ᠬᠤᠷᠸ᠎ᠠ᠎ᠳᠤ ᠬᠤᠣᠰ ᠦᠭᠡᠢ ᠮᠤᠩᠭᠤᠯ ᠬᠤᠪᠴᠠᠰᠤ ᠵᠠᠰᠠᠯ
2020-09-18 10:47:57
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

 ᠥᠪᠥᠷ ᠮᠣᠩᠭᠤᠯ᠎ᠤᠨ ᠦᠨᠳᠦᠰᠦᠲᠡᠨ᠎ᠤ ᠬᠤᠪᠴᠠᠰᠤ ᠵᠠᠰᠠᠯ ᠬᠡᠭ᠌ᠴᠢ ᠬᠦᠯᠦᠨ ᠪᠤᠢᠷ᠎ᠤᠨ ᠳᠠᠯ᠎ᠠ ᠨᠤᠳᠤᠭ᠎ᠠᠴᠠ ᠬᠠᠨ ᠳᠡᠭ᠌ᠷᠢ ᠠᠯᠠᠱᠠ ᠬᠦᠷᠳᠡᠯ᠎ᠡ ᠴᠡᠴᠡᠭ ᠮᠡᠳᠦ ᠮᠢᠷᠠᠯᠵᠠᠵᠤ ᠬᠠᠷᠠᠭ᠍ᠰᠠᠨ ᠪᠦᠬᠦᠨ᠎ᠤ ᠬᠠᠷᠠᠭ᠎ᠠ᠎ᠶ᠋ᠢ ᠮᠢᠯᠢᠶᠠᠨ᠎ᠡ᠃ ᠬᠤᠪᠴᠠᠰᠤ ᠵᠠᠰᠠᠯ᠎ᠢ ᠨᠢᠬᠡ ᠦᠨᠳᠦᠰᠦᠳᠡᠨ᠎ᠤ ᠰᠤᠶᠤᠯ᠎ᠤᠨ ᠨᠡᠪᠳᠡᠷᠬᠡᠢ ᠳᠤᠯᠢ ᠬᠡᠵᠦ᠍ ᠬᠡᠯᠡᠵᠦ᠍ ᠪᠤᠯᠤᠮᠠᠷ ᠶᠤᠮ᠃ ᠦᠪᠦᠷ ᠮᠤᠩᠭᠤᠯ᠎ᠤᠨ ᠦᠨᠳᠦᠰᠦᠳᠡᠨ᠎ᠤ ᠬᠤᠪᠴᠠᠰᠤ ᠵᠠᠰᠠᠯ᠎ᠨᠢ ᠮᠤᠩᠭᠤᠯ ᠦᠨᠳᠦᠰᠦᠳᠡᠨ᠎ᠤ ᠬᠤᠪᠴᠠᠰᠤ ᠵᠠᠰᠠᠯ᠎ᠢᠶᠠᠷ ᠭᠤᠤᠯᠯᠠᠵᠤ᠂ ᠮᠤᠩᠭᠤᠯᠴᠤᠳ ᠠᠮᠢᠳᠤᠷᠠᠯ᠎ᠤᠨ ᠶᠠᠪᠤᠴᠠ᠎ᠳᠠᠭᠠᠨ ᠤᠯᠠᠨ ᠲᠦᠷᠦᠯ᠎ᠤᠨ ᠬᠤᠪᠴᠠᠰᠤ ᠵᠠᠰᠠᠯ᠎ᠢ ᠤᠷᠠᠯᠠᠨ ᠪᠦᠳᠦᠬᠡᠵᠦ᠍᠂ ᠦᠪᠡᠷᠮᠢᠴᠡ ᠰᠤᠶᠤᠯ᠎ᠤᠨ ᠢᠮ ᠳᠡᠮᠳᠡᠭ᠎ᠢᠶᠠᠷ ᠮᠤᠩᠭᠤᠯ ᠦᠨᠳᠦᠰᠦᠳᠡᠨ᠎ᠤ ᠬᠤᠪᠴᠠᠰᠤ ᠵᠠᠰᠠᠯ᠎ᠤᠨ ᠰᠤᠶᠤᠯ᠎ᠤᠨ ᠠᠭᠤᠯᠬᠤᠨ ᠪᠠ ᠷᠢᠳᠢ ᠱᠢᠳᠢ᠎ᠶ᠋ᠢ ᠭᠠᠢᠬᠠᠭᠤᠯᠤᠨ᠎ᠠ᠃


downLoad-20200918103212.jpg


ᠲᠠᠯ᠎ᠠ ᠨᠤᠲᠤᠭ᠎ᠤᠨ ᠰᠤᠶᠤᠯ᠎ᠤᠨ ᠢᠮ ᠳᠡᠮᠳᠡᠭ

ᠦᠪᠦᠷ ᠮᠤᠩᠭᠤᠯ᠎ᠳᠤ ᠤᠷᠤᠱᠢᠨ ᠠᠮᠢᠳᠤᠷᠠᠵᠤ ᠪᠠᠢᠭ᠎ᠠ ᠠᠳᠠᠯᠢ ᠪᠤᠰᠤ ᠠᠢᠮᠠᠭ ᠤᠭ᠍ᠰᠠᠭ᠎ᠠ᠎ᠶ᠋ᠢᠨ ᠬᠤᠪᠴᠠᠰᠤ ᠵᠠᠰᠠᠯ᠎ᠨᠢ ᠦᠪᠡᠷ ᠦᠪᠡᠷ᠎ᠤᠨ ᠤᠨᠴᠠᠯᠢᠭ ᠱᠢᠨᠵᠢ᠎ᠪᠠᠨ ᠬᠠᠳᠠᠭᠠᠯᠠᠭ᠍ᠰᠠᠭᠠᠷ ᠢᠷᠡᠵᠡᠢ᠃ ᠤᠷᠤᠱᠢᠨ ᠠᠮᠢᠳᠤᠷᠠᠵᠤ ᠪᠠᠢᠭ᠎ᠠ ᠪᠠᠢᠭᠠᠯᠢ ᠤᠷᠴᠢᠨ᠂ ᠦᠢᠯᠡᠳᠪᠦᠷᠢᠯᠡᠯ ᠠᠮᠢᠳᠤᠷᠠᠯ᠎ᠤᠨ ᠵᠦᠷᠢᠶ᠎ᠡ᠂ ᠦᠨᠳᠦᠰᠦᠳᠡᠨ᠎ᠨᠦᠭᠦᠳ᠎ᠤᠨ ᠬᠤᠭᠤᠷᠤᠨᠳᠤᠬᠢ ᠰᠤᠯᠢᠯᠴᠠᠭ᠎ᠠ ᠶᠠᠪᠤᠯᠴᠠᠭ᠎ᠠ᠎ᠠᠴᠠ ᠪᠤᠯᠵᠤ ᠦᠪᠦᠷ ᠮᠤᠩᠭᠤᠯ᠎ᠤᠨ ᠬᠤᠪᠴᠠᠰᠤ ᠵᠠᠰᠠᠯ᠎ᠨᠢ ᠬᠦᠯᠦᠨ ᠪᠤᠢᠷ᠎ᠤᠨ ᠤᠢ ᠱᠢᠭᠤᠢ᠍ᠢᠳᠤ ᠴᠢᠬᠢᠭ᠌ᠯᠢᠭ ᠲᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠂ ᠱᠢᠷᠠᠮᠦᠷᠡᠨ ᠯᠢᠶᠤᠤ ᠡᠾᠧ ᠭᠤᠤᠯ᠎ᠤᠨ ᠤᠷᠤᠰᠭᠠᠯ ᠳᠠᠭᠠᠤ ᠬᠤᠷᠴᠢᠨ᠎ᠤ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠂ ᠱᠢᠯᠢ᠎ᠶ᠋ᠢᠨ ᠭᠤᠤᠯ᠎ᠤᠨ ᠰᠤᠩᠭᠤᠳᠠᠭ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠂ ᠮᠤᠨᠢ ᠠᠭᠤᠯᠠ᠎ᠶ᠋ᠢᠨ ᠠᠷᠤ ᠦᠪᠦᠷ᠎ᠲᠠᠬᠢ ᠬᠠᠭᠠᠰ ᠴᠦᠯᠯᠡᠷᠬᠡᠭ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠂ ᠤᠷᠳᠤᠰ᠎ᠤᠨ ᠦᠨᠳᠦᠷᠯᠢᠭ᠎ᠤᠨ ᠴᠦᠯᠯᠡᠷᠬᠡᠭ ᠲᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠂ ᠠᠯᠠᠱᠠ᠎ᠶ᠋ᠢᠨ ᠡᠯᠡᠰᠦ ᠮᠠᠩᠬᠠᠳᠤ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ ᠬᠡᠵᠦ᠍ 6 ᠰᠤᠶᠤᠯ᠎ᠤᠨ ᠳᠤᠭᠤᠷᠢᠭ᠎ᠢ ᠪᠦᠷᠢᠯᠳᠦᠬᠦᠯᠵᠡᠢ᠃

ᠬᠦᠯᠦᠨ ᠪᠤᠢᠷ᠎ᠤᠨ ᠤᠢ ᠱᠢᠭᠤᠢ᠍ᠢᠳᠤ ᠴᠢᠬᠢᠭ᠌ᠯᠢᠭ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠎ᠲᠤ ᠭᠤᠤᠯᠳᠠᠭᠤ ᠪᠠᠷᠭᠤ᠂ ᠪᠤᠷᠢᠶᠠᠳ᠂ ᠦᠬᠡᠯᠡᠳ ᠭᠤᠷᠪᠠᠨ ᠤᠭ᠍ᠰᠠᠭ᠎ᠠ ᠪᠠᠭ᠍ᠳᠠᠵᠤ ᠪᠠᠢᠳᠠᠭ᠃ ᠪᠠᠷᠭᠤ ᠬᠤᠪᠴᠠᠰᠤ ᠵᠠᠰᠠᠯ᠎ᠳᠤ ᠪᠠᠯᠠᠷ ᠡᠷᠳᠡᠨ᠎ᠤ ᠰᠤᠶᠤᠯ ᠵᠢᠴᠢ ᠡᠬᠡ ᠪᠠᠢᠭᠠᠯᠢ᠂ ᠠᠮᠢᠳᠠᠨ ᠤᠷᠭᠤᠮᠠᠯ᠎ᠢ ᠱᠢᠳᠦᠨ ᠪᠢᠱᠢᠷᠡᠳᠡᠭ ᠰᠤᠶᠤᠯ᠎ᠤᠨ ᠱᠢᠨᠵᠢ ᠬᠠᠳᠠᠭᠠᠯᠠᠭ᠍ᠳᠠᠵᠤ᠂ ᠱᠢᠭᠤᠢ᠍ᠢᠳᠤ ᠤᠷᠤᠨ ᠪᠠ ᠨᠡᠬᠦᠳᠡᠯᠴᠢᠨ ᠦᠨᠳᠦᠰᠦᠳᠡᠨ᠎ᠤ ᠬᠡᠪ ᠨᠠᠮᠪᠠ᠎ᠶ᠋ᠢ ᠬᠠᠮᠳᠤ᠎ᠳᠤᠨᠢ ᠱᠢᠩᠬᠡᠬᠡᠵᠠᠢ᠃ ᠪᠤᠷᠢᠶᠠᠳ ᠬᠤᠪᠴᠠᠰᠤ᠎ᠶ᠋ᠢᠨ ᠡᠩᠬᠡᠷ᠎ᠤᠨ ᠭᠤᠷᠪᠠᠨ ᠡᠮᠵᠢᠶᠡᠷᠢ᠎ᠶ᠋ᠢ ᠶᠠᠷᠢᠪᠠᠯ᠂ ᠳᠠᠯ᠎ᠠ᠎ᠶ᠋ᠢᠨ ᠴᠡᠩᠬᠡᠷ ᠦᠩᠬᠡ᠎ᠨᠢ ᠬᠦᠬᠡ ᠮᠦᠩᠬᠡ ᠳᠡᠭ᠌ᠷᠢ᠎ᠶ᠋ᠢ ᠲᠦᠯᠦᠬᠡᠯᠡᠵᠦ᠍᠂ ᠬᠠᠮᠤᠭ᠎ᠤᠨ ᠳᠤᠤᠷ᠎ᠠ ᠳᠠᠯ᠎ᠠ᠎ᠶ᠋ᠢᠨ ᠤᠯᠠᠭᠠᠨ ᠦᠩᠬᠡ᠎ᠨᠢ ᠠᠢᠯ ᠬᠡᠷ᠂ ᠤᠭ᠍ᠰᠠᠭ᠎ᠠ ᠠᠢᠮᠠᠭ᠎ᠤᠨ ᠭᠠᠯ ᠭᠤᠯᠤᠮᠳᠠ᠎ᠶ᠋ᠢ ᠲᠦᠯᠦᠬᠡᠯᠡᠵᠦ᠍᠂ ᠳᠤᠮᠳᠠ᠎ᠨᠢ ᠪᠠᠢᠭ᠎ᠠ ᠬᠠᠷ᠎ᠠ ᠦᠩᠬᠡ᠎ᠨᠢ ᠬᠦᠷᠦᠰᠦᠳᠤ ᠭᠠᠵᠠᠷ᠎ᠢ ᠲᠦᠯᠦᠬᠡᠯᠡᠳᠡᠭ ᠶᠤᠮ᠃


downLoad-20200918103222.jpg


ᠱᠢᠯᠢ᠎ᠶ᠋ᠢᠨ ᠭᠤᠤᠯ᠎ᠤᠨ ᠰᠤᠩᠭᠤᠳᠠᠭ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠎ᠲᠤ ᠦᠵᠦᠮᠦᠴᠢᠨ᠂ ᠠᠪᠠᠭ᠎ᠠ᠂ ᠰᠦᠨᠢᠳ᠂ ᠴᠠᠬᠠᠷ ᠠᠢᠮᠠᠭ ᠤᠭ᠍ᠰᠠᠭ᠎ᠠ ᠪᠠᠭ᠍ᠳᠠᠵᠤ ᠪᠠᠢᠳᠠᠭ᠃ ᠨᠡᠬᠦᠳᠡᠯ ᠰᠤᠶᠤᠯ᠎ᠤᠨ ᠤᠤᠭᠠᠯ ᠰᠤᠶᠤᠯ᠎ᠤᠨ ᠡᠯᠧᠮᠧᠨ᠋ᠲ᠎ᠢᠶᠠᠨ ᠬᠠᠳᠠᠭᠠᠯᠠᠵᠤ ᠪᠠᠢᠬᠤ᠎ᠪᠠᠷ ᠡᠷᠡᠭ᠌ᠳᠡᠢ᠎ᠶ᠋ᠢᠨ ᠬᠤᠪᠴᠠᠰᠤ ᠵᠠᠰᠠᠯ᠎ᠨᠢ ᠮᠤᠷᠢ ᠤᠨᠤᠬᠤ᠎ᠳᠤ ᠬᠠᠮᠤᠭ᠎ᠤᠨ ᠳᠤᠬᠢᠷᠠᠮᠵᠢᠳᠠᠢ ᠮᠦᠷᠳᠡᠭᠡᠨ ᠡᠷ᠎ᠡ ᠬᠦᠮᠦᠨ᠎ᠤ ᠴᠤᠭ ᠵᠢᠪᠬᠤᠭ᠎ᠠ᠎ᠶ᠋ᠢ ᠬᠠᠷᠠᠭᠤᠯᠳᠠᠭ ᠰᠠᠨ᠃ ᠦᠵᠦᠮᠦᠴᠢᠨ ᠬᠤᠪᠴᠠᠰᠤ ᠵᠠᠰᠠᠯ᠎ᠳᠤ ᠮᠤᠩᠭᠤᠯᠴᠤᠳ᠎ᠤᠨ ᠡᠷᠳᠡᠨ᠎ᠤ ᠤᠯᠠᠮᠵᠢᠯᠠᠯᠳᠤ ᠶᠤᠰᠤ ᠵᠠᠩᠱᠢᠯ ᠬᠠᠳᠠᠭᠠᠯᠠᠭ᠍ᠳᠠᠵᠤ᠂ ᠵᠤᠨ᠎ᠤ ᠤᠯᠠᠷᠢᠯ᠎ᠳᠤ ᠦᠵᠦᠮᠦᠴᠢᠨ ᠴᠠᠭᠠᠨ ᠳᠡᠷᠯᠢᠭ ᠡᠮᠦᠰᠳᠡᠭ᠎ᠨᠢ 《ᠶᠤᠸᠠᠨ᠎ᠤ ᠰᠤᠳᠤᠷ》 ᠎ᠲᠤ ᠳᠡᠮᠳᠡᠭ᠌ᠯᠡᠭ᠌ᠳᠡᠭ᠌ᠰᠡᠨ ᠮᠤᠩᠭᠤᠯᠴᠤᠳ᠎ᠤᠨ ᠬᠠᠭᠠᠨ ᠡᠵᠡᠡ᠎ᠠᠴᠠ ᠡᠩ᠎ᠤᠨ ᠠᠷᠠᠳ ᠬᠦᠷᠳᠡᠯ᠎ᠡ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠨᠢᠬᠡᠨ᠎ᠳᠤ ᠴᠠᠭᠠᠨ ᠦᠩᠬᠡ᠎ᠶ᠋ᠢᠨ ᠳᠡᠪᠡᠯ ᠡᠮᠦᠰᠳᠡᠭ ᠶᠤᠰᠤ ᠵᠠᠩᠱᠢᠯ᠎ᠢᠶᠠᠨ ᠤᠯᠠᠮᠵᠢᠯᠠᠵᠤ ᠪᠤᠢ ᠬᠡᠳᠡᠭ᠃

ᠱᠢᠷᠠᠮᠦᠷᠡᠨ ᠯᠢᠶᠤᠤ ᠡᠾᠧ ᠭᠤᠤᠯ᠎ᠤᠨ ᠤᠷᠤᠰᠭᠠᠯ ᠳᠠᠭᠠᠤ ᠰᠤᠶᠤᠯ᠎ᠤᠨ ᠳᠤᠭᠤᠷᠢᠭ᠎ᠲᠤ᠌᠂ ᠵᠠᠯᠠᠢᠳ᠂ ᠬᠤᠷᠴᠢᠨ᠂ ᠨᠠᠢ᠍ᠮᠠᠨ᠂ ᠠᠷᠤ ᠬᠤᠷᠴᠢᠨ᠂ ᠪᠠᠭᠠᠷᠢᠨ ᠤᠯᠠᠨ ᠠᠷᠪᠢᠨ ᠠᠢᠮᠠᠭ ᠤᠭ᠍ᠰᠠᠭ᠎ᠠ ᠤᠷᠤᠱᠢᠨ ᠠᠮᠢᠳᠤᠷᠠᠬᠤ ᠶᠠᠪᠤᠴᠠ᠎ᠳᠠᠭᠠᠨ ᠳᠡᠦᠬᠡ᠎ᠶ᠋ᠢᠨ ᠤᠯᠠᠷᠢᠯ ᠬᠤᠪᠢᠷᠠᠯᠳᠠ᠎ᠳᠤ ᠮᠤᠩᠭᠤᠯ ᠦᠨᠳᠦᠰᠦᠳᠡᠨ᠎ᠤ ᠤᠯᠠᠮᠵᠢᠯᠠᠯᠳᠤ ᠬᠤᠪᠴᠠᠰᠤ ᠵᠠᠰᠠᠯ᠎ᠢᠶᠠᠨ ᠬᠠᠳᠠᠭᠠᠯᠠᠬᠤ᠎ᠶ᠋ᠢᠨ ᠵᠡᠷᠬᠡ᠎ᠪᠠᠷ ᠡᠮᠡᠭ᠌ᠳᠡᠢᠴᠤᠳ᠎ᠤᠨ ᠬᠤᠪᠴᠠᠰᠤ ᠵᠠᠰᠠᠯ᠎ᠳᠤ ᠮᠤᠩᠭᠤᠯ ᠰᠤᠶᠤᠯ ᠪᠠ ᠮᠠᠨᠵᠤ᠎ᠶ᠋ᠢᠨ ᠰᠤᠶᠤᠯ᠎ᠤᠨ ᠤᠷᠭᠠᠨᠢᠭ ᠤᠶᠠᠯᠳᠤᠯ᠎ᠢ ᠬᠠᠷᠠᠭᠤᠯᠵᠤ᠂ ᠦᠪᠡᠷ᠎ᠤᠨ ᠤᠳᠤᠮᠱᠢᠯᠳᠤ ᠬᠠᠳᠭᠤᠮᠠᠯ ᠤᠷᠠᠯᠢᠭ᠎ᠤᠨ ᠤᠨᠴᠠᠯᠢᠭ ᠱᠢᠨᠵᠢ᠎ᠶ᠋ᠢ ᠬᠠᠳᠠᠭᠠᠯᠠᠵᠤ ᠪᠠᠢᠭ᠎ᠠ ᠶᠤᠮ᠃


downLoad-20200918103230.jpg


ᠤᠷᠳᠤᠰ᠎ᠤᠨ ᠦᠨᠳᠦᠷᠯᠢᠭ ᠪᠤᠯ ᠡᠵᠡᠨ ᠴᠢᠩᠬᠢᠰ᠎ᠤᠨ ᠠᠷᠢᠭᠤᠨ ᠰᠦᠨᠡᠰᠦ ᠮᠦᠩᠬᠡ ᠤᠷᠤᠱᠢᠵᠤ ᠪᠠᠢᠭ᠎ᠠ ᠭᠠᠵᠠᠷ ᠤᠷᠤᠨ ᠪᠤᠯᠤᠭ᠍ᠰᠠᠨ᠎ᠤ ᠬᠤᠪᠢ᠎ᠳᠤ ᠠᠳᠡᠬᠢ ᠬᠤᠪᠴᠠᠰᠤ ᠵᠠᠰᠠᠯ᠎ᠨᠢ ᠳᠠᠷᠬᠠᠳᠴᠤᠳ᠎ᠢᠶᠠᠷ ᠭᠤᠤᠯ ᠪᠤᠯᠭᠠᠵᠤ᠂ ᠲᠦᠪ ᠡᠷᠬᠢᠮᠰᠦᠭ ᠪᠤᠷᠤᠭ᠍ᠵᠢᠭᠤᠨ ᠪᠠᠢᠳᠠᠭ᠃ ᠡᠮᠡᠭ᠌ᠳᠡᠢᠴᠤᠳ᠎ᠤᠨ ᠬᠤᠪᠴᠠᠰᠤ ᠵᠠᠰᠠᠯ᠎ᠨᠢ ᠤᠷᠳᠤᠨ᠎ᠤ ᠰᠤᠶᠤᠯ᠎ᠤᠨ ᠦᠪ ᠤᠯᠠᠮᠵᠢᠯᠠᠯ᠎ᠢ ᠬᠠᠮᠠᠭᠠᠯᠠᠭ᠍ᠰᠠᠨ ᠪᠤᠯᠬᠤᠷ ᠭᠤᠶᠤ ᠰᠠᠢᠬᠠᠨ ᠮᠦᠷᠳᠡᠭᠡᠨ ᠡᠷᠬᠢᠮᠰᠦᠭ ᠤᠨᠴᠠᠯᠢᠭ ᠱᠢᠨᠵᠢ᠎ᠶ᠋ᠢ ᠬᠠᠳᠠᠭᠠᠯᠠᠵᠠᠢ᠃ ᠠᠳᠡᠬᠢ ᠳᠠᠯᠠᠳ᠂ ᠬᠠᠩᠬᠢᠨ᠂ ᠦᠤᠱᠢᠨ᠂ ᠤᠳᠤᠭ᠎ᠤᠨ ᠬᠤᠪᠴᠠᠰᠤ ᠵᠠᠰᠠᠯ᠎ᠨᠢ ᠶᠠᠩᠵᠤ ᠵᠠᠭ᠍ᠪᠤᠷ᠂ ᠤᠶᠤᠳᠠᠯ ᠤᠷᠠᠯᠠᠯ᠎ᠤᠨ ᠳᠠᠯ᠎ᠠ᠎ᠪᠠᠷ ᠨᠠᠷᠢᠨ ᠢᠯᠭᠠᠭ᠎ᠠ᠎ᠲᠠᠢ ᠪᠤᠯᠪᠠᠴᠤ᠌ ᠤᠷᠳᠤᠰ᠎ᠤᠨ ᠦᠨᠳᠦᠷᠯᠢᠭ᠎ᠤᠨ ᠴᠦᠯᠯᠡᠷᠬᠡᠭ ᠳᠠᠯ᠎ᠠ ᠨᠤᠳᠤᠭ᠎ᠤᠨ ᠰᠤᠶᠤᠯ᠎ᠤᠨ ᠬᠤᠪᠴᠠᠰᠤ ᠵᠠᠰᠠᠯ᠎ᠤᠨ ᠨᠡᠢᠳᠡᠯᠢᠭ ᠤᠨᠴᠠᠯᠢᠭ᠎ᠢ ᠢᠯᠡᠷᠡᠬᠦᠯᠵᠠᠢ᠃

ᠮᠤᠨᠢ ᠠᠭᠤᠯᠠ᠎ᠶ᠋ᠢᠨ ᠠᠷᠤ ᠦᠪᠦᠷ᠎ᠲᠠᠬᠢ ᠬᠠᠭᠠᠰ ᠴᠦᠯᠯᠡᠷᠬᠡᠭ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠎ᠲᠤ ᠲᠦᠷᠪᠡᠳ᠂ ᠲᠦᠮᠡᠳ᠂ ᠤᠷᠠᠳ᠂ ᠳᠠᠷᠬᠠᠨ ᠮᠤᠤᠮᠢᠩᠭᠠᠨ ᠵᠡᠷᠬᠡ ᠠᠢᠮᠠᠭ ᠤᠭ᠍ᠰᠠᠭ᠎ᠠ ᠤᠷᠤᠱᠢᠨ ᠠᠮᠢᠳᠤᠷᠠᠵᠤ ᠪᠤᠢ᠃ ᠮᠠᠯᠵᠢᠬᠤ ᠰᠤᠶᠤᠯ ᠪᠠ ᠳᠠᠷᠢᠶᠠᠯᠠᠬᠤ ᠰᠤᠶᠤᠯ᠎ᠲᠠᠢ ᠤᠶᠠᠯᠳᠤᠭ᠍ᠰᠠᠨ᠎ᠢᠶᠠᠷ ᠬᠤᠪᠴᠠᠰᠤ ᠵᠠᠰᠠᠯ᠎ᠤᠨ ᠬᠤᠪᠢ᠎ᠳᠤ ᠦᠪᠡᠷ᠎ᠤᠨ ᠤᠨᠴᠠᠯᠢᠭ᠎ᠢᠶᠠᠨ ᠪᠦᠷᠢᠯᠳᠦᠬᠦᠯᠵᠡᠢ᠃ ᠲᠦᠷᠪᠡᠳ ᠬᠤᠪᠴᠠᠰᠤ ᠵᠠᠰᠠᠯ᠎ᠢᠶᠠᠷ ᠵᠢᠱ᠌ᠢᠶᠡᠯᠡᠪᠡᠯ᠂ ᠡᠷᠡᠭ᠌ᠳᠡᠢ᠎ᠶ᠋ᠢᠨ ᠬᠤᠪᠴᠠᠰᠤ᠎ᠨᠢ ᠠᠭᠤᠵᠢᠭᠤ ᠡᠯᠪᠡᠭ ᠪᠠᠢᠵᠤ᠂ ᠡᠮᠡᠭ᠌ᠳᠡᠢᠴᠤᠳ᠎ᠤᠨ ᠬᠤᠪᠴᠠᠰᠤ ᠵᠠᠰᠠᠯ᠎ᠨᠢ ᠡᠷᠬᠢᠮᠰᠦᠭ ᠤᠨᠴᠠᠯᠢᠭ ᠱᠢᠨᠵᠢ᠎ᠶ᠋ᠢ ᠳᠤᠳᠤᠷᠠᠭᠤᠯᠤᠭ᠍ᠰᠠᠨ ᠪᠠᠢᠳᠠᠭ᠃


downLoad-20200918103240.jpg


ᠠᠯᠠᠱᠠ᠎ᠶ᠋ᠢᠨ ᠡᠯᠡᠰᠦ ᠮᠠᠩᠬᠠᠳᠤ ᠳᠠᠯ᠎ᠠ ᠨᠤᠳᠤᠭ᠎ᠤᠨ ᠰᠤᠶᠤᠯ᠎ᠤᠨ ᠳᠤᠭᠤᠷᠢᠭ᠎ᠲᠤ ᠳᠤᠷᠭᠤᠳ᠂ ᠬᠤᠱᠤᠳ᠂ ᠬᠠᠯᠬ᠎ᠠ ᠵᠡᠷᠬᠡ ᠠᠢᠮᠠᠭ ᠤᠭ᠍ᠰᠠᠭ᠎ᠠ ᠤᠷᠤᠱᠢᠨ ᠠᠮᠢᠳᠤᠷᠠᠵᠤ ᠪᠤᠢ᠃ ᠲᠡᠳᠡ ᠦᠪᠡᠷ ᠦᠪᠡᠷ᠎ᠤᠨ ᠬᠤᠪᠴᠠᠰᠤ ᠵᠠᠰᠠᠯ᠎ᠤᠨ ᠤᠤᠭᠠᠯ ᠰᠤᠶᠤᠯ᠎ᠤᠨ ᠡᠯᠧᠮᠧᠨ᠋ᠲ᠎ᠢᠶᠠᠨ ᠪᠦᠷᠢᠨ ᠬᠠᠳᠠᠭᠠᠯᠠᠵᠤ᠂ ᠬᠤᠪᠴᠠᠰᠤ ᠵᠠᠰᠠᠯ᠎ᠨᠢ ᠲᠦᠪ ᠡᠷᠬᠢᠮᠰᠦᠭ᠂ ᠭᠤᠸ᠎ᠠ ᠰᠠᠢᠬᠠᠨ ᠪᠠᠢᠳᠠᠭ᠃ ᠡᠷᠡᠭ᠌ᠳᠡᠢᠴᠤᠳ᠎ᠤᠨ ᠦᠪᠴᠢ ᠪᠡᠶ᠎ᠠ᠎ᠶ᠋ᠢᠨ ᠵᠠᠰᠠᠯ᠎ᠳᠤ ᠮᠠᠯᠠᠭᠠᠢ᠎ᠨᠢ ᠤᠯᠠᠨ ᠶᠠᠩᠵᠤ᠎ᠶ᠋ᠢᠨ ᠪᠠᠢᠵᠤ᠂ ᠡᠮᠡᠭ᠌ᠳᠡᠢᠴᠤᠳ᠎ᠤᠨ ᠳᠤᠯᠤᠭᠠᠢ᠎ᠶ᠋ᠢᠨ ᠵᠠᠰᠠᠯ᠎ᠨᠢ ᠡᠪᠡᠷᠳᠤ ᠵᠠᠰᠠᠯ᠎ᠤᠨ ᠱᠢᠨᠵᠢ᠎ᠲᠠᠢ ᠶᠤᠮ᠃

ᠮᠤᠩᠭᠤᠯ ᠦᠨᠳᠦᠰᠦᠳᠡᠨ᠎ᠤ ᠬᠤᠪᠴᠠᠰᠤ ᠵᠠᠰᠠᠯ᠎ᠨᠢ ᠳᠤᠯᠤᠭᠠᠢ᠎ᠶ᠋ᠢᠨ ᠵᠠᠰᠠᠯ᠂ ᠳᠡᠷᠯᠢᠭ᠂ ᠭᠤᠳᠤᠯ ᠵᠡᠷᠬᠡ᠎ᠶ᠋ᠢ ᠪᠠᠭ᠍ᠳᠠᠭᠠᠭ᠍ᠰᠠᠨ ᠪᠦᠬᠦ᠌ ᠴᠤᠭ᠍ᠴᠠᠳᠤ ᠬᠤᠪᠴᠠᠰᠤ ᠵᠠᠰᠠᠯ ᠪᠤᠯᠬᠤ ᠶᠤᠮ᠃ ᠳᠡᠷᠡ᠎ᠨᠢ ᠠᠢᠮᠠᠭ ᠤᠭ᠍ᠰᠠᠭ᠎ᠠ᠂ ᠶᠠᠩᠵᠤ ᠬᠡᠯᠪᠡᠷᠢ᠂ ᠬᠢᠴᠡ ᠪᠦᠳᠦᠴᠡ᠂ ᠨᠡᠷ᠎ᠡ ᠳᠠᠭᠤᠳᠠᠯᠭ᠎ᠠ᠎ᠶ᠋ᠢᠨ ᠳᠠᠯ᠎ᠠ᠎ᠪᠠᠷ ᠢᠯᠭᠠᠭ᠎ᠠ ᠵᠦᠷᠢᠶ᠎ᠠ᠎ᠲᠠᠢ ᠪᠦᠬᠡᠳ ᠤᠷᠤᠨ ᠨᠤᠳᠤᠭ᠎ᠤᠨ ᠦᠪᠡᠷᠮᠢᠴᠡ ᠤᠨᠴᠠᠯᠢᠭ᠎ᠲᠠᠢ᠃ ᠡᠮᠡᠭ᠌ᠳᠡᠢᠴᠤᠳ᠎ᠤᠨ ᠳᠤᠯᠤᠭᠠᠢ᠎ᠶ᠋ᠢᠨ ᠵᠠᠰᠠᠯ᠎ᠳᠤ ᠡᠪᠡᠷᠳᠤ ᠵᠠᠰᠠᠯ᠂ ᠬᠠᠳᠭᠤᠭᠤᠷ ᠵᠠᠰᠠᠯ᠂ ᠤᠨᠵᠢᠭᠤᠷᠭ᠎ᠠ᠂ ᠳᠠᠷᠤᠭᠤᠯᠭ᠎ᠠ᠂ ᠬᠡᠵᠢᠬᠡᠨ ᠬᠡᠷ ᠬᠡᠵᠦ᠍ ᠬᠤᠪᠢᠶᠠᠳᠠᠭ᠃ ᠪᠠᠷᠭᠤ ᠪᠤᠷᠢᠶᠠᠳ ᠬᠠᠯᠬᠠᠴᠤᠳ ᠡᠪᠡᠷᠳᠤ ᠵᠠᠰᠠᠯ ᠵᠡᠬᠦᠳᠡᠭ; ᠬᠤᠷᠴᠢᠨ᠂ ᠠᠷᠤ ᠬᠤᠷᠴᠢᠨ᠂ ᠪᠠᠭᠠᠷᠢᠨ᠎ᠳᠤ ᠬᠠᠳᠭᠤᠭᠤᠷ ᠵᠠᠰᠠᠯ ᠵᠡᠬᠦᠳᠡᠭ; ᠠᠪᠠᠭ᠎ᠠ᠂ ᠰᠦᠨᠢᠳ᠂ ᠴᠠᠬᠠᠷ᠂ ᠲᠦᠮᠡᠳ᠂ ᠳᠠᠷᠬᠠᠨ ᠮᠤᠤᠮᠢᠩᠭᠠᠨ᠎ᠳᠤ ᠤᠨᠵᠢᠭᠤᠷᠭ᠎ᠠ ᠵᠠᠰᠠᠯ ᠵᠡᠬᠦᠳᠡᠭ; ᠬᠠᠩᠬᠢᠨ᠂ ᠤᠳᠤᠭ᠂ ᠳᠠᠯᠠᠳ ᠵᠡᠷᠬᠡ᠎ᠶ᠋ᠢᠨ᠎ᠬᠢᠨ ᠳᠠᠷᠤᠭᠤᠯᠭ᠎ᠠ ᠵᠡᠬᠦᠳᠡᠭ; ᠳᠤᠷᠭᠤᠳ᠂ ᠬᠤᠱᠤᠳ᠎ᠤᠨ᠎ᠬᠢᠨ ᠬᠡᠵᠢᠬᠡᠨ ᠬᠡᠷ ᠵᠡᠬᠦᠳᠡᠭ᠃ ᠡᠷᠡᠭ᠌ᠳᠡᠢᠴᠤᠳ᠎ᠤᠨ ᠮᠠᠯᠠᠭᠠᠢ᠎ᠶ᠋ᠢᠨ ᠬᠤᠪᠢ᠎ᠳᠤ ᠳᠤᠭᠤᠷᠢᠭᠤᠯ ᠮᠠᠯᠠᠭᠠᠢ᠂ ᠲᠤᠭᠤᠷᠴᠠᠭ ᠮᠠᠯᠠᠭᠠᠢ ᠬᠡᠬᠦ᠌ ᠮᠡᠳᠤ᠎ᠶ᠋ᠢᠨ ᠤᠯᠠᠨ ᠶᠠᠩᠵᠤ᠎ᠶ᠋ᠢᠨ ᠪᠠᠢᠵᠤ᠂ ᠨᠤᠳᠤᠭ ᠨᠤᠳᠤᠭ᠎ᠤᠨ ᠳᠠᠭᠤᠳᠠᠯᠭ᠎ᠠ᠎ᠨᠢ ᠴᠦ᠍ ᠤᠨᠳᠤᠤ ᠪᠠᠢᠳᠠᠭ ᠠᠵᠢ᠃ ᠮᠤᠩᠭᠤᠯᠴᠤᠳ ᠳᠡᠪᠡᠯ ᠳᠡᠷᠯᠢᠭ᠎ᠢᠶᠠᠨ ᠡᠮᠦᠰᠭᠦ᠎ᠳᠤ ᠵᠠᠪᠠᠯ ᠭᠤᠳᠤᠯ ᠡᠮᠦᠰᠳᠡᠭ᠂ ᠭᠤᠳᠤᠯ᠎ᠤᠨ ᠬᠤᠪᠢ᠎ᠳᠤ ᠪᠤᠯᠢᠭᠠᠷᠢ ᠭᠤᠳᠤᠯ᠂ ᠰᠦᠬᠦᠬᠡᠢ ᠭᠤᠳᠤᠯ᠂ ᠦᠬᠡᠳᠡᠩ ᠭᠤᠳᠤᠯ᠂ ᠮᠠᠬᠠᠢ ᠬᠡᠵᠦ᠍ ᠤᠯᠠᠨ ᠶᠠᠩᠵᠤ ᠬᠡᠯᠪᠡᠷᠢ᠎ᠲᠠᠢ᠃ ᠮᠤᠩᠭᠤᠯᠴᠤᠳ ᠡᠷᠡᠭ᠌ᠳᠡᠢ ᠬᠦᠮᠦᠨ᠎ᠢ ᠪᠦᠰᠡᠳᠡᠢ ᠬᠡᠵᠦ᠍᠂ ᠤᠷᠤᠭ᠍ᠯᠠᠭ᠍ᠰᠠᠨ ᠡᠮᠡᠭ᠌ᠳᠡᠢ ᠬᠦᠮᠦᠨ᠎ᠢ ᠪᠦᠰᠡᠬᠦᠢ ᠬᠡᠳᠡᠭ᠃ ᠬᠦᠮᠦᠰ᠂ ᠪᠦᠰᠡ ᠪᠦᠰᠡᠯᠡᠬᠦ᠌᠎ᠨᠢ ᠳᠠᠪᠤᠨ ᠴᠤᠯᠠ᠎ᠶ᠋ᠢ ᠬᠠᠮᠠᠭᠠᠯᠬᠠᠤ ᠦᠢᠯᠡᠳᠦᠯ᠎ᠲᠠᠢ᠂ ᠪᠦᠰᠡ᠎ᠳᠤ ᠨᠢᠬᠡ ᠬᠦᠮᠦᠨ᠎ᠤ ᠰᠦᠭ ᠰᠦᠨᠡᠰᠤ ᠤᠷᠤᠱᠢᠵᠤ ᠬᠡᠢᠮᠦᠷᠢ ᠵᠢᠪᠬᠤᠭ᠎ᠠ᠎ᠶ᠋ᠢ ᠪᠡᠯᠬᠡᠳᠡᠳᠡᠭ ᠬᠡᠮᠡᠨ ᠦᠵᠡᠳᠡᠭ ᠶᠤᠮ᠃


downLoad-20200918103250.jpg


ᠥᠪᠥᠷ ᠮᠣᠩᠭᠤᠯ᠎ᠤᠨ ᠬᠤᠪᠴᠠᠰᠤ ᠵᠠᠰᠠᠯ᠎ᠤᠨ ᠪᠠᠶᠠᠯᠢᠭ ᠴᠢᠨᠠᠷ ᠬᠥᠮᠦᠰ᠎ᠢ ᠭᠠᠢᠬᠠᠰᠢ ᠠᠯᠳᠠᠭᠤᠯᠤᠮᠠᠷ ᠶᠤᠮ᠃ ᠮᠠᠨ᠎ᠤ ᠤᠷᠤᠨ 2009 ᠣᠨ᠎ᠠᠴᠠ 4 ᠵᠢᠯ᠎ᠤᠨ ᠬᠤᠭᠤᠴᠠᠭ᠎ᠠ ᠬᠡᠷᠡᠭ᠌ᠰᠡᠨ 50 ᠭᠠᠷᠤᠢ ᠬᠤᠱᠢᠭᠤ ᠱᠢᠶᠠᠨ᠎ᠳᠤ ᠪᠠᠢᠴᠠᠭᠠᠯᠳᠠ ᠬᠢᠵᠦ᠍᠂ 600 ᠭᠠᠷᠤᠢ ᠨᠤᠲᠤᠭ᠎ᠤᠨ ᠲᠤᠰᠭᠠᠢ ᠮᠡᠷᠭᠡᠵᠢᠯᠲᠡᠨ ᠪᠠ ᠮᠠᠯᠴᠢᠨ ᠲᠦᠮᠡᠨ᠎ᠢ ᠰᠤᠷᠪᠤᠯᠵᠢᠯᠠᠨ᠂ ᠬᠠᠮᠤᠭ᠎ᠤᠨ ᠰᠡᠬᠦᠯ᠎ᠳᠤ ᠮᠣᠩᠭᠤᠯ ᠦᠨᠳᠦᠰᠦᠲᠡᠨ᠎ᠤ 28 ᠠᠢᠮᠠᠭ ᠤᠭ᠍ᠰᠠᠭ᠎ᠠ᠎ᠶ᠋ᠢᠨ ᠤᠯᠠᠮᠵᠢᠯᠠᠯᠲᠤ ᠬᠤᠪᠴᠠᠰᠤ ᠵᠠᠰᠠᠯ᠎ᠤᠨ ᠦᠨᠳᠦᠰᠦᠨ ᠵᠠᠭ᠍ᠪᠤᠷ᠎ᠢ ᠲᠣᠭ᠍ᠲᠠᠭᠠᠵᠤ᠂ ᠡᠯ᠎ᠡ ᠠᠢᠮᠠᠭ ᠶᠠᠰᠤᠳᠠᠨ᠎ᠤ 108 ᠢᠵᠢ ᠬᠤᠪᠴᠠᠰᠤ ᠵᠠᠰᠠᠯ ᠪᠣᠯᠤᠨ 34 ᠢᠵᠢ ᠲᠣᠯᠣᠭᠠᠢ᠎ᠶ᠋ᠢᠨ ᠵᠠᠰᠠᠯ ᠴᠢᠮᠡᠭ᠌ᠯᠡᠯ᠎ᠢ ᠠᠪᠤᠷᠠᠵᠤ ᠬᠠᠮᠠᠭᠠᠯᠬᠠᠤ ᠵᠤᠷᠢᠯᠭ᠎ᠠ᠎ᠪᠠᠷ ᠤᠷᠠᠯᠠᠵᠤ ᠪᠦᠳᠦᠬᠡᠵᠤ ᠨᠠᠨᠳᠢᠩᠨᠠᠨ ᠬᠠᠳᠠᠭᠠᠯᠠᠭ᠍ᠰᠠᠨ ᠪᠠᠢᠨ᠎ᠠ᠃ 2014 ᠣᠨ᠎ᠳᠤ 《ᠮᠣᠩᠭᠤᠯ ᠦᠨᠳᠦᠰᠦᠲᠡᠨ᠎ᠤ ᠬᠤᠪᠴᠠᠰᠤ ᠵᠠᠰᠠᠯ》 ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢᠶᠠᠷ ᠪᠦᠷᠢᠳᠭᠡᠭ᠌ᠳᠡᠵᠡᠢ᠃

ᠲᠠᠯᠠᠬᠡᠢ᠎ᠶ᠋ᠢᠨ ᠲᠠᠪᠴᠠᠩ᠎ᠳᠤ ᠰᠤᠯᠤᠩᠭᠠᠷᠠᠬ᠍ᠰᠠᠨ ᠮᠤᠩᠭᠤᠯ ᠭᠤᠶᠤᠯᠠᠯ

ᠤᠳᠤ ᠦᠶ᠎ᠠ᠎ᠶ᠋ᠢᠨ ᠮᠤᠩᠭᠤᠯ ᠬᠤᠪᠴᠠᠰᠤ ᠵᠠᠰᠠᠯ ᠪᠤᠯ ᠳᠡᠯᠡᠬᠡᠢ᠎ᠶ᠋ᠢᠨ ᠬᠤᠪᠴᠠᠰᠤ ᠵᠠᠰᠠᠯ᠎ᠤᠨ ᠰᠤᠶᠤᠯ᠎ᠤᠨ ᠬᠦᠷᠢᠶᠠᠯᠠᠩ᠎ᠳᠤ ᠦᠩᠬᠡ ᠢᠯᠭᠠᠷᠠᠨ ᠳᠡᠯᠬᠡᠷᠡᠭ᠌ᠰᠡᠨ ᠰᠤᠶᠤᠯ᠎ᠤᠨ ᠴᠡᠴᠡᠬᠡᠰ ᠶᠤᠮ᠃ ᠳᠡᠷᠡ᠎ᠨᠢ ᠨᠡᠬᠦᠳᠡᠯᠴᠢᠨ ᠦᠨᠳᠦᠰᠦᠳᠡᠨ᠎ᠤ ᠬᠤᠪᠴᠠᠰᠤ ᠵᠠᠰᠠᠯ᠎ᠤᠨ ᠤᠤᠭᠠᠯ ᠡᠯᠧᠮᠧᠨ᠋ᠲ᠎ᠢᠶᠠᠨ ᠤᠯᠠᠮᠵᠢᠯᠠᠨ ᠬᠠᠳᠠᠭᠠᠯᠠᠭ᠍ᠰᠠᠨ ᠰᠠᠭᠤᠷᠢᠨ ᠳᠡᠬᠡᠷ᠎ᠡ ᠱᠢᠨ᠎ᠡ ᠴᠠᠭ ᠦᠶ᠎ᠠ᠎ᠶ᠋ᠢᠨ ᠤᠷᠤᠰᠭᠠᠯ ᠡᠯᠧᠮᠧᠨ᠋ᠲ᠎ᠢ ᠠᠭᠤᠰᠭᠠᠵᠤ᠂ ᠳᠡᠯᠡᠬᠡᠢ᠎ᠶ᠋ᠢᠨ ᠳᠠᠪᠴᠠᠩ᠎ᠳᠤ ᠦᠪᠡᠷ᠎ᠤᠨ ᠭᠤᠢᠳᠠ ᠲᠦᠷᠬᠦ᠌᠎ᠪᠠᠨ ᠭᠠᠢᠬᠠᠭᠤᠯᠤᠨ᠎ᠡ᠃

2018 ᠣᠨ᠎ᠤ 9 ᠰᠠᠷ᠎ᠠ᠎ᠳᠤ ᠳᠡᠯᠡᠬᠡᠢ᠎ᠶ᠋ᠢᠨ ᠬᠤᠪᠴᠠᠰᠤ ᠵᠠᠰᠠᠯ᠎ᠤᠨ ᠲᠦᠪ ᠫᠠᠷᠢᠰ᠂ ᠰᠧᠨ ᠭᠤᠤᠯ᠎ᠤᠨ ᠬᠤᠢᠳᠤ ᠠᠷᠠᠯ᠎ᠤᠨ ᠯᠦᠪᠷᠧ ᠤᠷᠳᠤᠨ᠎ᠳᠤ 《ᠳᠤᠷᠭᠠᠨ ᠵᠠᠮ ᠳᠡᠬᠡᠷ᠎ᠡ ᠬᠦᠰᠡᠯ᠎ᠢᠶᠠᠨ ᠬᠠᠳᠭᠤᠮᠠᠯᠯᠠᠵᠤ ᠤᠷᠠᠨ ᠳᠠᠷᠬᠠᠨ᠎ᠤ ᠵᠡᠬᠦᠳᠤ᠎ᠪᠠᠨ ᠳᠡᠷᠬᠡᠯᠱᠢᠬᠦᠯᠬᠦ᠌》 ᠦᠪᠦᠷ ᠮᠤᠩᠭᠤᠯ᠎ᠤᠨ ᠬᠤᠪᠴᠠᠰᠤ ᠵᠠᠰᠠᠯ᠎ᠤᠨ ᠤᠷᠠᠯᠢᠭ᠎ᠤᠨ ᠰᠤᠳᠤᠨ ᠪᠦᠳᠦᠬᠡᠯ᠎ᠤᠨ ᠦᠵᠡᠬᠦᠯᠬᠡ ᠶᠠᠪᠤᠭ᠍ᠳᠠᠵᠤ᠂ ᠭᠤᠶᠤ ᠰᠠᠢᠬᠠᠨ ᠮᠤᠩᠭᠤᠯ ᠬᠤᠪᠴᠠᠰᠤ ᠵᠠᠰᠠᠯ ᠳᠡᠯᠡᠬᠡᠢ ᠳ᠋ᠠᠬᠢᠨ᠎ᠤ ᠨᠢᠳᠤ᠎ᠶ᠋ᠢ ᠬᠤᠵᠢᠷᠯᠠᠯ᠎ᠠ᠃

ᠳᠤᠮᠳᠠᠳᠤ ᠤᠯᠤᠰ᠎ᠤᠨ ᠣᠯᠠᠨ ᠤᠯᠤᠰ᠎ᠤᠨ ᠬᠤᠪᠴᠠᠰᠤ ᠵᠠᠰᠠᠯ᠎ᠤᠨ ᠭᠠᠷᠠᠭ (2019 ᠣᠨ) ᠠᠵᠢᠯᠯᠠᠭ᠎ᠠ᠎ᠳᠤ ᠠᠯᠠᠱᠠ᠎ᠶ᠋ᠢᠨ ᠢᠦᠶ ᠷᠦᠩ ᠪᠣᠯᠤᠨ ᠨᠠᠷᠠᠨᠴᠡᠴᠡᠭ ᠬᠤᠶᠠᠭᠤᠯᠠ ᠦᠪᠡᠷ᠎ᠤᠨ ᠵᠢᠷᠤᠵᠤ ᠲᠦᠯᠦᠪᠯᠡᠭ᠌ᠰᠡᠨ ᠠᠯᠠᠱᠠ᠎ᠶ᠋ᠢᠨ ᠬᠠᠯᠬ᠎ᠠ᠂ ᠬᠤᠱᠤᠳ᠎ᠤᠨ ᠤᠯᠠᠮᠵᠢᠯᠠᠯᠳᠤ ᠮᠣᠩᠭᠤᠯ ᠬᠤᠪᠴᠠᠰᠤ ᠵᠠᠰᠠᠯ᠎ᠢᠶᠠᠷ᠎ᠢᠶᠠᠨ ᠠᠵᠢᠯᠯᠠᠭ᠎ᠠ᠎ᠳᠤ ᠤᠷᠤᠯᠴᠠᠵᠤ᠂ ᠠᠯᠠᠱᠠ ᠮᠣᠩᠭᠤᠯᠴᠤᠳ᠎ᠤᠨ ᠬᠤᠪᠴᠠᠰᠤ ᠵᠠᠰᠠᠯ᠎ᠤᠨ ᠰᠣᠶᠣᠯ᠎ᠤᠨ ᠷᠢᠳᠢ ᠱᠢᠳᠢ᠎ᠶ᠋ᠢ ᠠᠩᠬ᠎ᠠ ᠤᠳᠠᠭ᠎ᠠ ᠳᠡᠯᠡᠬᠡᠢ᠎ᠶ᠋ᠢᠨ ᠳᠠᠪᠴᠠᠩ᠎ᠳᠤ ᠳᠡᠯᠭᠡᠨ ᠦᠵᠡᠭᠦᠯᠵᠡᠢ᠃

2018 ᠣᠨ᠎ᠤ 8 ᠰᠠᠷ᠎ᠠ᠎ᠳᠤ ᠠᠩᠬᠠᠳᠤᠭᠠᠷ ᠬᠤᠭᠤᠴᠠᠭᠠᠨ᠎ᠤ ᠮᠣᠩᠭᠤᠯ ᠦᠨᠳᠦᠰᠦᠲᠡᠨ᠎ᠤ ᠬᠤᠪᠴᠠᠰᠤ ᠡᠮᠦᠰᠭᠡᠯ ᠪᠠ ᠮᠠᠯᠠᠭᠠᠶ᠎ᠶ᠋ᠢᠨ ᠵᠠᠰᠠᠯ ᠵᠢᠷᠤᠵᠤ ᠲᠦᠯᠦᠪᠯᠡᠬᠦ᠌ ᠤᠷᠤᠯᠳᠤᠭᠠᠨ᠎ᠨᠢ 《ᠱᠢᠨ᠎ᠡ ᠴᠠᠭ ᠦᠶ᠎ᠡ᠂ ᠱᠢᠨ᠎ᠡ ᠤᠷᠤᠰᠭᠠᠯ᠂ ᠱᠢᠨ᠎ᠡ ᠠᠮᠢᠳᠤᠷᠠᠯ》 ᠬᠡᠬᠦ᠌ ᠭᠤᠤᠯ ᠰᠡᠳᠦᠪ᠎ᠢᠶᠠᠷ ᠬᠥᠬᠡᠬᠤᠲᠠ᠎ᠳᠤ ᠶᠠᠪᠤᠭ᠍ᠳᠠᠪᠠ᠃ ᠬᠤᠷᠢᠮ᠎ᠤᠨ ᠶᠣᠰᠣᠯᠠᠯ᠎ᠤᠨ ᠬᠤᠪᠴᠠᠰᠤ᠂ ᠦᠳᠡᠰᠢ᠎ᠶ᠋ᠢᠨ ᠶᠣᠰᠣᠯᠠᠯ᠎ᠤᠨ ᠬᠤᠪᠴᠠᠰᠤ᠂ ᠴᠠᠭ᠎ᠤᠨ ᠤᠷᠤᠰᠭᠠᠯ᠎ᠤᠨ ᠬᠤᠪᠴᠠᠰᠤ᠂ ᠲᠠᠮᠢᠷ᠎ᠤᠨ ᠬᠥᠳᠡᠯᠭᠡᠭᠡᠨ᠎ᠤ ᠰᠡᠯᠡᠭᠦᠴᠡᠯ᠎ᠤᠨ ᠬᠤᠪᠴᠠᠰᠤ᠂ ᠲᠤᠬᠠᠢᠯᠠᠭ᠍ᠰᠠᠨ ᠠᠵᠢᠯ᠎ᠤᠨ ᠬᠤᠪᠴᠠᠰᠤ ᠪᠠ ᠮᠠᠯᠠᠭᠠᠶ᠎ᠶ᠋ᠢᠨ ᠵᠠᠰᠠᠯ ᠴᠢᠮᠡᠭ᠌ᠯᠡᠯ᠎ᠳᠤ ᠤᠯᠠᠮᠵᠢᠯᠠᠯ ᠪᠠ ᠣᠳᠣᠬᠢᠴᠢ ᠭᠤᠸ᠎ᠠ ᠰᠠᠢᠬᠠᠨ᠎ᠤ ᠡᠯᠧᠮᠧᠨ᠋ᠲ᠎ᠢ ᠵᠡᠷᠬᠡ᠎ᠪᠠᠷ ᠬᠠᠷᠠᠭᠤᠯᠤᠭ᠍ᠰᠠᠨ ᠪᠠᠢᠨ᠎ᠠ᠃

ᠤᠢ᠍ᠢᠷ᠎ᠠ᠎ᠶ᠋ᠢᠨ ᠵᠢᠯ᠎ᠳᠤ᠂ ᠮᠠᠨ᠎ᠤ ᠣᠷᠣᠨ ᠮᠣᠩᠭᠤᠯ ᠦᠨᠳᠦᠰᠦᠲᠡᠨ᠎ᠤ ᠬᠤᠪᠴᠠᠰᠤ ᠵᠠᠰᠠᠯ᠎ᠤᠨ ᠰᠣᠶᠣᠯ᠎ᠤᠨ ᠣᠨᠣᠯ᠎ᠤᠨ ᠰᠤᠳᠤᠯᠭᠠᠨ ᠪᠠ ᠦᠢᠯᠡᠳᠦᠯᠭᠡ᠎ᠶ᠋ᠢᠨ ᠠᠯᠬᠤᠴᠠ᠎ᠪᠠᠨ ᠲᠦᠷᠭᠡᠳᠭᠡᠵᠦ᠍᠂ ᠵᠢᠭᠠᠨ ᠰᠤᠷᠭᠠᠯᠲᠠ᠂ ᠱᠢᠨᠵᠢᠯᠡᠬᠡᠨ ᠰᠤᠳᠤᠯᠭᠠᠨ ᠪᠠ ᠠᠵᠤ ᠦᠢᠯᠡᠰᠵᠢᠯᠲᠡ᠎ᠶ᠋ᠢ ᠵᠤᠬᠢᠴᠠᠭᠤᠯᠤᠨ ᠬᠦᠭ᠌ᠵᠢᠬᠦᠯᠬᠦ᠌ ᠱᠢᠨ᠎ᠡ ᠪᠠᠢᠳᠠᠯ᠎ᠢ ᠪᠤᠢ ᠪᠤᠯᠭᠠᠨ᠂ ᠮᠣᠩᠭᠤᠯ ᠬᠤᠪᠴᠠᠰᠤ ᠵᠠᠰᠠᠯ᠎ᠢ ᠠᠮᠢᠳᠤᠷᠠᠯ᠎ᠳᠤ ᠤᠷᠤᠭᠤᠯᠬᠤ᠂ ᠴᠠᠭ᠎ᠤᠨ ᠤᠷᠤᠰᠭᠠᠯ᠎ᠢ ᠳᠠᠭᠠᠭᠤᠯᠬᠤ᠂ ᠳᠡᠯᠡᠬᠡᠢ᠎ᠳᠤ ᠳᠠᠨᠢᠭᠤᠯᠵᠤ ᠦᠷ᠎ᠠ ᠨᠦᠯᠦᠬᠡ᠎ᠪᠠᠨ ᠦᠷᠬᠡᠳᠭᠡᠬᠦ᠌ ᠲᠠᠯ᠎ᠠ᠎ᠪᠠᠷ ᠢᠳᠡᠪᠬᠢᠳᠠᠢ ᠬᠠᠢᠨ ᠰᠦᠪᠡᠭ᠌ᠴᠢᠯᠡᠯᠳᠡ ᠬᠢᠵᠤ ᠪᠠᠢᠨ᠎ᠡ᠃ ᠤᠢ᠍ᠢᠯᠠᠭᠠᠭ᠍ᠰᠠᠨ᠎ᠢᠶᠠᠷ᠂ ᠦᠪᠦᠷ ᠮᠤᠩᠭᠤᠯ᠎ᠤᠨ ᠱᠢᠯᠢᠳᠡᠭ ᠦᠨᠳᠦᠰᠦᠳᠡᠨ᠎ᠤ ᠰᠤᠶᠤᠯ᠎ᠢ ᠤᠯᠠᠮᠵᠢᠯᠠᠨ ᠪᠠᠳᠠᠷᠠᠭᠤᠯᠵᠤ᠂ ᠰᠤᠶᠤᠯ ᠵᠢᠭᠤᠯᠴᠢᠯᠠᠯ᠎ᠤᠨ ᠡᠬᠢ ᠪᠠᠶᠠᠯᠢᠭ᠎ᠢ ᠬᠦᠨᠵᠡᠬᠡᠢ ᠠᠭᠤᠳᠠᠯᠤᠨ ᠰᠤᠶᠤᠯ ᠵᠢᠭᠤᠯᠴᠢᠯᠠᠯ ᠠᠭᠤᠰᠤᠯᠴᠨ ᠬᠦᠭ᠌ᠵᠢᠬᠦ᠌᠎ᠶ᠋ᠢ ᠠᠬᠢᠭᠤᠯᠬᠤ ᠵᠢᠴᠢ ᠮᠤᠩᠭᠤᠯ ᠬᠤᠪᠴᠠᠰᠤ ᠵᠠᠰᠠᠯ᠎ᠤᠨ ᠲᠦᠷᠦᠯ ᠳᠡᠮᠳᠡᠭ᠌ᠵᠢᠯᠳᠡ᠂ ᠳᠡᠯᠡᠬᠡᠢᠵᠢᠯᠳᠡ᠎ᠶ᠋ᠢᠨ ᠠᠬᠢᠴᠠ᠎ᠶ᠋ᠢ ᠲᠦᠷᠬᠡᠳᠭᠡᠬᠦ᠌᠎ᠶ᠋ᠢᠨ ᠲᠦᠯᠦᠬᠡ᠂ ᠠᠷᠪᠠᠨ ᠳᠤᠯᠤᠳᠤᠭᠠᠷ ᠬᠤᠭᠤᠴᠠᠭᠠᠨ᠎ᠤ ᠮᠤᠩᠭᠤᠯ ᠬᠤᠪᠴᠠᠰᠤ ᠵᠠᠰᠠᠯ᠎ᠤᠨ ᠰᠤᠶᠤᠯ᠎ᠤᠨ ᠨᠠᠢᠷ ᠪᠠ ᠮᠤᠩᠭᠤᠯ ᠬᠤᠪᠴᠠᠰᠤ ᠵᠠᠰᠠᠯ᠎ᠤᠨ ᠤᠷᠤᠯᠳᠤᠭᠠᠨ᠎ᠢ ᠤᠳᠠᠯ ᠦᠬᠡᠢ ᠡᠷᠬᠢᠯᠡᠬᠦ᠌᠎ᠪᠠᠷ ᠪᠤᠢ᠃

ᠥᠪᠥᠷ ᠮᠣᠩᠭᠤᠯ᠎ᠤᠨ ᠦᠨᠳᠦᠰᠦᠲᠡᠨ᠎ᠤ ᠬᠤᠪᠴᠠᠰᠤ ᠵᠠᠰᠠᠯ᠎ᠨᠢ ᠲᠠᠯ᠎ᠠ ᠨᠤᠲᠤᠭ᠎ᠤᠨ ᠠᠷᠠᠳ ᠲᠦᠮᠡᠨ᠎ᠤ ᠰᠠᠢᠨ ᠰᠠᠢᠬᠠᠨ ᠠᠮᠢᠳᠤᠷᠠᠯ᠎ᠳᠤ ᠢᠳᠡᠬᠡᠯ ᠵᠤᠷᠢᠭ ᠨᠡᠮᠡᠵᠦ᠍᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠬᠥᠮᠦᠰ᠎ᠤᠨ ᠪᠠᠭ᠍ᠠᠷᠤᠯ᠎ᠢ ᠤᠯᠠᠮ᠎ᠠᠴᠠ ᠤᠯᠠᠮ ᠳᠠᠳᠠᠵᠤ᠂ ᠳᠡᠯᠡᠬᠡᠢ᠎ᠶ᠋ᠢᠨ ᠬᠤᠪᠴᠠᠰᠤ ᠵᠠᠰᠠᠯ᠎ᠤᠨ ᠰᠤᠶᠤᠯ᠎ᠳᠤ ᠦᠩᠬᠡ ᠬᠢᠯᠪᠠᠭ᠎ᠠ᠎ᠪᠠᠨ ᠰᠠᠴᠤᠷᠠᠭᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号