦ᠍᠂ ᠬᠠᠭᠤᠴᠢ ᠰᠤᠳᠤᠯᠤᠯ᠂ ᠪᠠᠭᠤᠷᠢ ᠦᠯᠡᠳᠡᠭ᠌ᠳᠡᠯ᠎ᠤᠨ ᠬᠠᠮᠠᠭᠠᠯᠠᠯᠳᠠ᠂ ᠰᠡᠯᠡᠬᠦᠴᠡᠯ ᠵᠤᠭᠠᠴᠠᠯ᠎ᠢ ᠤᠶᠠᠯᠳᠤᠭᠤᠯᠤᠭ᠍ᠰᠠᠨ ᠤᠷᠤᠨ ᠨᠤᠳᠤᠭ᠎ᠤᠨ ᠴᠢᠨᠡᠷᠳᠡᠢ ᠦᠨᠳᠦᠷ ᠲᠦᠪᠱᠢᠨ᠎ᠤ ᠬᠢᠳᠡᠨ ᠰᠤᠶᠤᠯ᠎ᠤᠨ ᠠᠵᠦ᠍ ᠦᠢᠯᠡᠰ᠎ᠤᠨ ᠴᠤᠬ᠍ᠯᠠᠷᠡᠯ ᠪᠤᠶᠤ ᠵᠢᠭᠤᠯᠴᠢᠯᠠᠯ᠎ᠤᠨ ᠨᠡᠷᠡᠳᠦ ᠲᠡᠮᠳᠡᠭ᠎ᠢ ᠡᠬᠦᠳᠴᠦ᠍ ᠪᠠᠢᠨ᠎ᠠ᠃


333.jpg


ᠯᠢᠶᠤᠤ᠎ᠶ᠋ᠢᠨ ᠲᠡᠭᠡᠳᠤ ᠨᠠᠢᠰᠯᠠᠯ᠎ᠤᠨ ᠪᠠᠭᠤᠷᠢ



ᠬᠠᠷ᠎ᠠ ᠬᠤᠳᠠ᠎ᠶ᠋ᠢᠨ ᠪᠠᠭᠤᠷᠢ ᠡᠵᠡᠨ᠎ᠡ ᠨᠤᠳᠤᠭ᠎ᠤᠨ ᠰᠤᠶᠤᠯ ᠵᠢᠭᠤᠯᠴᠢᠯᠠᠯ᠎ᠤᠨ ᠭᠤᠤᠯ ᠤᠷᠤᠨ ᠮᠦᠨ᠃ ᠡᠵᠡᠨ᠎ᠡ ᠬᠤᠱᠢᠭᠤ ᠣᠳᠦᠭᠢᠴᠢᠯᠬᠠᠰᠠᠨ ᠳᠡᠭᠡᠲᠦ ᠱᠢᠨ᠎ᠡ ᠮᠡᠷᠭᠡᠵᠢᠯ᠎ᠢᠶᠠᠷ ᠳᠡᠯᠡᠬᠡᠢ᠎ᠳᠤ ᠠᠯᠳᠠᠷᠲᠠᠢ ᠡᠷᠲᠡᠨ᠎ᠤ ᠬᠠᠷ᠎ᠠ ᠬᠤᠲᠡ᠎ᠶ᠋ᠢᠨ ᠪᠠᠭᠤᠷᠢ᠎ᠶ᠋ᠢᠨ ᠰᠣᠶᠣᠯ ᠵᠢᠭᠤᠯᠴᠢᠯᠠᠯ᠎ᠤᠨ ᠪᠠᠶᠠᠴᠢᠯᠠᠨ ᠣᠢᠯᠠᠭᠠᠬᠤ ᠬᠦᠷᠢᠶᠠᠯᠠᠩ᠎ᠢ ᠡᠬᠢᠯᠡᠨ ᠪᠠᠢᠭᠤᠯᠵᠦ᠍᠂ ᠤᠳᠤ ᠱᠢᠨ᠎ᠡ᠎ᠪᠠᠷ 《ᠰᠡᠷᠭᠦᠭᠡᠬᠦ᠌》 ᠠᠵᠢᠯ ᠱᠢᠪᠳᠤᠷᠭᠠᠨ᠎ᠳᠠᠭᠠᠨ ᠤᠷᠤᠵᠦ᠍ ᠪᠠᠢᠨ᠎ᠠ᠃ ᠡᠨᠡ ᠬᠦ᠌ ᠬᠥᠷᠢᠶᠡᠯᠡᠩ᠎ᠨᠢ ᠲᠣᠭᠠᠴᠢᠯᠬᠠᠰᠠᠨ ᠮᠡᠷᠭᠡᠵᠢᠯ᠎ᠢᠶᠠᠷ᠂ ᠬᠠᠷ᠎ᠠ ᠬᠤᠲᠡ᠎ᠶ᠋ᠢᠨ ᠴᠡᠴᠡᠭ᠌ᠯᠡᠨ ᠬᠦᠭ᠌ᠵᠢᠭ᠌ᠰᠡᠨ ᠬᠤᠭᠤᠴᠠᠭᠠᠨ᠎ᠤ ᠬᠤᠳᠠᠯᠳᠣᠭᠠᠨ᠎ᠤ ᠵᠠᠬᠡᠯᠢ ᠬᠢᠭᠡᠳ ᠬᠤᠲᠡ᠎ᠶ᠋ᠢᠨ ᠲᠦᠷᠢ ᠲᠦᠷᠬᠦ᠌᠎ᠶ᠋ᠢ ᠠᠮᠢᠯᠠᠭᠤᠯᠣᠨ ᠰᠡᠷᠭᠦᠭᠡᠵᠦ᠍᠂ ᠪᠠᠷᠠᠭᠤᠨ ᠳᠡᠩᠭᠤᠳ ᠪᠠ ᠶᠣᠸᠠᠨ ᠣᠯᠣᠰ᠎ᠤᠨ ᠲᠡᠦᠬᠡ᠎ᠶ᠋ᠢ ᠳᠡᠬᠢᠨᠲᠡ ᠳᠡᠯᠬᠡᠨ᠂ ᠰᠣᠶᠣᠯ ᠲᠡᠦᠬᠡ᠂ ᠵᠤᠭ᠎ᠠ ᠴᠡᠩᠭᠡᠬᠦᠨ᠂ ᠠᠮᠠᠷᠠᠯᠳᠠ ᠰᠡᠯᠡᠬᠦᠴᠡᠯ᠂ ᠪᠠᠶᠠᠲᠡᠨ ᠣᠢᠯᠠᠭᠠᠬᠤ᠂ ᠡᠷᠲᠡᠮ ᠱᠢᠨᠵᠢᠯᠡᠭᠡᠨ᠎ᠢ ᠨᠢᠭᠡ ᠴᠣᠠᠨᠴᠠᠵᠢᠭᠤᠯᠣᠠᠨᠰᠠᠨ ᠰᠣᠶᠣᠯ᠎ᠤᠨ ᠲᠦᠪ ᠪᠣᠯᠭᠠᠨ ᠪᠦᠳᠦᠭᠡᠨ ᠪᠠᠢᠭᠤᠯᠵᠦ᠍ ᠪᠠᠢᠨ᠎ᠠ᠃

ᠪᠤᠷᠤᠳᠤᠬᠤᠢ᠎ᠶ᠋ᠢᠨ ᠰᠤᠶᠤᠯ ᠪᠤᠯ ᠲᠦᠮᠡᠳ᠂ ᠤᠷᠳᠤᠰ᠂ ᠪᠠᠶᠠᠨᠨᠠᠭᠤᠷ ᠵᠡᠷᠬᠡ ᠭᠠᠵᠠᠷ ᠤᠷᠤᠨ᠎ᠢ ᠬᠠᠮᠤᠷᠤᠬ᠍ᠰᠠᠨ ᠲᠤᠮᠤᠬᠠᠨ ᠬᠡᠪᠴᠢᠶᠡᠨ᠎ᠤ ᠭᠠᠵᠠᠷ ᠤᠷᠤᠨ᠎ᠤ ᠰᠤᠶᠤᠯ᠎ᠤᠨ ᠱᠢᠰᠲᠧᠮ ᠪᠠᠢᠵᠦ᠍᠂ ᠡᠯᠪᠡᠭ ᠪᠠᠶᠠᠯᠢᠭ ᠰᠤᠶᠤᠯ᠎ᠤᠨ ᠦᠯᠡᠳᠡᠭ᠌ᠳᠡᠯ᠂ ᠦᠪᠡᠷᠮᠢᠴᠡ ᠭᠤᠢᠳᠠ ᠲᠠᠯ᠎ᠠ ᠨᠤᠳᠤᠭ᠎ᠤᠨ ᠦᠵᠡᠮᠵᠢ᠎ᠪᠠᠷ ᠦᠪᠡᠷᠮᠢᠴᠡ ᠰᠤᠶᠤᠯ ᠵᠢᠭᠤᠯᠴᠢᠯᠡᠯ᠎ᠤᠨ ᠡᠬᠢ ᠪᠠᠶᠠᠯᠢᠭ᠎ᠢ ᠪᠦᠷᠢᠯᠳᠦᠬᠦᠯᠵᠡᠢ᠃ ᠪᠠᠶᠠᠨᠨᠠᠭᠤᠷ ᠬᠤᠳᠠ᠎ᠶ᠋ᠢᠨ ᠯᠢᠨ ᠾᠧ ᠲᠤᠭᠤᠷᠢᠭ᠎ᠲᠤ ᠪᠠᠢᠷᠢᠯᠠᠳᠠᠬ ᠬᠠᠳᠤᠨ ᠭᠤᠤᠯ᠎ᠤᠨ ᠪᠤᠷᠤᠳᠤᠬᠤᠢ᠎ᠶ᠋ᠢᠨ ᠰᠤᠶᠤᠯ ᠵᠢᠭᠤᠯᠴᠢᠯᠡᠯ᠎ᠤᠨ ᠭᠠᠵᠡᠷ ᠪᠤᠯ ᠤᠯᠤᠰ᠎ᠤᠨ 4A ᠲᠡᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠤᠷᠤᠨ ᠪᠦᠬᠡᠳ ᠦᠪᠡᠷᠳᠡᠭᠡᠨ ᠵᠠᠰᠠᠬᠤ ᠤᠷᠤᠨ᠎ᠠᠴᠠ ᠭᠤᠤᠯᠳᠠᠯᠭ᠎ᠠ᠎ᠲᠠᠢ ᠬᠦᠭ᠌ᠵᠢᠬᠦᠯᠵᠦ᠍ ᠪᠠᠢᠭ᠎ᠠ 15 ᠨᠡᠷᠡᠳᠦ ᠦᠵᠡᠮᠵᠢ᠎ᠶ᠋ᠢᠨ ᠤᠷᠤᠨ᠎ᠤ ᠨᠢᠬᠡ ᠪᠤᠯᠤᠨ᠎ᠠ᠃ ᠲᠡᠷᠡ᠎ᠨᠢ ᠪᠤᠷᠤᠳᠤᠬᠤᠢ᠎ᠶ᠋ᠢᠨ ᠰᠤᠶᠤᠯ᠎ᠢ ᠲᠤᠭᠤᠷᠢᠨ ᠰᠤᠨᠢᠷᠬᠠᠬᠤ ᠲᠤᠭᠤᠷᠢᠭ᠂ ᠪᠤᠷᠤᠳᠤᠬᠤᠢ᠎ᠶ᠋ᠢᠨ ᠰᠤᠶᠤᠯ᠎ᠢ ᠪᠡᠶᠡᠳᠡᠨ ᠤᠢ᠍ᠢᠯᠠᠭᠠᠬᠤ ᠲᠤᠭᠤᠷᠢᠭ᠂ ᠪᠤᠷᠤᠳᠤᠬᠤᠢ᠎ᠶ᠋ᠢᠨ ᠰᠤᠶᠤᠯ᠎ᠤᠨ ᠰᠡᠯᠡᠬᠦᠴᠡᠨ ᠠᠮᠠᠷᠠᠬᠤ ᠲᠤᠭᠤᠷᠢᠭ ᠵᠡᠷᠬᠡ ᠰᠤᠶᠤᠯ ᠵᠢᠭᠤᠯᠴᠢᠯᠠᠯ᠎ᠤᠨ ᠦᠷᠬᠡᠨ ᠦᠢᠯᠡᠴᠢᠯᠡᠭᠡ᠎ᠲᠠᠢ ᠪᠠᠢᠵᠦ᠍᠂ ᠤᠯᠤᠰ᠎ᠤᠨ ᠲᠤᠳᠤᠭᠠᠳᠦ ᠭᠠᠳᠠᠭᠠᠳᠦ᠎ᠶ᠋ᠢᠨ ᠵᠤᠭᠠᠴᠠᠭ᠍ᠰᠠᠳ᠎ᠤᠨ ᠠᠩᠬᠠᠷᠤᠯ᠎ᠢ ᠶᠡᠬᠡᠪᠡᠷ ᠲᠠᠳᠡᠵᠦ᠍ ᠪᠠᠢᠨ᠎ᠠ᠃

ᠦᠪᠦᠷ ᠮᠤᠩᠭᠤᠯ᠂ ᠡᠴᠢᠨ᠎ᠡ ᠨᠢᠭᠤᠴᠠᠭᠠᠢ ᠤᠯᠠᠨ ᠡᠱᠢᠳᠦ ᠰᠤᠶᠤᠯ᠎ᠤᠨ ᠡᠬᠢ ᠪᠠᠶᠠᠯᠢᠬ᠎ᠢᠶᠠᠷ᠎ᠢᠶᠠᠨ ᠲᠦᠷᠪᠡᠨ ᠵᠦᠭ᠎ᠤᠨ ᠵᠢᠭᠤᠯᠴᠢᠯᠠᠬ᠍ᠰᠠᠳ᠎ᠢ ᠡᠷᠭᠡ ᠦᠭᠡᠢ ᠲᠠᠳᠠᠨ᠎ᠠ᠃

(ᠭᠡᠷᠡᠯ ᠵᠢᠷᠤᠭ᠎ᠢ ᠰᠤᠷᠪᠤᠯᠵᠢᠯᠠᠬ᠍ᠴᠢ ᠪᠢᠯᠢᠭ᠌ᠲᠦ ᠰᠡᠬᠦᠳᠡᠷᠯᠡᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号