ᠦᠨᠦᠳᠦᠷ 15 ᠲᠦᠮᠡᠨ ᠦᠵᠡᠭ᠌ᠴᠢ ᠡᠨᠡ ᠲᠠᠯᠠᠪᠠᠢ ᠳᠤᠭ᠍ᠯᠠᠯᠳᠠ᠎ᠳᠤ ᠠᠩᠬᠠᠷᠤᠯ᠎ᠢᠶᠠᠨ ᠬᠠᠨᠳᠤᠭᠤᠯᠤᠯ᠎ᠠ
2020-08-15 10:58:21
ᠵᠣᠬᠢᠶᠠᠭ᠍ᠴᠢ᠄
ᠠᠯᠤᠰ ᠰᠦ᠋ ᠴᠢᠩ ᠬᠤ᠌ ᠶᠠᠩ ᠸᠧᠨ ᠭᠤᠸᠠᠩ ᠪᠤᠤ ᠰᠠᠷᠠᠭᠤᠯ ᠪᠠᠶᠠᠰᠭᠤᠯᠠᠩ ᠪᠢᠯᠢᠭ᠍ᠪᠠᠭᠠᠳᠤᠷ ᠮᠠ ᠵᠢᠶᠠᠨ ᠴᠢᠤᠸᠠᠨ
ᠣᠩᠱᠢᠭ᠍ᠰᠠᠨ ᠣᠳᠠᠭ᠎ᠠ᠄
★★★☆☆

— ᠡᠭᠦᠯᠡᠨ ᠬᠦᠯᠦᠭ • 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠵᠡᠭᠦᠨ ᠦᠵᠦᠮᠦᠴᠢᠨ᠎ᠳᠠᠬᠢ ᠤᠬᠠᠭᠤᠯᠭ᠎ᠠ᠎ᠶ᠋ᠢᠨ ᠳᠤᠭ᠍ᠯᠠᠯᠳᠠ᠎ᠶ᠋ᠢᠨ ᠱᠢᠭᠤᠳ ᠨᠡᠪᠳᠡᠷᠡᠭᠦᠯᠭᠡ᠎ᠶ᠋ᠢᠨ ᠦᠵᠡᠭ᠌ᠴᠢ᠎ᠶ᠋ᠢᠨ ᠳᠤᠭ᠎ᠠ 15 ᠲᠦᠮᠡ᠎ᠳᠤ ᠬᠦᠷᠦᠯ᠎ᠠ



8 ᠰᠠᠷ᠎ᠠ᠎ᠶ᠋ᠢᠨ 14 ᠎ᠤ ᠦᠳᠡ᠎ᠶ᠋ᠢᠨ ᠬᠤᠢᠨ᠎ᠠ᠂ ᠠᠷᠪᠠᠨ ᠳᠤᠯᠤᠳᠤᠭᠠᠷ ᠬᠤᠭᠤᠴᠠᠭᠠᠨ᠎ᠤ ᠳᠤᠮᠳᠠᠳᠤ ᠤᠯᠤᠰ • ᠦᠪᠦᠷ ᠮᠤᠩᠭᠤᠯ᠎ᠤᠨ ᠳᠠᠯ᠎ᠠ ᠨᠤᠳᠤᠭ᠎ᠤᠨ ᠰᠤᠶᠤᠯ᠎ᠤᠨ ᠨᠠᠢᠷ᠎ᠤᠨ ᠴᠢᠬᠤᠯᠠ ᠨᠢᠭᠡᠨ ᠲᠦᠷᠦᠯ ᠵᠦᠢᠯ ᠪᠤᠯᠬᠤ ᠡᠭᠦᠯᠡᠨ ᠬᠦᠯᠦᠭ •2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠳᠤᠭ᠍ᠯᠠᠯᠳᠠ ᠵᠡᠭᠦᠨ ᠦᠵᠦᠮᠦᠴᠢᠨ ᠬᠤᠱᠢᠭᠤᠨ᠎ᠤ ᠤᠯᠢᠶᠠᠰᠤᠳᠠᠢ ᠪᠠᠯᠭᠠᠰᠤ᠎ᠶ᠋ᠢᠨ ᠦᠵᠦᠮᠦᠴᠢᠨ ᠠᠭᠤᠳᠠᠮ ᠳᠠᠯᠠᠪᠠᠢ᠎ᠳᠤ ᠨᠢᠵᠢᠬᠢᠷ ᠰᠠᠢᠬᠠᠨ ᠶᠠᠪᠤᠭ᠍ᠳᠠᠵᠤ᠂ ᠡᠭᠦᠯᠡᠨ ᠬᠦᠯᠦᠭ ᠱᠢᠯᠵᠢᠶ᠎ᠡ᠎ᠪᠠᠷ ᠱᠢᠭᠤᠳ ᠨᠡᠪᠳᠡᠷᠡᠭᠦᠯᠭᠡ᠎ᠶ᠋ᠢ ᠬᠦᠯᠢᠶᠠᠨ ᠠᠪᠴᠤ᠌ ᠦᠵᠡᠭ᠌ᠰᠡᠨ ᠬᠦᠮᠦᠨ ᠤᠳᠠᠭ᠎ᠠ 43498 ᠎ᠳᠤ ᠬᠦᠷᠴᠦ᠍᠂ ᠳᠠᠯ᠎ᠠ ᠨᠤᠳᠤᠭ᠎ᠤᠨ ᠡᠭᠦᠯᠡ ᠱᠢᠯᠵᠢᠶ᠎ᠡ᠎ᠶ᠋ᠢᠨ ᠱᠢᠭᠤᠳ ᠨᠡᠪᠳᠡᠷᠭᠦᠯᠭᠡ᠎ᠶ᠋ᠢᠨ ᠦᠵᠡᠭ᠌ᠴᠢ 99681 ᠬᠦᠮᠦᠨ ᠤᠳᠠᠭ᠎ᠠ᠎ᠳᠤ ᠬᠦᠷᠴᠦ᠍᠂ ᠨᠡᠢᠳᠡ ᠱᠠᠭ᠍ᠰᠢᠯᠠᠭ᠎ᠠ᠎ᠶ᠋ᠢᠨ ᠳᠤᠭ᠎ᠠ ᠲᠦᠮᠡ᠎ᠳᠤ ᠤᠢ᠍ᠢᠷᠠᠳᠤᠭ᠍ᠰᠠᠨ ᠪᠠᠢᠨ᠎ᠠ᠃



ᠵᠤᠨ᠎ᠤ ᠰᠡᠭᠦᠯᠴᠢ ᠰᠠᠷ᠎ᠠ᠎ᠶ᠋ᠢᠨ ᠦᠵᠦᠮᠦᠴᠢᠨ ᠨᠤᠳᠤᠭ᠎ᠲᠤ ᠡᠪᠡᠰᠦᠨ᠎ᠤ ᠦᠵᠦᠭᠦᠷ ᠱᠢᠷᠭᠠᠯᠳᠤᠨ ᠨᠠᠢᠭᠤᠵᠤ᠂ ᠨᠤᠮᠢᠨ ᠨᠤᠭᠤᠭᠠᠨ ᠳᠠᠯ᠎ᠠ ᠨᠤᠳᠤᠭ ᠠᠯᠳᠠᠨ ᠱᠠ᠎ᠪᠠᠷ ᠪᠦᠷᠭᠦᠭ᠌ᠳᠡᠭ᠌ᠰᠡᠨ ᠮᠡᠳᠦ᠃ ᠵᠢᠷᠭᠠᠬᠤ ᠨᠠᠷᠠᠨ᠎ᠤ ᠤᠯᠠᠪᠢᠷ ᠳᠤᠶᠠᠭ᠎ᠠ ᠤᠯᠢᠶᠠᠰᠤᠳᠠᠢ ᠪᠠᠯᠭᠠᠰᠤ᠎ᠶ᠋ᠢ ᠢᠪᠡᠭᠡᠨ᠂ ᠮᠤᠩᠭᠤᠯ᠎ᠢᠶᠠᠷ᠎ᠢᠶᠠᠨ ᠭᠤᠶᠤᠯᠠᠭ᠍ᠰᠠᠨ 500 ᠭᠠᠷᠤᠢ ᠦᠵᠦᠮᠦᠴᠢᠨᠴᠤᠳ ᠠᠷᠠᠳ᠎ᠤᠨ ᠳᠠᠭᠤᠤ᠎ᠶ᠋ᠢᠨ ᠤᠶᠠᠩᠭᠠᠳᠤ ᠡᠭᠡᠱᠢᠭ᠎ᠲᠤ ᠤᠶᠠᠷᠠᠨ ᠰᠤᠭ᠍ᠳᠤᠭᠤᠷᠠᠨ᠎ᠠ᠃ 《ᠳᠦᠭᠦᠷᠡᠩᠵᠠᠭᠠᠨ᠎ᠠ》᠂ 《ᠦᠵᠡᠰᠭᠦᠯᠡᠩᠳᠤ ᠰᠠᠢᠬᠠᠨ ᠦᠵᠦᠮᠦᠴᠢᠨ ᠨᠤᠳᠤᠭ》᠂ 《ᠠᠮᠤᠭᠤᠯᠠᠩᠳᠤ ᠲᠦᠷᠦ᠎ᠶ᠋ᠢᠨ ᠳᠤᠪᠴᠢᠶᠠᠨ》 ᠁ ᠨᠤᠳᠤᠭ᠎ᠤᠨ᠎ᠢᠶᠠᠨ ᠤᠮᠤᠭ᠍ᠰᠢᠯ᠂ ᠠᠷᠠᠳ᠎ᠤᠨ᠎ᠢᠶᠠᠨ ᠪᠠᠭ᠍ᠠᠷᠬᠠᠯ ᠪᠤᠯᠤᠭ᠍ᠰᠠᠨ ᠠᠷᠠᠳ᠎ᠤᠨ ᠳᠠᠭᠤᠤ᠎ᠨᠤᠭᠤᠳ ᠦᠵᠦᠮᠦᠴᠢᠨ ᠠᠭᠤᠳᠠᠮ ᠳᠠᠯᠠᠪᠠᠢ᠎ᠶ᠋ᠢ ᠬᠠᠩᠬᠢᠨᠠᠭᠤᠯᠤᠨ᠂ ᠠᠭᠠᠷ᠎ᠤᠨ ᠳᠤᠯᠬᠢᠶᠠᠨ ᠰᠦᠯᠵᠢᠶᠠᠨ᠎ᠤ ᠴᠤᠤᠷᠢᠶ᠎ᠠ᠎ᠪᠠᠷ ᠬᠦᠯᠦᠨ ᠪᠦᠢᠷ᠎ᠠᠴᠠ ᠠᠯᠠᠱᠠ᠂ ᠦᠪᠦᠷ ᠮᠤᠩᠭᠤᠯ᠎ᠠᠴᠠ ᠪᠦᠮᠪᠦᠷᠴᠡᠭ᠎ᠤᠨ ᠴᠠᠭᠠᠨ᠎ᠠ ᠬᠦᠷᠳᠡᠯ᠎ᠡ ᠳᠠᠮᠵᠢᠭ᠍ᠳᠠᠵᠤ᠂ ᠦᠵᠦᠮᠦᠴᠢᠨ ᠠᠷᠠᠳ᠎ᠤᠨ ᠳᠠᠭᠤᠤ᠂ ᠬᠤᠷᠴᠢᠨ ᠠᠷᠠᠳ᠎ᠤᠨ ᠳᠠᠭᠤᠤ᠂ ᠪᠠᠷᠭᠤ ᠠᠷᠠᠳ᠎ᠤᠨ ᠳᠠᠭᠤᠤ᠂ ᠤᠷᠠᠳ ᠠᠷᠠᠳ᠎ᠤᠨ ᠳᠠᠭᠤᠤ᠂ ᠤᠷᠳᠤᠰ ᠠᠷᠠᠳ᠎ᠤᠨ ᠳᠠᠭᠤᠤ ᠁ ᠬᠡᠭᠦᠴᠢᠯᠡᠨ ᠡᠭᠦᠯᠡᠨ ᠬᠦᠯᠦᠭ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠰᠠᠢᠬᠠᠨ ᠴᠢᠮᠡᠭᠡ᠎ᠶ᠋ᠢ ᠬᠦᠮᠦᠨ ᠠᠷᠠᠳ᠎ᠲᠠᠭᠠᠨ ᠳᠤᠭᠤᠯᠤᠭᠤᠯᠤᠨ᠂ ᠤᠷᠤᠯᠳᠤᠭᠠᠨ᠎ᠢ ᠬᠦᠭ᠌ᠵᠢᠭᠡᠵᠤ ᠦᠵᠡᠭ᠌ᠴᠢ᠎ᠪᠠᠨ ᠪᠠᠶᠠᠰᠭᠠᠯ᠎ᠠ᠃



ᠡᠭᠦᠯᠡᠨ ᠬᠦᠯᠦᠭ • 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠳᠤᠭ᠍ᠯᠠᠯᠳᠠ᠎ᠶ᠋ᠢ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠳᠡᠰ᠎ᠠᠴᠠ ᠭᠤᠤᠯᠯᠠᠨ ᠡᠷᠬᠢᠯᠡᠵᠤ᠂ ᠦᠪᠦᠷ ᠮᠤᠩᠭᠤᠯ᠎ᠤᠨ ᠰᠤᠶᠤᠯ ᠬᠢᠬᠡᠳ ᠵᠢᠭᠤᠯᠴᠢᠯᠠᠯ᠎ᠤᠨ ᠳᠢᠩᠬᠢᠮ᠎ᠠᠴᠠ ᠬᠠᠮᠵᠢᠨ ᠡᠷᠬᠢᠯᠡᠨ᠂ ᠦᠪᠦᠷ ᠮᠤᠩᠭᠤᠯ᠎ᠤᠨ ᠡᠳᠤᠷ᠎ᠤᠨ ᠰᠤᠨᠢᠨ᠎ᠤ ᠬᠤᠷᠢᠶ᠎ᠠ᠂ ᠦᠪᠦᠷ ᠮᠤᠩᠭᠤᠯ᠎ᠤᠨ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ᠂ ᠦᠪᠦᠷ ᠮᠤᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠂ ᠦᠪᠦᠷ ᠮᠤᠩᠭᠤᠯ᠎ᠤᠨ ᠳᠠᠭᠤᠤ ᠭᠦᠭ᠌ᠵᠢᠮᠴᠢᠳ᠎ᠤᠨ ᠨᠠᠢᠭᠡᠮᠯᠢᠭ᠂ ᠱᠢᠯᠢ᠎ᠶ᠋ᠢᠨ ᠭᠤᠤᠯ ᠠᠢᠮᠠᠭ᠎ᠤᠨ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠳᠡᠰ᠂ ᠵᠡᠭᠦᠨ ᠦᠵᠦᠮᠦᠴᠢᠨ ᠬᠤᠱᠢᠭᠤᠨ᠎ᠤ ᠨᠠᠮ᠎ᠤᠨ ᠬᠤᠷᠢᠶ᠎ᠠ᠎ᠶ᠋ᠢᠨ ᠤᠬᠠᠭᠤᠯᠬᠤ ᠬᠡᠯᠳᠡᠰ᠎ᠠᠴᠠ ᠳᠠᠭᠠᠭᠠᠴᠢᠯᠠᠨ ᠡᠷᠬᠢᠯᠡᠪᠡ᠃


IMG_2132.JPG


ᠡᠭᠦᠯᠡᠨ ᠬᠦᠯᠦᠭ • 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠨᠢ ᠤᠯᠠᠮᠵᠢᠯᠠᠯᠳᠤ ᠠᠷᠠᠳ᠎ᠤᠨ ᠳᠠᠭᠤᠤ᠎ᠶ᠋ᠢᠨ ᠭᠤᠴᠤᠯᠠᠯ ᠳᠠᠭᠤᠤ᠎ᠶ᠋ᠢᠨ ᠲᠦᠷᠦᠯ᠂ ᠤᠯᠠᠮᠵᠢᠯᠠᠯᠳᠤ ᠠᠷᠠᠳ᠎ᠤᠨ ᠳᠠᠭᠤᠤ᠎ᠶ᠋ᠢᠨ ᠨᠠᠢᠷᠠᠯ ᠳᠠᠭᠤᠤ᠎ᠶ᠋ᠢᠨ ᠲᠦᠷᠦᠯ᠂ ᠦᠭᠡᠷᠡᠴᠢᠯᠡᠵᠤ ᠨᠠᠢᠷᠠᠭᠤᠯᠤᠭ᠍ᠰᠠᠨ ᠠᠷᠠᠳ᠎ᠤᠨ ᠳᠠᠭᠤᠤ᠎ᠶ᠋ᠢᠨ ᠭᠤᠷᠪᠠᠨ ᠲᠦᠷᠦᠯ ᠵᠡᠷᠭᠡ 6 ᠳᠤᠭᠤᠢ᠍ᠢᠯᠠᠩ᠎ᠢᠶᠠᠷ ᠬᠤᠪᠢᠶᠠᠨ ᠶᠠᠪᠤᠭ᠍ᠳᠠᠵᠤ᠂ 7 ᠰᠠᠷ᠎ᠠ᠎ᠶ᠋ᠢᠨ 28 ᠎ᠠᠴᠠ ᠡᠬᠢᠯᠡᠨ 8 ᠰᠠᠷ᠎ᠠ᠎ᠶ᠋ᠢᠨ 27 ᠪᠤᠯᠳᠠᠯ᠎ᠠ ᠨᠡᠷ᠎ᠡ ᠮᠡᠳᠡᠭᠦᠯᠦᠨ᠂ ᠠᠩᠬᠠᠨ᠎ᠤ ᠤᠷᠤᠯᠳᠤᠭᠠᠨ᠂ ᠱᠢᠭ᠌ᠰᠢᠭᠡ ᠤᠷᠤᠯᠳᠤᠭᠠᠨ᠂ ᠱᠢᠢᠳᠪᠦᠷᠢᠳᠤ ᠤᠷᠤᠯᠳᠤᠭᠠᠨ᠎ᠨᠢ ᠪᠦᠷ ᠰᠦᠯᠵᠢᠶᠡᠨ ᠳᠡᠭᠡᠷ᠎ᠡ ᠶᠠᠪᠤᠭ᠍ᠳᠠᠬᠤ᠎ᠨᠢ ᠤᠤᠯ᠎ᠤᠨ ᠳᠠᠭᠤᠤ ᠬᠦᠭ᠌ᠵᠢᠮ᠎ᠤᠨ ᠤᠷᠤᠯᠳᠤᠭᠠᠨ᠎ᠠᠴᠠ ᠤᠨᠴᠠᠯᠠᠭ᠍ᠳᠠᠬᠤ ᠶᠤᠮ᠃ ᠤᠷᠤᠯᠳᠤᠭᠠᠨ᠎ᠤ ᠳᠤᠬᠠᠢ ᠮᠡᠳᠡᠭ᠌ᠳᠡᠯ᠎ᠢ ᠨᠡᠢᠳᠡᠯᠡᠮᠡᠭ᠌ᠴᠡ ᠵᠤᠬᠢᠶᠠᠨ ᠪᠠᠢᠭᠤᠯᠬᠤ ᠺᠤᠮᠢᠰ᠎ᠠᠴᠠ ᠡᠭᠡ ᠤᠯᠤᠰ᠎ᠤᠨ ᠡᠯ᠎ᠡ ᠭᠠᠵᠠᠷ᠎ᠠᠴᠠ ᠢᠷᠡᠭᠦᠯᠦᠭ᠌ᠰᠡᠨ ᠤᠷᠤᠯᠳᠤᠭᠠᠨ᠎ᠤ ᠳᠡᠭᠦᠰ ᠠᠮᠵᠢᠯᠳᠠ᠎ᠶ᠋ᠢ ᠪᠡᠯᠭᠡᠳᠡᠭ᠌ᠰᠡᠨ ᠵᠦᠩᠨᠡᠯ ᠬᠢᠬᠡᠳ ᠨᠠᠷ᠎ᠡ ᠮᠡᠳᠡᠭᠦᠯᠦᠯᠳᠡ᠎ᠶ᠋ᠢᠨ ᠸᠢᠳᠢᠣ᠋ ᠪᠢᠴᠢᠯᠭᠡ᠎ᠶ᠋ᠢ ᠬᠤᠷᠢᠶᠠᠨ ᠤᠯᠪᠠ᠃ ᠳᠤᠰ ᠤᠷᠤᠯᠳᠤᠭᠠᠨ᠎ᠨᠢ 2 ᠰᠠᠷ᠎ᠠ ᠭᠠᠷᠤᠢ᠎ᠶ᠋ᠢᠨ ᠬᠤᠭᠤᠴᠠᠭ᠎ᠠ᠎ᠲᠠᠢ ᠦᠷᠭᠦᠯᠵᠢᠯᠡᠵᠤ᠂ ᠱᠠᠩᠨᠠᠯ ᠤᠯᠭᠤᠬᠤ ᠶᠤᠰᠤᠯᠠᠯ ᠵᠢᠴᠢ ᠱᠢᠯᠢᠳᠡᠭ ᠳᠤᠭ᠍ᠯᠠᠯᠳᠠ᠎ᠶ᠋ᠢᠨ ᠦᠵᠡᠭᠦᠯᠭᠡ᠎ᠨᠢ ᠬᠦᠬᠡᠬᠤᠳᠠ᠎ᠳᠤ ᠶᠠᠪᠤᠭ᠍ᠳᠠᠬᠤ᠎ᠪᠠᠷ ᠪᠠᠢᠨ᠎ᠠ᠃


IMG_2130(20200814-192151).JPG


ᠲᠤᠰ ᠤᠳᠠᠭᠠᠨ᠎ᠤ ᠵᠡᠭᠦᠨ ᠦᠵᠦᠮᠦᠴᠢᠨ᠎ᠳᠠᠬᠢ ᠤᠬᠠᠭᠤᠯᠭ᠎ᠠ᠎ᠶ᠋ᠢᠨ ᠳᠤᠭ᠍ᠯᠠᠯᠳᠠ᠎ᠨᠢ ᠡᠭᠦᠯᠡᠨ ᠬᠦᠯᠦᠭ • 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠳᠤ ᠬᠦᠭ ᠨᠡᠮᠡᠷᠢᠯᠡᠨ᠂ ᠤᠷᠤᠯᠴᠠᠭ᠍ᠴᠢ᠎ᠶ᠋ᠢᠨ ᠤᠷᠮ᠎ᠠ᠎ᠶ᠋ᠢ ᠶᠡᠭᠡᠪᠡᠷ ᠳᠠᠢᠴᠢᠯᠠᠵᠤ᠂ ᠤᠷᠳᠤ᠎ᠶ᠋ᠢᠨ ᠳᠠᠭᠤᠤ᠂ ᠬᠦᠭᠡᠮᠠᠢ᠂ ᠪᠤᠭᠤᠨᠢ ᠳᠠᠭᠤᠤ᠂ ᠮᠠᠩᠬᠠᠨ ᠠᠶᠠᠯᠭᠤ ᠬᠡᠬᠦ᠌ ᠮᠡᠳᠦ᠎ᠪᠠᠷ ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠦᠩᠬᠡ᠎ᠶ᠋ᠢᠨ ᠴᠡᠴᠡᠭ᠎ᠢ ᠪᠦᠷᠢᠯᠳᠦᠭᠦᠯᠤᠨ᠂ ᠪᠦᠬᠦ᠌ ᠤᠷᠤᠨ᠎ᠤ ᠬᠡᠪᠴᠢᠶᠡᠨ᠎ᠳᠤ 《ᠳᠠᠯ᠎ᠠ ᠨᠤᠳᠤᠭ᠎ᠤᠨ ᠠᠷᠠᠳ᠎ᠤᠨ ᠳᠠᠭᠤᠤ᠎ᠶ᠋ᠢ ᠳᠠᠭᠤᠯᠠᠬᠤ》 ᠱᠢᠨ᠎ᠡ ᠦᠷᠨᠢᠯᠳᠡ ᠭᠠᠷᠬᠤ᠎ᠳᠤ ᠬᠦᠴᠦᠨ ᠨᠡᠮᠡᠷᠢᠯᠡᠭ᠌ᠰᠡᠨ ᠪᠠᠢᠨ᠎ᠠ᠃


QQ截图20200814192808.jpg


QQ截图20200814192823.jpg


IMG_2139(20200814-192418).JPG


IMG_2133.JPG

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号