ᠡᠭᠦᠯᠡᠨ ᠬᠦᠯᠦᠭ •2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠳᠤᠭ᠍ᠯᠠᠯᠳᠠ ᠵᠡᠭᠦᠨ ᠦᠵᠦᠮᠦᠴᠢᠨ ᠬᠤᠱᠢᠭᠤᠨ᠎ᠳᠤ ᠶᠠᠪᠤᠭ᠍ᠳᠠᠪᠠ
2020-08-15 09:36:24
ᠵᠣᠬᠢᠶᠠᠭ᠍ᠴᠢ᠄
ᠪᠤᠤ ᠰᠠᠷᠠᠭᠤᠯ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 14 ᠎ᠤ ᠦᠳᠡ᠎ᠶ᠋ᠢᠨ ᠬᠤᠢᠨ᠎ᠠ᠂ ᠠᠷᠪᠠᠨ ᠳᠤᠯᠤᠳᠤᠭᠠᠷ ᠬᠤᠭᠤᠴᠠᠭᠠᠨ᠎ᠤ ᠳᠤᠮᠳᠠᠳᠤ ᠤᠯᠤᠰ • ᠦᠪᠦᠷ ᠮᠤᠩᠭᠤᠯ᠎ᠤᠨ ᠳᠠᠯ᠎ᠠ ᠨᠤᠳᠤᠭ᠎ᠤᠨ ᠰᠤᠶᠤᠯ᠎ᠤᠨ ᠨᠠᠢᠷ᠎ᠤᠨ ᠴᠢᠬᠤᠯᠠ ᠨᠢᠭᠡᠨ ᠲᠦᠷᠦᠯ ᠵᠦᠢᠯ ᠪᠤᠯᠬᠤ ᠡᠭᠦᠯᠡᠨ ᠬᠦᠯᠦᠭ •2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠳᠤᠭ᠍ᠯᠠᠯᠳᠠ ᠵᠡᠭᠦᠨ ᠦᠵᠦᠮᠦᠴᠢᠨ ᠬᠤᠱᠢᠭᠤᠨ᠎ᠤ ᠤᠯᠢᠶᠠᠰᠤᠳᠠᠢ ᠪᠠᠯᠭᠠᠰᠤ᠎ᠶ᠋ᠢᠨ ᠦᠵᠦᠮᠦᠴᠢᠨ ᠠᠭᠤᠳᠠᠮ ᠳᠠᠯᠠᠪᠠᠢ᠎ᠳᠤ ᠨᠢᠵᠢᠬᠢᠷ ᠶᠠᠪᠤᠭ᠍ᠳᠠᠪᠠ᠃


QQ截图20200815093301.jpg


ᠨᠠᠮᠤᠷ᠎ᠤᠨ ᠡᠬᠢᠨ ᠰᠠᠷ᠎ᠠ᠎ᠶ᠋ᠢᠨ ᠦᠵᠦᠮᠦᠴᠢᠨ ᠨᠤᠳᠤᠭ᠎ᠲᠤ ᠡᠪᠡᠰᠦᠨ᠎ᠤ ᠦᠵᠦᠭᠦᠷ ᠱᠢᠷᠭᠠᠯᠳᠤᠨ ᠨᠠᠢᠭᠤᠨ᠎ᠠ᠃ ᠵᠢᠷᠭᠠᠬᠤ ᠨᠠᠷᠠᠨ᠎ᠤ ᠤᠯᠠᠪᠢᠷ ᠳᠤᠶᠠᠭ᠎ᠠ ᠤᠯᠢᠶᠠᠰᠤᠳᠠᠢ ᠪᠠᠯᠭᠠᠰᠤ᠎ᠶ᠋ᠢ ᠢᠪᠡᠭᠡᠨ᠂ ᠮᠤᠩᠭᠤᠯ᠎ᠢᠶᠠᠷ᠎ᠢᠶᠠᠨ ᠭᠤᠶᠤᠯᠠᠭ᠍ᠰᠠᠨ 300 ᠭᠠᠷᠤᠢ ᠦᠵᠦᠮᠦᠴᠢᠨᠴᠦᠳ ᠠᠷᠠᠳ᠎ᠤᠨ ᠳᠠᠭᠤᠤ᠎ᠶ᠋ᠢᠨ ᠤᠶᠠᠩᠭᠠᠳᠤ ᠡᠭᠡᠱᠢᠭ᠎ᠲᠤ ᠤᠶᠠᠷᠠᠨ ᠰᠤᠭ᠍ᠳᠤᠭᠤᠷᠠᠨ᠎ᠠ᠃ 《ᠳᠦᠭᠦᠷᠡᠩᠵᠠᠭᠠᠨ᠎ᠠ》᠂ 《ᠨᠠᠷᠢᠨ ᠭᠤᠤᠯ》᠂ 《ᠴᠡᠩᠬᠡᠷ ᠬᠠᠩᠭᠠᠢ ᠨᠤᠳᠤᠭ》᠂ 《ᠬᠦᠬᠡ ᠳᠤᠷᠭᠠᠨ ᠳᠡᠪᠡᠯ》 ᠁ ᠨᠤᠳᠤᠭ᠎ᠤᠨ᠎ᠢᠶᠠᠨ ᠤᠮᠤᠭ᠍ᠰᠢᠯ᠂ ᠠᠷᠠᠳ᠎ᠤᠨ᠎ᠢᠶᠠᠨ ᠪᠠᠭ᠍ᠠᠷᠬᠠᠯ ᠪᠤᠯᠤᠭ᠍ᠰᠠᠨ ᠠᠷᠠᠳ᠎ᠤᠨ ᠳᠠᠭᠤᠤ᠎ᠨᠤᠭᠤᠳ ᠦᠵᠦᠮᠦᠴᠢᠨ ᠠᠭᠤᠳᠠᠮ ᠳᠠᠯᠠᠪᠠᠢ᠎ᠳᠤ ᠬᠠᠩᠭᠢᠨᠠᠨ᠂ ᠠᠭᠠᠷ᠎ᠤᠨ ᠳᠤᠯᠬᠢᠶᠠᠨ ᠰᠦᠯᠵᠢᠶᠠᠨ᠎ᠤ ᠴᠤᠤᠷᠢᠶ᠎ᠠ᠎ᠪᠠᠷ ᠬᠦᠯᠦᠨ ᠪᠦᠢᠷ᠎ᠠᠴᠠ ᠠᠯᠠᠱᠠ᠂ ᠦᠪᠦᠷ ᠮᠤᠩᠭᠤᠯ᠎ᠠᠴᠠ ᠪᠦᠮᠪᠦᠷᠴᠡᠭ᠎ᠤᠨ ᠴᠠᠭᠠᠨ᠎ᠠ ᠬᠦᠷᠳᠡᠯ᠎ᠡ ᠳᠠᠮᠵᠢᠭ᠍ᠳᠠᠵᠤ᠂ ᠦᠵᠦᠮᠦᠴᠢᠨ ᠠᠷᠠᠳ᠎ᠤᠨ ᠳᠠᠭᠤᠤ᠂ ᠬᠤᠷᠴᠢᠨ ᠠᠷᠠᠳ᠎ᠤᠨ ᠳᠠᠭᠤᠤ᠂ ᠪᠠᠷᠭᠤ ᠠᠷᠠᠳ᠎ᠤᠨ ᠳᠠᠭᠤᠤ᠂ ᠤᠷᠠᠳ ᠠᠷᠠᠳ᠎ᠤᠨ ᠳᠠᠭᠤᠤ᠂ ᠤᠷᠳᠤᠰ ᠠᠷᠠᠳ᠎ᠤᠨ ᠳᠠᠭᠤᠤ ᠁ ᠬᠡᠭᠦᠴᠢᠯᠡᠨ 《ᠡᠭᠦᠯᠡᠨ ᠬᠦᠯᠦᠭ》 ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠰᠠᠢᠬᠠᠨ ᠴᠢᠮᠡᠭᠡ᠎ᠶ᠋ᠢ ᠬᠦᠮᠦᠨ ᠠᠷᠠᠳ᠎ᠲᠠᠭᠠᠨ ᠳᠤᠭᠤᠯᠭᠠᠵᠤ᠂ ᠦᠵᠡᠭ᠌ᠴᠢ ᠲᠦᠮᠡᠨ᠎ᠢᠶᠠᠨ ᠪᠠᠶᠠᠰᠭᠠᠯ᠎ᠠ᠃

《ᠡᠭᠦᠯᠡᠨ ᠬᠦᠯᠦᠭ》 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠳᠤᠭ᠍ᠯᠠᠯᠳᠠ᠎ᠶ᠋ᠢ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠳᠡᠰ ᠭᠤᠤᠯᠯᠠᠨ ᠡᠷᠬᠢᠯᠡᠵᠤ᠂ ᠦᠪᠦᠷ ᠮᠤᠩᠭᠤᠯ᠎ᠤᠨ ᠰᠤᠶᠤᠯ ᠪᠠ ᠵᠢᠭᠤᠯᠴᠢᠯᠠᠯ᠎ᠤᠨ ᠳᠢᠩᠬᠢᠮ ᠬᠠᠮᠵᠢᠨ ᠡᠷᠬᠢᠯᠡᠵᠦ᠍᠂ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠂ ᠦᠪᠦᠷ ᠮᠤᠩᠭᠤᠯ᠎ᠤᠨ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ᠂ ᠦᠪᠦᠷ ᠮᠤᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠂ ᠦᠪᠦᠷ ᠮᠤᠩᠭᠤᠯ᠎ᠤᠨ ᠳᠠᠭᠤᠤ ᠭᠦᠭ᠌ᠵᠢᠮᠴᠢᠳ᠎ᠤᠨ ᠨᠠᠢᠭᠡᠮᠯᠢᠭ ᠳᠠᠭᠠᠭᠠᠴᠢᠯᠠᠨ ᠡᠷᠬᠢᠯᠡᠵᠤ ᠪᠠᠢᠭ᠎ᠠ ᠶᠤᠮ᠃ ᠲᠤᠰ ᠤᠷᠤᠯᠳᠤᠭᠠᠨ᠎ᠨᠢ ᠤᠯᠠᠮᠵᠢᠯᠠᠯᠳᠤ ᠠᠷᠠᠳ᠎ᠤᠨ ᠳᠠᠭᠤᠤ᠎ᠶ᠋ᠢᠨ ᠭᠤᠴᠤᠯᠠᠯ ᠳᠠᠭᠤᠤ᠎ᠶ᠋ᠢᠨ ᠲᠦᠷᠦᠯ᠂ ᠤᠯᠠᠮᠵᠢᠯᠠᠯᠳᠤ ᠠᠷᠠᠳ᠎ᠤᠨ ᠳᠠᠭᠤᠤ᠎ᠶ᠋ᠢᠨ ᠨᠠᠢᠷᠠᠯ ᠳᠠᠭᠤᠤ᠎ᠶ᠋ᠢᠨ ᠲᠦᠷᠦᠯ᠂ ᠦᠭᠡᠷᠡᠴᠢᠯᠡᠵᠤ ᠨᠠᠢᠷᠠᠭᠤᠯᠤᠭ᠍ᠰᠠᠨ ᠠᠷᠠᠳ᠎ᠤᠨ ᠳᠠᠭᠤᠤ᠎ᠶ᠋ᠢᠨ ᠭᠤᠷᠪᠠᠨ ᠲᠦᠷᠦᠯ ᠵᠡᠷᠭᠡ 6 ᠳᠤᠭᠤᠢ᠍ᠢᠯᠠᠩ᠎ᠢᠶᠠᠷ ᠬᠤᠪᠢᠶᠠᠨ ᠶᠠᠪᠤᠭ᠍ᠳᠠᠵᠤ᠂ 7 ᠰᠠᠷ᠎ᠠ᠎ᠶ᠋ᠢᠨ 28 ᠎ᠠᠴᠠ 8 ᠰᠠᠷ᠎ᠠ᠎ᠶ᠋ᠢᠨ 27 ᠪᠤᠯᠳᠠᠯ᠎ᠠ ᠨᠡᠷ᠎ᠡ ᠮᠡᠳᠡᠭᠦᠯᠦᠨ᠂ ᠠᠩᠬᠠᠨ᠎ᠤ ᠤᠷᠤᠯᠳᠤᠭᠠᠨ᠂ ᠱᠢᠭ᠌ᠰᠢᠭᠡ ᠤᠷᠤᠯᠳᠤᠭᠠᠨ᠂ ᠱᠢᠢᠳᠪᠦᠷᠢᠳᠤ ᠤᠷᠤᠯᠳᠤᠭᠠᠨ᠎ᠨᠢ ᠪᠦᠷ ᠰᠦᠯᠵᠢᠶᠡᠨ ᠳᠡᠭᠡᠷ᠎ᠡ ᠶᠠᠪᠤᠭ᠍ᠳᠠᠬᠤ᠎ᠨᠢ ᠤᠤᠯ᠎ᠤᠨ ᠳᠠᠭᠤᠤ ᠬᠦᠭ᠌ᠵᠢᠮ᠎ᠤᠨ ᠤᠷᠤᠯᠳᠤᠭᠠᠨ᠎ᠠᠴᠠ ᠤᠨᠴᠠᠯᠠᠭ᠍ᠳᠠᠬᠤ ᠶᠤᠮ᠃ ᠤᠷᠤᠯᠳᠤᠭᠠᠨ᠎ᠤ ᠳᠤᠬᠠᠢ ᠮᠡᠳᠡᠭ᠌ᠳᠡᠯ᠎ᠢ ᠨᠡᠢᠳᠡᠯᠡᠮᠡᠭ᠌ᠴᠡ ᠵᠤᠬᠢᠶᠠᠨ ᠪᠠᠢᠭᠤᠯᠬᠤ ᠺᠤᠮᠢᠰ ᠡᠭᠡ ᠤᠯᠤᠰ᠎ᠤᠨ ᠡᠯ᠎ᠡ ᠭᠠᠵᠠᠷ᠎ᠠᠴᠠ ᠢᠷᠡᠭᠦᠯᠦᠭ᠌ᠰᠡᠨ ᠤᠷᠤᠯᠳᠤᠭᠠᠨ᠎ᠤ ᠳᠡᠭᠦᠰ ᠠᠮᠵᠢᠯᠳᠠ᠎ᠶ᠋ᠢ ᠪᠡᠯᠭᠡᠳᠡᠭ᠌ᠰᠡᠨ ᠵᠦᠩᠨᠡᠯ ᠪᠠ ᠨᠠᠷ᠎ᠡ ᠮᠡᠳᠡᠭᠦᠯᠬᠦ᠌ ᠸᠢᠳᠢᠣ᠋ ᠪᠢᠴᠢᠯᠭᠡ᠎ᠨᠦᠭᠦᠳ᠎ᠢ ᠬᠤᠷᠢᠶᠠᠨ ᠤᠯᠪᠠ᠃ ᠳᠤᠰ ᠤᠷᠤᠯᠳᠤᠭᠠᠨ 2 ᠰᠠᠷ᠎ᠠ ᠭᠠᠷᠤᠢ ᠦᠷᠭᠦᠯᠵᠢᠯᠡᠵᠤ᠂ ᠱᠠᠩᠨᠠᠯ ᠤᠯᠭᠤᠬᠤ ᠶᠤᠰᠤᠯᠠᠯ ᠵᠢᠴᠢ ᠱᠢᠯᠢᠳᠡᠭ ᠳᠤᠭ᠍ᠯᠠᠯᠳᠠ᠎ᠶ᠋ᠢᠨ ᠦᠵᠡᠭᠦᠯᠭᠡ᠎ᠨᠢ ᠬᠦᠬᠡᠬᠤᠳᠠ᠎ᠳᠤ ᠶᠠᠪᠤᠭ᠍ᠳᠠᠬᠤ ᠪᠤᠯᠤᠨ᠎ᠠ᠃

ᠲᠤᠰ ᠤᠳᠠᠭᠠᠨ᠎ᠤ ᠵᠡᠭᠦᠨ ᠦᠵᠦᠮᠦᠴᠢᠨ᠎ᠳᠠᠬᠢ ᠵᠠᠳᠠᠭᠠᠢ ᠳᠤᠭ᠍ᠯᠠᠯᠳᠠ᠎ᠨᠢ 《ᠡᠭᠦᠯᠡᠨ ᠬᠦᠯᠦᠭ》 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠳᠤ ᠬᠦᠭ ᠨᠡᠮᠡᠷᠢᠯᠡᠵᠦ᠍᠂ ᠤᠷᠤᠯᠴᠠᠭ᠍ᠰᠠᠳ᠎ᠤᠨ ᠤᠷᠮ᠎ᠠ᠎ᠶ᠋ᠢ ᠶᠡᠭᠡ᠎ᠪᠠᠷ ᠳᠠᠢᠴᠢᠯᠠᠨ᠂ ᠤᠷᠳᠤ᠎ᠶ᠋ᠢᠨ ᠳᠠᠭᠤᠤ᠂ ᠬᠦᠭᠡᠮᠠᠢ᠂ ᠪᠤᠭᠤᠨᠢ ᠳᠠᠭᠤᠤ᠂ ᠮᠠᠩᠬᠠᠨ ᠠᠶᠠᠯᠭᠤ ᠬᠡᠬᠦ᠌ ᠮᠡᠳᠦ᠎ᠪᠠᠷ ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠦᠩᠬᠡ᠎ᠶ᠋ᠢᠨ ᠴᠡᠴᠡᠭ ᠪᠦᠷᠢᠳᠦᠨ ᠱᠢᠨ᠎ᠡ ᠳᠠᠭᠤᠴᠢᠳ ᠴᠤᠯᠭᠤᠷᠠᠵᠤ᠂ ᠪᠦᠬᠦ᠌ ᠤᠷᠤᠨ᠎ᠤ ᠬᠡᠪᠴᠢᠶᠡᠨ᠎ᠳᠤ 《ᠳᠠᠯ᠎ᠠ ᠨᠤᠳᠤᠭ᠎ᠤᠨ ᠠᠷᠠᠳ᠎ᠤᠨ ᠳᠠᠭᠤᠤ᠎ᠶ᠋ᠢ ᠳᠠᠭᠤᠯᠠᠬᠤ》 ᠱᠢᠨ᠎ᠡ ᠦᠷᠨᠢᠯᠳᠡ ᠭᠠᠷᠬᠤ᠎ᠳᠤ ᠢᠳᠡ ᠬᠦᠭ᠂ ᠡᠷᠴᠢ ᠬᠦᠴᠦ᠍ ᠨᠡᠮᠡᠵᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号