ᠦᠪᠦᠷ ᠮᠤᠩᠭᠤᠯ᠎ᠤᠨ ᠲᠠᠭᠤᠤ ᠤᠷᠠᠯᠢᠭ᠎ᠤᠨ ᠠᠮᠢᠨ ᠭᠤᠷᠪᠠᠨ ᠰᠠᠬᠢᠶ᠎ᠠ
2020-09-19 12:06:07
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

 



ᠦᠪᠦᠷ ᠮᠤᠩᠭᠤᠯ᠎ᠤᠨ ᠲᠡᠭ᠌ᠷᠢ᠎ᠨᠢ ᠬᠦᠭᠡ᠂ ᠲᠠᠯ᠎ᠠ᠎ᠨᠢ ᠠᠭᠤᠳᠠᠮ᠃

ᠮᠦᠩᠭᠡ ᠲᠡᠭ᠌ᠷᠢ ᠡᠩᠭᠡ ᠲᠠᠯ᠎ᠠ᠎ᠶ᠋ᠢ ᠬᠤᠯᠪᠤᠬ᠍ᠰᠠᠨ ᠤᠷᠴᠢᠯᠠᠩ᠎ᠤᠨ ᠵᠠᠢ᠎ᠳᠤ ᠤᠷᠳᠤ᠎ᠶ᠋ᠢᠨ ᠲᠠᠭᠤᠤ᠎ᠨᠢ ᠤᠶᠠᠩᠭᠠᠷᠠᠵᠦ᠍ ᠪᠠᠢᠳᠠᠭ᠃

ᠦᠪᠦᠷ ᠮᠤᠩᠭᠤᠯ᠎ᠤᠨ ᠪᠠᠢᠭᠠᠯᠢ᠎ᠨᠢ ᠴᠡᠮᠴᠡᠭᠡᠷ᠂ ᠦᠵᠡᠮᠵᠢ᠎ᠨᠢ ᠲᠡᠬᠦᠯᠳᠡᠷ᠃

ᠭᠠᠩᠭᠠᠩ ᠪᠠᠢᠭᠠᠯᠢ ᠭᠠᠯᠪᠢᠷ ᠨᠤᠲᠤᠭ᠎ᠢᠶᠠᠨ ᠠᠮᠢᠵᠢᠷᠠᠭᠤᠯᠤᠨ ᠭᠠᠢᠬᠠᠮᠱᠢᠬ᠍ᠳᠤ ᠬᠦᠬᠡᠮᠡᠢ᠎ᠨᠢ ᠢᠰᠭᠢᠷᠴᠤ᠌ ᠪᠠᠢᠳᠠᠬ᠃

ᠦᠪᠦᠷ ᠮᠤᠩᠭᠤᠯ᠎ᠤᠨ ᠰᠠᠯᠬᠢᠨ᠎ᠨᠢ ᠡᠶᠡᠪᠡᠷᠬᠦᠦ᠂ ᠨᠠᠷᠠ᠎ᠨᠢ ᠲᠤᠩᠭᠠᠯᠠᠬ᠃

ᠲᠡᠭ᠌ᠷᠢ᠎ᠶ᠋ᠢᠨ ᠰᠠᠯᠬᠢ ᠭᠠᠵᠠᠷ᠎ᠤᠨ ᠰᠠᠪᠳᠠᠭ᠎ᠢᠶᠠᠨ ᠤᠶᠠᠷᠠᠭᠤᠯᠤᠨ ᠮᠤᠷᠢᠨ ᠬᠤᠭᠤᠷ᠎ᠨᠢ ᠡᠭᠡᠱᠢᠭ᠌ᠯᠡᠵᠦ᠍ ᠪᠠᠢᠳᠠᠬ᠃

ᠤᠷᠴᠢᠯᠠᠩ᠂ ᠪᠠᠢᠭᠠᠯᠢ᠂ ᠲᠡᠯᠡᠬᠡᠢ᠎ᠶ᠋ᠢ ᠠᠮᠢᠨ ᠭᠤᠷᠪᠠᠨ ᠰᠠᠬᠢᠶ᠎ᠠ ᠭᠡᠵᠦ᠍ ᠮᠤᠩᠭᠤᠯᠴᠤᠳ ᠱᠢᠳᠦᠳᠡᠭ᠃

ᠦᠪᠦᠷ ᠮᠤᠩᠭᠤᠯ᠎ᠤᠨ ᠲᠠᠭᠤᠤ ᠤᠷᠠᠯᠢᠬ᠎ᠤᠨ ᠠᠮᠢᠨ ᠭᠤᠷᠪᠠᠨ ᠰᠠᠬᠢᠶ᠎ᠠ᠎ᠨᠢ ᠤᠷᠳᠤ᠎ᠶ᠋ᠢᠨ ᠲᠠᠭᠤᠤ᠂ ᠬᠦᠭᠡᠮᠡᠢ᠂ ᠮᠤᠷᠢᠨ ᠬᠤᠭᠤᠷ ᠪᠤᠶᠤ᠃

ᠭᠡᠮᠵᠢᠵᠦ᠍ ᠴᠢᠳᠠᠰᠢ ᠦᠭᠡᠢ ᠤᠷᠴᠢᠯᠠᠩ᠎ᠤᠨ ᠵᠠᠢ — ᠤᠷᠳᠤ᠎ᠶ᠋ᠢᠨ ᠲᠠᠭᠤᠤ

ᠭᠦᠨᠳᠠᠵᠦ᠍ ᠪᠤᠯᠤᠰᠢ ᠦᠭᠡᠢ ᠪᠠᠢᠭᠠᠯᠢ᠎ᠶ᠋ᠢᠨ ᠭᠦᠢ — ᠬᠦᠬᠡᠮᠡᠢ

ᠭᠦᠯᠦᠭ᠎ᠤᠨ ᠬᠤᠷᠳᠦ᠎ᠲᠠᠢ ᠲᠡᠯᠡᠭᠡᠢ᠎ᠶ᠋ᠢᠨ ᠠᠢᠵᠠᠮ — ᠮᠤᠷᠢᠨ ᠬᠤᠭᠤᠷ

ᠤᠷᠳᠤ᠎ᠶ᠋ᠢᠨ ᠲᠠᠭᠤᠤ ᠱᠢᠷᠤᠩᠬᠠᠢᠯᠠᠬᠤ᠎ᠳᠤ

ᠤᠷᠴᠢᠯᠠᠩ᠎ᠤᠨ ᠵᠠᠢ ᠲᠡᠯᠡᠨ᠎ᠡ᠃

ᠬᠦᠬᠡᠮᠡᠢ᠎ᠶ᠋ᠢᠨ ᠢᠰᠭᠢᠷᠦᠯ ᠴᠤᠤᠷᠢᠶᠠᠳᠤᠬᠤ᠎ᠳᠤ

ᠪᠠᠢᠭᠠᠯᠢ᠎ᠶ᠋ᠢᠨ ᠰᠤᠨᠤᠷ ᠰᠡᠷᠭᠦᠨ᠎ᠡ᠃

ᠮᠤᠷᠢᠨ ᠬᠤᠭᠤᠷ ᠤᠶᠠᠩᠭᠠᠷᠠᠬᠤ᠎ᠳᠤ

ᠲᠡᠯᠡᠭᠡᠢ᠎ᠶ᠋ᠢᠨ ᠴᠡᠭᠡᠵᠢ ᠤᠩᠭᠤᠢᠨ᠎ᠠ᠃

 

ᠲᠦᠰᠦᠪᠯᠡᠭ᠌ᠴᠢ᠄

ᠳ᠋᠊ · ᠪᠤᠯᠤᠳ

ᠬᠦᠢᠴᠡᠳᠭᠡᠭ᠌ᠰᠡᠨ ᠲᠦᠰᠦᠪᠯᠡᠭ᠌ᠴᠢ᠄

ᠪᠢᠯᠢᠭ᠌ᠳᠦ

ᠡᠭᠡ ᠪᠢᠴᠢᠭ᠄

ᠪᠢᠯᠢᠭ᠌ᠳᠦ ᠲᠡᠷᠢᠭᠦᠨ

ᠹᠢᠯᠢᠮ ᠦᠢᠯᠡᠳᠦᠭ᠌ᠴᠢ᠄

ᠲᠡᠷᠢᠭᠦᠨ ᠠᠯᠤᠰ

 

 

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号