ᠣᠶᠠᠩᠭᠠᠲᠣ ᠲᠠᠭᠤᠣ ᠣᠷᠠᠨ ᠬᠦᠭ᠌ᠵᠢᠮ᠎ᠤᠨ ᠲᠠᠭᠤᠷᠢᠰᠭᠤᠯᠠᠩ
2020-08-14 11:35:10
ᠵᠣᠬᠢᠶᠠᠭ᠍ᠴᠢ᠄
​ ᠪᠣᠣ ᠦᠷᠭᠡᠨ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠤᠯ᠎ᠤᠨ ᠳᠠᠭᠤᠤ ᠬᠥᠭ᠌ᠵᠢᠮ᠎ᠨᠢ ᠨᠡᠭᠦᠳᠡᠯᠴᠢᠨ ᠦᠨᠳᠦᠰᠦᠲᠡᠨ᠎ᠤ ᠭᠠᠵᠠᠷ ᠣᠷᠣᠨ᠎ᠤ ᠰᠣᠶᠣᠯ᠎ᠤᠨ ᠣᠨᠴᠠᠯᠢᠭ᠎ᠢ ᠲᠥᠯᠥᠭᠡᠯᠡᠵᠦ᠍᠂ ᠤᠯᠠᠩᠭᠢ ᠳᠠᠭᠤᠤ ᠬᠥᠭ᠌ᠵᠢᠮ᠎ᠨᠢ ᠠᠭᠤᠯᠠ ᠬᠠᠢᠷᠬᠠᠨ᠂ ᠤᠷᠤᠰᠭᠠᠯ ᠮᠥᠷᠡᠨ᠂ ᠨᠤᠮᠢᠨ ᠲᠠᠯ᠎ᠠ᠎ᠪᠠᠨ ᠤᠶᠠᠩᠭᠠᠯᠠᠵᠤ ᠮᠠᠬ᠍ᠳᠠᠨ ᠲᠠᠭᠤᠯᠠᠭ᠍ᠰᠠᠨ ᠪᠠᠢᠳᠠᠭ᠃ ᠲᠡᠷᠡ᠎ᠨᠢ ᠥᠷᠭᠡᠨ ᠠᠭᠤᠳᠠᠮ ᠲᠠᠯ᠎ᠠ ᠨᠤᠳᠤᠬ᠎ᠤᠨ ᠬᠥᠮᠥᠰ᠎ᠤᠨ ᠬᠠᠢᠷ᠎ᠠ ᠰᠡᠳᠭᠢᠯᠬᠡ᠎ᠶ᠋ᠢ ᠤᠶᠠᠩᠭᠠᠯᠠᠨ ᠠᠶᠠᠯᠠᠭᠤᠯᠬᠤ ᠪᠠ ᠡᠭᠡᠱᠢᠭ᠌ᠯᠡᠨ ᠬᠥᠭ᠌ᠵᠢᠮᠳᠠᠵᠥ᠍᠂ ᠤᠷᠮ᠎ᠠ ᠰᠡᠳᠭᠢᠯᠭᠡ ᠪᠠᠳᠠᠷᠠᠭᠤᠨ ᠪᠦᠬᠡᠳ ᠴᠤᠬ ᠵᠢᠪᠬᠤᠭᠠᠯᠢᠬ᠂ ᠲᠡᠷᠡᠴᠢᠯᠠᠨ ᠲᠠᠯ᠎ᠠ ᠨᠤᠲᠤᠭ᠎ᠤᠨ ᠥᠷᠭᠡᠨ ᠠᠭᠤᠳᠠᠮ ᠭᠠᠵᠠᠷ ᠣᠷᠣᠨ᠎ᠤ ᠠᠭᠤᠷ ᠠᠮᠢᠰᠭᠤᠯ᠎ᠢᠶᠠᠷ ᠥᠳᠭᠡᠨ ᠵᠤᠵᠠᠭᠠᠨ ᠪᠠᠢᠳᠠᠭ᠎ᠢᠶᠠᠷ᠎ᠢᠶᠠᠨ ᠪᠤᠰᠤᠳ ᠲᠠᠭᠤᠤ ᠬᠥᠭ᠌ᠵᠢᠮ᠎ᠠᠴᠠ ᠤᠨᠴᠠᠯᠢᠬ᠍ᠳᠠᠵᠥ᠍᠂ ᠲᠠᠯ᠎ᠠ ᠨᠤᠳᠤᠬ᠎ᠤᠨ ᠤᠶᠠᠩᠭᠠᠳᠤ ᠲᠠᠭᠤᠤ ᠬᠡᠮᠡᠨ ᠬᠤᠯᠠ ᠥᠢᠷ᠎ᠠ᠎ᠳᠤ ᠠᠯᠳᠠᠷᠱᠢᠬ᠍ᠰᠠᠨ ᠶᠤᠮ᠃ ᠮᠤᠩᠭᠤᠯ ᠤᠷᠳᠤ᠎ᠶ᠋ᠢᠨ ᠲᠠᠭᠤᠤ᠂ ᠤᠯᠠᠮᠵᠢᠯᠠᠯᠲᠤ ᠡᠷᠲᠡᠨ᠎ᠤ ᠪᠣᠭ᠍ᠳᠠ᠎ᠶ᠋ᠢᠨ ᠳᠠᠭᠤᠤ᠂ ᠮᠠᠭ᠍ᠲᠠᠭᠠᠯ ᠳᠠᠭᠤᠤ᠂ ᠨᠠᠢᠷ᠎ᠤᠨ ᠳᠠᠭᠤᠤ ᠵᠢᠴᠢ ᠮᠠᠯᠴᠢᠳ᠎ᠤᠨ ᠠᠮᠢᠳᠤᠷᠠᠯ᠎ᠢ ᠲᠤᠰᠭᠠᠭ᠍ᠰᠠᠨ ᠮᠠᠰᠢ ᠤᠯᠠᠨ ᠭᠤᠢᠳᠠ ᠰᠠᠢᠬᠠᠨ ᠲᠡᠯ᠎ᠠ ᠨᠤᠳᠤᠬ᠎ᠤᠨ ᠳᠠᠭᠤᠤ ᠬᠥᠭ᠌ᠵᠢᠮ᠎ᠤᠨ ᠣᠨᠴᠠᠯᠢᠭ᠎ᠨᠢ ᠥᠪᠥᠷ ᠮᠤᠩᠭᠤᠯᠴᠤᠳ᠎ᠤᠨ ᠦᠨᠳᠦᠰᠦᠲᠡᠨ᠎ᠤ ᠬᠠᠢᠷ᠎ᠠ ᠰᠡᠳᠭᠢᠯᠭᠡ᠎ᠶ᠋ᠢ ᠬᠠᠷᠠᠭᠤᠯᠵᠤ᠂ ᠥᠪᠥᠷ ᠮᠤᠩᠭᠤᠯ᠎ᠤᠨ ᠭᠠᠵᠠᠷ ᠣᠷᠣᠨ᠎ᠤ ᠳᠠᠭᠤᠤ ᠬᠥᠭ᠌ᠵᠢᠮ᠎ᠤᠨ ᠰᠣᠶᠣᠯ᠎ᠢ ᠪᠦᠷᠢᠯᠳᠦᠭᠦᠯᠵᠡᠶ᠃


1.jpg


《ᠠᠮᠢᠳᠤ ᠴᠢᠯᠠᠭᠤᠵᠢᠮᠠᠯ》 — ᠤᠷᠲᠤ᠎ᠶ᠋ᠢᠨ ᠳᠠᠭᠤᠤ

ᠮᠣᠩᠭᠤᠯ ᠦᠨᠳᠦᠰᠦᠲᠡᠨ᠎ᠤ ᠣᠷᠣᠱᠢᠨ ᠲᠣᠭ᠍ᠲᠠᠨᠢᠬᠤ ᠣᠷᠴᠢᠨ ᠲᠣᠭᠤᠷᠢᠨ᠎ᠨᠢ ᠶᠡᠷᠦ᠎ᠠᠴᠠ ᠭᠠᠵᠠᠷ ᠠᠭᠤᠳᠠᠮ ᠬᠥᠮᠦᠨ ᠠᠮᠠ ᠰᠡᠢᠷᠡᠭ ᠤᠨᠴᠠᠯᠢᠬ᠎ᠲᠠᠢ ᠪᠥᠬᠡᠳ ᠨᠡᠭᠦᠳᠡᠯ ᠮᠠᠯᠵᠢᠯ᠎ᠤᠨ ᠠᠮᠢᠳᠤᠷᠠᠯ᠎ᠤᠨ ᠠᠷᠭ᠎ᠠ ᠬᠡᠯᠪᠡᠷᠢ᠎ᠨᠢ ᠲᠡᠳᠡᠨ᠎ᠤ ᠰᠦᠨ ᠴᠠᠭᠠᠨ ᠬᠠᠢᠷ᠎ᠠ ᠰᠡᠳᠭᠢᠯ᠎ᠢ ᠢᠪᠢᠯᠦᠭᠦᠯᠦᠨ᠂ ᠥᠪᠡᠷᠮᠢᠴᠠ ᠪᠠᠭ᠍ᠳᠠᠭᠠᠮᠵᠢᠳᠠᠢ ᠵᠠᠩ ᠠᠷᠠᠨᠱᠢᠨ ᠲᠤᠳᠤᠭᠠᠳᠤ ᠰᠡᠳᠭᠢᠯᠬᠡ᠎ᠶ᠋ᠢ ᠢᠯᠡᠷᠡᠬᠦᠯᠵᠠᠢ᠃ ᠮᠤᠩᠭᠤᠯ ᠤᠷᠲᠤ᠎ᠶ᠋ᠢᠨ ᠳᠠᠭᠤᠤ ᠪᠣᠯ ᠳᠠᠷᠤᠶ ᠡᠨᠡ ᠬᠦ᠌ ᠬᠠᠢᠷ᠎ᠠ᠎ᠶ᠋ᠢᠨ ᠨᠥᠯᠥᠬᠡᠯᠡᠬᠦ᠌ ᠬᠦᠴᠦᠨ᠎ᠤ ᠦᠢᠯᠡᠳᠦᠯ ᠳᠣᠣᠷ᠎ᠠ ᠡᠭᠦᠰᠴᠦ᠍ ᠬᠥᠭ᠌ᠵᠢᠭ᠌ᠰᠡᠨ ᠪᠠᠢᠳᠠᠬ᠃

ᠮᠣᠩᠭᠤᠯ ᠤᠷᠲᠤ᠎ᠶ᠋ᠢᠨ ᠳᠠᠭᠤᠤ᠎ᠶ᠋ᠢ ᠪᠠᠰᠠ ᠤᠷᠲᠤ᠎ᠶ᠋ᠢᠨ ᠳᠠᠭᠤᠤ ᠭᠡᠳᠡᠭ᠃ ᠲᠡᠭᠦᠨ᠎ᠤ ᠣᠨᠴᠠᠯᠢᠭ᠎ᠨᠢ ᠲᠠᠭᠤᠤ᠎ᠶ᠋ᠢᠨ ᠦᠭᠡ ᠴᠥᠭᠡᠨ ᠲᠠᠭᠤᠯᠠᠬᠤ᠎ᠳᠤ ᠤᠷᠳᠤᠳᠭᠠᠨ ᠠᠶᠠᠯᠠᠭᠤᠯᠵᠥ᠍᠂ ᠠᠢᠵᠠᠮ ᠴᠤᠬᠢᠯᠭ᠎ᠠ ᠴᠢᠯᠥᠭᠡᠲᠡᠶ᠂ ᠠᠶᠠᠯᠠᠭᠤᠯᠤᠨ ᠤᠶᠠᠩᠭᠠᠯᠠᠬᠤ᠎ᠳᠤ ᠴᠢᠳᠠᠮᠠᠭᠠᠶ ᠪᠠᠢᠳᠠᠬ; ᠳᠠᠭᠤᠤ᠎ᠶ᠋ᠢᠨ ᠦᠭᠡ᠎ᠨᠢ ᠶᠡᠷᠦᠳᠡᠭᠡᠨ ᠳᠡᠭᠡᠳᠦ ᠳᠣᠣᠷᠠᠳᠤ ᠬᠤᠶᠠᠷ ᠪᠠᠳᠠᠭ᠎ᠢᠶᠠᠷ ᠪᠥᠷᠢᠯᠳᠥᠨ᠂ ᠠᠭᠤᠯᠭ᠎ᠠ᠎ᠶ᠋ᠢᠨ ᠲᠠᠯ᠎ᠠ᠎ᠪᠠᠷ ᠠᠭᠤᠳᠠᠮ ᠨᠤᠲᠤᠭ᠂ ᠠᠵᠢᠨᠠᠶ ᠬᠦᠯᠦᠭ᠂ ᠲᠡᠮᠡᠭᠡ᠂ ᠦᠬᠡᠷ ᠬᠤᠨᠢ᠂ ᠬᠥᠬᠡ ᠣᠭ᠍ᠲᠠᠷᠭᠤᠶ᠂ ᠬᠥᠪᠤᠡᠭ ᠴᠠᠭᠠᠨ ᠡᠭᠦᠯᠡ᠂ ᠭᠤᠣᠯ ᠮᠥᠷᠡᠨ᠂ ᠠᠭᠤᠯᠠ ᠬᠠᠢᠷᠬᠠᠨ᠂ ᠨᠠᠭᠤᠷ ᠴᠥᠭᠦᠷᠥᠮ ᠵᠡᠷᠭᠡ ᠠᠭᠤᠯᠭ᠎ᠠ᠎ᠶ᠋ᠢ ᠳᠦᠷᠰᠦᠯᠡᠨ ᠪᠢᠴᠢᠳᠡᠭ ᠶᠤᠮ᠃ ᠮᠣᠩᠭᠤᠯ ᠤᠷᠲᠤ᠎ᠶ᠋ᠢᠨ ᠳᠠᠭᠤᠤ᠎ᠨᠢ ᠨᠡᠭᠦᠳᠡᠯ ᠰᠣᠶᠣᠯ᠎ᠤᠨ ᠢᠯᠡ ᠲᠣᠳᠣ ᠣᠨᠴᠠᠯᠢᠭ ᠪᠣᠯᠤᠨ ᠥᠪᠡᠷᠮᠢᠴᠡ ᠳᠠᠭᠤᠯᠠᠬᠤᠢ ᠬᠡᠯᠪᠡᠷᠢ᠎ᠪᠠᠷ ᠮᠣᠩᠭᠤᠯ ᠦᠨᠳᠦᠰᠦᠲᠡᠨ᠎ᠤ ᠲᠡᠦᠬᠡ ᠰᠤᠳᠤᠷ᠂ ᠰᠣᠶᠣᠯ ᠢᠷᠭᠡᠨᠱᠢᠯ᠂ ᠶᠣᠰᠣ ᠰᠤᠷᠳᠠᠬᠤᠨ᠂ ᠭᠦᠨ ᠤᠬᠠᠭᠠᠨ ᠪᠣᠯᠤᠨ ᠤᠷᠠᠯᠢᠭ᠎ᠤᠨ ᠲᠤᠬᠠᠢ ᠣᠢᠯᠠᠭᠠᠯᠲᠠ᠎ᠶ᠋ᠢ ᠲᠠᠢᠯᠪᠤᠷᠢᠯᠠᠵᠤ ᠢᠯᠡᠷᠡᠬᠦᠯᠦᠭ᠌ᠰᠡᠨ ᠪᠠᠢᠳᠠᠬ᠃ ᠡᠢᠮᠦ᠎ᠠᠴᠠ 《ᠲᠠᠯ᠎ᠠ ᠨᠤᠲᠤᠭ᠎ᠤᠨ ᠳᠠᠭᠤᠤ ᠬᠥᠭ᠌ᠵᠢᠮ᠎ᠤᠨ ᠠᠮᠢᠳᠤ ᠴᠢᠯᠠᠭᠤᠵᠢᠮᠠᠯ》 ᠬᠡᠰᠡᠨ ᠰᠠᠢᠬᠠᠨ ᠨᠡᠷᠡᠢᠳᠤᠯ᠎ᠲᠠᠢ ᠪᠢᠯᠡ᠃

ᠤᠷᠲᠤ᠎ᠶ᠋ᠢᠨ ᠳᠠᠭᠤᠤ᠎ᠶ᠋ᠢ ᠰᠡᠳᠭᠢᠯ ᠲᠠᠯᠪᠢᠨ ᠰᠣᠨᠣᠰᠪᠠᠯ ᠨᠡᠯᠦᠭᠡᠷ ᠠᠭᠤᠳᠠᠮ ᠲᠠᠯ᠎ᠠ ᠨᠤᠲᠤᠭ᠎ᠲᠤ ᠵᠣᠭ᠍ᠰᠣᠵᠤ ᠡᠭᠡ ᠪᠠᠢᠭᠠᠯᠢ᠎ᠶ᠋ᠢᠨ ᠬᠡᠱᠢᠭ ᠱᠢᠮ᠎ᠠ᠎ᠶ᠋ᠢ ᠠᠮᠳᠠᠷᠬᠠᠨ ᠬᠥᠷᠳᠡᠵᠥ᠍ ᠪᠠᠢᠭ᠎ᠠ ᠱᠢᠬ ᠰᠡᠳᠭᠢᠯ ᠰᠠᠨᠠᠭ᠎ᠠ ᠲᠠᠢᠪᠤᠱᠢᠷᠠᠳᠠᠭ ᠶᠤᠮ᠃ ᠡᠶᠢᠮᠦᠷᠬᠦᠦ ᠤᠷᠠᠯᠢᠭ᠎ᠤᠨ ᠠᠬᠤᠶ ᠪᠠᠢᠳᠠᠯ᠎ᠳᠤ ᠴᠥᠬᠡᠨ ᠪᠤᠰᠤ ᠳᠠᠭᠤᠤ ᠬᠥᠭ᠌ᠵᠢᠮᠴᠢᠨ᠂ ᠠᠶ᠎ᠠ ᠳᠠᠭᠤᠴᠢᠨ᠎ᠠᠴᠠ ᠲᠡᠬᠦᠨ᠎ᠢ 《ᠪᠠᠢᠭᠠᠯᠢ᠎ᠶ᠋ᠢᠨ ᠤᠶᠠᠩᠭ᠎ᠠ ᠬᠢᠬᠡᠳ ᠰᠡᠳᠭᠢᠯ᠎ᠤᠨ ᠤᠶᠠᠩᠭ᠎ᠠ᠎ᠶ᠋ᠢᠨ ᠨᠢᠬᠡᠳᠤᠯ》 ᠬᠡᠵᠥ᠍ ᠨᠡᠷᠡᠯᠡᠨ᠂ ᠭᠤᠸ᠎ᠠ ᠵᠦᠢ᠎ᠶ᠋ᠢᠨ ᠤᠬᠠᠭᠠᠨᠲᠠᠨ ᠬᠠᠷᠢᠨ 《ᠬᠥᠮᠦᠨ ᠬᠢᠬᠡᠳ ᠪᠠᠢᠭᠠᠯᠢ᠎ᠶ᠋ᠢᠨ ᠳᠡᠭᠡᠳᠦ ᠬᠡᠮᠵᠢᠶᠡᠨ᠎ᠤ ᠴᠢᠯᠥᠭᠡᠳᠤ ᠪᠦᠷᠢᠨ ᠲᠡᠭᠦᠯᠳᠡᠷ ᠨᠢᠭᠡᠳᠦᠯ》 ᠬᠡᠵᠥ᠍ ᠥᠨᠡᠯᠡᠵᠠᠢ᠃ ᠲᠠᠭᠠᠭᠤᠯᠤᠨ ᠳᠠᠭᠤᠯᠠᠬ᠍ᠴᠢ᠎ᠠᠴᠠ ᠤᠷᠳᠤ᠎ᠶ᠋ᠢᠨ ᠲᠠᠭᠤᠤ᠎ᠶ᠋ᠢᠨ ᠬᠥᠭ ᠠᠶᠠᠰ᠎ᠢ ᠠᠶᠠᠯᠠᠭᠤᠯᠤᠨ ᠪᠤᠰᠤᠳ ᠲᠠᠭᠤᠴᠢᠨ ᠨᠠᠮ ᠠᠶᠠᠰ᠎ᠢᠶᠠᠷ ᠬᠦᠭ ᠨᠡᠢᠯᠡᠬᠦᠯᠦᠨ ᠬᠠᠮᠳᠤᠷᠠᠨ ᠲᠠᠭᠤᠯᠠᠬᠤ᠎ᠳᠤ ᠲᠥᠪ ᠶᠡᠬᠡᠮᠰᠦᠭ᠂ ᠰᠦᠷ ᠳᠠᠯᠠᠢᠴᠠᠲᠠᠶ ᠪᠠᠢᠳᠠᠯ ᠠᠶᠠᠨᠳᠠᠭᠠᠨ ᠪᠤᠢ ᠪᠤᠯᠳᠠᠬ᠃ ᠵᠢᠱ᠌ᠢᠶᠡᠯᠡᠪᠡᠯ᠂ ᠮᠣᠷᠢᠨ ᠬᠤᠭᠤᠷ᠎ᠤᠨ ᠠᠷᠠᠳ᠎ᠤᠨ ᠭᠤᠴᠣᠯᠠᠯ ᠬᠥᠭ᠌ᠵᠢᠮ 《ᠵᠢᠷᠤᠭ᠎ᠠ᠎ᠶ᠋ᠢᠨ ᠵᠢᠷᠤᠭ᠎ᠠ》 ᠎ᠨᠢ ᠠᠭᠤᠯᠠ ᠨᠤᠷᠠᠵᠤ ᠲᠡᠯᠡᠶ ᠶᠡᠭᠦᠯᠡᠬᠦ᠌ ᠰᠦᠷ ᠬᠦᠴᠦᠨ᠂ ᠴᠤᠭ ᠵᠢᠪᠬᠤᠭ᠎ᠠ᠎ᠲᠠᠢ ᠢᠳᠡᠷᠡᠬᠦᠨ ᠲᠡᠨᠢᠬᠦᠨ ᠤᠨᠴᠠᠯᠢᠬ᠎ᠢ ᠢᠯᠠᠷᠠᠬᠦᠯᠥᠭ᠌ᠰᠡᠨ ᠠᠵᠢ᠃ ᠤᠷᠲᠤ᠎ᠶ᠋ᠢᠨ ᠲᠠᠭᠤᠤ᠎ᠶ᠋ᠢᠨ ᠠᠶᠠᠯᠭᠤ ᠬᠦ᠍ᠭ᠌ᠵᠢᠮ᠎ᠨᠢ ᠤᠷᠲᠤ ᠤᠳᠠᠭᠠᠨ᠂ ᠰᠠᠨᠠᠭ᠎ᠠ ᠠᠬᠤᠶ ᠥᠷᠭᠡᠨ ᠠᠭᠤᠳᠠᠮ᠂ ᠠᠶᠠᠯᠭᠤ ᠤᠯᠠᠨ ᠦᠭᠡ ᠴᠥᠭᠡᠨ᠂ ᠠᠶ᠎ᠠ ᠤᠷᠳᠤ ᠪᠠᠢᠳᠠᠭ᠃ ᠠᠢᠵᠠᠮ᠎ᠨᠢ ᠮᠥᠨ ᠨᠤᠭᠤᠯᠤᠭᠠᠳᠤ ᠴᠢᠨᠠᠷ᠎ᠢᠶᠠᠷ ᠮᠠᠰᠢ ᠪᠠᠶᠠᠯᠢᠭ ᠪᠠᠢᠵᠤ᠂ ᠢᠯᠠᠩᠭᠤᠶ᠎ᠠ ᠠᠶ᠎ᠠ ᠲᠠᠭᠤᠤ᠎ᠶ᠋ᠢᠨ ᠨᠤᠭᠤᠯᠤᠭ᠎ᠠ᠎ᠶ᠋ᠢᠨ ᠬᠡᠯᠪᠡᠷᠢ᠎ᠨᠢ ᠢᠷᠠᠭᠤ ᠤᠶᠠᠩᠭᠠᠯᠢᠬ ᠪᠠᠢᠳᠠᠬ᠎ᠢᠶᠠᠷ᠎ᠢᠶᠠᠨ ᠤᠨᠴᠠᠯᠢᠬ᠍ᠳᠠᠵᠠᠢ᠃

ᠤᠷᠲᠤ᠎ᠶ᠋ᠢᠨ ᠳᠠᠭᠤᠤ᠎ᠶ᠋ᠢᠨ ᠤᠷᠠᠯᠢᠭ᠎ᠤᠨ ᠲᠡᠤᠬᠡᠨ ᠳᠡᠭᠡᠷ᠎ᠡ ᠤᠷᠲᠤ᠎ᠶ᠋ᠢᠨ ᠳᠠᠭᠤᠤ᠎ᠶ᠋ᠢᠨ ᠤᠷᠠᠯᠢᠭ᠎ᠤᠨ ᠲᠠᠷᠬᠠᠨ ᠴᠥᠭᠡᠨ ᠪᠤᠰᠤ ᠴᠣᠯᠭᠤᠷᠠᠨ ᠭᠠᠷᠴᠠᠢ᠃ ᠨᠢᠭᠡᠨ ᠦᠶ᠎ᠡ᠎ᠶ᠋ᠢᠨ ᠲᠠᠷᠬᠠᠨ ᠳᠠᠭᠤᠴᠢᠨ ᠯᠾᠠᠵᠠᠪ ᠬᠤᠷᠢᠳᠤᠭᠠᠷ ᠵᠠᠭᠤᠨ᠎ᠤ ᠲᠠᠪᠢ ᠵᠢᠷᠠᠭᠠᠳ ᠣᠨ᠎ᠳᠤ ᠳᠠᠷᠤᠶ 《ᠲᠠᠯ᠎ᠠ ᠨᠤᠲᠤᠭ᠎ᠤᠨ ᠤᠶᠠᠩᠭ᠎ᠠ᠎ᠶ᠋ᠢᠨ ᠡᠷᠡᠭ᠌ᠲᠡᠶ᠎ᠶ᠋ᠢᠨ ᠬᠠᠩᠭᠢᠨᠠᠮ᠎ᠠ ᠬᠤᠭᠤᠯᠠᠶ》 ᠎ᠪᠠᠷ ᠤᠯᠤᠰ᠎ᠤᠨ ᠳᠣᠲᠣᠭᠠᠳᠤ ᠭᠠᠳᠠᠭᠠᠳᠤ᠎ᠳᠤ ᠨᠠᠷ᠎ᠠ ᠠᠯᠳᠠᠷ᠎ᠢᠶᠠᠨ ᠮᠠᠨᠳᠤᠭᠤᠯᠵᠥ᠍᠂ ᠲᠡᠭᠦᠨ᠎ᠤ ᠭᠤᠴᠤᠯᠠᠯ ᠠᠶ᠎ᠠ ᠲᠠᠭᠤᠤ 《ᠵᠢᠭᠠᠬᠠᠨ ᠱᠢᠷᠭ᠎ᠠ》 ᠎ᠨᠢ ᠬᠥᠮᠦᠰ᠎ᠤᠨ ᠤᠤᠬᠠᠢᠯᠠᠯ ᠪᠤᠯᠤᠨ ᠬᠠᠯᠠᠭᠤᠨ ᠠᠯᠠᠭ᠎ᠠ ᠲᠠᠱᠢᠯᠳᠠ᠂ ᠦᠨᠳᠤᠷ ᠦᠨᠡᠯᠡᠯᠳᠡ᠎ᠶ᠋ᠢ ᠤᠯᠠᠨ ᠤᠳᠠᠭ᠎ᠠ ᠬᠥᠷᠳᠡᠵᠠᠢ᠃ 1955 ᠣᠨ᠎ᠳᠤ 《ᠤᠷᠲᠤ᠎ᠶ᠋ᠢᠨ ᠳᠠᠭᠤᠤ᠎ᠶ᠋ᠢᠨ ᠬᠠᠳᠤᠨ》 ᠬᠡᠮᠡᠨ ᠠᠯᠳᠠᠷᠱᠢᠬ᠍ᠰᠠᠨ ᠲᠠᠭᠤᠴᠢᠨ ᠪᠤᠶᠠᠨᠳᠡᠯᠭᠡᠷ ᠤᠷᠳᠤ᠎ᠶ᠋ᠢᠨ ᠳᠠᠭᠤᠤ 《ᠰᠠᠷᠠᠭᠤᠯ ᠲᠠᠯ᠎ᠠ》 ᠎ᠪᠠᠷ᠎ᠢᠶᠠᠨ ᠳᠡᠯᠡᠬᠡᠶ᠎ᠶ᠋ᠢᠨ ᠵᠠᠯᠠᠭᠤᠴᠤᠳ᠎ᠤᠨ ᠨᠥᠬᠦᠷᠯᠡᠯ᠎ᠤᠨ ᠨᠠᠢᠷ ᠲᠡᠭᠡᠷ᠎ᠠ ᠠᠯᠲᠠᠨ ᠮᠧᠳᠠᠯ ᠭᠠᠷᠳᠠᠵᠥ᠍᠂ ᠳᠡᠯᠡᠬᠡᠶ᠎ᠶ᠋ᠢᠨ ᠲᠡᠰ᠎ᠤᠨ ᠳᠠᠭᠤᠤ ᠬᠥᠭ᠌ᠵᠢᠮ᠎ᠤᠨ ᠲᠠᠷᠬᠠᠨ ᠴᠤᠯᠠ᠎ᠶ᠋ᠢ ᠬᠠᠮᠠᠭᠠᠯᠠᠨ ᠪᠤᠰᠤᠳ ᠤᠯᠤᠰ᠎ᠤᠨ ᠵᠠᠯᠠᠭᠤᠴᠤᠳ᠎ᠲᠤ ᠤᠷᠳᠤ᠎ᠶ᠋ᠢᠨ ᠲᠠᠭᠤᠤ᠎ᠪᠠᠨ ᠲᠠᠨᠢᠭᠤᠯᠵᠥ᠍ ᠶᠠᠪᠤᠵᠠᠢ᠃ ᠲᠤᠰ ᠤᠳᠠᠭ᠎ᠠ᠎ᠶ᠋ᠢᠨ ᠨᠠᠢᠷ᠎ᠤᠨ ᠱᠢᠯᠭᠠᠷᠠᠭᠤᠯᠬᠤ ᠺᠣᠮᠢᠰ᠎ᠤᠨ ᠨᠢᠭᠡ ᠪᠠᠢᠬ᠍ᠰᠠᠨ ᠤᠤᠯ᠎ᠤᠨ ᠵᠥᠪᠯᠡᠯᠲᠦ ᠬᠤᠯᠪᠣᠭᠠᠲᠤ ᠤᠯᠤᠰ᠎ᠤᠨ ᠠᠯᠳᠠᠷᠲᠤ ᠬᠥᠭ᠌ᠵᠢᠮ᠎ᠤᠨ ᠵᠣᠬᠢᠶᠠᠯᠴᠢ ᠱᠢᠶᠣᠤᠰᠲ᠋ᠠᠺᠡᠸᠢᠴᠢ ᠲᠡᠭᠦᠨ᠎ᠢ 《ᠬᠤᠪᠣᠷᠬᠠᠨ ᠪᠠᠢᠳᠠᠬ ᠡᠮᠡᠭ᠌ᠲᠡᠶ᠎ᠶ᠋ᠢᠨ ᠬᠠᠩᠭᠢᠨᠠᠮ᠎ᠠ ᠬᠤᠭᠤᠯᠠᠶ᠎ᠶ᠋ᠢᠨ ᠲᠠᠭᠤᠴᠢᠨ》 ᠬᠡᠵᠥ᠍ ᠦᠨᠡᠯᠡᠭ᠌ᠰᠡᠨ ᠪᠢᠯᠡ᠃ ᠬᠤᠷᠢᠳᠤᠭᠠᠷ ᠵᠠᠭᠤᠨ᠎ᠤ ᠳᠠᠯᠠᠭᠠᠳ ᠣᠨ᠎ᠤ ᠰᠡᠭᠦᠯᠴᠢ᠎ᠪᠠᠷ᠂ ᠤᠷᠳᠤᠰ᠎ᠤᠨ ᠤᠷᠳᠤ᠎ᠶ᠋ᠢᠨ ᠳᠠᠭᠤᠴᠢᠨ ᠵᠠᠮᠰᠤ ᠪᠡᠭᠡᠵᠢᠩ᠎ᠤᠨ ᠤᠷᠠᠯᠢᠬ᠎ᠤᠨ ᠲᠠᠢᠰᠠ᠎ᠶ᠋ᠢ ᠲᠤᠩᠰᠤᠯᠭᠠᠵᠥ᠍᠂ ᠳᠠᠭᠤᠤ ᠬᠥᠭ᠌ᠵᠢᠮ᠎ᠤᠨ ᠤᠨᠤᠯ᠎ᠤᠨ ᠡᠲᠡᠭᠡᠳ᠂ ᠨᠠᠢᠷᠠᠯ ᠬᠥᠭ᠌ᠵᠢᠮ᠎ᠤᠨ ᠡᠲᠡᠭᠡᠳ᠂ ᠰᠤᠷᠭᠠᠨ ᠬᠥᠮᠦᠵᠢᠯ᠎ᠤᠨ ᠡᠳᠡᠭᠡᠳ᠎ᠤᠨ ᠲᠤᠮᠳᠠ ᠬᠥᠴᠥᠳᠠᠢ ᠲᠤᠩᠰᠤᠯᠤᠯ ᠭᠠᠷᠭᠠᠵᠠᠢ᠃ ᠮᠠᠰᠢ ᠣᠯᠠᠨ ᠲᠤᠰᠭᠠᠶ ᠮᠡᠷᠭᠡᠵᠢᠯᠲᠡᠨ ᠲᠡᠬᠦᠨ᠎ᠢ 《ᠲᠠᠯ᠎ᠠ ᠨᠤᠲᠤᠭ᠎ᠤᠨ ᠭᠤᠴᠤᠯᠠᠯ ᠲᠠᠭᠤᠤ᠎ᠶ᠋ᠢᠨ ᠭᠤᠢᠳᠠ ᠢᠯᠡᠷᠡᠬᠦᠯᠦᠯ》 ᠭᠡᠮᠡᠨ ᠮᠠᠭ᠍ᠲᠠᠨ ᠰᠠᠢᠱᠢᠶᠠᠵᠥ᠍᠂ ᠲᠡᠷᠡ ᠳᠤᠮᠳᠠᠳᠤ ᠤᠯᠤᠰ᠎ᠤᠨ ᠬᠠᠮᠤᠭ᠎ᠤᠨ ᠳᠡᠭᠡᠳᠦ ᠳᠠᠭᠤᠤ ᠬᠥᠭ᠌ᠵᠢᠮ᠎ᠤᠨ ᠰᠤᠷᠭᠠᠭᠤᠯᠢ ᠪᠤᠯᠬᠤ ᠲᠥᠪ᠎ᠤᠨ ᠳᠠᠭᠤᠤ ᠬᠥᠭ᠌ᠵᠢᠮ᠎ᠤᠨ ᠳᠡᠭᠡᠳᠦ ᠰᠤᠷᠭᠠᠭᠤᠯᠢ᠎ᠳᠤ ᠤᠷᠢᠭ᠍ᠳᠠᠨ ᠡᠷᠳᠡᠮ ᠱᠢᠨᠵᠢᠯᠡᠭᠡᠨ᠎ᠤ ᠶᠠᠷᠢᠶ᠎ᠠ ᠢᠯᠡᠳᠭᠡᠯ ᠬᠢᠵᠤ᠂ ᠴᠥᠭᠡᠨ ᠪᠤᠰᠤ ᠠᠯᠳᠠᠷᠲᠤ ᠳᠠᠭᠤᠤ ᠬᠥᠭ᠌ᠵᠢᠮ᠎ᠤᠨ ᠲᠠᠷᠬᠠᠳ ᠪᠡᠶ᠎ᠡ᠎ᠪᠠᠷ᠎ᠢᠶᠠᠨ ᠬᠦᠷᠴᠦ᠍ ᠲᠡᠭᠦᠨ᠎ᠤ ᠳᠠᠭᠤᠯᠠᠬᠤ᠎ᠶ᠋ᠢ ᠰᠣᠨᠣᠰᠤᠭ᠍ᠰᠠᠨ ᠪᠠᠢᠨ᠎ᠠ᠃ ᠬᠤᠷᠢᠳᠤᠭᠠᠷ ᠵᠠᠭᠤᠨ᠎ᠤ ᠶᠡᠷᠡᠭᠡᠳ ᠣᠨ᠎ᠤ ᠡᠬᠢ᠎ᠪᠠᠷ᠂ 80 ᠭᠠᠷᠤᠶ ᠨᠠᠰᠤᠲᠠᠶ ᠵᠠᠮᠰᠤ ᠮᠥᠨ ᠬᠦ᠌ ᠬᠠᠨᠭ᠌ᠭᠢᠨᠠᠮ᠎ᠠ ᠬᠤᠭᠤᠯᠠᠶ᠎ᠪᠠᠷ᠎ᠢᠶᠠᠨ ᠤᠷᠳᠤ᠎ᠶ᠋ᠢᠨ ᠲᠠᠭᠤᠤ᠎ᠪᠠᠨ ᠭᠠᠢᠬᠠᠭᠤᠯᠵᠥ᠍᠂ ᠤᠷᠲᠤ᠎ᠶ᠋ᠢᠨ ᠳᠠᠭᠤᠤ᠎ᠶ᠋ᠢᠨ ᠥᠪᠡᠷᠮᠢᠴᠡ ᠤᠷᠠᠯᠢᠬ᠂ ᠭᠤᠸ᠎ᠠ ᠵᠦᠶ᠎ᠶ᠋ᠢᠨ ᠮᠥᠨ ᠴᠢᠨᠠᠷ ᠵᠢᠴᠢ ᠤᠷᠳᠤ᠎ᠶ᠋ᠢᠨ ᠲᠠᠭᠤᠤ᠎ᠨᠢ ᠦᠪᠡᠷ᠎ᠤᠨ᠎ᠢᠶᠠᠨ ᠬᠡᠪ ᠨᠠᠮᠪᠠ᠎ᠲᠠᠢ ᠪᠦᠬᠡᠳ ᠱᠢᠨᠵᠢᠯᠡᠬᠦ᠌ ᠤᠬᠠᠭᠠᠨᠴᠢ ᠳᠠᠭᠤᠯᠠᠬᠤᠢ ᠮᠡᠷᠭᠡᠵᠢᠯ᠎ᠲᠠᠢ ᠭᠡᠳᠡᠭ᠎ᠢ ᠬᠥᠮᠥᠰ᠎ᠲᠤ ᠲᠠᠨᠢᠭᠤᠯᠵᠥ᠍ ᠶᠠᠪᠤᠬ᠍ᠰᠠᠨ ᠪᠢᠯᠡ᠃


2.jpg


ᠣᠨᠴᠠᠯᠢᠭ᠍ᠳᠤ ᠬᠥᠭ᠌ᠵᠢᠮᠳᠡᠭᠦᠷ — ᠳᠥᠷᠪᠡᠨ ᠤᠲᠠᠰᠤᠲᠤ ᠬᠤᠭᠤᠷ

ᠡᠷᠳᠡᠮ ᠱᠢᠨᠵᠢᠯᠡᠭᠡᠨ᠎ᠤ ᠰᠤᠳᠤᠯᠭᠠᠨ᠎ᠤ ᠪᠢᠴᠢᠭ ᠮᠠᠲ᠋ᠧᠷᠢᠶᠠᠯ᠎ᠳᠤ ᠲᠠᠮᠳᠡᠭ᠌ᠯᠡᠭ᠌ᠰᠡᠨ᠎ᠢᠶᠠᠷ᠂ ᠮᠠᠨ᠎ᠤ ᠤᠷᠤᠨ᠎ᠤ ᠥᠨᠳᠤᠰᠤᠳᠠᠨ᠎ᠤ ᠬᠡᠪ ᠨᠠᠮᠪᠠ᠎ᠲᠠᠢ ᠲᠠᠭᠤᠤ ᠬᠥᠭ᠌ᠵᠢᠮ᠎ᠢ ᠠᠷᠠᠳ᠎ᠤᠨ ᠳᠠᠭᠤᠤ ᠬᠥᠭ᠌ᠵᠢᠮ᠂ ᠡᠷᠲᠡᠨ᠎ᠤ ᠰᠣᠩᠭᠤᠳᠠᠭ ᠳᠠᠭᠤᠤ ᠬᠥᠭ᠌ᠵᠢᠮ᠂ ᠱᠠᠱᠢᠨ ᠰᠤᠷᠲᠠᠬᠤᠨ ᠪᠠ ᠲᠠᠬᠢᠯᠭ᠎ᠠ᠎ᠶ᠋ᠢᠨ ᠳᠠᠭᠤᠤ ᠬᠥᠭ᠌ᠵᠢᠮ ᠭᠡᠵᠦ᠍ ᠭᠤᠷᠪᠠᠨ ᠶᠡᠭᠡ ᠲᠥᠷᠥᠯ᠎ᠳᠤ ᠪᠥᠳᠥᠬᠦᠪᠴᠢᠯᠠᠨ ᠬᠤᠪᠢᠶᠠᠳᠠᠭ᠃ ᠡᠳᠡᠭᠡᠷ ᠳᠠᠭᠤᠤ ᠬᠥᠭ᠌ᠵᠢᠮ᠎ᠨᠢ ᠨᠡᠭᠦᠳᠡᠯ ᠮᠠᠯᠵᠢᠯ᠎ᠤᠨ ᠠᠮᠢᠳᠤᠷᠠᠯ᠎ᠲᠠᠢ ᠤᠶᠠᠯᠳᠤᠭ᠍ᠰᠠᠨ ᠠᠷᠠᠳ᠎ᠤᠨ ᠳᠠᠭᠤᠤ ᠪᠠ ᠥᠭᠦᠯᠡᠨ ᠳᠠᠭᠤᠯᠠᠬᠤ᠎ᠪᠠᠷ ᠭᠤᠣᠯ ᠪᠣᠯᠭᠠᠬᠤ᠎ᠳᠠᠭᠠᠨ ᠤᠯᠠᠨ ᠬᠡᠯᠪᠡᠷᠢ᠎ᠶ᠋ᠢᠨ ᠬᠥᠭ᠌ᠵᠢᠮᠳᠠᠬᠦᠷ᠎ᠢᠶᠠᠷ ᠬᠠᠪᠰᠤᠷᠤᠯ ᠪᠤᠯᠭᠠᠳᠠᠬ᠃

ᠮᠣᠩᠭᠤᠯ ᠦᠨᠳᠦᠰᠦᠲᠡᠨ᠎ᠤ ᠳᠥᠷᠪᠡᠨ ᠤᠲᠠᠰᠤᠲᠤ ᠬᠤᠭᠤᠷ ᠪᠣᠯ ᠮᠣᠩᠭᠤᠯ ᠦᠨᠳᠦᠰᠦᠲᠡᠨ᠎ᠤ ᠬᠠᠮᠤᠬ᠎ᠤᠨ ᠣᠨᠴᠠᠯᠢᠭ᠎ᠲᠠᠢ ᠬᠥᠭ᠌ᠵᠢᠮᠳᠡᠭᠦᠷ᠎ᠤᠨ ᠨᠢᠭᠡ ᠪᠣᠯᠤᠨ᠎ᠠ᠃ ᠬᠡᠯᠪᠡᠷᠢ ᠳᠦᠷᠰᠦ᠎ᠨᠢ ᠬᠢᠲᠠᠳ ᠦᠨᠳᠦᠰᠦᠲᠡᠨ᠎ᠤ ᠳᠥᠷᠪᠡᠨ ᠤᠲᠠᠰᠤᠲᠤ ᠬᠤᠭᠤᠷ᠎ᠲᠠᠢ ᠲᠥᠰᠦᠬᠡᠳᠠᠢ᠂ ᠤᠯᠠᠭᠠᠨ ᠮᠣᠳᠣ ᠪᠤᠶᠤ ᠬᠦᠷᠡᠩ ᠽᠠᠨᠳᠠᠨ ᠮᠣᠳᠣ᠎ᠪᠠᠷ ᠬᠢᠳᠡᠭ᠃ ᠨᠢᠭᠤᠷ ᠲᠠᠯ᠎ᠠ᠎ᠶ᠋ᠢ᠎ᠨᠢ ᠮᠤᠭᠠᠢ᠎ᠶ᠋ᠢᠨ ᠠᠷᠠᠰᠤ ᠪᠤᠶᠤ ᠦᠬᠡᠷ᠎ᠤᠨ ᠠᠷᠠᠰᠤ᠎ᠪᠠᠷ ᠪᠦᠷᠢᠵᠤ᠂ ᠬᠥᠪᠴᠢ᠎ᠶ᠋ᠢᠨ ᠲᠡᠩᠭᠡᠯᠢᠭ ᠪᠠ ᠲᠡᠩᠭᠡᠯᠢᠭ᠎ᠤᠨ ᠨᠦᠬᠡ᠎ᠨᠢ ᠱᠣᠷᠣᠯᠵᠢᠨ ᠬᠡᠯᠪᠡᠷᠢᠳᠠᠢ᠃ ᠵᠠᠷᠢᠮ᠎ᠨᠢ ᠪᠠᠰᠠ ᠶᠠᠲᠤᠭ᠎ᠠ᠎ᠶ᠋ᠢᠨ ᠡᠰᠢ᠂ ᠶᠠᠲᠤᠭ᠎ᠠ᠎ᠶ᠋ᠢᠨ ᠭᠤᠤᠷᠰᠤᠨ ᠳᠡᠭᠡᠷ᠎ᠡ ᠮᠤᠰᠭᠢᠷᠠᠭ᠎ᠠ ᠵᠢᠷᠤᠭᠠᠰᠤ ᠱᠢᠭᠢᠳᠭᠡᠵᠦ᠍ ᠴᠢᠮᠡᠭ᠌ᠯᠡᠳᠡᠭ᠃ ᠨᠠᠷᠢᠨ ᠬᠤᠯᠤᠰᠤ ᠪᠠ ᠮᠣᠷᠢᠨ ᠰᠡᠭᠦᠯ᠎ᠢᠶᠠᠷ ᠶᠠᠲᠤᠭ᠎ᠠ᠎ᠶ᠋ᠢᠨ ᠨᠤᠮᠤ ᠪᠣᠯᠭᠠᠵᠤ ᠨᠤᠮᠤ᠎ᠶ᠋ᠢᠨ ᠡᠱᠢᠨ᠎ᠤ ᠳᠤᠮᠳᠠ ᠬᠡᠰᠡᠭ᠎ᠲᠤ 10  ᠰᠡᠨᠲ᠋ᠢᠮᠧᠲᠷ ᠤᠷᠲᠤ ᠪᠣᠯᠣᠳ ᠢᠯᠲᠠᠰᠤ᠂ ᠵᠠᠭᠠᠨ᠎ᠤ ᠱᠢᠳᠦ ᠪᠤᠶᠤ ᠮᠣᠳᠣ᠎ᠪᠠᠷ ᠡᠷᠬᠢᠬᠦᠯᠭᠡ    ᠬᠢᠳᠡᠭ᠃

ᠲᠡᠤᠭᠡᠨ ᠪᠢᠴᠢᠭ ᠮᠠᠲ᠋ᠧᠷᠢᠶᠠᠯ᠎ᠳᠤ ᠲᠠᠮᠳᠡᠭ᠌ᠯᠡᠭ᠌ᠰᠡᠨ᠎ᠢ ᠥᠨᠳᠤᠰᠤᠯᠠᠪᠠᠯ᠂ ᠳᠥᠷᠪᠡᠨ ᠤᠲᠠᠰᠤᠲᠤ ᠬᠤᠭᠤᠷ ᠥᠨᠢ ᠤᠳᠠᠭᠠᠨ ᠲᠡᠦᠬᠡ᠎ᠲᠠᠢ᠂ ᠲᠡᠷᠡ᠎ᠨᠢ ᠮᠠᠨ᠎ᠤ ᠤᠯᠤᠰ᠎ᠤᠨ ᠤᠮᠠᠷᠠᠲᠤ᠎ᠶ᠋ᠢᠨ ᠰᠢ ᠵᠦᠴᠦᠭᠡ᠎ᠶ᠋ᠢᠨ ᠬᠡᠯᠲᠡᠰ᠎ᠤᠨ ᠰᠢ ᠬᠥᠭ᠌ᠵᠢᠮ᠎ᠠᠴᠠ ᠢᠷᠡᠯᠲᠡᠶ ᠠᠵᠢ᠃ 13 ᠳ᠋ᠤᠭᠠᠷ ᠵᠠᠭᠤᠨ᠎ᠠᠴᠠ ᠨᠠᠭᠠᠰᠢ᠂ ᠳᠥᠷᠪᠡᠨ ᠤᠲᠠᠰᠤᠲᠤ ᠬᠤᠭᠤᠷ ᠮᠣᠩᠭᠤᠯ ᠣᠷᠣᠨ᠎ᠳᠤ ᠤᠯᠠᠮᠵᠢᠯᠠᠭ᠍ᠳᠠᠵᠠᠢ᠃ 16 ᠳ᠋ᠤᠭᠠᠷ ᠵᠠᠭᠤᠨ᠎ᠤ ᠠᠯᠲᠠᠨ ᠬᠠᠭᠠᠨ᠎ᠤ ᠣᠷᠳᠣᠨ᠎ᠤ ᠬᠠᠨ᠎ᠠ᠎ᠶ᠋ᠢᠨ ᠵᠢᠷᠤᠭ ᠳᠡᠭᠡᠷ᠎ᠡ ᠨᠢᠭᠡ ᠡᠮᠡᠭ᠌ᠲᠡᠶ ᠬᠥᠭ᠌ᠵᠢᠮᠴᠢᠨ ᠨᠠᠷᠢᠨ ᠱᠢᠳᠡᠮᠯᠢᠭ ᠶᠠᠲᠤᠭ᠎ᠠ᠎ᠶ᠋ᠢᠨ ᠱᠣᠩ᠂ ᠪᠢᠷ᠎ᠤᠨ ᠳᠦᠩᠰᠡ ᠬᠡᠯᠪᠡᠷᠢᠳᠤ ᠠᠪᠢᠶᠠᠨ᠎ᠤ ᠬᠠᠢᠷᠴᠠᠭ ᠲᠡᠭᠡᠷ᠎ᠠ ᠮᠣᠷᠢᠨ ᠰᠡᠭᠦᠯ᠎ᠤᠨ ᠨᠤᠮᠤ᠎ᠶ᠋ᠢ ᠬᠥᠪᠴᠢ᠎ᠶ᠋ᠢᠨ ᠵᠠᠪᠰᠠᠷ᠎ᠲᠤ ᠬᠠᠪᠴᠢᠭᠤᠯᠤᠨ ᠬᠥᠭ᠌ᠵᠢᠮᠳᠡᠬᠦ᠌᠎ᠨᠢ ᠥᠨᠥᠳᠦᠷ᠎ᠤᠨ ᠳᠥᠷᠪᠡᠨ ᠤᠲᠠᠰᠤᠲᠤ ᠬᠤᠭᠤᠷ ᠬᠥᠭ᠌ᠵᠢᠮᠳᠡᠬᠦ᠌᠎ᠲᠠᠢ ᠪᠦᠷᠢᠮᠦᠰᠦᠨ ᠠᠳᠠᠯᠢᠪᠳᠤᠷ ᠭᠡᠳᠡᠭ᠃ ᠴᠢᠩ ᠤᠯᠤᠰ᠎ᠤᠨ ᠦᠶ᠎ᠠ᠎ᠳᠤ ᠳᠥᠷᠪᠡᠨ ᠤᠲᠠᠰᠤᠲᠤ ᠬᠤᠭᠤᠷ᠎ᠢ ᠪᠠᠰᠠ ᠡᠷᠡᠦ ᠬᠤᠭᠤᠷ ᠭᠡᠳᠡᠭ᠃ ᠣᠷᠳᠣᠨ᠎ᠤ ᠬᠥᠭ᠌ᠵᠢᠮ᠎ᠤᠨ ᠨᠠᠢᠷᠠᠯ ᠬᠥᠭ᠌ᠵᠢᠮ᠎ᠳᠤ ᠬᠡᠷᠡᠭ᠌ᠯᠡᠭ᠌ᠳᠡᠵᠦ᠍᠂ ᠥᠨᠥᠳᠦᠷ᠎ᠤᠨ ᠮᠣᠩᠭᠤᠯ ᠦᠨᠳᠦᠰᠦᠲᠡᠨ᠎ᠤ ᠳᠥᠷᠪᠡᠨ ᠤᠲᠠᠰᠤᠲᠤ ᠬᠤᠭᠤᠷ ᠱᠢᠭ᠋ ᠭᠤᠴᠣ ᠰᠠᠢᠬᠠᠨ ᠬᠥᠭ᠌ᠵᠢᠮᠳᠡᠵᠦ᠍ ᠪᠠᠢᠪᠠ᠃

ᠶᠤᠸᠠᠨ ᠤᠯᠤᠰ᠎ᠤᠨ ᠰᠡᠬᠦᠯᠴᠢ᠎ᠪᠠᠷ ᠳᠥᠷᠪᠡᠨ ᠤᠲᠠᠰᠤᠲᠤ ᠬᠤᠭᠤᠷ᠎ᠤᠨ ᠤᠷᠠᠯᠢᠭ ᠥᠷᠭᠡᠨ᠎ᠢᠶᠠᠷ ᠳᠡᠯᠭᠡᠷᠡᠵᠦ᠍᠂ ᠥᠪᠥᠷ ᠮᠣᠩᠭᠤᠯ᠂ ᠯᠢᠶᠣᠤᠨᠢᠩ᠂ ᠬᠢᠷᠢᠨ᠂ ᠬᠠᠷᠠᠮᠥ᠋ᠷᠡᠡ ᠪᠣᠯᠤᠨ ᠤᠮᠠᠷᠠᠲᠤ ᠣᠷᠣᠨ ᠵᠡᠷᠭᠡ ᠬᠢᠲᠠᠳ ᠦᠨᠳᠦᠰᠦᠲᠡᠨ᠎ᠤ ᠲᠥᠪᠯᠡᠷᠡᠨ ᠰᠠᠭᠤᠷᠢᠱᠢᠭ᠍ᠰᠠᠨ ᠭᠠᠵᠠᠷ ᠣᠷᠣᠨ᠎ᠢᠶᠠᠷ ᠨᠢᠭᠡᠨ ᠦᠶ᠎ᠡ ᠨᠡᠢᠳᠡᠮ ᠳᠡᠯᠭᠡᠷᠡᠵᠦ᠍᠂ ᠬᠢᠲᠠᠳ ᠦᠨᠳᠦᠰᠦᠲᠡᠨ᠎ᠤ ᠠᠷᠠᠳ᠎ᠤᠨ ᠠᠮᠠᠨ ᠳᠠᠭᠤᠯᠠᠯ᠎ᠳᠤ ᠠᠯᠤᠰ ᠬᠡᠳᠤ᠎ᠶ᠋ᠢᠨ ᠨᠥᠯᠥᠭᠡ ᠦᠵᠡᠭᠦᠯᠵᠡᠢ᠃ ᠤᠳᠤᠬᠠᠨ᠎ᠳᠤ ᠬᠤᠷᠴᠢᠨ᠎ᠤ ᠲᠠᠯ᠎ᠠ ᠨᠤᠲᠤᠭ᠎ᠲᠤ ᠪᠠᠢᠷᠢᠯᠠᠭ᠍ᠰᠠᠨ ᠲᠦᠩᠯᠢᠶᠣᠤ ᠬᠤᠲᠠ ᠪᠣᠯ ᠳᠥᠷᠪᠡᠨ ᠤᠲᠠᠰᠤᠲᠤ ᠬᠤᠭᠤᠷ᠎ᠤᠨ ᠤᠷᠠᠯᠢᠭ ᠬᠠᠮᠤᠭ᠎ᠤᠨ ᠬᠥᠭ᠌ᠵᠢᠯ᠎ᠲᠠᠢ ᠭᠠᠵᠠᠷ ᠣᠷᠣᠨ ᠪᠣᠯᠤᠨ᠎ᠠ᠃



3.jpg



ᠮᠣᠩᠭᠤᠯ ᠦᠨᠳᠦᠰᠦᠲᠡᠨ᠎ᠤ ᠨᠤᠮᠤ ᠲᠠᠳᠠᠬᠤ ᠬᠦᠭ᠌ᠵᠢᠮᠳᠡᠬᠦᠷ᠎ᠢ ᠪᠠᠰᠠ ᠮᠣᠩᠭᠤᠯ ᠳᠥᠷᠪᠡᠨ ᠤᠲᠠᠰᠤᠲᠤ ᠬᠤᠭᠤᠷ ᠭᠡᠳᠡᠭ᠃ ᠠᠷᠠᠳ᠎ᠤᠨ ᠲᠤᠮᠳᠠ ᠭᠡᠷᠡᠭ᠌ᠯᠡᠭ᠌ᠳᠠᠵᠥ᠍ ᠪᠠᠢᠬ᠍ᠰᠠᠨ ᠳᠥᠷᠪᠡᠨ ᠤᠲᠠᠰᠤᠲᠤ ᠬᠤᠭᠤᠷ᠎ᠤᠨ ᠰᠠᠭᠤᠷᠢᠨ ᠳᠡᠭᠡᠷ᠎ᠡ ᠳᠦᠷᠢᠮ᠎ᠢ᠎ᠨᠢ ᠥᠭᠡᠷᠡᠴᠢᠯᠡᠵᠦ᠍ ᠪᠦᠲᠦᠭᠡᠭ᠌ᠰᠡᠨ ᠶᠤᠮ᠃ ᠠᠶ᠎ᠠ ᠲᠠᠭᠤᠤ᠎ᠨᠢ ᠴᠡᠭᠡᠯᠬᠡᠨ᠂ ᠭᠤᠴᠣᠯᠠᠯ ᠬᠥᠭ᠌ᠵᠢᠮ ᠪᠠ ᠨᠠᠢᠷᠠᠯ ᠬᠥᠭ᠌ᠵᠢᠮ᠎ᠳᠤ ᠬᠡᠷᠡᠭ᠌ᠯᠡᠵᠦ᠍ ᠪᠣᠯᠤᠨ᠎ᠠ᠃ ᠤᠳᠤᠬᠠᠨ᠎ᠳᠤ ᠥᠪᠥᠷ ᠮᠣᠩᠭᠤᠯ᠂ ᠯᠢᠶᠣᠤᠨᠢᠩ᠂ ᠭᠢᠷᠢᠨ᠂ ᠬᠠᠷᠠᠮᠥ᠋ᠷᠡᠨ ᠵᠡᠷᠭᠡ ᠮᠤᠵᠢ ᠣᠷᠣᠨ᠎ᠳᠤ ᠥᠷᠭᠡᠨ᠎ᠢᠶᠠᠷ ᠳᠡᠯᠭᠡᠷᠡᠵᠦ᠍ ᠪᠠᠢᠨ᠎ᠠ᠃ ᠳᠠᠭᠤᠨ ᠥᠩᠭᠡ᠎ᠨᠢ ᠴᠡᠪᠡᠷ ᠴᠡᠭᠡᠯᠬᠡᠨ᠂ ᠢᠷᠠᠭᠤ ᠰᠠᠢᠬᠠᠨ ᠰᠣᠨᠣᠰᠪᠤᠷᠢ᠎ᠲᠠᠢ᠂ ᠳᠠᠭᠤ᠎ᠨᠢ ᠨᠡᠯᠢᠶᠡᠳ ᠶᠡᠭᠡ ᠪᠠᠢᠳᠠᠭ᠃ ᠬᠥᠭ᠌ᠵᠢᠮᠳᠡᠬᠦ᠌ ᠤᠷ᠎ᠠ ᠮᠡᠷᠭᠡᠵᠢᠯ᠎ᠨᠢ ᠵᠡᠭᠦᠨ ᠭᠠᠷ᠎ᠢᠶᠠᠷ᠎ᠢᠶᠠᠨ ᠭᠤᠯᠭᠤᠭᠤᠷ ᠠᠪᠢᠶ᠎ᠠ᠂ ᠴᠡᠴᠡᠷᠡᠬᠦ᠌ ᠠᠪᠢᠶ᠎ᠠ᠂ ᠠᠪᠢᠶ᠎ᠠ ᠴᠣᠬᠢᠬᠤ᠂ ᠬᠦᠩᠭᠢᠨᠡᠬᠦ᠌ ᠠᠪᠢᠶ᠎ᠠ᠂ ᠬᠤᠤᠰ ᠠᠪᠢᠶ᠎ᠠ᠂ ᠬᠤᠤᠰ ᠡᠭᠡᠱᠢᠭ ᠮᠡᠳᠤ᠎ᠶ᠋ᠢᠨ ᠠᠶ᠎ᠠ ᠬᠥᠭ᠌ᠵᠢᠮ᠎ᠤᠨ ᠮᠡᠷᠭᠡᠵᠢᠯ᠎ᠢ ᠬᠥᠢᠴᠡᠳᠭᠡᠵᠥ᠍᠂ ᠪᠠᠷᠠᠭᠤᠨ ᠭᠠᠷ᠎ᠢᠶᠠᠷ᠎ᠢᠶᠠᠨ ᠬᠥᠢᠴᠡᠳᠭᠡᠬᠦ᠌ ᠮᠡᠷᠭᠡᠵᠢᠯ᠎ᠨᠢ ᠬᠤᠶᠠᠷ ᠤᠲᠠᠰᠤᠲᠤ ᠬᠤᠭᠤᠷ᠎ᠲᠠᠢ      ᠠᠳᠠᠯᠢᠪᠲᠤᠷ᠃ ᠭᠤᠣᠯᠳᠠᠭᠤ ᠭᠤᠴᠣᠯᠠᠯ ᠬᠥᠭ᠌ᠵᠢᠮ᠂ ᠬᠤᠣᠰᠯᠠᠯ ᠬᠥᠭ᠌ᠵᠢᠮ᠂ ᠨᠠᠢᠷᠠᠯ ᠬᠥᠭ᠌ᠵᠢᠮ᠎ᠳᠤ ᠬᠡᠷᠡᠭ᠌ᠯᠡᠳᠡᠭ᠃ ᠦᠷᠭᠦᠯᠵᠢ ᠲᠥᠪ ᠠᠶᠠᠯᠭᠤᠲᠤ ᠳᠥᠷᠪᠡᠨ ᠤᠲᠠᠰᠤᠲᠤ ᠬᠤᠭᠤᠷ᠂ ᠮᠣᠷᠢᠨ ᠬᠤᠭᠤᠷ᠂ ᠭᠤᠷᠪᠠᠨ ᠴᠢᠪᠬᠠᠳᠠᠰᠤᠲᠤ ᠬᠤᠭᠤᠷ᠂ ᠶᠠᠳᠤᠭ᠎ᠠ ᠪᠤᠶᠤ ᠬᠤᠪᠢᠰ ᠵᠡᠷᠭᠡ ᠬᠦᠭ᠌ᠵᠢᠮᠳᠡᠬᠦᠷ᠎ᠲᠠᠢ ᠨᠠᠢᠯᠠᠨ ᠬᠥᠭ᠌ᠵᠢᠮᠳᠡᠬᠦ᠌ ᠪᠤᠶᠤ ᠬᠠᠮᠲᠤᠷᠠᠨ ᠬᠥᠭ᠌ᠵᠢᠮᠳᠡᠨ᠎ᠡ᠃ ᠨᠡᠯᠢᠶᠡᠳ ᠨᠥᠯᠥᠬᠡ ᠶᠡᠭᠡᠳᠠᠢ ᠳᠥᠷᠪᠡᠨ ᠤᠲᠠᠰᠤᠲᠤ ᠬᠤᠭᠤᠷ᠎ᠤᠨ ᠭᠤᠴᠤᠯᠠᠯ ᠲᠠᠭᠤᠴᠢᠨ᠎ᠳᠤ ᠰᠦᠨ ᠯᠢᠶᠠᠩ᠂ ᠴᠢᠯᠠᠭᠤ᠂ ᠡᠦ ᠶᠦᠨ ᠯᠦᠩ᠂ ᠵᠣᠣ ᠱᠤᠸᠠᠩ ᠬᠤ᠌᠂ ᠴᠡᠩᠬᠡᠯᠲᠦ ᠪᠣᠯᠤᠨ ᠮᠠᠨᠳᠤᠯ ᠵᠡᠷᠭᠡ ᠬᠥᠮᠥᠰ ᠲᠤᠳᠤᠷᠠᠵᠥ᠍ ᠪᠤᠢ᠃ ᠳᠥᠷᠪᠡᠨ ᠤᠲᠠᠰᠤᠲᠤ ᠬᠤᠭᠤᠷ᠎ᠤᠨ ᠭᠤᠴᠤᠯᠠᠯ ᠲᠠᠭᠤᠤ᠎ᠶ᠋ᠢᠨ ᠤᠯᠠᠮᠵᠢᠯᠠᠯᠲᠤ ᠬᠥᠭ᠌ᠵᠢᠮ᠎ᠳᠤ ᠨᠡᠯᠢᠶᠡᠳ ᠥᠷᠭᠡᠨ ᠲᠡᠯᠭᠡᠷᠡᠵᠥ᠍ ᠪᠠᠢᠭ᠎ᠠ ᠲᠠᠭᠤᠤ ᠬᠥᠭ᠌ᠵᠢᠮ᠎ᠳᠤ 《ᠨᠠᠢ᠍ᠮᠠᠨ ᠠᠶᠠᠯᠭᠤ》᠂ 《ᠬᠠᠨ ᠱᠢᠤ ᠶᠢᠩ》᠂ 《ᠨᠤᠭᠤᠨᠵᠠᠶᠠᠭ᠎ᠠ》᠂ 《ᠠᠰᠠᠷ》 ᠵᠡᠷᠭᠡ ᠪᠤᠶ᠃ ᠨᠠᠢᠷᠠᠭᠤᠯᠤᠨ ᠵᠣᠬᠢᠶᠠᠭ᠍ᠰᠠᠨ ᠲᠠᠭᠤᠤ ᠬᠥᠭ᠌ᠵᠢᠮ᠎ᠳᠤ 《ᠮᠣᠩᠭᠤᠯ᠎ᠤᠨ ᠨᠠᠢ᠍ᠮᠠᠨ ᠠᠶᠠᠯᠭᠤ᠎ᠶ᠋ᠢᠨ ᠠᠷᠪᠠᠨ ᠬᠤᠶᠠᠷ ᠠᠢᠵᠠᠮ》᠂ 《ᠠᠰᠠᠷ᠎ᠤᠨ ᠠᠷᠪᠠᠨ ᠬᠤᠶᠠᠷ ᠴᠤᠬᠢᠯᠭ᠎ᠠ》᠂ 《ᠵᠡᠭᠦᠨ ᠮᠣᠩᠭᠤᠯ᠎ᠤᠨ ᠠᠷᠠᠳ᠎ᠤᠨ ᠳᠠᠭᠤᠤ᠎ᠶ᠋ᠢᠨ ᠨᠠᠢᠷᠠᠯ ᠬᠥᠭ᠌ᠵᠢᠮ》᠂ 《ᠪᠠᠶᠠᠷ ᠪᠠᠶᠠᠰᠭᠤᠯᠠᠩᠲᠤ ᠲᠠᠯ᠎ᠠ     ᠨᠤᠲᠤᠭ》᠂ 《ᠰᠠᠷᠠᠯ ᠠᠵᠢᠨᠠᠶ ᠬᠥᠯᠥᠭ》᠂ 《ᠠᠳᠤᠭᠤᠴᠢᠨ ᠵᠠᠯᠠᠭᠤ》 ᠵᠡᠷᠭᠡ ᠠᠶ᠎ᠠ ᠲᠠᠭᠤᠤ ᠪᠤᠢ᠃

(ᠭᠡᠷᠡᠯ ᠵᠢᠷᠤᠭ᠎ᠤᠳ᠎ᠢ ᠰᠤᠷᠪᠤᠯᠵᠢᠯᠠᠬ᠍ᠴᠢ ᠸᠠᠩ ᠯᠸᠢ ᠰᠡᠭᠦᠳᠡᠷᠯᠡᠪᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号