
ᠪᠠᠭ᠎ᠠ ᠵᠢᠭᠠᠰᠤᠳᠠᠢ᠎ᠶ᠋ᠢᠨ ᠮᠤᠬᠤᠷ ᠪᠤᠯᠠᠭ᠎ᠤᠨ ᠦᠷᠯᠦᠭᠡ ᠲᠡᠭ᠌ᠷᠢ ᠡᠭᠦᠯᠡᠱᠢᠵᠦ᠍ ᠡᠭᠡ ᠭᠠᠵᠠᠷ ᠳᠤᠭ᠍ᠵᠢᠷᠠᠨᠠ᠃ ᠬᠠᠢᠯᠠᠰᠤᠨ ᠱᠢᠭᠤᠢ ᠪᠤᠷᠭᠠᠰᠤᠨ ᠪᠤᠳᠠ᠎ᠶ᠋ᠢᠨ ᠳᠤᠮᠳᠠᠭᠤᠷ ᠮᠠᠯ ᠰᠦᠷᠦᠭ ᠪᠠᠯᠴᠢᠵᠦ᠍᠂ ᠮᠠᠩᠬᠠᠨ ᠳᠤᠮᠳᠠᠬᠢ ᠳᠡᠭ᠌ᠰᠢᠭᠡᠨ ᠳᠠᠯᠠᠳᠤ ᠮᠤᠩᠭᠤᠯ ᠭᠡᠷ᠎ᠤᠳ ᠴᠠᠢᠯᠵᠠᠨᠠ᠃

ᠡᠭᠦᠯᠡᠨ᠎ᠤ ᠴᠢᠯᠦᠭᠡ᠎ᠪᠠᠷ ᠳᠤᠰᠤᠭ᠍ᠰᠠᠨ ᠨᠠᠷᠠᠨ᠎ᠤ ᠰᠠᠴᠤᠷᠠᠭ᠎ᠢᠶᠠᠷ ᠡᠯᠡᠰᠤᠨ ᠳᠤᠪᠤᠴᠠᠭ᠎ᠤᠨ ᠤᠷᠤᠢ᠎ᠳᠤ ᠤᠷᠭᠤᠭ᠍ᠰᠠᠨ ᠬᠠᠢᠯᠠᠰᠤᠨ ᠮᠤᠳᠤ ᠬᠠᠢᠴᠢᠯᠠᠮᠠᠯ ᠵᠢᠷᠤᠭ ᠪᠤᠯᠤᠨ ᠬᠠᠷᠠᠭ᠍ᠳᠠᠨ᠎ᠠ᠃ ᠮᠠᠩᠬᠠᠨ ᠬᠠᠢᠯᠠᠰᠤ᠎ᠶ᠋ᠢ ᠪᠢ ᠶᠡᠭᠡ ᠪᠠᠭ᠍ᠠᠷᠬᠠᠳᠠᠭ ᠶᠤᠮ᠂ ᠮᠠᠩᠬᠠᠨ ᠬᠠᠢᠯᠠᠰᠤ ᠨᠠᠷᠠᠰᠤ ᠮᠠᠢᠯᠠᠰᠤ ᠱᠢᠭ᠋ ᠡᠷᠬᠢᠮᠰᠦᠭ ᠭᠡᠭᠡᠨᠴᠢᠷ ᠲᠦᠷᠬᠦ᠌ ᠦᠭᠡᠢ᠂ ᠴᠠᠭᠠᠨ ᠤᠯᠢᠶᠠᠰᠤ ᠱᠢᠭ᠋ ᠡᠭ᠌ᠴᠠ ᠪᠤᠰᠤᠭ᠎ᠠ ᠪᠢᠰᠢ ᠴᠤ᠌᠂ ᠮᠠᠩᠬᠠᠨ ᠨᠤᠳᠤᠭ᠎ᠤᠨ᠎ᠢᠶᠠᠨ ᠭᠤᠢᠳᠠ ᠦᠵᠡᠮᠵᠢ᠂ ᠰᠦᠭ ᠰᠦᠨᠡᠰᠦ᠎ᠨᠢ ᠶᠤᠮ᠃

ᠮᠠᠩᠬᠠᠨ ᠤᠷᠤᠢ ᠦᠭ᠌ᠰᠦᠵᠦ᠍ ᠶᠠᠪᠤᠬᠤ᠎ᠳᠤ ᠡᠷᠬᠢ ᠳᠡᠭᠡᠷ᠎ᠠ ᠵᠤᠭ᠍ᠰᠤᠭᠠᠪᠠᠷᠢᠶᠠᠨ ᠬᠠᠳᠠᠵᠦ᠍ ᠦᠬᠦᠭ᠌ᠰᠡᠨ ᠨᠢᠭᠡᠨ ᠳᠤᠮᠤ ᠬᠠᠢᠯᠠᠰᠤ ᠬᠠᠷᠠᠭᠠᠨ᠎ᠳᠤ ᠦᠷᠳᠦᠵᠦ᠍ ᠰᠠᠷᠡᠯᠢ ᠮᠢᠨᠢ ᠬᠦᠴᠦᠳᠠᠢ ᠬᠦᠨᠳᠡᠪᠡ᠄
ᠡᠯᠡᠰᠦᠨ ᠳᠤᠪᠤᠴᠠᠭ ᠰᠠᠯᠬᠢᠨ᠎ᠳᠤ ᠡᠯᠡᠭ᠌ᠳᠡᠨ ᠬᠡᠢᠰᠴᠤ᠌ ᠬᠤᠷᠮᠤᠢ᠎ᠪᠠᠷ᠎ᠢᠶᠠᠨ ᠱᠢᠭᠤᠭ᠍ᠳᠠᠵᠦ᠍ ᠪᠠᠢᠭ᠍ᠰᠠᠨ ᠴᠤ᠌᠂ ᠬᠤᠪᠠᠭ᠍ᠠᠢ ᠬᠠᠢᠯᠠᠰᠤ ᠬᠠᠳᠠᠭ᠍ᠰᠠᠨ ᠦᠨᠳᠤᠰᠤ᠎ᠪᠠᠨ ᠬᠦᠷᠳᠡᠢᠯᠭᠡᠨ ᠰᠤᠩᠭᠠᠵᠦ᠍ ᠬᠦᠷᠦᠰᠤ᠎ᠪᠠᠨ ᠳᠡᠪᠡᠷᠢᠨ ᠰᠦᠭ᠌ᠯᠦ᠋ᠢᠭ᠌ᠰᠡᠭᠡᠷ᠃
ᠲᠦᠷᠪᠡᠨ ᠵᠦᠭ᠎ᠢ ᠳᠡᠩᠭᠡᠭᠡ ᠮᠡᠳᠡᠨ ᠰᠠᠪᠠᠷᠳᠠᠭ᠍ᠰᠠᠨ ᠰᠠᠯᠠᠭ᠎ᠠ ᠨᠠᠮᠠᠭ᠎ᠠ᠎ᠨᠢ ᠲᠡᠭ᠌ᠷᠢ ᠨᠢᠵᠢᠭᠢᠨᠡᠵᠦ᠍ ᠬᠢᠯᠪᠠᠭᠠᠨ ᠬᠢᠯᠪᠠᠭ᠍ᠰᠠᠨ ᠠᠯᠤᠰ᠎ᠤᠨ ᠳᠠᠭᠤᠨ᠎ᠢ ᠠᠨᠢᠷᠳᠠᠭᠤᠯᠬᠤ ᠱᠢᠭ᠍᠃

ᠡᠯᠡᠰᠦᠨ᠎ᠤ ᠤᠷᠤᠢ᠎ᠳᠤ ᠪᠠᠢᠭ᠎ᠠ ᠲᠡᠷᠡ᠎ᠪᠠᠷ ᠳᠡᠭ᠌ᠷᠢ᠎ᠠᠴᠠ ᠬᠠᠮᠤᠭ᠎ᠤᠨ ᠤᠢ᠍ᠢᠷᠠᠬᠠᠨ᠂ ᠳᠡᠭ᠌ᠷᠢ᠎ᠲᠠᠢ ᠬᠡᠯᠡᠯᠴᠡᠳᠡᠭ ᠴᠤ᠌ ᠪᠢᠯᠢᠦ᠃
ᠳᠠᠪᠠᠯᠭ᠎ᠠ ᠱᠢᠭ᠋ ᠳᠠᠯᠠᠩᠯᠠᠭ᠍ᠰᠠᠨ ᠡᠯᠡᠰᠤᠨ ᠬᠦᠳᠦᠯᠤᠨ ᠪᠤᠷᠤᠭᠤ ᠬᠠᠵᠠᠭᠤ᠎ᠪᠠᠷ ᠬᠠᠢᠯᠠᠰᠤᠨ ᠮᠤᠳᠤ ᠪᠠᠭ᠍ᠰᠢᠷᠠᠨ ᠤᠷᠭᠤᠵᠠᠢ᠃ ᠡᠯᠡᠰᠦᠨ᠎ᠤ ᠤᠷᠤᠢ᠂ ᠮᠠᠩᠬᠠᠨ ᠬᠤᠳᠤᠭᠤᠷ᠂ ᠳᠡᠭ᠌ᠰᠢᠭᠡᠨ ᠳᠠᠯᠠᠳᠤ ᠰᠠᠭ᠍ᠯᠠᠭᠠᠷ ᠬᠠᠢᠯᠠᠰᠤ ᠬᠠᠶᠠ ᠦᠭᠡᠢ ᠬᠠᠷᠠᠭ᠍ᠳᠠᠨ᠎ᠠ᠃ ᠬᠤᠯᠠᠨ ᠱᠢᠷᠭ᠎ᠠ ᠳᠠᠭ᠎ᠠ᠎ᠶ᠋ᠢᠨ ᠡᠯᠡᠰᠦᠷᠭᠡᠭ ᠭᠠᠵᠡᠷ ᠬᠠᠢᠯᠠᠰᠤᠲᠠᠢ ᠪᠠᠢᠬᠤ᠎ᠳᠠᠭᠠᠨ ᠦᠨᠡᠭᠡᠷ ᠭᠤᠶᠤ ᠠᠵᠢ᠃

ᠬᠤᠯᠠᠨ ᠱᠢᠷᠭ᠎ᠠ ᠳᠠᠭ᠎ᠠ᠎ᠶ᠋ᠢᠨ ᠡᠯᠡᠰᠦᠷᠭᠡᠭ ᠭᠠᠵᠠᠷ ᠪᠦᠷᠢᠯᠳᠤᠨ ᠳᠤᠭ᠍ᠳᠠᠨᠢᠬᠤᠶ᠋ᠢ ᠳᠠᠭᠠᠯᠳᠤᠨ ᠪᠠᠢᠭᠠᠯᠢ᠎ᠶ᠋ᠢᠨ ᠬᠠᠳᠠᠭᠤ ᠱᠢᠯᠢᠯᠳᠠᠪᠠᠷ ᠮᠠᠩᠬᠠᠨ ᠬᠠᠢᠯᠡᠰᠤ ᠲᠦᠯᠵᠢᠵᠦ᠍ ᠦᠷᠡᠵᠢᠭ᠌ᠰᠡᠨ ᠶᠤᠮ᠃ ᠡᠯᠡᠰᠦᠨ ᠪᠠᠯᠠᠷ᠎ᠤᠨ ᠬᠠᠳᠠᠭᠤ ᠪᠠᠢᠭᠠᠯᠢ ᠤᠷᠴᠢᠨ᠎ᠢ ᠶᠠᠭᠤ᠎ᠶ᠋ᠢ᠎ᠨᠢ ᠬᠡᠯᠡᠬᠦᠪ ᠳ᠋ᠠ᠂ ᠡᠪᠤᠯ᠎ᠳᠡᠭᠡᠨ ᠬᠠᠬᠢᠷ ᠬᠦᠢᠳᠡᠨ᠂ ᠬᠠᠪᠤᠷ᠎ᠲᠠᠭᠠᠨ ᠬᠠᠷ᠎ᠠ ᠱᠢᠭᠤᠷᠭ᠎ᠠ᠂ ᠵᠤᠨ᠎ᠳᠠᠭᠠᠨ ᠭᠠᠩ ᠬᠠᠭᠤᠷᠠᠢ ᠪᠠᠢᠳᠠᠭ᠃ ᠬᠠᠢᠯᠠᠰᠤ ᠮᠤᠳᠤ ᠮᠢᠩᠭᠠᠨ ᠲᠦᠮᠠᠨ ᠤᠨ᠎ᠤ ᠳᠡᠰᠪᠤᠷᠢᠳᠠᠢ ᠡᠳᠤᠷ ᠬᠤᠨᠤᠭᠤᠳᠲᠤ ᠬᠡᠷᠬᠢᠨ ᠳᠠᠭᠠᠭᠠᠨ ᠳᠤᠭᠤᠯᠵᠦ᠍ ᠬᠠᠳᠠᠭᠤᠵᠢᠨ ᠳᠠᠪᠳᠠᠭ᠍ᠳᠠᠭ᠍ᠰᠠᠨᠢ ᠪᠢᠳᠠ ᠳᠡᠬᠦᠨ᠎ᠤ ᠲᠦᠷᠢ ᠲᠦᠷᠬᠦ᠂ ᠱᠢᠷᠬ᠎ᠠ ᠰᠤᠷᠪᠢᠠᠴᠠᠨᠢ ᠳᠤᠳᠤ᠎ᠠᠴᠠ ᠳᠤᠳᠤ ᠬᠠᠷᠠᠵᠦ᠍ ᠪᠠᠢᠨ᠎ᠠ᠃
ᠬᠠᠢᠯᠠᠰᠤᠨ ᠮᠤᠳᠤ ᠱᠠᠩᠱᠢᠯᠠᠵᠦ᠍ ᠤᠷᠭᠤᠳᠠᠭ᠂ ᠰᠠᠯᠠᠭ᠎ᠠ ᠨᠠᠮᠠᠭ᠎ᠠ᠎ᠨᠢ ᠰᠠᠬᠤᠯᠢᠭ᠂ ᠬᠦᠭ᠌ᠰᠢᠨ ᠬᠠᠢᠯᠠᠰᠤᠨᠤ ᠡᠰᠢ᠎ᠨᠢ ᠬᠢᠳᠤᠭ᠎ᠠ᠎ᠪᠠᠷ ᠰᠡᠢᠯᠦᠭ᠌ᠰᠡᠨ ᠮᠡᠳᠦ ᠠᠷᠵᠠᠭᠠᠷ ᠪᠠᠷᠵᠠᠭᠠᠷ ᠠᠳᠤᠷᠢᠶ᠎ᠠ᠎ᠲᠠᠢ᠂ ᠭᠠᠩ᠎ᠤᠨ ᠨᠠᠷᠠ ᠱᠢᠷᠠᠵᠦ᠍ ᠡᠯᠡᠰᠦ ᠱᠢᠭᠤᠷᠭ᠎ᠠ ᠱᠢᠯᠪᠢᠬᠦᠷᠳᠡᠵᠦ᠍ ᠪᠠᠢᠭ᠍ᠰᠠᠨ ᠴᠤ᠌᠂ ᠰᠠᠯᠬᠢ ᠰᠦᠷᠦᠨ ᠰᠡᠬᠦ᠋ᠢᠵᠦ᠍᠂ ᠡᠯᠡᠰᠦᠷᠭᠡᠵᠢᠯᠢ ᠬᠤᠷᠢᠭ᠍ᠯᠠᠨ ᠬᠦᠷᠦᠰᠦ᠎ᠪᠠᠨ ᠬᠠᠮᠠᠭᠠᠯᠠᠨ᠎ᠠ᠃

ᠬᠠᠢᠯᠠᠰᠤᠨ ᠮᠤᠳᠤ ᠭᠠᠩ᠎ᠳᠤ ᠳᠡᠰᠪᠦᠷᠢᠳᠠᠢ᠂ ᠬᠠᠷ᠎ᠠ ᠱᠢᠭᠤᠷᠭᠠᠨ᠎ᠳᠤ ᠳᠠᠭᠠᠭᠠᠴᠠᠳᠠᠢ᠃ ᠰᠠᠯᠬᠢᠨ᠎ᠳᠤ ᠦᠯᠢᠶᠡᠭ᠌ᠳᠡᠨ ᠦᠨᠳᠤᠰᠤ᠎ᠨᠢ ᠬᠦᠷᠳᠡᠢᠨ ᠭᠠᠷᠴᠢᠬᠠᠭᠠᠳ ᠪᠠᠰᠠ ᠦᠬᠦᠳᠡᠭ ᠦᠭᠡᠢ᠂ ᠬᠦᠰᠡᠷ ᠦᠢᠴᠢᠴᠢᠬᠠᠭᠠᠳ ᠰᠠᠯᠠᠭ᠎ᠠ ᠨᠠᠮᠠᠭᠠᠨᠠᠴᠠᠪᠠᠨ ᠦᠨᠳᠤᠰᠤ ᠬᠠᠳᠭᠤᠨ ᠤᠷᠭᠤᠵᠦ᠍ ᠯᠡ ᠪᠠᠢᠳᠠᠭ᠃
ᠬᠠᠪᠤᠷ ᠢᠷᠡᠭᠦᠯᠡᠷ ᠬᠠᠢᠯᠠᠰᠤ ᠬᠠᠮᠤᠭ᠎ᠤᠨ ᠡᠷᠳᠡ ᠵᠤᠭᠠᠯᠠᠨ ᠨᠠᠪᠴᠢᠯᠠᠵᠦ᠍ ᠠᠮᠢᠵᠢᠷᠠᠯ᠎ᠤᠨ ᠨᠤᠭᠤᠭᠠᠨ ᠦᠡᠭ᠌ᠭᠡ᠎ᠪᠠᠷ ᠡᠯᠡᠰᠦ ᠮᠠᠩᠬ᠎ᠠ᠎ᠶ᠋ᠢ ᠴᠢᠮᠡᠳᠡᠭ᠃ ᠵᠤᠨ ᠪᠤᠯᠬᠤᠯᠠᠷ ᠪᠤᠯᠪᠠᠰᠤᠷᠠᠭ᠍ᠰᠠᠨ ᠵᠤᠭ᠎ᠠ᠎ᠨᠢ ᠬᠠᠮᠢᠭ᠎ᠠ ᠰᠠᠢ ᠦᠭᠡᠢ ᠪᠤᠳᠠᠷᠠᠵᠦ᠍ ᠤᠴᠢᠨ ᠦᠨᠳᠤᠰᠤ ᠬᠠᠳᠭᠤᠵᠦ᠍ ᠱᠢᠨ᠎ᠠ ᠰᠤᠶᠤᠭ᠎ᠠ ᠴᠤᠬᠤᠢ᠍ᠢᠨ ᠵᠤᠯᠵᠠᠭ᠎ᠠ ᠬᠠᠢᠯᠠᠰᠤ ᠤᠷᠭᠤᠳᠠᠭ᠃ ᠦᠳᠡ᠎ᠶ᠋ᠢᠨ ᠬᠠᠯᠠᠭᠤᠨ ᠨᠠᠷᠠᠨ᠎ᠳᠤ ᠦᠭᠡᠷ ᠬᠤᠨᠢᠳ ᠰᠠᠭ᠍ᠯᠠᠭᠠᠷ ᠬᠠᠢᠯᠠᠰᠤᠨᠤ ᠰᠡᠭᠦᠳᠡᠷ᠎ᠲᠤ ᠰᠡᠷᠢᠬᠦᠴᠡᠨ ᠬᠡᠪᠳᠡᠳᠡᠭ᠃ ᠨᠠᠮᠤᠷ ᠰᠠᠭᠠᠳᠠᠬᠤᠯᠠ ᠬᠠᠢᠯᠠᠰᠤᠨ ᠮᠤᠳᠤᠨ᠎ᠤ ᠨᠠᠪᠴᠢ᠎ᠨᠢ ᠱᠢᠷᠭᠠᠯ ᠦᠡᠭ᠌ᠭᠡ᠎ᠪᠠᠷ ᠱᠢᠵᠢᠷᠳᠡᠳᠡᠭᠨᠢ ᠨᠠᠷᠠᠨ᠎ᠤ ᠡᠯᠴᠢ ᠴᠤ᠌ ᠪᠢᠯᠢᠦ⁈

ᠮᠠᠩᠬᠠᠨ ᠬᠠᠢᠯᠠᠰᠤ ᠡᠨᠡ ᠳᠡᠯᠡᠭᠡᠢ᠎ᠠᠴᠠ ᠶᠠᠭᠤ ᠨᠢᠭᠡ᠎ᠶ᠋ᠢ ᠠᠪᠤᠨ᠎ᠠ ᠬᠡᠮᠡᠨ ᠭᠠᠷ ᠰᠠᠷᠪᠠᠢᠳᠠᠭ ᠦᠭᠡᠢ᠂ ᠳᠠᠷᠢᠵᠦ᠍ ᠤᠰᠤᠯᠠᠵᠦ᠍ ᠳᠤᠳᠤᠮᠳᠠᠬᠤ ᠴᠢᠬᠤᠯᠠ ᠦᠭᠡᠢ᠂ ᠬᠠᠷᠢᠨ ᠪᠠᠢᠳᠠᠭ᠎ᠢᠶᠠᠨ ᠬᠠᠷᠠᠮ ᠦᠭᠡᠢ ᠡᠷᠭᠦᠵᠦ᠍ ᠯᠡ ᠪᠠᠢᠳᠠᠭ᠃ ᠬᠠᠢᠯᠠᠰᠤᠨ ᠮᠤᠳᠤᠨ᠎ᠤ ᠵᠤᠭ᠎ᠠ᠂ ᠴᠠᠭᠠᠨ ᠬᠠᠯᠢᠰᠤ᠎ᠪᠠᠷ᠎ᠨᠢ ᠦᠯ ᠪᠤᠯᠭᠠᠵᠦ᠍ ᠪᠤᠯᠤᠨ᠎ᠠ᠂ ᠨᠠᠪᠴᠢ ᠨᠠᠬᠢᠶ᠎ᠠ᠎ᠨᠢ ᠮᠠᠯ᠎ᠤᠨ ᠳᠡᠵᠢᠭᠡᠯ᠂ ᠬᠠᠭᠤᠷᠠᠢ ᠰᠠᠯᠠᠭ᠎ᠠ ᠨᠠᠮᠠᠭ᠎ᠠ ᠡᠰᠢ ᠬᠤᠵᠤᠤᠯ᠎ᠠ᠎ᠨᠢ ᠰᠠᠢᠨ ᠲᠦᠯᠡᠰᠢ ᠪᠢᠯᠠ᠃ ᠬᠠᠢᠯᠠᠰᠤᠨ ᠮᠤᠳᠤ ᠶᠠᠰᠤᠯᠢᠭ ᠬᠠᠳᠠᠭᠤ ᠪᠤᠯᠬᠤᠷ ᠮᠤᠩᠭᠤᠯᠴᠤᠳ ᠭᠡᠷ᠎ᠤᠨ ᠨᠢᠷᠤᠭᠤ᠂ ᠤᠨᠤᠭᠠᠨ᠎ᠤ ᠪᠠᠭᠠᠨ᠎ᠠ᠂ ᠮᠠᠯ᠎ᠤᠨ ᠬᠠᠱᠢᠶᠠᠨ᠎ᠤ ᠪᠤᠯᠤᠭᠠᠷᠢ᠂ ᠬᠠᠰᠠᠭ ᠲᠡᠷᠭᠡ᠂ ᠡᠮᠡᠭᠡᠯ᠎ᠤᠨ ᠪᠦᠬᠦᠷᠭᠡ᠂ ᠦᠬᠡᠷ᠎ᠤᠨ ᠪᠠᠭᠤᠯᠭ᠎ᠠ ᠵᠤᠬᠢᠶᠠᠵᠦ᠍᠂ ᠬᠤᠳᠳᠤᠭ᠎ᠤᠨ ᠤᠡᠭ᠌ᠭᠤᠴᠠ᠂ ᠠᠪᠳᠠᠷ᠎ᠠ ᠬᠤᠷᠭᠤ ᠱᠢᠷᠡᠭᠡ ᠰᠠᠨᠳᠠᠯᠢ ᠵᠡᠷᠭᠡ ᠭᠡᠷ᠎ᠤᠨ ᠡᠳ᠋ᠯᠡᠯ᠎ᠢ ᠦᠢᠯᠡᠳᠦᠨ ᠠᠱᠢᠭ᠍ᠯᠠᠳᠠᠭ ᠪᠠᠢᠭ᠍ᠰᠠᠨ᠃ ᠬᠠᠢᠯᠠᠰᠤᠨ ᠮᠤᠳᠤᠨ᠎ᠤ ᠦᠨᠳᠤᠰᠤ᠎ᠪᠠᠷ ᠦᠨᠳᠤᠰᠤ ᠤᠷᠠᠯᠠᠯ ᠬᠢᠵᠦ᠍ ᠡᠯᠳᠡᠪ ᠠᠮᠢᠳᠠᠨ ᠠᠷᠢᠶᠠᠳᠠᠨᠤ ᠲᠦᠷᠢ᠎ᠶ᠋ᠢ ᠪᠦᠳᠦᠭᠡᠳᠡᠭ ᠪᠦᠭᠡᠳ ᠲᠦᠷᠪᠡᠨ ᠤᠳᠠᠰᠤᠳᠤ ᠬᠤᠭᠤᠷ᠎ᠤᠨ᠎ᠢᠶᠠᠨ ᠲᠦᠡᠭ᠌ᠽᠢᠶ᠋ᠢᠨᠢ ᠪᠦᠳᠦᠭᠡᠵᠦ᠍᠂ ᠵᠠᠩᠭᠠᠷ ᠬᠡᠰᠡᠷ᠎ᠤᠨ ᠳᠤᠤᠯᠢ᠎ᠪᠠᠨ ᠬᠠᠢᠯᠠᠳᠠᠭ ᠶᠤᠮ᠃
ᠬᠠᠢᠯᠠᠰᠤᠨ ᠮᠤᠳᠤᠨ᠎ᠳᠤ ᠵᠢᠭᠦᠷᠳᠡᠨ ᠱᠢᠪᠠᠭᠤ ᠡᠭᠦᠷ᠎ᠢᠶᠠᠨ ᠪᠠᠷᠢᠵᠦ᠍ ᠠᠩᠭᠠᠬᠠᠢ ᠵᠤᠯᠵᠠᠭ᠎ᠠ᠎ᠪᠠᠨ ᠦᠷᠡᠵᠢᠬᠦᠯᠳᠡᠭ᠃
ᠭᠡᠳᠦᠨ ᠵᠠᠭᠤᠨ ᠤᠨ ᠪᠤᠯᠤᠭ᠍ᠰᠠᠨ ᠬᠦᠭ᠌ᠰᠢᠨ ᠬᠠᠢᠯᠠᠰᠤᠨ᠎ᠳᠤ ᠰᠠᠬᠢᠭᠤᠰᠤ᠎ᠲᠠᠢ ᠭᠡᠮᠠᠨ ᠬᠦᠮᠤᠰ ᠱᠢᠳᠦᠨ ᠳᠡᠬᠢᠵᠦ᠍ ᠰᠠᠢᠨ ᠰᠠᠢᠬᠠᠨ᠂ ᠡᠩᠭᠡ ᠠᠮᠤᠭᠤᠯᠠᠩ᠎ᠢᠶᠠᠨ ᠳᠠᠭᠠᠳᠭᠠᠳᠠᠭ᠃
ᠮᠠᠩᠬᠠᠨ ᠬᠠᠢᠯᠠᠰᠤ ᠪᠤᠯ ᠬᠡᠯᠡ ᠦᠭᠡᠢ ᠠᠮᠢ᠂ ᠨᠤᠳᠤᠭ᠎ᠢᠶᠠᠨ ᠰᠠᠬᠢᠭ᠍ᠰᠠᠨ ᠪᠤᠭᠤᠷᠤᠯ ᠡ᠃