ᠲᠡᠣᠬᠡᠨ᠎ᠠᠴᠠ ᠣᠯᠪᠠᠭᠠᠯᠠᠭ᠍ᠰᠠᠨ ᠣᠷᠠᠯᠢᠭ ᠲᠠᠩᠰᠤᠭ ᠠᠮᠢᠳᠣᠷᠠᠯ᠎ᠤᠨ ᠵᠢᠷᠣᠭ᠍ᠯᠠᠯ 
2020-08-21 11:24:32
ᠵᠣᠬᠢᠶᠠᠭ᠍ᠴᠢ᠄
ᠦᠷᠴᠠᠢᠬᠤ
ᠣᠩᠱᠢᠭ᠍ᠰᠠᠨ ᠣᠳᠠᠭ᠎ᠠ᠄
★★★☆☆

ᠤᠷᠠᠨ ᠳᠡᠪᠳᠡᠷᠢᠭᠡᠨ᠂ ᠢᠳᠡᠷᠡᠭᠦᠨ ᠠᠯᠬᠤᠳᠠᠯ᠂ ᠡᠷᠬᠢᠮᠰᠦᠭ ᠬᠦᠳᠡᠯᠦᠯ᠂ ᠤᠶᠠᠨ ᠨᠠᠬᠢᠯᠵᠠᠭᠠᠨ᠎ᠢᠶᠠᠷ ᠮᠤᠩᠭᠤᠯ ᠪᠦᠵᠢᠭ ᠮᠢᠨᠢ ᠪᠤᠰᠤᠳ᠎ᠠᠴᠠ ᠤᠨᠴᠠᠯᠠᠬ᠍ᠳᠠᠨ ᠢᠯᠭᠠᠬ᠍ᠳᠠᠳᠠᠬ ᠶᠤᠮ᠃ ᠮᠤᠩᠭᠤᠯ ᠰᠤᠶᠤᠯ᠎ᠤᠨ ᠨᠢᠭᠡᠨ ᠲᠦᠷᠦᠯ ᠳᠡᠮᠳᠡᠭ ᠪᠤᠯᠤᠬ᠍ᠰᠠᠨ ᠮᠤᠩᠭᠤᠯ ᠪᠥᠵᠢᠭ ᠪᠦᠬᠦ᠌ ᠤᠯᠤᠰ ᠴᠢᠨᠠᠬ᠍ᠰᠢᠯᠠᠨ ᠪᠦᠬᠦ᠌ ᠳᠡᠯᠡᠬᠡᠢ᠎ᠶ᠋ᠢᠨ ᠲᠠᠪᠴᠠᠩ᠎ᠳᠤ ᠬᠢᠯᠠᠷᠠᠵᠥ᠍᠂ ᠦᠪᠡᠷᠮᠢᠴᠡ ᠤᠨᠴᠠᠯᠢᠬ᠍ᠳᠤ ᠰᠤᠳᠤᠨ ᠪᠥᠳᠥᠭᠡᠯ᠎ᠢᠶᠠᠷ ᠲᠡᠤᠭᠡ ᠰᠤᠶᠤᠯ᠎ᠢ ᠠᠴᠢᠶᠠᠯᠠᠨ᠎ᠠ᠃ ᠥᠨᠳᠤᠰᠤᠳᠠᠨ᠎ᠤ᠂ ᠤᠷᠤᠨ ᠨᠤᠲᠤᠭ᠎ᠤᠨ ᠤᠨᠴᠠᠯᠢᠬ᠎ᠢᠶᠠᠷ ᠪᠢᠯᠬᠠᠮ᠎ᠠ ᠠᠨᠳᠠᠢ ᠪᠦᠵᠢᠭ᠂ ᠰᠠᠪᠬᠠᠨ ᠪᠦᠵᠢᠭ᠂ ᠮᠤᠷᠢᠨ ᠪᠦᠵᠢᠭ᠂ ᠰᠠᠪᠠᠷᠳᠠᠩ᠂ ᠤᠷᠳᠤᠰ ᠪᠦᠵᠢᠭ ᠁ ᠵᠡᠷᠭᠡ᠎ᠨᠢ ᠪᠦᠬᠦ᠌ ᠤᠯᠤᠰ᠎ᠤᠨ ᠲᠤᠮᠤᠬᠠᠨ ᠲᠠᠪᠴᠠᠩ᠎ᠢᠶᠠᠷ ᠤᠷᠤᠨ ᠨᠤᠳᠤᠬ᠎ᠤᠨ ᠰᠤᠶᠤᠯ ᠢᠷᠭᠡᠨᠱᠢᠯ᠎ᠢ ᠭᠠᠢᠬᠠᠭᠤᠯᠤᠨ ᠥᠵᠡᠭ᠌ᠴᠢᠳ᠎ᠤᠨ ᠬᠠᠷᠠᠭ᠎ᠠ᠎ᠶ᠋ᠢ ᠪᠠᠶᠠᠰᠭᠠᠵᠥ᠍᠂ ᠳᠠᠢᠰᠠᠨ᠎ᠤ ᠤᠷᠠᠯᠢᠬ ᠪᠤᠯᠤᠭ᠍ᠰᠠᠨ ᠮᠤᠩᠭᠤᠯ ᠪᠦᠵᠢᠭ᠎ᠤᠨ ᠤᠷ᠎ᠠ ᠭᠠᠢᠬᠠᠮᠱᠢᠭ᠎ᠢ ᠥᠵᠡᠭ᠌ᠴᠢᠳ᠎ᠤᠨ ᠰᠡᠳᠭᠢᠯ᠎ᠳᠤ ᠭᠦᠨ ᠲᠠᠮᠠᠭᠠᠯᠠᠭ᠍ᠰᠠᠭᠠᠷ ᠢᠷᠡᠪᠠ᠃


55.png


ᠤᠷᠳᠤ ᠤᠳᠠᠭᠠᠨ ᠲᠡᠦᠬᠡ᠎ᠲᠠᠢ ᠠᠨᠳᠠᠶ ᠪᠥᠵᠢᠭ

ᠠᠨᠳᠠᠢ ᠪᠦᠵᠢᠭ ᠪᠤᠯ ᠮᠤᠩᠭᠤᠯ ᠦᠨᠳᠦᠰᠦᠳᠡᠨ᠎ᠤ ᠠᠷᠠᠳ᠎ᠤᠨ ᠪᠦᠵᠢᠭ᠎ᠤᠨ ᠳᠤᠮᠳᠠᠬᠢ ᠦᠨᠡᠳᠦ ᠡᠷᠳᠡᠨᠢ᠂ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠯᠬᠤ ᠶᠤᠮ᠂ ᠶᠤᠸᠠᠨ ᠤᠯᠤᠰ᠎ᠤᠨ ᠣᠢᠶ᠎ᠠ᠎ᠳᠤ ᠬᠤᠷᠴᠢᠨ᠎ᠤ ᠲᠠᠯ᠎ᠠ ᠨᠤᠲᠤᠭ᠎ᠤᠨ ᠡᠮᠦᠨ᠎ᠡ ᠬᠡᠰᠡᠭ᠎ᠤᠨ ᠬᠦᠷᠢᠶ᠎ᠡ ᠬᠤᠱᠢᠭᠤᠨ᠎ᠳᠤ ᠡᠭᠦᠰᠦᠨ ᠳᠡᠯᠭᠡᠷᠡᠵᠠᠢ᠃ ᠠᠩᠬᠠᠨ᠎ᠳᠠᠭᠠᠨ ᠡᠪᠡᠳᠴᠢᠨ ᠵᠠᠰᠠᠳᠠᠭ ᠪᠥᠭᠡ ᠮᠥᠷᠭᠦᠯ᠎ᠤᠨ ᠪᠥᠵᠢᠭ ᠪᠠᠢᠭ᠍ᠰᠠᠨ᠎ᠢᠶᠠᠨ ᠬᠤᠵᠢᠮ᠎ᠨᠢ ᠰᠠᠶᠢ ᠠᠭᠠᠵᠢᠮ᠎ᠢᠶᠠᠷ ᠪᠠᠶᠠᠷ ᠪᠠᠶᠠᠰᠭᠤᠯᠠᠩᠲᠤ ᠰᠡᠳᠭᠢᠯᠭᠡ᠎ᠪᠠᠨ ᠢᠯᠡᠳᠭᠡᠬᠦ᠌ ᠦᠨᠳᠦᠰᠦᠲᠡᠨ᠎ᠤ ᠪᠥᠵᠢᠭ ᠪᠣᠯᠤᠭ᠍ᠰᠠᠨ ᠪᠠᠢᠨ᠎ᠠ᠃

ᠤᠯᠠᠮᠵᠢᠯᠠᠯ ᠶᠠᠷᠢᠶᠠᠨ᠎ᠳᠤ ᠠᠯᠢ ᠡᠷᠳᠡ ᠬᠤᠷᠴᠢᠨ᠎ᠤ ᠲᠠᠯ᠎ᠠ ᠨᠤᠲᠤᠭ᠎ᠲᠤ ᠡᠴᠢᠭᠡ ᠥᠬᠢᠨ ᠬᠤᠶᠠᠭᠤᠯᠠ ᠬᠠᠮᠳᠤ ᠠᠮᠢᠳᠤᠷᠠᠳᠠᠭ ᠪᠠᠢᠵᠠᠢ᠃ ᠨᠢᠭᠡ ᠡᠳᠦᠷ ᠥᠬᠢᠨ᠎ᠨᠢ ᠨᠢᠭᠡ ᠵᠦᠢᠯ᠎ᠤᠨ ᠬᠠᠴᠢᠨ ᠡᠪᠡᠳᠴᠢᠨ ᠣᠯᠵᠤ᠂ ᠤᠬᠠᠭᠠᠨ ᠰᠠᠨᠠᠭ᠎ᠠ᠎ᠨᠢ ᠪᠠᠯᠠᠷᠠᠵᠤ᠂ ᠬᠥᠳᠡᠯᠦᠯ ᠪᠠᠷᠢᠯ᠎ᠨᠢ ᠬᠡᠪ᠎ᠤᠨ ᠪᠠᠢᠳᠠᠯ᠎ᠢᠶᠠᠨ ᠠᠯᠳᠠᠵᠤ᠂ ᠶᠠᠭᠠᠬᠢᠵᠤ ᠵᠠᠰᠠᠭ᠍ᠰᠠᠨ ᠴᠤ᠌ ᠡᠳᠡᠭᠡᠷᠡᠬᠦ᠌ ᠦᠭᠡᠢ ᠪᠠᠢᠪᠠ᠃ ᠠᠪᠤ᠎ᠨᠢ ᠠᠷᠭ᠎ᠠ᠎ᠪᠠᠨ ᠪᠠᠷᠠᠬᠤ᠎ᠳᠠᠭᠠᠨ ᠦᠬᠡᠷ ᠲᠡᠷᠭᠡ᠎ᠪᠠᠷ ᠬᠦᠨᠳᠦ ᠡᠪᠡᠳᠴᠢᠨ᠎ᠲᠠᠢ ᠥᠬᠢᠨ᠎ᠢᠶᠠᠨ ᠲᠡᠭᠡᠭᠡᠵᠤ ᠡᠮᠴᠢ ᠡᠷᠢᠵᠤ ᠶᠠᠪᠤᠪᠠ᠃ ᠨᠢᠭᠡ ᠤᠳᠠᠭ᠎ᠠ ᠰᠠᠨᠠᠮᠰᠠᠷ ᠦᠭᠡᠢ ᠰᠠᠯᠬᠢ ᠪᠣᠷᠣᠭᠠᠨ᠎ᠲᠠᠢ ᠡᠳᠦᠷ ᠲᠠᠭᠠᠷᠠᠯᠳᠤᠵᠤ᠂ ᠦᠭᠡᠷ ᠲᠡᠷᠭᠡ᠎ᠨᠢ ᠱᠢᠪᠠᠷᠳᠠᠨ ᠲᠡᠷᠭᠡᠨ ᠲᠡᠩᠭᠡᠯᠢᠭ᠎ᠨᠢ ᠴᠦ᠍ ᠬᠤᠭᠤᠷᠠᠵᠠᠢ᠃ ᠬᠥᠭᠡᠷᠦᠬᠦᠶ ᠠᠪᠤ᠎ᠨᠢ ᠶᠠᠭᠠᠬᠢᠬᠤ᠎ᠪᠠᠨ ᠣᠯᠬᠤ ᠦᠭᠡᠢ ᠰᠠᠨᠳᠤᠷᠤᠨ᠂ ᠦᠬᠡᠷ ᠲᠡᠷᠭᠡ᠎ᠪᠠᠨ ᠲᠣᠭᠤᠷᠢᠨ ᠡᠷᠭᠢᠴᠡᠪᠡ᠃ ᠥᠬᠢᠨ᠎ᠨᠢ ᠠᠮᠢᠰᠭᠤᠯ ᠲᠠᠰᠤᠷᠠᠬᠤ ᠱᠢᠬᠠᠵᠤ᠂ ᠠᠪᠤ᠎ᠨᠢ ᠤᠬᠢᠯᠠᠭᠠᠳ ᠨᠢᠯᠪᠤᠰᠤ᠎ᠨᠢ ᠬᠠᠲᠠᠵᠤ᠂ ᠦᠬᠡᠷ ᠲᠡᠷᠭᠡ᠎ᠪᠠᠨ ᠲᠣᠭᠤᠷᠢᠨ ᠥᠨᠳᠥᠷ ᠳᠠᠭᠤᠨ᠎ᠢᠶᠠᠷ ᠳᠠᠭᠤᠤ ᠠᠶᠠᠯᠤᠨ ᠪᠤᠷᠬᠠᠨ᠎ᠳᠤ ᠳᠠᠭᠠᠳᠭᠠᠵᠠᠢ᠃ ᠡᠨᠡ ᠳᠠᠭᠤᠤ ᠬᠠᠷᠠᠭ᠍ᠰᠠᠨ ᠣᠯᠠᠨ᠎ᠤ ᠰᠡᠳᠭᠢᠯ᠎ᠢ ᠬᠦᠨᠳᠡᠵᠤ᠂ ᠲᠡᠳᠡ ᠴᠤ᠌ ᠨᠢᠯᠪᠤᠰᠤ ᠠᠰᠭᠠᠷᠠᠭᠤᠯᠤᠨ ᠡᠪᠦᠭᠡᠨ᠎ᠢ ᠳᠠᠭᠠᠵᠤ ᠭᠠᠷ᠎ᠢᠶᠠᠨ ᠰᠠᠵᠢᠨ ᠬᠥᠯ᠎ᠢᠶᠠᠨ ᠳᠡᠪᠰᠡᠵᠤ᠂ ᠳᠠᠭᠤᠤ ᠳᠠᠭᠤᠯᠠᠨ ᠪᠥᠵᠢᠭ᠌ᠯᠡᠬᠦ᠌᠎ᠳᠤ ᠳᠡᠭᠡᠳᠦ ᠳᠡᠭ᠌ᠷᠢ ᠴᠤ᠌ ᠤᠶᠠᠷᠠᠭ᠍ᠰᠠᠨ ᠱᠢᠬ ᠪᠣᠷᠣᠭᠠᠨ ᠵᠣᠭ᠍ᠰᠣᠵᠤ ᠨᠠᠷᠠ ᠭᠠᠷᠤᠨ᠂ ᠬᠡᠤᠬᠡᠨ᠎ᠤ ᠡᠪᠡᠳᠴᠢᠨ ᠴᠦ᠍ ᠰᠠᠢᠨ ᠪᠣᠯᠵᠠᠶ᠃


66.png


ᠬᠤᠵᠢᠮ᠎ᠨᠢ ᠲᠠᠯ᠎ᠠ ᠨᠤᠲᠤᠭ᠎ᠲᠤ ᠪᠣᠷᠣᠭᠠᠨ ᠭᠤᠶᠤᠬᠤ᠂ ᠣᠪᠣᠭ᠎ᠠ ᠳᠠᠬᠢᠬᠤ᠂ ᠨᠠᠢᠷ ᠨᠠᠭᠠᠳᠤᠮ ᠡᠷᠬᠢᠯᠡᠬᠦ᠌᠎ᠳᠤ ᠪᠦᠷ ᠢᠩᠭᠢᠵᠦ᠍ ᠳᠠᠭᠤᠯᠠᠨ ᠪᠥᠵᠢᠭ᠌ᠯᠡᠬᠦ᠌ ᠬᠡᠯᠪᠡᠷᠢ᠎ᠪᠠᠷ ᠶᠠᠪᠤᠭ᠍ᠳᠠᠬᠤ ᠪᠤᠯᠪᠠ᠃ ᠢᠩᠬᠢᠭᠡᠳ ᠢᠷᠠᠭᠤ ᠰᠠᠢᠬᠠᠨ ᠠᠶᠠᠯᠭᠤ ᠳᠠᠭᠤᠤ᠎ᠲᠠᠢ ᠬᠠᠮᠲᠤ ᠪᠦᠵᠢᠭ᠌ᠯᠡᠳᠡᠭ ᠡᠨᠡ ᠬᠦ᠌ ᠪᠥᠵᠢᠭ᠎ᠢ ᠬᠥᠮᠦᠰ 《ᠠᠨᠳᠠᠶ》 ᠭᠡᠵᠦ᠍ ᠨᠡᠷᠡᠯᠡᠵᠡᠢ᠃ ᠠᠨᠳᠠᠢ ᠪᠦᠵᠢᠭ᠎ᠢ ᠶᠡᠷᠦ᠎ᠳᠡᠭᠡᠨ ᠪᠠᠶᠠᠷ ᠳᠤᠷᠠᠰᠭᠠᠯ᠎ᠤᠨ ᠡᠳᠦᠷ ᠪᠤᠶᠤ ᠰᠤᠯᠠ ᠰᠡᠯᠡᠭᠦᠦ ᠦᠶ᠎ᠡ᠎ᠳᠤ ᠪᠦᠵᠢᠭ᠌ᠯᠡᠳᠡᠭ᠃

20 ᠳ᠋ᠤᠭᠠᠷ ᠵᠠᠭᠤᠨ᠎ᠤ ᠳᠠᠪᠢᠭᠠᠳ ᠤᠨ᠎ᠤ ᠰᠡᠭᠦᠯᠴᠢ᠎ᠪᠠᠷ ᠠᠨᠳᠠᠢ᠎ᠶ᠋ᠢ 《ᠤᠯᠠᠮᠵᠢᠯᠠᠯᠳᠤ ᠠᠨᠳᠠᠢ》 ᠪᠠ 《ᠱᠢᠨ᠎ᠡ ᠠᠨᠳᠠᠢ》 ᠭᠡᠵᠤ ᠬᠤᠶᠠᠷ ᠬᠤᠪᠢᠶᠠᠪᠠ᠃ ᠤᠯᠠᠮᠵᠢᠯᠠᠯᠲᠤ ᠠᠨᠳᠠᠶ ᠪᠥᠵᠢᠭ᠎ᠲᠤ ᠬᠥᠭ᠌ᠵᠢᠮ᠎ᠤᠨ ᠬᠠᠪᠰᠤᠷᠤᠯᠭ᠎ᠠ ᠦᠭᠡᠶ᠂ ᠪᠥᠵᠢᠭ᠌ᠯᠡᠭ᠌ᠴᠢ ᠳᠠᠭᠤᠤ᠎ᠶ᠋ᠢᠨ ᠠᠶᠠᠰ᠎ᠢ ᠳᠠᠭᠠᠵᠤ ᠪᠥᠵᠢᠭ᠌ᠯᠡᠳᠡᠭ᠃ ᠳᠠᠭᠤᠤ᠎ᠶ᠋ᠢᠨ ᠠᠢᠵᠠᠮ᠎ᠨᠢ ᠢᠯᠡ ᠲᠣᠳᠣ᠂ ᠪᠥᠵᠢᠭ᠎ᠤᠨ ᠬᠥᠳᠡᠯᠭᠡᠭᠡᠨ᠎ᠨᠢ ᠲᠥᠬᠦᠮ ᠵᠡᠷᠭᠡ ᠤᠨᠴᠠᠯᠢᠭ᠎ᠲᠠᠢ᠃ ᠱᠢᠨ᠎ᠡ ᠠᠨᠳᠠᠢ᠎ᠨᠢ ᠤᠯᠠᠮᠵᠢᠯᠠᠯᠳᠤ ᠠᠨᠳᠠᠢ᠎ᠶ᠋ᠢᠨ ᠬᠦᠭ᠌ᠵᠢᠯᠳᠡ ᠬᠤᠪᠢᠷᠠᠯᠳᠠ᠎ᠶ᠋ᠢᠨ ᠦᠷ᠎ᠡ ᠪᠦᠲᠦᠭᠡᠯ ᠪᠠᠢᠵᠤ᠂ ᠵᠤᠭ᠎ᠠ ᠴᠡᠩᠭᠡᠯ᠎ᠢᠶᠠᠷ ᠵᠤᠷᠢᠯᠭ᠎ᠠ ᠪᠤᠯᠭᠠᠬ᠍ᠰᠠᠨ ᠳᠠᠭᠤᠤ ᠪᠦᠵᠢᠭ᠎ᠤᠨ ᠤᠷᠠᠯᠢᠭ ᠪᠤᠯᠵᠤ᠂ ᠮᠤᠩᠭᠤᠯ ᠦᠨᠳᠦᠰᠦᠳᠡᠨ᠎ᠤ ᠪᠦᠵᠢᠭ᠎ᠤᠨ ᠤᠷᠠᠯᠢᠭ᠎ᠤᠨ ᠬᠡᠯᠪᠡᠷᠢ᠎ᠶ᠋ᠢᠨ ᠳᠤᠮᠳᠠᠬᠢ ᠬᠠᠮᠤᠭ᠎ᠤᠨ ᠪᠦᠷᠢᠨ ᠪᠦᠲᠦᠨ ᠬᠠᠳᠠᠭᠠᠯᠠᠬ᠍ᠳᠠᠬ᠍ᠰᠠᠨ᠂ ᠬᠠᠮᠤᠭ᠎ᠤᠨ ᠤᠷᠳᠤ ᠤᠳᠠᠭᠠᠨ ᠲᠡᠦᠬᠡ᠎ᠲᠠᠢ ᠠᠷᠠᠳ᠎ᠤᠨ ᠪᠦᠵᠢᠭ ᠪᠤᠯᠤᠭ᠍ᠰᠠᠨ ᠪᠠᠢᠨ᠎ᠠ᠃


77.png


1957 ᠤᠨ᠎ᠳᠤ ᠠᠬᠠᠮᠠᠳ ᠤᠷᠠᠯᠢᠬ᠍ᠴᠢᠨ ᠡᠷᠳᠡᠨᠢᠪᠠᠷᠰ ᠠᠨᠳᠠᠢ ᠪᠦᠵᠢᠭ᠎ᠢ ᠪᠡᠭᠡᠵᠢᠩ᠎ᠳᠤ ᠲᠤᠬ᠍ᠯᠠᠵᠤ᠂ ᠲᠤᠬᠠᠢ᠎ᠶ᠋ᠢᠨ ᠦᠶ᠎ᠡ᠎ᠶ᠋ᠢᠨ᠎ᠬᠢᠨ᠎ᠢ ᠨᠢᠭᠡᠨ ᠵᠡᠷᠭᠡ ᠲᠤᠩᠰᠤᠯᠭᠠᠵᠤ᠂ ᠤᠯᠠᠨ᠎ᠤ ᠬᠠᠯᠠᠭᠤᠨ ᠬᠦᠷᠢᠶᠡᠯᠡᠯ᠎ᠢ ᠤᠯᠵᠤ ᠪᠠᠢᠪᠠ᠃ 1959 ᠤᠨ᠎ᠤ 8 ᠰᠠᠷ᠎ᠠ᠎ᠳᠤ ᠠᠨᠳᠠᠢ ᠪᠦᠵᠢᠭ ᠤᠯᠤᠰ᠎ᠤᠨ ᠬᠢᠯᠢ ᠳᠠᠪᠠᠨ ᠭᠠᠳᠠᠭᠠᠳᠤ᠎ᠳᠤ ᠭᠠᠷᠴᠤ᠌᠂ ᠮᠤᠩᠭᠤᠯ ᠤᠯᠤᠰ᠎ᠲᠤ ᠤᠷᠢᠯᠭ᠎ᠠ᠎ᠪᠠᠷ ᠲᠤᠬ᠍ᠯᠠᠬ᠍ᠳᠠᠵᠠᠢ᠃ 20 ᠳ᠋ᠤᠭᠠᠷ ᠵᠠᠭᠤᠨ᠎ᠤ ᠨᠠᠶᠠᠭᠠᠳ ᠤᠨ᠎ᠳᠤ ᠦᠪᠦᠷ ᠮᠤᠩᠭᠤᠯ᠎ᠤᠨ ᠳᠠᠭᠤᠤ ᠪᠦᠵᠢᠭ᠎ᠤᠨ ᠪᠦᠯᠬᠦᠮ 《ᠠᠨᠳᠠᠢ᠎ᠶ᠋ᠢᠨ ᠳᠠᠭᠤᠨ》 ᠎ᠢ ᠵᠤᠬᠢᠶᠠᠨ ᠪᠦᠲᠦᠭᠡᠵᠤ᠂ ᠲᠡᠷᠡ᠎ᠨᠢ ᠤᠯᠠᠮᠵᠢᠯᠠᠯᠳᠤ ᠮᠤᠩᠭᠤᠯ ᠦᠨᠳᠦᠰᠦᠳᠡᠨ᠎ᠤ ᠠᠨᠳᠠᠢ᠎ᠶ᠋ᠢᠨ ᠳᠠᠭᠤᠤ ᠬᠦᠭ᠌ᠵᠢᠮ᠎ᠢ ᠬᠡᠷᠡᠭ᠌ᠯᠡᠭ᠌ᠰᠡᠨ᠎ᠢᠶᠠᠷ ᠪᠠᠷᠠᠬᠤ ᠦᠭᠡᠢ ᠳᠠᠭᠤᠤᠷᠢ᠎ᠶ᠋ᠢᠨ ᠢᠯᠡᠳᠭᠡᠬᠦ᠌ ᠬᠡᠯᠪᠡᠷᠢ᠎ᠶ᠋ᠢ     ᠱᠢᠩᠭᠡᠭᠡᠪᠠ᠃ ᠡᠭᠦᠨ᠎ᠠᠴᠠ ᠰᠡᠭᠦᠯᠡᠷ ᠠᠨᠳᠠᠢ ᠪᠦᠵᠢᠭ᠎ᠨᠢ ᠨᠢᠭᠡ ᠵᠦᠢᠯ᠎ᠤᠨ ᠴᠣ᠌ ᠱᠢᠨ᠎ᠡ ᠮᠤᠩᠭᠤᠯ ᠦᠨᠳᠦᠰᠦᠳᠡᠨ᠎ᠤ ᠤᠷᠠᠯᠢᠭ᠎ᠤᠨ ᠬᠤᠪᠢ᠎ᠪᠠᠷ ᠳᠠᠢᠰᠠᠨ᠎ᠳᠤ ᠲᠤᠬ᠍ᠯᠠᠬ᠍ᠳᠠᠳᠠᠭ ᠪᠤᠯᠪᠠ᠃

ᠠᠨᠳᠠᠢ ᠪᠦᠵᠢᠭ᠎ᠲᠤ ᠶᠡᠷᠦᠩᠬᠡᠢ᠎ᠳᠡᠭᠡᠨ ᠬᠠᠮᠳᠤ᠎ᠶ᠋ᠢᠨ ᠪᠦᠵᠢᠭ᠂ ᠭᠤᠴᠤᠯᠠᠯ ᠪᠡᠶᠡᠯᠡᠭᠡ᠂ ᠬᠤᠤᠰᠯᠠᠯ ᠪᠡᠶᠡᠯᠡᠭᠡ ᠵᠡᠷᠭᠡ ᠲᠦᠷᠦᠯ ᠵᠦᠢᠯ ᠪᠠᠢᠳᠠᠭ᠃ ᠬᠠᠮᠳᠤ᠎ᠶ᠋ᠢᠨ ᠪᠦᠵᠢᠭ᠎ᠤᠨ ᠦᠨᠳᠦᠰᠦᠨ ᠬᠦᠳᠡᠯᠭᠡᠭᠡᠨ᠎ᠨᠢ ᠨᠡᠢᠳᠡ 8 ᠵᠦᠢᠯ ᠪᠠᠢᠳᠠᠭ᠃ ᠭᠤᠴᠤᠯᠠᠯ ᠪᠡᠶᠡᠯᠡᠭᠡ᠎ᠳᠤ ᠡᠭᠦᠯᠡᠨ ᠵᠢᠷᠤᠭ᠎ᠠ ᠪᠡᠶᠡᠯᠡᠭᠡ᠂ ᠬᠡᠬᠢᠯᠵᠠᠨ ᠮᠢᠳᠠᠯᠵᠠᠬᠤ ᠪᠡᠶᠡᠯᠡᠭᠡ᠂ ᠬᠤᠢ ᠡᠷᠬᠢᠯᠳᠦᠬᠦ᠌ ᠪᠡᠶᠡᠯᠡᠭᠡ᠂ ᠬᠡᠢ ᠰᠤᠮᠤᠳᠠᠬᠤ ᠪᠡᠶᠡᠯᠡᠭᠡ ᠵᠡᠷᠭᠡ ᠪᠠᠢᠨ᠎ᠠ᠃

ᠬᠤᠷᠴᠢᠨ ᠨᠤᠲᠤᠭ᠎ᠲᠤ ᠵᠢᠯ ᠴᠠᠭᠠᠨ ᠰᠠᠷ᠎ᠠ᠂ ᠡᠯᠪᠡᠭ ᠬᠤᠷᠢᠶᠠᠯᠲᠠ᠎ᠪᠠᠨ ᠪᠡᠯᠭᠡᠯᠡᠬᠦ᠂ ᠬᠤᠷᠢᠮ ᠨᠠᠢᠷ ᠪᠠ ᠵᠣᠴᠢᠨ ᠤᠭ᠍ᠲᠤᠬᠤ ᠳᠠᠢᠯᠠᠯᠭ᠎ᠠ ᠳᠡᠭᠡᠷ᠎ᠡ ᠠᠨᠳᠠᠢ ᠪᠦᠵᠢᠭ᠌ᠯᠡᠳᠡᠭ᠃ ᠪᠥᠵᠢᠭ᠎ᠤᠨ ᠬᠥᠳᠡᠯᠦᠯ᠎ᠳᠤ ᠠᠯᠴᠢᠭᠤᠷ ᠬᠠᠶᠠᠯᠠᠨ ᠠᠯᠬᠤᠬᠤ᠂ ᠭᠠᠷ ᠠᠯᠠᠭᠠᠳᠠᠨ ᠨᠢᠷᠤᠭᠤ᠎ᠪᠠᠨ ᠲᠤᠯᠬᠤ᠂ ᠤᠷᠤᠭ᠍ᠰᠢ ᠳᠠᠪᠱᠢᠨ ᠭᠦᠶᠦᠬᠦ᠂ ᠲᠣᠩᠭᠤᠷᠴᠠᠭ᠍ᠯᠠᠨ ᠬᠠᠷᠠᠢᠬᠤ᠂ ᠬᠡᠢ ᠳᠡᠭᠡᠭᠦᠷ ᠢᠰᠭᠦᠯᠬᠦ᠂ ᠪᠡᠶ᠎ᠡ᠎ᠪᠠᠨ ᠠᠲᠤᠷᠢᠭᠤᠯᠤᠨ ᠦᠰᠦᠷᠬᠦ᠂ ᠵᠡᠭᠦᠨᠰᠢ ᠪᠠᠷᠠᠭᠤᠨᠰᠢ ᠡᠷᠭᠢᠯᠳᠦᠬᠦ᠂ ᠲᠤᠷᠭ᠎ᠠ ᠬᠠᠶᠠᠯᠠᠨ ᠤᠴᠦ᠋ᠢᠨ ᠠᠯᠬᠤᠯᠠᠬᠤ᠂ ᠬᠤᠶᠠᠷ ᠭᠠᠷ᠎ᠢᠶᠠᠷ ᠲᠣᠷᠭ᠎ᠠ ᠡᠷᠭᠢᠭᠦᠯᠬᠦ᠌ ᠵᠡᠷᠭᠡ ᠪᠣᠶ᠃ ᠡᠳᠡᠭᠡᠷ ᠭᠤᠢᠳᠠ ᠰᠠᠢᠬᠠᠨ ᠬᠥᠳᠡᠯᠦᠯ᠎ᠨᠢ ᠯᠠᠪᠳᠠᠭᠤᠨ᠂ ᠣᠨᠣᠪᠴᠢᠲᠠᠶ᠂ ᠱᠠᠯᠠᠮᠠᠭᠠᠢ᠂ ᠬᠥᠩᠭᠡᠨ᠂ ᠤᠶᠠᠨ᠂ ᠢᠳᠡᠷᠡᠭᠦᠨ᠂ ᠭᠤᠸ᠎ᠠ ᠰᠠᠢᠬᠠᠨ᠂ ᠬᠥᠭ ᠠᠢᠵᠠᠮ᠂ ᠬᠠᠢᠷ᠎ᠠ ᠰᠡᠳᠭᠢᠯᠭᠡ᠎ᠶ᠋ᠢ ᠨᠢᠭᠡ ᠴᠣᠭ᠍ᠴᠠ ᠪᠣᠯᠭᠠᠨ ᠦᠪᠡᠳᠡᠭ᠌ᠰᠢ ᠶᠡᠭᠡ ᠨᠠᠷᠭᠢᠶᠠᠨᠳᠦ ᠪᠠᠢᠳᠠᠯ᠎ᠢ ᠪᠦᠲᠦᠭᠡᠵᠤ᠂ ᠤᠷᠠᠯᠢᠭ᠎ᠤᠨ ᠭᠤᠸ᠎ᠠ ᠰᠠᠢᠬᠠᠨ᠎ᠤ ᠬᠦᠭᠡᠭᠡᠴᠡᠯᠳᠦᠯ᠎ᠢ ᠲᠦᠢᠯ᠎ᠳᠤᠨᠢ ᠲᠤᠯᠲᠠᠯ᠎ᠠ ᠬᠦᠭ᠌ᠵᠢᠭᠡᠭ᠌ᠰᠡᠨ ᠭᠡᠮᠡᠷ᠃

ᠠᠨᠳᠠᠶ ᠪᠥᠵᠢᠭ᠎ᠨᠢ ᠮᠠᠰᠢ ᠴᠢᠩᠭ᠎ᠠ ᠵᠤᠭ᠎ᠠ ᠴᠡᠩᠭᠡᠯ᠎ᠤᠨ ᠴᠢᠨᠠᠷᠲᠠᠶ᠂ ᠢᠯᠡ ᠲᠣᠳᠣ ᠦᠨᠳᠦᠰᠦᠲᠡᠨ᠎ᠤ ᠣᠨᠴᠠᠯᠢᠭ ᠪᠠ ᠥᠳᠭᠡᠨ ᠵᠤᠵᠠᠭᠠᠨ ᠠᠮᠢᠳᠤᠷᠠᠯ᠎ᠤᠨ ᠠᠭᠤᠷ ᠠᠮᠢᠰᠭᠤᠯ᠎ᠲᠠᠢ ᠪᠠᠢᠳᠠᠭ᠃ ᠪᠠᠶᠠᠷ ᠪᠠᠶᠠᠰᠭᠤᠯᠠᠩ᠎ᠲᠠᠢ᠂ ᠰᠤᠷᠬᠤ᠎ᠳᠤ ᠠᠮᠠᠷ᠂ ᠨᠥᠯᠥᠭᠡᠯᠡᠬᠦ᠌ ᠬᠦᠴᠦᠨ᠎ᠢᠶᠠᠷ ᠶᠡᠭᠡ    ᠪᠠᠢᠳᠠᠭ᠃ ᠡᠷᠡᠭ᠌ᠲᠡᠶ ᠡᠮᠡᠭ᠌ᠲᠡᠶ᠂ ᠬᠥᠭ᠌ᠰᠢᠨ ᠵᠠᠯᠠᠭᠤ ᠦᠭᠡᠢ ᠪᠦᠷ ᠲᠠᠯᠠᠪᠠᠢ᠎ᠳᠤ ᠣᠷᠣᠵᠤ ᠪᠠᠶᠠᠷᠯᠠᠨ ᠪᠦᠵᠢᠭ᠌ᠯᠡᠵᠦ᠍᠂ ᠨᠠᠰᠤ ᠵᠢᠯ᠂ ᠴᠠᠭ ᠵᠠᠢ᠎ᠳᠤ ᠬᠢᠵᠠᠭᠠᠷᠯᠠᠭ᠍ᠳᠠᠳᠠᠭ ᠦᠭᠡᠢ᠃


88.png


ᠬᠠᠭᠠᠰ ᠵᠠᠭᠤᠨ᠎ᠤ ᠲᠡᠦᠬᠡ᠎ᠲᠠᠢ ᠤᠷᠳᠤᠰ ᠪᠦᠵᠢᠭ

《ᠣᠷᠳᠣᠰ ᠪᠥᠵᠢᠭ》 ᠤᠷᠬᠢᠯᠤᠮ᠎ᠠ ᠬᠠᠯᠠᠭᠤᠨ᠂ ᠴᠣᠪᠣᠭᠤ ᠳᠡᠭ᠌ᠵᠢᠨ᠂ ᠢᠳᠡᠷᠡᠭᠦᠨ ᠬᠦᠴᠦᠲᠡᠶ ᠣᠷᠳᠣᠰ᠎ᠤᠨ ᠥᠨᠳᠦᠷᠯᠢᠭ᠎ᠤᠨ ᠮᠠᠯᠴᠢᠳ᠎ᠤᠨ ᠪᠠᠶᠠᠰᠤᠩᠭᠤᠶ ᠥᠭᠡᠳᠡᠷᠬᠡᠭ ᠴᠤᠭ ᠰᠦᠯᠳᠡ᠎ᠶ᠋ᠢ ᠢᠯᠡᠷᠡᠭᠦᠯᠵᠦ᠍᠂ ᠢᠯᠡ ᠲᠣᠳᠣ ᠴᠠᠭ ᠦᠶ᠎ᠡ᠎ᠶ᠋ᠢᠨ ᠣᠨᠴᠠᠯᠢᠭ᠎ᠲᠠᠢ ᠶᠤᠮ᠃ ᠤᠷᠳᠤᠰ ᠪᠦᠵᠢᠭ᠎ᠲᠤ 5 ᠡᠷᠡᠭ᠌ᠳᠡᠢ 5 ᠡᠮᠡᠭ᠌ᠳᠡᠢ ᠲᠤᠬ᠍ᠯᠠᠵᠤ᠂ ᠬᠤᠶᠠᠷ ᠬᠡᠰᠡᠭ᠎ᠢᠶᠠᠷ ᠪᠦᠷᠢᠯᠳᠦᠨ᠂ ᠨᠢᠭᠡᠳᠦᠭᠡᠷ ᠬᠡᠰᠡᠭ᠎ᠨᠢ ᠢᠳᠡᠷᠡᠭᠦᠨ ᠬᠦᠴᠦᠲᠡᠶ ᠳᠤᠮᠳᠠ ᠴᠠᠷᠬᠢᠯ ᠪᠣᠯᠤᠨ᠎ᠠ᠃ 5 ᠡᠷᠡᠭ᠌ᠲᠡᠶ ᠭᠠᠷ᠎ᠢᠶᠠᠨ ᠰᠠᠵᠢᠨ ᠠᠯᠬᠤᠬᠤ ᠦᠨᠳᠦᠰᠦᠨ ᠪᠥᠵᠢᠭ᠎ᠤᠨ ᠠᠯᠬᠤᠮ᠎ᠢᠶᠠᠷ ᠭᠠᠷᠴᠤ᠌ ᠢᠷᠡᠨ᠂ ᠬᠤᠶᠠᠷ ᠭᠠᠷ᠎ᠢᠶᠠᠷ᠎ᠢᠶᠠᠨ ᠨᠢᠷᠤᠭᠤ᠎ᠪᠠᠨ ᠲᠤᠯᠵᠤ ᠮᠥᠷᠥ᠎ᠪᠠᠨ ᠬᠦᠳᠡᠯᠭᠡᠬᠦ᠌ ᠬᠥᠳᠡᠯᠦᠯ᠎ᠢᠶᠠᠷ ᠮᠣᠩᠭᠤᠯ ᠦᠨᠳᠦᠰᠦᠲᠡᠨ᠎ᠤ ᠪᠥᠵᠢᠭ᠎ᠤᠨ ᠬᠡᠪ ᠨᠠᠮᠪᠠ᠎ᠶ᠋ᠢ ᠳᠣᠪᠤᠢᠯᠭᠠᠨ᠎ᠠ᠃ ᠪᠥᠵᠢᠭ᠎ᠤᠨ ᠪᠦᠲᠦᠴᠡ᠎ᠶ᠋ᠢᠨ ᠲᠠᠯ᠎ᠠ᠎ᠪᠠᠷ ᠲᠠᠯᠠᠪᠠᠢ᠎ᠳᠤ ᠭᠠᠷᠬᠤ ᠱᠢᠯᠤᠭᠤᠨ ᠱᠤᠭᠤᠮ᠂ ᠲᠡᠭ᠌ᠰᠢ ᠱᠢᠯᠤᠭᠤᠨ ᠡᠩᠨᠡᠭᠡ ᠵᠢᠷᠤᠭ᠎ᠤᠨ ᠱᠢᠯᠵᠢᠯᠲᠡ᠎ᠪᠠᠷ ᠮᠠᠯᠵᠢᠬᠤ ᠣᠷᠣᠨ᠎ᠤ ᠰᠠᠷᠠᠭᠤᠯ ᠲᠡᠨᠢᠭᠡᠷ ᠪᠠ ᠮᠠᠯᠴᠢᠳ᠎ᠤᠨ ᠠᠭᠤᠳᠠᠮ ᠪᠠᠭ᠍ᠲᠠᠭᠠᠮᠵᠢᠲᠠᠢ ᠵᠠᠩ ᠠᠷᠠᠨᠱᠢᠨ᠎ᠤ ᠣᠨᠴᠠᠯᠢᠭ᠎ᠢ      ᠢᠯᠡᠷᠡᠭᠦᠯᠵᠡᠢ᠃ ᠤᠷᠳᠤᠰ ᠡᠷ᠎ᠡ ᠬᠥᠮᠦᠨ᠎ᠤ ᠬᠦᠳᠡᠷ ᠴᠢᠭᠢᠷᠠᠭ᠂ ᠦᠨᠳᠦᠷ ᠰᠦᠷᠯᠢᠭ᠂ ᠣᠮᠤᠭ ᠲᠡᠭᠦᠯᠳᠡᠷ ᠪᠥᠵᠢᠭ᠎ᠤᠨ ᠳᠦᠷᠢ᠎ᠶ᠋ᠢ      ᠪᠦᠲᠦᠭᠡᠵᠡᠢ᠃ ᠬᠤᠶᠠᠳᠤᠭᠠᠷ ᠬᠡᠰᠡᠭ᠎ᠨᠢ ᠴᠣᠪᠣᠭᠤ ᠳᠡᠭ᠌ᠵᠢᠨ ᠪᠠᠭ᠎ᠠ ᠴᠠᠷᠭᠢᠯ᠎ᠤᠨ ᠬᠡᠰᠡᠭ ᠪᠣᠯᠤᠨ᠎ᠠ᠃ 5 ᠡᠮᠡᠭ᠌ᠲᠡᠶ ᠠᠮᠢᠳᠤᠷᠠᠯ ᠳᠤᠮᠳᠠᠬᠢ ᠦᠨᠢᠶ᠎ᠡ ᠰᠠᠭᠠᠬᠤ᠂ ᠮᠣᠷᠢ ᠤᠨᠤᠬᠤ ᠵᠢᠴᠢ ᠭᠡᠵᠢᠭᠡ᠎ᠪᠠᠨ ᠰᠠᠮᠨᠠᠬᠤ ᠵᠡᠷᠭᠡ ᠦᠵᠡᠭ᠌ᠳᠡᠯ ᠶᠠᠪᠤᠳᠠᠯ᠎ᠢ ᠳᠠᠭᠤᠷᠢᠶᠠᠬ᠍ᠰᠠᠨ ᠪᠥᠵᠢᠭ᠎ᠤᠨ ᠬᠦᠳᠡᠯᠦᠯ᠎ᠢᠶᠠᠷ ᠭᠠᠷᠴᠤ᠌ ᠢᠷᠡᠨ᠂ ᠳᠠᠷᠠᠭ᠎ᠠ᠎ᠨᠢ ᠡᠷᠡᠭ᠌ᠲᠡᠢᠴᠦᠳ᠎ᠲᠠᠢ ᠬᠠᠮᠲᠤ᠎ᠪᠠᠷ ᠪᠥᠵᠢᠭ᠌ᠯᠡᠬᠦ᠌ ᠪᠥᠭᠡᠳ ᠡᠷᠡᠭ᠌ᠲᠡᠶ ᠡᠮᠡᠭ᠌ᠲᠡᠶ ᠨᠠᠭᠠᠰᠢ ᠴᠠᠭᠠᠰᠢ ᠰᠦᠯᠵᠢᠯᠳᠦᠬᠦ᠂ ᠨᠢᠭᠡ ᠨᠢᠭᠡ᠎ᠪᠠᠨ ᠳᠠᠭᠠᠭᠤᠯᠤᠨ ᠡᠷᠬᠢᠯᠳᠦᠬᠦ᠌ ᠵᠡᠷᠭᠡ ᠬᠦᠳᠡᠯᠦᠯ᠎ᠢᠶᠠᠷ ᠦᠷᠭᠦᠯᠵᠢᠯᠡᠳᠡᠭ᠃


99.png


《ᠣᠷᠳᠣᠰ ᠪᠥᠵᠢᠭ》 ᠎ᠢ ᠵᠣᠬᠢᠶᠠᠨ ᠪᠦᠲᠦᠭᠡᠵᠦ᠍ ᠲᠣᠭ᠍ᠯᠠᠭ᠍ᠰᠠᠨ 60 ᠭᠠᠷᠤᠶ ᠵᠢᠯ᠎ᠤᠨ ᠲᠤᠷᠰᠢ᠂ ᠲᠤᠬᠠᠶ᠎ᠶ᠋ᠢᠨ ᠭᠠᠵᠠᠷ᠎ᠤᠨ ᠠᠷᠠᠳ ᠲᠦᠮᠡᠨ᠎ᠳᠤ ᠲᠡᠳᠦᠢ ᠦᠭᠡᠢ᠂ ᠤᠯᠤᠰ ᠤᠷᠤᠨ᠂ ᠲᠡᠯᠡᠬᠡᠢ ᠨᠡᠢᠲᠡ᠎ᠳᠤ ᠴᠤ᠌ ᠨᠡᠢᠳᠡᠮ ᠮᠡᠳᠡᠷᠡᠭ᠌ᠳᠡᠭ᠌ᠰᠡᠨ ᠣᠷᠣᠨ ᠨᠤᠲᠤᠭ᠎ᠤᠨ ᠤᠨᠴᠠᠯᠢᠭ᠎ᠢᠶᠠᠷ ᠳᠤᠪᠤᠢᠮ᠎ᠠ ᠦᠨᠳᠦᠰᠦᠲᠡᠨ᠎ᠤ ᠠᠷᠠᠳ᠎ᠤᠨ ᠪᠥᠵᠢᠭ ᠪᠤᠯᠤᠭ᠍ᠰᠠᠨ ᠪᠠᠢᠨ᠎ᠠ᠃ 1951 ᠣᠨ᠎ᠳᠤ ᠵᠢᠶᠠ ᠽᠦᠸᠧ ᠭᠤᠸᠠᠩ ᠥᠪᠥᠷ ᠮᠣᠩᠭᠤᠯ᠎ᠤᠨ ᠳᠠᠭᠤᠤ ᠪᠥᠵᠢᠭ᠎ᠤᠨ ᠪᠦᠯᠬᠦᠮ᠎ᠢ ᠳᠠᠭᠠᠵᠤ ᠣᠷᠳᠣᠰ᠎ᠤᠨ ᠥᠨᠳᠦᠷᠯᠢᠭ᠎ᠲᠤ ᠬᠦᠷᠴᠦ᠍᠂ ᠲᠤᠬᠠᠶ᠎ᠶ᠋ᠢᠨ ᠭᠠᠵᠠᠷ᠎ᠤᠨ ᠠᠷᠠᠳ ᠲᠦᠮᠡᠨ᠎ᠳᠤ ᠡᠯ᠎ᠡ ᠦᠨᠳᠦᠰᠦᠲᠡᠨ᠎ᠤ ᠪᠥᠵᠢᠭ᠎ᠢ ᠲᠣᠭ᠍ᠯᠠᠵᠤ ᠦᠵᠡᠭᠦᠯᠵᠡᠢ᠃ ᠳᠤᠬᠠᠢ᠎ᠶ᠋ᠢᠨ ᠦᠶᠡᠰ ᠮᠠᠯᠴᠢᠨ ᠲᠦᠮᠡᠨ ᠬᠢᠭᠡᠳ ᠺᠠᠳ᠋ᠷᠴᠤᠳ ᠪᠦᠷ ᠲᠤᠰ ᠳᠠᠭᠤᠤ ᠪᠥᠵᠢᠭ᠎ᠤᠨ ᠪᠦᠯᠬᠦᠮ᠎ᠳᠤ ᠣᠷᠳᠣᠰ ᠨᠤᠲᠤᠭ᠎ᠤᠨ ᠠᠷᠠᠳ ᠲᠦᠮᠡᠨ᠎ᠤ ᠪᠥᠵᠢᠭ᠎ᠤᠨ ᠬᠡᠯᠪᠡᠷᠢ᠎ᠶ᠋ᠢ ᠢᠯᠡᠷᠡᠭᠦᠯᠦᠭ᠌ᠰᠡᠨ ᠪᠦᠲᠦᠭᠡᠯ᠎ᠢ ᠰᠤᠨᠢᠷᠬᠠᠬᠤ ᠬᠦᠰᠡᠯ ᠡᠷᠡᠮᠡᠯᠵᠡᠯ᠎ᠢᠶᠠᠨ ᠳᠤᠷᠠᠳᠴᠠᠢ᠃ ᠢᠩᠬᠢᠭᠡᠳ ᠣᠷᠳᠣᠰ ᠪᠥᠵᠢᠭ᠎ᠢ ᠵᠣᠬᠢᠶᠠᠨ ᠪᠦᠲᠦᠭᠡᠬᠦ᠌ ᠢᠷᠠᠭᠤ ᠠᠯᠳᠠᠷᠲᠤ ᠡᠭᠦᠷᠭᠡ ᠵᠢᠶᠠ ᠽᠦᠸᠧ ᠭᠤᠸᠠᠩ᠎ᠤᠨ ᠪᠡᠶ᠎ᠡ ᠳᠡᠭᠡᠷ᠎ᠡ ᠠᠶᠠᠨᠳᠠᠭᠠᠨ ᠲᠠᠯᠪᠢᠭ᠍ᠳᠠᠭ᠍ᠰᠠᠨ ᠪᠠᠢᠨ᠎ᠠ᠃ ᠣᠷᠳᠣᠰ᠎ᠤᠨ ᠠᠷᠠᠳ ᠲᠦᠮᠡᠨ᠎ᠤ ᠵᠠᠩ ᠴᠢᠨᠠᠷ᠂ ᠳᠦᠷᠢ ᠲᠥᠷᠬᠦ᠌᠎ᠶ᠋ᠢ ᠵᠥᠪ ᠣᠨᠣᠪᠴᠢᠲᠠᠶ ᠢᠯᠡᠷᠡᠭᠦᠯᠵᠤ᠂ ᠣᠷᠣᠨ ᠨᠤᠲᠤᠭ᠎ᠤᠨ ᠬᠡᠪ ᠨᠠᠮᠪᠠ᠎ᠲᠠᠢ ᠪᠥᠵᠢᠭ ᠪᠣᠯᠭᠠᠬᠤ᠎ᠶ᠋ᠢᠨ ᠲᠦᠯᠦᠭᠡ ᠵᠢᠶᠠ ᠽᠦᠸᠧ ᠭᠤᠸᠠᠩ ᠤᠷᠢᠳ ᠬᠤᠵᠢᠳ ᠭᠤᠷᠪᠠ ᠤᠳᠠᠭ᠎ᠠ ᠬᠥᠳᠡᠭᠡ ᠪᠠᠭᠤᠵᠤ᠂ ᠤᠷᠳᠤᠰ᠎ᠤᠨ ᠠᠷᠠᠳ ᠲᠦᠮᠡᠨ᠎ᠤ ᠠᠮᠢᠳᠤᠷᠠᠯ ᠪᠣᠯᠤᠨ ᠦᠵᠡᠯ ᠰᠠᠨᠠᠭ᠎ᠠ᠂ ᠬᠠᠢᠷ᠎ᠠ ᠰᠡᠳᠭᠢᠯᠭᠡ᠎ᠶ᠋ᠢ ᠣᠢᠯᠠᠭᠠᠬᠤ᠎ᠶ᠋ᠢᠨ ᠬᠠᠮᠲᠤ ᠰᠦᠮ᠎ᠡ ᠬᠡᠢᠳ᠎ᠤᠨ 《ᠴᠠᠮ ᠦᠰᠦᠷᠬᠦ᠌》 ᠎ᠠᠴᠠ ᠭᠦᠨᠵᠡᠭᠡᠶ ᠰᠤᠷᠤᠯᠴᠠᠨ ᠲᠤᠬᠠᠶ᠎ᠶ᠋ᠢᠨ ᠭᠠᠵᠠᠷ᠎ᠤᠨ ᠠᠷᠠᠳ᠎ᠤᠨ ᠤᠷᠠᠯᠢᠭ᠎ᠠᠴᠠ ᠱᠢᠮ᠎ᠡ ᠲᠡᠵᠢᠭᠡᠯ ᠱᠢᠩᠭᠡᠭᠡᠨ ᠠᠪᠴᠠᠢ᠃ ᠨᠠᠢᠷᠠᠭᠤᠯᠤᠨ ᠤᠳᠤᠷᠢᠳᠤᠭᠠᠴᠢ᠂ ᠠᠶ᠎ᠠ ᠵᠣᠬᠢᠶᠠᠬ᠍ᠴᠢ ᠪᠠ ᠲᠣᠭ᠍ᠯᠠᠭ᠍ᠴᠢᠳ ᠊ᠣᠯᠠᠨ ᠤᠳᠠᠭ᠎ᠠ ᠳᠠᠬᠢᠨ ᠳᠠᠪᠲᠠᠨ ᠵᠠᠰᠠᠪᠤᠷᠢ ᠣᠷᠣᠭᠤᠯᠵᠤ᠂ ᠴᠢᠯᠥᠭᠡᠯᠡᠭ᠌ᠳᠡᠭ᠌ᠰᠡᠨ᠎ᠤ ᠳᠠᠷᠠᠭᠠᠬᠢ ᠣᠷᠳᠣᠰᠴᠤᠳ᠎ᠤᠨ ᠡᠬᠡ ᠣᠷᠣᠨ᠎ᠤ᠎ᠪᠠᠨ ᠪᠦᠲᠦᠭᠡᠨ ᠪᠠᠢᠭᠤᠯᠤᠯᠲᠠ᠎ᠳᠤ ᠤᠷᠤᠯᠴᠠᠬᠤ ᠲᠤᠮᠳᠠ ᠪᠠᠶᠠᠰᠤᠩᠭᠤᠶ ᠦᠵᠡᠯ᠂ ᠡᠷᠡᠮᠡᠬᠡᠢ ᠲᠡᠮᠡᠴᠡᠬᠦ᠌ ᠵᠣᠷᠢᠭ ᠰᠠᠨᠠᠭ᠎ᠠ᠎ᠪᠠᠷ ᠱᠢᠨ᠎ᠡ ᠠᠮᠢᠳᠤᠷᠠᠯ᠎ᠢᠶᠠᠨ ᠪᠠᠢᠭᠤᠯᠵᠤ᠂ ᠨᠤᠲᠤᠭ ᠤᠰᠤᠨ᠎ᠳᠠᠭᠠᠨ ᠬᠠᠢᠷᠠᠲᠠᠶ᠂ ᠬᠥᠳᠡᠯᠮᠦᠷᠢ᠎ᠳᠤ ᠬᠠᠢᠷᠠᠲᠠᠶ ᠪᠠᠢᠭ᠎ᠠ ᠱᠢᠨ᠎ᠡ ᠮᠠᠯᠴᠢᠳ᠎ᠤᠨ ᠳᠦᠷᠢ ᠲᠥᠷᠬᠦ᠌᠎ᠶ᠋ᠢ ᠱᠤᠭᠤᠭ᠍ᠰᠠᠨ 《ᠣᠷᠳᠣᠰ ᠪᠥᠵᠢᠭ》 ᠎ᠢ ᠪᠦᠲᠦᠭᠡᠭ᠌ᠰᠡᠨ ᠪᠠᠢᠨ᠎ᠠ᠃

1955 ᠣᠨ᠎ᠳᠤ ᠫᠣᠯᠠᠨᠳ᠋᠎ᠤᠨ ᠸᠠᠷᠱᠠᠸᠠ᠎ᠳᠤ ᠶᠠᠪᠤᠭ᠍ᠳᠠᠭ᠍ᠰᠠᠨ ᠲᠠᠪᠤᠳᠤᠭᠠᠷ ᠬᠤᠭᠤᠴᠠᠭᠠᠨ᠎ᠤ ᠳᠡᠯᠡᠬᠡᠶ᠎ᠶ᠋ᠢᠨ ᠵᠠᠯᠠᠭᠤᠴᠤᠳ ᠪᠠ ᠰᠤᠷᠤᠭ᠍ᠴᠢᠳ᠎ᠤᠨ ᠨᠠᠢᠷᠠᠮᠳᠠᠯ ᠨᠥᠬᠦᠷᠯᠡᠯ᠎ᠤᠨ ᠨᠠᠢᠷ ᠳᠡᠭᠡᠷ᠎ᠡ᠂ ᠳᠤᠮᠳᠠᠳᠤ ᠤᠯᠤᠰ᠎ᠤᠨ ᠵᠠᠯᠠᠭᠤᠴᠤᠳ᠎ᠤᠨ ᠤᠷᠠᠯᠢᠭ᠎ᠤᠨ ᠪᠦᠯᠬᠦᠮ᠎ᠤᠨ ᠲᠣᠭ᠍ᠯᠠᠭ᠍ᠰᠠᠨ 《ᠣᠷᠳᠣᠰ ᠪᠥᠵᠢᠭ》 ᠨᠢᠭᠡᠳᠦᠭᠡᠷ ᠳᠡᠰ᠎ᠤᠨ ᠱᠠᠩᠨᠠᠯ ᠠᠪᠴᠤ᠌᠂ ᠡᠬᠡ ᠤᠯᠤᠰ᠎ᠲᠠᠭᠠᠨ ᠢᠷᠠᠭᠤ ᠠᠯᠳᠠᠷ᠎ᠢ ᠲᠡᠮᠡᠴᠡᠨ      ᠠᠪᠴᠢᠷᠠᠵᠠᠢ᠃ 20 ᠳ᠋ᠤᠭᠠᠷ ᠵᠠᠭᠤᠨ᠎ᠤ ᠲᠠᠪᠢᠭᠠᠳ ᠣᠨ᠎ᠤ ᠳᠤᠮᠳᠠ ᠰᠡᠭᠦᠯᠴᠢ᠎ᠪᠠᠷ ᠤᠷᠳᠤᠰ ᠪᠥᠵᠢᠭ᠎ᠨᠢ ᠤᠳᠠᠯ ᠦᠭᠡᠶ ᠪᠦᠬᠦ᠌ ᠤᠯᠤᠰ᠎ᠲᠤ ᠲᠦᠭᠡᠮᠡᠯᠵᠢᠯᠡᠭ᠌ᠳᠡᠵᠦ᠍᠂ ᠲᠤᠰᠭᠠᠶ ᠮᠡᠷᠭᠡᠵᠢᠯ᠎ᠤᠨ ᠳᠠᠭᠤᠤ ᠪᠥᠵᠢᠭ᠎ᠤᠨ ᠪᠦᠯᠬᠦᠮ ᠴᠢᠨᠠᠬ᠍ᠰᠢᠯᠠᠨ ᠮᠠᠰᠢ ᠣᠯᠠᠨ ᠦᠢᠯᠡᠳᠪᠦᠷᠢ ᠪᠣᠯᠤᠨ ᠶᠡᠭᠡ ᠳᠡᠭᠡᠳᠦ ᠪᠠ ᠳᠤᠮᠳᠠᠳᠤ ᠰᠤᠷᠭᠠᠭᠤᠯᠢ᠎ᠶ᠋ᠢᠨ ᠠᠵᠢᠯ᠎ᠤᠨ ᠴᠢᠯᠥᠭᠡᠨ᠎ᠤ ᠪᠥᠵᠢᠭ᠎ᠤᠨ ᠪᠦᠯᠬᠦᠮ᠎ᠤᠳ ᠴᠦ᠍ 《ᠣᠷᠳᠣᠰ ᠪᠥᠵᠢᠭ》 ᠎ᠢ ᠲᠣᠭ᠍ᠯᠠᠳᠠᠭ ᠪᠤᠯᠪᠠ᠃ 《ᠣᠷᠳᠣᠰ ᠪᠥᠵᠢᠭ》 1994 ᠣᠨ᠎ᠳᠤ 《ᠳᠤᠮᠳᠠᠳᠤ᠎ᠶ᠋ᠢᠨ ᠦᠨᠳᠦᠰᠦᠲᠡᠨ᠎ᠤ 20 ᠳ᠋ᠤᠭᠠᠷ ᠵᠠᠭᠤᠨ᠎ᠤ ᠪᠥᠵᠢᠭ᠎ᠤᠨ ᠰᠣᠩᠭᠤᠳᠠᠭ        ᠪᠦᠲᠦᠭᠡᠯ》 ᠎ᠤᠨ ᠱᠢᠯᠭᠠᠷᠠᠭᠤᠯᠤᠯᠲᠠ᠎ᠳᠤ ᠰᠣᠩᠭᠤᠳᠠᠭ ᠪᠦᠲᠦᠭᠡᠯ᠎ᠤᠨ ᠠᠯᠲᠠᠨ ᠬᠦᠷᠦᠭ᠎ᠤᠨ ᠱᠠᠩᠨᠠᠯ ᠭᠥᠷᠳᠡᠪᠡ ᠁

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号