ᠬᠢᠳᠠᠳ ᠨᠡᠷ᠎ᠡ 一带一路
ᠠᠡᠭᠭᠯᠢ ᠨᠡᠷ᠎ᠡ The Belt and Road
《ᠨᠢᠭᠡ ᠪᠦᠰᠡ ᠨᠢᠭᠡ ᠵᠠᠮ》 (The Belt And Road᠂ ᠲᠦᠬᠦᠮᠴᠢᠯᠡᠭᠡᠳ BR) ᠪᠣᠯ 《ᠲᠣᠷᠭᠠᠨ ᠵᠠᠮ᠎ᠤᠨ ᠠᠵᠤ ᠠᠬᠤᠶ᠎ᠶ᠋ᠢᠨ
ᠪᠦᠰᠡ》 ᠪᠠ 《21 ᠳ᠋ᠤᠭᠡᠷ ᠵᠠᠭᠤᠨ᠎ᠤ ᠲᠡᠯᠡᠶ ᠳᠡᠭᠡᠷᠡᠬᠢ ᠲᠣᠷᠭᠠᠨ ᠵᠠᠮ》᠎ᠤᠨ ᠲᠣᠪᠴᠢ ᠨᠡᠷᠡᠢᠳᠦᠯ ᠮᠥᠨ᠃
ᠲᠤᠷᠠᠲᠤᠭᠰᠠᠨ
ᠶᠠᠪᠤᠴᠠ
2013
ᠣᠨ᠎ᠤ 9
ᠰᠠᠷ᠎ᠠ ᠪᠠ 10
ᠰᠠᠷ᠎ᠠ᠎ᠳᠤ ᠶᠡᠷᠦᠨᠭᠭᠡᠢ ᠱᠦᠵᠢ ᠰᠢ᠎ᠶ᠋ᠢᠨ ᠫᠢᠩ 《ᠱᠢᠨ᠎ᠡ ᠲᠣᠷᠭᠠᠨ ᠵᠠᠮ᠎ᠤᠨ
ᠠᠵᠤ ᠠᠬᠤᠶ᠎ᠶ᠋ᠢᠨ ᠪᠦᠰᠡ》 ᠪᠠ 《21 ᠳ᠋ᠤᠭᠡᠷ ᠵᠠᠭᠤᠨ᠎ᠤ ᠲᠡᠯᠡᠶ ᠳᠡᠭᠡᠷᠡᠬᠢ ᠲᠣᠷᠭᠠᠨ ᠵᠠᠮ》᠎ᠢ ᠪᠥᠲᠥᠭᠡᠨ ᠪᠠᠢᠭᠤᠯᠬᠤ ᠬᠠᠮᠲᠤᠷᠠᠯᠴᠠᠭᠠᠨ᠎ᠤ ᠰᠠᠨᠠᠭᠠᠴᠢᠯᠠᠭ᠎ᠠ ᠵᠢ ᠲᠣᠰ ᠲᠣᠰ
ᠳᠤᠷᠠᠳᠤᠨ ᠭᠠᠷᠭᠠᠪᠠ᠃
ᠳᠤᠮᠳᠠᠳᠤ
ᠤᠯᠤᠰ ᠪᠣᠯᠤᠨ ᠬᠣᠯᠪᠣᠭ᠍ᠳᠠᠯ ᠪᠦᠬᠦᠢ ᠤᠯᠤᠰ᠎ᠤᠨ ᠨᠢᠭᠡᠨᠲᠡ ᠪᠠᠢᠭ᠎ᠠ ᠬᠣᠶᠠᠷ ᠲᠠᠯᠠᠲᠤ ᠪᠠ ᠤᠯᠠᠨ ᠲᠠᠯᠠᠲᠤ
ᠲᠣᠭ᠍ᠲᠠᠴᠠ ᠵᠢᠴᠢ ᠤᠲᠤ ᠪᠠᠢᠭ᠎ᠠ ᠪᠦᠲᠦᠮᠵᠢᠲᠡᠢ ᠶᠠᠪᠤᠭ᠍ᠳᠠᠬᠤ ᠣᠷᠣᠨ ᠪᠦᠰᠡ᠎ᠶ᠋ᠢᠨ ᠬᠠᠮᠲᠤᠷᠠᠯᠴᠠᠭᠠᠨ᠎ᠤ
ᠲᠠᠪᠴᠠᠩ᠎ᠳᠤ ᠲᠦᠱᠢᠭ᠌ᠯᠡᠵᠦ᠂ ᠡᠷᠲᠡᠨ᠎ᠦ ᠲᠣᠷᠭᠠᠨ
ᠵᠠᠮ᠎ᠤᠨ ᠲᠡᠦᠬᠡᠨ ᠲᠡᠮᠳᠡᠭ᠎ᠢ ᠠᠱᠢᠭ᠍ᠯᠠᠨ᠂ ᠡᠩᠬᠡ ᠲᠠᠢᠪᠤᠩ ᠬᠥᠭ᠌ᠵᠢᠯᠲᠡ᠎ᠶ᠋ᠢᠨ ᠲᠤᠭ᠎ᠢ ᠥᠨᠳᠥᠷ
ᠮᠠᠨᠳᠤᠭᠤᠯᠵᠤ᠂ ᠵᠠᠮ ᠳᠠᠭᠠᠤ ᠤᠯᠤᠰ᠎ᠯᠤᠭ᠎ᠠ᠎ᠶ᠋ᠢᠨ ᠠᠵᠤ ᠠᠬᠤᠢ᠎ᠶ᠋ᠢᠨ ᠬᠠᠮᠲᠤᠷᠠᠯᠴᠠᠭᠠᠨ᠎ᠤ
ᠬᠠᠷᠢᠯᠴᠠᠭ᠎ᠠ᠎ᠶ᠋ᠢ ᠢᠳᠡᠪᠬᠢᠲᠡᠢ ᠬᠥᠭ᠌ᠵᠢᠭᠦᠯᠵᠦ᠍᠂ ᠤᠯᠤᠰ ᠲᠦᠷᠦ᠍᠎ᠶ᠋ᠢᠨ ᠲᠠᠯ᠎ᠠ ᠪᠡᠷ ᠢᠳᠡᠭᠡᠯᠴᠡᠵᠦ᠂
ᠠᠵᠤ ᠠᠬᠤᠢ᠎ᠶ᠋ᠢᠨ ᠲᠠᠯ᠎ᠠ ᠪᠡᠷ ᠠᠭᠤᠰᠤᠯᠴᠠᠵᠦ᠂ ᠰᠣᠶᠣᠯ᠎ᠤᠨ ᠲᠠᠯ᠎ᠠ ᠪᠡᠷ ᠬᠠᠷᠢᠯᠴᠠᠨ ᠪᠠᠭ᠍ᠲᠠᠭᠠᠯᠴᠠᠭᠰᠠᠨ
ᠠᠱᠢᠭ ᠲᠤᠰᠠ᠎ᠶ᠋ᠢᠨ ᠬᠠᠮᠲᠤ᠎ᠶ᠋ᠢᠨ ᠴᠣᠭ᠍ᠴᠠ᠂ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ ᠪᠣᠯᠤᠨ
ᠬᠠᠷᠢᠭᠤᠴᠠᠯᠭ᠎ᠠ᠎ᠶ᠋ᠢᠨ ᠬᠠᠮᠲᠤ᠎ᠶ᠋ᠢᠨ ᠴᠣᠭ᠍ᠴᠠ᠎ᠶ᠋ᠢ ᠬᠠᠮᠲᠤ᠎ᠪᠠᠷ ᠴᠣᠭ᠍ᠴᠠᠯᠠᠬᠤ᠎ᠪᠠᠷ ᠵᠣᠷᠢᠯᠲᠠ᠎ᠪᠠᠨ
ᠪᠣᠯᠭᠠᠪᠠ᠃
2015 ᠣᠨ᠎ᠤ 3
ᠰᠠᠷ᠎ᠠ᠎ᠶ᠋ᠢᠨ 28 ᠤ
ᠡᠳᠦᠷ᠂ ᠤᠯᠤᠰ᠎ᠤᠨ ᠬᠥᠭ᠌ᠵᠢᠭᠦᠯᠦᠯᠲᠡ ᠥᠭᠡᠷᠡᠴᠢᠯᠡᠯᠲᠡ᠎ᠶ᠋ᠢᠨ ᠵᠥᠪᠯᠡᠯ᠂ ᠭᠠᠳᠠᠭᠠᠳᠤ ᠶᠠᠪᠤᠳᠠᠯ᠎ᠤᠨ
ᠶᠠᠮᠤᠨ᠂ ᠬᠤᠳᠠᠯᠳᠤᠭᠠᠨ᠎ᠤ ᠶᠠᠪᠤᠳᠠᠯ᠎ᠤᠨ ᠶᠠᠮᠤᠨ ᠬᠠᠮᠲᠤᠷᠠᠨ 《ᠲᠣᠷᠭᠠᠨ ᠵᠠᠮ᠎ᠤᠨ
ᠠᠵᠤ ᠠᠬᠤᠶ᠎ᠶ᠋ᠢᠨ ᠪᠦᠰᠡ ᠪᠠ 21
ᠳ᠋ᠤᠭᠡᠷᠵᠠᠭᠤᠨᠤ ᠲᠡᠯᠡᠶ ᠳᠡᠭᠡᠷᠡᠬᠢ ᠲᠣᠷᠭᠠᠨ ᠵᠠᠮ᠎ᠢ ᠬᠠᠮᠲᠤ᠎ᠪᠠᠷ ᠪᠥᠲᠥᠭᠡᠨ ᠪᠠᠢᠭᠤᠯᠬᠤ᠎ᠶ᠋ᠢ
ᠳᠥᠯᠭᠢᠨ ᠠᠬᠢᠭᠤᠯᠬᠤ ᠬᠦᠰᠡᠯ ᠡᠷᠡᠮᠡᠯᠵᠡᠯ ᠬᠢᠭᠡᠳ ᠠᠵᠢᠯᠯᠠᠭ᠎ᠠ》
ᠵᠢ ᠨᠡᠢᠲᠡᠯᠡᠪᠡ᠃
2021 ᠣᠨ᠎ᠤ 10
ᠰᠠᠷ᠎ᠠ᠎ᠶ᠋ᠢᠨ 26 ᠤ
ᠡᠳᠦᠷ ᠪᠣᠯᠲᠠᠯ᠎ᠠ᠂ ᠮᠠᠨ᠎ᠤ ᠤᠯᠤᠰ 140 ᠤᠯᠤᠰ ᠪᠠ 32
ᠣᠯᠠᠨ ᠤᠯᠤᠰ᠎ᠤᠨ ᠵᠣᠬᠢᠶᠠᠨ ᠪᠠᠢᠭᠤᠯᠤᠯᠲᠠ᠎ᠲᠠᠶ 206 ᠬᠤᠪᠢ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ
ᠪᠥᠲᠥᠭᠡᠨ ᠪᠠᠢᠭᠤᠯᠬᠤ ᠬᠠᠮᠲᠤᠷᠠᠯᠴᠠᠭᠠᠨ᠎ᠤ ᠪᠢᠴᠢᠭ ᠮᠠᠲ᠋ᠧᠷᠢᠶᠠᠯ᠎ᠳᠤ ᠭᠠᠷᠤᠨ ᠥᠰᠥᠭ ᠵᠢᠷᠤᠪᠠ᠃
ᠭᠠᠷᠴᠠᠭ
ᠲᠡᠤᠭᠡᠨ
ᠠᠬᠤᠢ ᠪᠠᠢᠳᠠᠯ
ᠬᠦᠭᠵᠢᠯᠳᠠ
ᠵᠢᠨ ᠶᠠᠪᠤᠴᠠ
ᠨᠦᠯᠦᠭᠡ
ᠦᠢᠯᠡᠳᠤᠯ
ᠰᠠᠨᠠᠭᠠᠴᠢᠯᠠᠬᠰᠠᠨ
ᠤᠯᠤᠰ᠄ ᠲᠤᠮᠳᠠᠳᠤ ᠤᠯᠤᠰ
ᠱᠤᠭᠤᠮ᠄ ᠤᠮᠠᠷ᠎ᠠ ᠱᠤᠭᠤᠮ ᠲᠤᠮᠳᠠ ᠱᠤᠭᠤᠮ ᠡᠮᠤᠨ᠎ᠡ ᠱᠤᠭᠤᠮ
ᠲᠤᠮᠳᠠ ᠱᠤᠭᠤᠮ
ᠭᠤᠤᠯ
ᠤᠷᠤᠨ᠄
ᠲᠡᠦᠭᠡᠨ
ᠠᠬᠤᠢ ᠪᠠᠢᠲᠠᠯ
ᠲᠣᠷᠭᠠᠨ ᠵᠠᠮ ᠪᠣᠯ ᠡᠷᠲᠡᠨ᠎ᠦ ᠳᠤᠮᠳᠠᠳᠤ ᠤᠯᠤᠰ᠎ᠠᠴᠠ
ᠡᠬᠢᠯᠡᠵᠦ᠍᠂ ᠠᠽᠢᠶ᠎ᠠ ᠲᠢᠪ᠂ ᠠᠹᠷᠢᠺᠠ ᠲᠢᠪ ᠪᠣᠯᠤᠨ ᠧᠦ᠋ᠷᠣᠫᠠ ᠲᠢᠪ᠎ᠢ ᠬᠣᠯᠪᠣᠭ᠍ᠰᠠᠨ ᠡᠷᠲᠡᠨ᠎ᠦ ᠬᠠᠭᠤᠷᠠᠶ
ᠳᠡᠭᠡᠷᠡᠬᠢ ᠠᠷᠠᠯᠵᠢᠶ᠎ᠠ ᠬᠤᠳᠠᠯᠳᠤᠭᠠᠨ᠎ᠤ ᠵᠠᠮ ᠱᠤᠭᠤᠮ ᠪᠣᠯᠤᠨ᠎ᠠ᠂ ᠬᠠᠮᠤᠭ᠎ᠤᠨ ᠠᠩᠬᠠᠨ᠎ᠤ ᠦᠢᠯᠡᠳᠦᠯ ᠨᠢᠡᠷᠲᠡᠨᠦ
ᠳᠤᠮᠳᠠᠳᠤ ᠤᠯᠤᠰ᠎ᠤᠨ ᠦᠢᠯᠡᠳᠪᠦᠷᠢᠯᠡᠭ᠌ᠰᠡᠨ ᠲᠣᠷᠭ᠎ᠠ ᠳᠤᠷᠳᠤᠩ᠂ ᠱᠠᠭᠠᠵᠠᠩ ᠰᠠᠪᠠ ᠵᠡᠷᠭᠡ ᠲᠠᠸᠠᠷ᠎ᠢ
ᠲᠡᠭᠡᠭᠡᠪᠦᠷᠢᠯᠡᠳᠡᠭ ᠪᠠᠢᠬᠰᠠᠨᠶ᠋ᠢᠡᠨ ᠬᠣᠵᠢᠮ ᠨᠢ ᠳᠣᠷᠣᠨᠠᠳᠠᠬᠢᠨ ᠪᠣᠯᠤᠨ ᠥᠷᠥᠨᠡᠳᠠᠬᠢᠨ᠎ᠤ ᠬᠣᠭᠣᠷᠣᠨᠳᠣ
ᠠᠵᠤ ᠠᠬᠤᠶ᠂ ᠤᠯᠤᠰ ᠲᠥᠷᠥ᠍᠂ ᠰᠣᠶᠣᠯ ᠵᠡᠷᠭᠡ ᠣᠯᠠᠨ ᠲᠠᠯ᠎ᠠ᠎ᠪᠠᠷ ᠰᠣᠯᠢᠯᠴᠠᠭ᠎ᠠ ᠬᠢᠬᠦ᠌ ᠭᠣᠣᠯ ᠵᠠᠮ
ᠪᠣᠯᠤᠭ᠍ᠰᠠᠨ ᠪᠠᠢᠨ᠎ᠠ᠃
1877 ᠣᠨ᠎ᠳᠤ᠂ ᠭᠧᠷᠮᠠᠨ᠎ᠤ
ᠭᠠᠵᠠᠷ ᠱᠢᠨᠵᠢᠯᠡᠭᠡᠨ᠎ᠦ ᠤᠬᠠᠭᠠᠨᠲᠠᠨ ᠷᠢᠴᠧᠾᠤᠹᠧᠨ(Richthofen)《ᠳᠤᠮᠳᠠᠳᠤ ᠤᠯᠤᠰ》 ᠭᠡᠬᠦ᠌ ᠵᠣᠬᠢᠶᠠᠯ᠎ᠳᠠᠭᠠᠨ 《ᠨᠡᠢᠲᠡ᠎ᠶ᠋ᠢᠨ ᠤᠨ ᠲᠣᠭᠠᠯᠠᠯ᠎ᠠᠴᠠ ᠡᠮᠦᠨ᠎ᠡ 114 ᠣᠨ᠎ᠠᠴᠠ ᠨᠡᠢᠲᠡ᠎ᠶ᠋ᠢᠨ ᠤᠨ ᠲᠣᠭᠠᠯᠠᠯ᠎ᠤᠨ 127 ᠣᠨ᠎ᠤ ᠬᠣᠭᠣᠷᠣᠨᠳᠣ᠂ ᠳᠤᠮᠳᠠᠳᠤ ᠤᠯᠤᠰ ᠬᠢᠭᠡᠳ ᠳᠤᠮᠳᠠᠳᠤ ᠠᠽᠢᠶ᠎ᠠ᠂ ᠳᠤᠮᠳᠠᠳᠤ
ᠤᠯᠤᠰ ᠬᠢᠭᠡᠳ ᠡᠨᠡᠳᠭᠡᠭ᠎ᠦᠨ ᠬᠣᠭᠣᠷᠣᠨᠳᠣ ᠲᠣᠷᠭ᠎ᠠ ᠳᠤᠷᠳᠤᠩ᠎ᠤᠨ ᠠᠷᠠᠯᠵᠢᠶ᠎ᠠ᠎ᠪᠠᠷ ᠵᠠᠭᠤᠴᠢ
ᠪᠣᠯᠭᠠᠭ᠍ᠰᠠᠨ ᠪᠠᠷᠠᠭᠤᠨ ᠬᠢᠵᠠᠭᠠᠷ᠎ᠤᠨ ᠵᠠᠮ ᠬᠠᠷᠢᠯᠴᠠᠭᠠᠨ᠎ᠤ ᠵᠠᠮ》᠎ᠢ 《ᠲᠣᠷᠭᠠᠨ ᠵᠠᠮ》 ᠭᠡᠵᠦ᠍ ᠨᠡᠷᠡᠢᠳᠦᠭ᠌ᠰᠡᠨ
ᠪᠠᠢᠨ᠎ᠠ᠂ ᠡᠨᠡ ᠬᠦ᠌ ᠨᠡᠷ᠎ᠡ ᠦᠭᠡ᠎ᠶ᠋ᠢ ᠡᠷᠳᠡᠮ ᠱᠢᠨᠵᠢᠯᠡᠭᠡᠨ᠎ᠦ ᠬᠢᠨ ᠪᠠ ᠣᠯᠠᠨ ᠲᠦᠮᠡᠨ ᠮᠠᠰᠢ
ᠲᠦᠷᠭᠡᠨ᠎ᠢᠶᠡᠷ ᠬᠦᠯᠢᠶᠡᠨ ᠠᠪᠤᠭ᠍ᠰᠠᠨ ᠪᠥᠭᠡᠳ ᠵᠢᠩᠬᠢᠨᠢ᠎ᠪᠡᠷ ᠬᠡᠷᠡᠭ᠌ᠯᠡᠭ᠌ᠰᠡᠨ ᠪᠠᠢᠨ᠎ᠠ᠃ ᠡᠭᠦᠨ᠎ᠦ
ᠳᠠᠷᠠᠭ᠎ᠠ᠂ ᠭᠧᠷᠮᠠᠨ᠎ᠤ ᠲᠡᠦᠬᠡᠴᠢᠨ ᠾᠧᠷᠮᠠᠨ(Hermann)20
ᠳ᠋ᠤᠭᠠᠷ ᠵᠠᠭᠤᠨ᠎ᠤ ᠡᠬᠢᠨ᠎ᠳᠤ ᠬᠡᠪᠯᠡᠬᠦᠯᠦᠭ᠌ᠰᠡᠨ《ᠳᠤᠮᠳᠠᠳᠤ
ᠤᠯᠤᠰ ᠬᠢᠭᠡᠳ ᠱᠢᠷᠢᠶᠠᠶ᠋ᠢᠨ ᠬᠣᠭᠣᠷᠣᠨᠳᠣᠬᠢ ᠡᠷᠲᠡᠨ᠎ᠦ ᠲᠣᠷᠭᠠᠨ ᠵᠠᠮ》 ᠭᠡᠬᠦ᠌ ᠨᠣᠮ᠎ᠳᠠᠭᠠᠨ᠂
ᠱᠢᠨ᠎ᠡ᠎ᠪᠡᠷ ᠢᠯᠡᠷᠡᠭᠦᠯᠦᠭ᠌ᠰᠡᠨ ᠲᠡᠦᠬᠡ᠎ᠶ᠋ᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ᠎ᠤᠨ
ᠮᠠᠲ᠋ᠧᠷᠢᠶᠠᠯ᠎ᠢ ᠦᠨᠳᠦᠰᠦᠯᠡᠵᠦ᠂ ᠲᠣᠷᠭᠠᠨ ᠵᠠᠮ᠎ᠢ ᠭᠠᠵᠠᠷ᠎ᠤᠨ ᠳᠤᠮᠳᠠᠳᠤ ᠲᠠᠩᠭᠢᠰ᠎ᠤᠨ ᠪᠠᠷᠠᠭᠤᠨ ᠡᠷᠭᠢ ᠪᠠ
ᠪᠠᠭ᠎ᠠ ᠠᠽᠢᠶ᠎ᠠ ᠬᠦᠷᠲᠡᠯ᠎ᠡ ᠤᠷᠲᠤᠳᠭᠠᠵᠤ᠂ ᠲᠣᠷᠭᠠᠨ ᠵᠠᠮ᠎ᠤᠨ ᠦᠨᠳᠦᠰᠦᠨ ᠠᠭᠤᠯᠤᠭ᠍ᠳᠠᠬᠤᠨ᠎ᠢ
ᠲᠣᠭ᠍ᠲᠠᠭᠠᠵᠠᠶ᠂ ᠲᠤᠬᠠᠢᠯᠠᠪᠠᠯ᠂ ᠲᠡᠷᠡ ᠨᠢ ᠳᠤᠮᠳᠠᠳᠤ ᠤᠯᠤᠰ᠎ᠤᠨ ᠡᠷᠲᠡᠨ᠎ᠦ ᠦᠶ᠎ᠡ᠎ᠳᠦ ᠳᠤᠮᠳᠠᠳᠤ
ᠠᠽᠢᠶ᠎ᠠ᠎ᠪᠠᠷ ᠳᠠᠮᠵᠢᠨ ᠡᠮᠦᠨᠡᠲᠦ ᠠᠽᠢᠶ᠎ᠠ᠂ ᠪᠠᠷᠠᠭᠤᠨ ᠠᠽᠢᠶ᠎ᠠ ᠵᠢᠴᠢ ᠧᠦ᠋ᠷᠣᠫᠠ ᠲᠢᠪ᠂ ᠤᠮᠠᠷᠠᠲᠤ
ᠠᠹᠷᠢᠺᠠ᠎ᠳᠤ ᠨᠡᠪᠳᠡᠷᠡᠳᠡᠭ ᠡᠬᠡ ᠬᠠᠭᠤᠷᠠᠶ᠎ᠶ᠋ᠢᠨ ᠠᠷᠠᠯᠵᠢᠶᠠᠨ᠎ᠤ ᠶᠠᠪᠤᠯᠴᠠᠭ᠎ᠠ᠎ᠶ᠋ᠢᠨ ᠵᠠᠮ ᠪᠣᠯᠤᠨ᠎ᠠ᠃
ᠲᠡᠭᠡᠭᠡᠪᠦᠷᠢ᠎ᠶ᠋ᠢᠨ
ᠠᠷᠭ᠎ᠠ ᠮᠠᠶᠢᠭᠶ᠋ᠢᠡᠷ ᠨᠢ ᠲᠣᠷᠭᠠᠨ ᠵᠠᠮ᠎ᠢ ᠭᠣᠣᠯᠳᠠᠭᠤ ᠬᠠᠭᠤᠷᠠᠶ ᠳᠡᠭᠡᠷᠡᠬᠢ ᠲᠣᠷᠭᠠᠨ ᠵᠠᠮ ᠪᠠ ᠳᠠᠯᠠᠶ
ᠳᠡᠭᠡᠷᠡᠬᠢ ᠲᠣᠷᠭᠠᠨ ᠵᠠᠮ ᠭᠡᠵᠦ᠍ ᠬᠤᠪᠢᠶᠠᠳᠠᠭ᠃
ᠬᠠᠭᠤᠷᠠᠶ ᠳᠡᠭᠡᠷᠡᠬᠢ ᠲᠣᠷᠭᠠᠨ ᠵᠠᠮ ᠭᠡᠳᠡᠭ ᠨᠢ
ᠪᠠᠷᠠᠭᠤᠨ ᠬᠠᠨ ᠤᠯᠤᠰ(ᠤᠨ ᠲᠤᠭᠠᠯᠠᠯ ᠡᠴᠡ ᠡᠮᠦᠨ᠎ᠡ 202 ᠤᠨ
— 8 ᠤᠨ)᠎ᠤᠨ
ᠬᠠᠨ ᠡᠦ ᠳ᠋ᠢ ᠬᠠᠭᠠᠨ ᠵᠠᠩ ᠴᠢᠶᠠ᠎ᠨᠢ ᠪᠠᠷᠠᠭᠤᠨ ᠬᠢᠵᠠᠭᠠᠷᠲᠤ ᠡᠯᠴᠢ᠎ᠪᠡᠷ ᠲᠣᠮᠢᠯᠠᠨ ᠨᠡᠭᠡᠭᠡᠭ᠌ᠰᠡᠨ
ᠵᠠᠮ ᠪᠤᠯᠤᠨ᠎ᠠ᠃ ᠨᠡᠢᠰᠯᠡᠯ ᠴᠠᠩ ᠠᠨ(ᠣᠳᠣ᠎ᠶ᠋ᠢᠨ ᠰᠢ ᠠᠨ) ᠢᠶᠠᠷ ᠡᠬᠢᠯᠡᠯᠲᠡ᠎ᠶ᠋ᠢᠨ ᠴᠡᠭ ᠪᠣᠯᠭᠠᠵᠤ᠂ ᠯᠢᠶᠠᠩᠵᠸᠤ᠂ ᠵᠢᠦᠴᠢᠦᠸᠠᠨ᠂ ᠭᠤᠸᠠᠵᠸᠤ᠂ ᠳ᠋ᠦᠨᠬᠤᠸᠠᠡᠭ᠂ ᠱᠢᠨᠵᠢᠶᠠᠩ᠂ ᠳᠤᠮᠳᠠᠳᠤ ᠠᠽᠢᠶ᠎ᠠ᠎ᠶ᠋ᠢᠨ ᠤᠯᠤᠰ᠂
ᠠᠹᠭᠠᠨᠢᠰᠲ᠋ᠠᠨ᠂ ᠢᠷᠡᠨ᠂ ᠢᠷᠠᠺ᠂ ᠱᠢᠷᠢᠶᠠ ᠵᠡᠷᠭᠡ᠎ᠪᠡᠷ ᠳᠡᠮᠵᠢᠨ ᠭᠠᠵᠠᠷᠤᠨᠳᠤᠮᠳᠠᠳᠤ ᠲᠠᠩᠭᠢᠰ᠎ᠲᠤ
ᠬᠦᠷᠴᠦ᠍᠂ ᠷᠣᠮᠠ᠎ᠪᠠᠷ ᠲᠡᠭᠦᠰᠭᠡᠯ᠎ᠦᠨ ᠴᠡᠭ ᠪᠣᠯᠭᠠᠲᠠᠭ᠃ ᠡᠨᠡ ᠵᠠᠮ᠎ᠢ ᠠᠽᠢᠶ᠎ᠠ ᠧᠦ᠋ᠷᠣᠫᠠ᠎ᠶ᠋ᠢᠨ ᠡᠬᠡ
ᠬᠠᠭᠤᠷᠠᠶ᠎ᠶ᠋ᠢ ᠬᠣᠯᠪᠣᠭ᠍ᠰᠠᠨ ᠡᠷᠲᠡᠨ᠎ᠦ ᠳᠣᠷᠣᠨᠠᠳᠠᠬᠢᠨ ᠥᠷᠥᠨᠡᠳᠠᠬᠢᠨ᠎ᠤ ᠪᠣᠯᠪᠠᠰᠤᠨ᠎ᠤ ᠵᠠᠮ ᠭᠡᠵᠦ᠍᠂
ᠲᠣᠷᠭ᠎ᠠ ᠲᠤᠷᠲᠤᠩ ᠪᠤᠯ ᠲᠤᠰ ᠵᠠᠮᠶ᠋ᠢᠡᠷ ᠵᠦᠬᠡᠬᠡᠪᠦᠷᠢᠯᠡᠵᠦ ᠪᠠᠢᠬᠰᠠᠨ ᠬᠠᠮᠤᠭ᠎ᠤᠨ ᠲᠥᠯᠥᠭᠡᠯᠡᠬᠦ᠌
ᠴᠢᠨᠠᠷᠲᠠᠶ ᠪᠠᠷᠠᠭ᠎ᠠ ᠮᠦᠨ᠃
ᠳᠠᠯᠠᠶ ᠳᠡᠭᠡᠷᠡᠬᠢ ᠲᠣᠷᠭᠠᠨ ᠵᠠᠮ ᠭᠡᠳᠡᠭ ᠨᠢ ᠡᠷᠲᠡᠨ᠎ᠦ
ᠳᠤᠮᠳᠠᠳᠤ ᠤᠯᠤᠰ᠎ᠤᠨ ᠳᠡᠯᠡᠬᠡᠶ᠎ᠶ᠋ᠢᠨ ᠪᠤᠰᠤᠳ ᠭᠠᠵᠠᠷ ᠣᠷᠣᠨ᠎ᠲᠠᠶ ᠠᠵᠤ ᠠᠬᠤᠶ ᠰᠣᠶᠣᠯ᠎ᠤᠨ ᠰᠣᠯᠢᠯᠴᠠᠭ᠎ᠠ
ᠬᠢᠵᠦ ᠪᠠᠢᠬᠰᠠᠨ ᠳᠠᠯᠠᠶ ᠳᠡᠭᠡᠷᠡᠬᠢ ᠵᠠᠮ᠎ᠢ ᠵᠢᠭᠠᠵᠤ᠂ ᠴᠢᠨ ᠤᠯᠤᠰ ᠬᠠᠨ ᠤᠯᠤᠰ᠎ᠤᠨ ᠦᠶ᠎ᠡ᠎ᠡᠴᠡ
ᠨᠡᠪᠳᠡᠷᠡᠵᠡᠢ᠃ ᠭᠤᠸᠠᠩᠵᠧᠦ᠂ ᠴᠢᠤᠸᠠᠨᠵᠸᠤ᠂ ᠨᠢᠩᠪᠦ᠋ᠸᠧ᠂ ᠶᠠᠩᠵᠸᠦ ᠵᠡᠷᠭᠡ ᠳᠠᠯᠠᠶ ᠳᠠᠭᠠᠤ ᠬᠣᠲᠠ ᠪᠡᠷ
ᠡᠬᠢᠯᠡᠯᠳᠡ᠎ᠶᠢᠨ ᠴᠡᠭ ᠪᠤᠯᠭᠠᠵᠦ᠂ ᠡᠮᠦᠨᠡᠲᠦ ᠳᠠᠯᠠᠶ᠎ᠡᠴᠡ ᠠᠷᠠᠪ ᠲᠠᠩᠭᠢᠰ᠂ ᠴᠠᠭᠠᠰᠢᠯᠠᠪᠠᠯ ᠠᠯᠤᠰ
ᠬᠣᠯᠠ ᠠᠹᠷᠢᠺᠠ ᠲᠢᠪ᠎ᠦᠨ ᠵᠡᠭᠦᠨ ᠳᠠᠯᠠᠶ᠎ᠶ᠋ᠢᠨ ᠡᠷᠭᠢ ᠬᠦᠷᠳᠡᠭ ᠳᠠᠯᠠᠶ ᠳᠡᠭᠡᠷᠡᠬᠢ ᠠᠷᠠᠯᠵᠢᠶ᠎ᠠ ᠬᠤᠲᠠᠯᠲᠤᠭᠠᠨᠤ
《ᠳᠠᠯᠠᠶ ᠳᠡᠭᠡᠷᠡᠬᠢ ᠲᠣᠷᠭᠠᠨ ᠵᠠᠮ》 ᠮᠦᠨ᠃
ᠬᠦᠭᠵᠢᠯᠳᠡ᠎ᠶᠢᠨ
ᠶᠠᠪᠤᠴᠠ
ᠰᠠᠨᠠᠭᠠᠴᠢᠯᠠᠭ᠎ᠠ ᠲᠤᠷᠠᠳᠤᠬᠰᠠᠨ ᠨᠢ
2013 ᠣᠨ᠎ᠤ 9
ᠰᠠᠷ᠎ᠠ ᠪᠣᠯᠤᠨ 10
ᠰᠠᠷ᠎ᠠ᠎ᠳᠤ᠂ ᠳᠤᠮᠳᠠᠳᠤ ᠤᠯᠤᠰ᠎ᠤᠨ ᠤᠯᠤᠰ᠎ᠤᠨ ᠲᠡᠷᠢᠭᠦᠯᠡᠭ᠌ᠴᠢ ᠰᠢ᠎ᠶ᠋ᠢᠨ ᠫᠢᠩ ᠳᠤᠮᠳᠠᠳᠤ ᠠᠽᠢᠶ᠎ᠠ ᠪᠣᠯᠤᠨ
ᠵᠡᠭᠦᠨ ᠡᠮᠦᠨᠡᠲᠦ ᠠᠽᠢᠶ᠎ᠠ᠎ᠶ᠋ᠢᠨ ᠤᠯᠤᠰ᠎ᠤᠳ᠎ᠲᠤ ᠠᠢᠯᠴᠢᠯᠠᠬᠤ ᠬᠤᠭᠤᠴᠠᠭᠠᠨ᠎ᠳᠠᠭᠠᠨ ᠤᠷᠢᠳ ᠬᠣᠵᠢᠳ 《ᠲᠣᠷᠭᠠᠨ ᠵᠠᠮ᠎ᠤᠨ ᠠᠵᠤ ᠠᠬᠤᠶ᠎ᠶ᠋ᠢᠨ ᠪᠦᠰᠡ》 ᠪᠣᠯᠤᠨ 《21 ᠳ᠋ᠤᠭᠡᠷ ᠵᠠᠭᠤᠨ᠎ᠤ ᠳᠠᠯᠠᠶ ᠳᠡᠭᠡᠷᠡᠬᠢ ᠲᠣᠷᠭᠠᠨ
ᠵᠠᠮ》 ᠢ ᠬᠠᠮᠲᠤ ᠪᠠᠷ ᠪᠦᠲᠦᠭᠡᠨ ᠪᠠᠢᠭᠤᠯᠬᠤ ᠴᠢᠬᠤᠯᠠ ᠶᠡᠬᠡ ᠰᠠᠨᠠᠭᠠᠴᠢᠯᠠᠭ᠎ᠠ᠎ᠶ᠋ᠢ ᠳᠤᠷᠠᠳᠴᠤ᠌᠂ᠳᠡᠯᠡᠬᠡᠶᠨᠡᠢᠲᠡᠶ᠋ᠢᠨ ᠠᠩᠬᠠᠷᠤᠯ᠎ᠢ ᠲᠠᠲᠠᠭ᠍ᠰᠠᠨ ᠪᠠᠢᠨ᠎ᠠ᠃
ᠳᠤᠮᠳᠠᠳᠤ ᠤᠯᠤᠰ ᠧᠦ᠋ᠷᠣᠫᠠ ᠠᠽᠢᠶ᠎ᠠ ᠶ᠋ᠢᠨᠡᠬᠡ
ᠬᠠᠭᠤᠷᠠᠢ᠎ᠶ᠋ᠢᠨ ᠠᠵᠤ ᠠᠬᠤᠢ᠎ᠶ᠋ᠢ ᠨᠡᠢᠳᠭᠡᠬᠦ᠎ᠳᠦ ᠨᠡᠢᠴᠡᠬᠦ᠌ ᠬᠣᠶᠠᠷ ᠶᠡᠬᠡ ᠪᠠᠢᠯᠳᠤᠬᠤ ᠪᠤᠳᠤᠯᠭ᠎ᠠ᠎ᠶ᠋ᠢ
ᠳᠤᠷᠠᠳᠤᠨ ᠭᠠᠷᠭᠠᠪᠠ᠄ 1. ᠲᠣᠷᠭᠠᠨ ᠵᠠᠮ᠎ᠤᠨ ᠠᠵᠤ ᠠᠬᠤᠶ᠎ᠶ᠋ᠢᠨ ᠪᠦᠰᠡ᠎ᠶ᠋ᠢᠨ ᠪᠠᠢᠯᠳᠤᠬᠤ
ᠪᠣᠳᠣᠯᠭ᠎ᠠ᠎ᠶ᠋ᠢᠨ ᠲᠥᠰᠦᠪᠯᠡᠯ᠃ 2. 21 ᠳ᠋ᠤᠭᠡᠷ ᠵᠠᠭᠤᠨ᠎ᠤ
ᠳᠠᠯᠠᠶ ᠳᠡᠭᠡᠷᠡᠬᠢ ᠲᠣᠷᠭᠠᠨ ᠵᠠᠮ᠎ᠤᠨ ᠠᠵᠤ ᠠᠬᠤᠶ᠎ᠶ᠋ᠢᠨ ᠪᠦᠰᠡ᠎ᠶ᠋ᠢᠨ ᠪᠠᠢᠯᠳᠤᠬᠤ ᠪᠣᠳᠣᠯᠭ᠎ᠠ᠎ᠶ᠋ᠢᠨ
ᠲᠥᠰᠦᠪᠯᠡᠯ᠃
ᠲᠤᠰ ᠬᠤᠶᠠᠷ᠎ᠢ ᠬᠠᠮᠲᠤᠳᠬᠠᠭᠠᠳ《ᠨᠢᠬᠡ ᠪᠦᠰᠡᠨᠢᠭᠡ ᠵᠠᠮ》᠎ᠤᠨ
ᠪᠠᠢᠯᠳᠤᠬᠤ ᠪᠣᠳᠣᠯᠭ᠎ᠠ ᠭᠡᠳᠡᠭ᠃
ᠬᠠᠮᠤᠷᠬᠤ
ᠬᠡᠪᠴᠢᠶ᠎ᠡ
ᠲᠣᠷᠭᠠᠨ ᠵᠠᠮ᠎ᠤᠨ ᠠᠵᠤ ᠠᠬᠤᠶ᠎ᠶ᠋ᠢᠨ ᠪᠦᠰᠡ᠎ᠳᠤ
ᠬᠠᠮᠤᠷᠤᠭᠲᠠᠬᠤ ᠮᠤᠵᠢ ᠤᠷᠤᠨ ᠬᠤᠲᠠ᠄ ᠱᠢᠨᠵᠢᠶᠠᠩ᠎ᠤᠨ ᠤᠢᠭᠤᠷ᠎ᠤᠨ ᠦᠪᠡᠷᠳᠡᠭᠡᠨ ᠵᠠᠰᠠᠬᠤ ᠤᠷᠤᠨ᠂ ᠴᠦᠩᠴᠢᠩ᠂
ᠱᠠᠨᠰᠢ᠂ ᠭᠠᠨᠰᠦ᠂ ᠨᠢᠩᠱᠢᠶᠠ᠂ ᠬᠥᠬᠡᠨᠠᠭᠤᠷ᠂ ᠥᠪᠥᠷ ᠮᠣᠩᠭᠣᠯ᠎ᠤᠨ ᠦᠪᠡᠷᠳᠡᠭᠡᠨ ᠵᠠᠰᠠᠬᠤ ᠤᠷᠤᠨ᠂
ᠬᠠᠷᠠᠮᠥ᠋ᠷᠡᠨ᠂ ᠭᠢᠷᠢᠨ᠂ ᠯᠢᠶᠣᠤᠨᠢᠩ᠂ ᠭᠤᠸᠠᠩᠰᠢ᠂ ᠶᠦᠨᠨᠠᠨ᠂ ᠲᠥᠪᠡᠳ᠎ᠤᠨ ᠦᠪᠡᠷᠳᠡᠭᠡᠨᠵᠠᠰᠠᠬᠤᠤᠷᠤᠨᠵᠡᠷᠭᠡ
13
ᠮᠤᠵᠢ (ᠱᠢᠭᠤᠳ ᠬᠠᠷᠢᠶ᠎ᠠ ᠬᠣᠲᠠ) ᠪᠠᠬᠲᠠᠨᠠ᠃
21 ᠳ᠋ᠤᠭᠡᠷ ᠵᠠᠭᠤᠨ᠎ᠤ
ᠲᠡᠯᠡᠶ ᠳᠡᠭᠡᠷᠡᠬᠢ ᠲᠣᠷᠭᠠᠨ ᠵᠠᠮ᠎ᠳᠤ ᠬᠠᠮᠤᠷᠤᠬᠲᠠᠬᠤ ᠮᠤᠵᠢ ᠤᠷᠤᠨ ᠬᠤᠲᠠ᠄ ᠱᠠᠩᠬᠠᠶ᠂ ᠹᠦᠵᠢᠶᠠᠨ᠂
ᠭᠤᠸᠠᠩᠳᠦ᠋ᠩ᠂ ᠵᠧᠵᠢᠶᠠᠩ᠂ ᠬᠠᠢᠨᠠᠨ ᠵᠡᠷᠭᠡ 5 ᠮᠤᠵᠢ (ᠱᠢᠭᠤᠳ ᠬᠠᠷᠢᠶ᠎ᠠ
ᠬᠣᠲᠠ) ᠪᠠᠬᠲᠠᠨᠠ᠃
《ᠨᠢᠬᠡ ᠪᠦᠰᠡ ᠨᠢᠭᠡ ᠵᠠᠮ》᠎ᠤᠨ ᠪᠠᠢᠯᠳᠤᠬᠤ
ᠪᠣᠳᠣᠯᠭ᠎ᠠ᠎ᠳᠤ ᠨᠡᠢᠲᠡ 18 ᠮᠤᠵᠢ᠂ ᠥᠪᠡᠷᠲᠡᠭᠡᠨ ᠵᠠᠰᠠᠬᠤ ᠣᠷᠣᠨ᠂ ᠱᠢᠭᠤᠳ
ᠬᠠᠷᠢᠶ᠎ᠠ ᠬᠣᠲᠠ ᠪᠠᠬᠲᠠᠵᠦ ᠪᠠᠢᠨ᠎ᠠ᠃
ᠡᠯ᠎ᠡ
ᠭᠠᠵᠠᠷ᠎ᠤᠨ ᠪᠠᠢᠷᠢ ᠲᠤᠭᠲᠠᠭᠠᠯᠲᠠ
《ᠲᠣᠷᠭᠠᠨ ᠵᠠᠮ᠎ᠤᠨ ᠠᠵᠤ ᠠᠬᠤᠶ᠎ᠶ᠋ᠢᠨ ᠪᠦᠰᠡ
ᠪᠠ 21 ᠳ᠋ᠤᠭᠡᠷ ᠵᠠᠭᠤᠨ᠎ᠤ ᠲᠡᠯᠡᠶ
ᠳᠡᠭᠡᠷᠡᠬᠢ ᠲᠣᠷᠭᠠᠨ ᠵᠠᠮ᠎ᠢ ᠬᠠᠮᠲᠤ᠎ᠪᠠᠷ ᠪᠥᠲᠥᠭᠡᠨ ᠪᠠᠢᠭᠤᠯᠬᠤ᠎ᠶ᠋ᠢ ᠠᠬᠢᠭᠤᠯᠬᠤ ᠬᠦᠰᠡᠯ ᠡᠷᠡᠮᠡᠯᠵᠡᠯ
ᠬᠢᠭᠡᠳ ᠠᠵᠢᠯᠯᠠᠭ᠎ᠠ》᠎ᠶᠢ ᠦᠨᠳᠦᠰᠦᠯᠡᠵᠦ᠂ ᠱᠢᠨᠵᠢᠶᠠᠩ᠎ᠤᠨ ᠤᠢᠭᠤᠷ᠎ᠤᠨ ᠦᠪᠡᠷᠳᠡᠭᠡᠨ ᠵᠠᠰᠠᠬᠤ ᠤᠷᠤᠨ᠎ᠤ
ᠥᠪᠡᠷᠮᠢᠴᠡ ᠣᠷᠣᠨ ᠪᠠᠢᠷᠢ᠎ᠶ᠋ᠢᠨ ᠳᠠᠪᠠᠭᠤᠯᠢᠭ ᠪᠠ ᠪᠠᠷᠠᠭᠤᠨᠰᠢ ᠨᠡᠭᠡᠭᠡᠯᠲᠡ ᠬᠢᠬᠦ᠌ ᠴᠢᠬᠤᠯᠠ ᠴᠣᠩᠬᠤᠪᠴᠢ᠎ᠶ᠋ᠢᠨ
ᠦᠶ᠋ᠯᠡᠳᠦᠯ᠎ᠢ ᠪᠠᠳᠠᠷᠠᠭᠤᠯᠵᠤ᠂ ᠲᠥᠪ ᠠᠽᠢᠶ᠎ᠠ᠂ ᠡᠮᠦᠨᠡᠲᠦ ᠠᠽᠢᠶ᠎ᠠ᠂ ᠪᠠᠷᠠᠭᠤᠨ ᠠᠽᠢᠶ᠎ᠠ ᠵᠡᠷᠭᠡ
ᠤᠯᠤᠰ᠎ᠯᠤᠭ᠎ᠠ᠎ᠶ᠋ᠢᠨ ᠰᠣᠯᠢᠯᠴᠠᠭᠠᠬᠠᠮᠲᠤᠷᠠᠯᠴᠠᠭᠠᠶ᠋ᠢ ᠭᠦᠨᠵᠡᠭᠡᠢᠷᠡᠭᠦᠯᠵᠦ᠍᠂ ᠲᠣᠷᠭᠠᠨ ᠵᠠᠮ᠎ᠤᠨ
ᠠᠵᠤ ᠠᠬᠤᠶ᠎ᠶ᠋ᠢᠨ ᠪᠦᠰᠡ ᠳᠡᠭᠡᠷᠡᠬᠢ ᠴᠢᠬᠤᠯᠠ ᠵᠠᠮ ᠬᠠᠷᠢᠯᠴᠠᠭᠠᠨ᠎ᠤ ᠬᠦᠶ᠋ᠰᠦ᠂ ᠠᠷᠠᠯᠵᠢᠶ᠎ᠠ
ᠬᠤᠳᠠᠯᠳᠤᠭ᠎ᠠ ᠪᠠᠷᠠᠭᠠᠨ᠎ᠤ ᠭᠦᠶ᠋ᠯᠭᠡᠭᠡ ᠪᠠ ᠰᠣᠶᠣᠯ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ
ᠲᠥᠪ᠎ᠢ ᠪᠣᠶ ᠪᠣᠯᠭᠠᠵᠤ᠂ ᠲᠣᠷᠭᠠᠨ ᠵᠠᠮ᠎ᠤᠨ ᠠᠵᠤ ᠠᠬᠤᠶ᠎ᠶ᠋ᠢᠨ ᠪᠦᠰᠡ᠎ᠶ᠋ᠢᠨ ᠭᠤᠤᠯ ᠣᠷᠣᠨ᠎ᠢ ᠪᠠᠢᠭᠤᠯᠤᠨ᠎ᠠ
ᠭᠡᠵᠦ᠍ ᠳᠤᠷᠠᠳᠤᠨ ᠭᠠᠷᠭᠠᠪᠠ᠃
ᠬᠥᠬᠡᠮᠥ᠋ᠷᠡᠨ᠎ᠦ ᠭᠤᠷᠪᠠᠯᠵᠢᠨ ᠬᠣᠢᠭ᠂ ᠵᠦᠵᠢᠶᠠᠩ
ᠮᠥᠷᠡᠨ᠎ᠦ ᠭᠤᠷᠪᠠᠯᠵᠢᠨ ᠬᠣᠢᠭ᠂ ᠲᠠᠢᠸᠠᠨ ᠬᠣᠭᠣᠯᠠᠶ᠎ᠶ᠋ᠢᠨ ᠪᠠᠷᠠᠭᠤᠨ ᠡᠷᠭᠢ᠂ ᠪᠦᠸᠧᠬᠠᠶ ᠲᠠᠩᠭᠢᠰ ᠳᠠᠭᠠᠤ
ᠵᠡᠷᠭᠡ ᠠᠵᠤ ᠠᠬᠤᠶ᠎ᠶ᠋ᠢᠨ ᠣᠷᠣᠨ᠎ᠤ ᠨᠡᠭᠡᠭᠡᠯᠲᠡ᠎ᠶ᠋ᠢᠨ ᠬᠡᠮᠵᠢᠶ᠎ᠡ᠎ᠪᠡᠷ ᠥᠨᠳᠥᠷ᠂ ᠠᠵᠤ ᠠᠬᠤᠶ᠎ᠶ᠋ᠢᠨ
ᠪᠣᠳᠠᠲᠤ ᠬᠦᠴᠦᠨ᠎ᠢᠶᠡᠷ ᠴᠢᠩᠭ᠎ᠠ᠂ ᠨᠥᠯᠥᠭᠡᠯᠡᠨ ᠳᠠᠢᠴᠢᠯᠠᠬᠤ ᠦᠢᠯᠡᠳᠦᠯ᠎ᠢᠶᠡᠷ ᠶᠡᠬᠡ ᠵᠡᠷᠭᠡ
ᠳᠠᠪᠠᠭᠤᠯᠢᠭ᠎ᠢ ᠠᠱᠢᠭ᠍ᠯᠠᠨ᠂ ᠳᠤᠮᠳᠠᠳᠤ ᠤᠯᠤᠰ(ᠱᠠᠩᠬᠠᠢ)᠎ᠤᠨ ᠴᠢᠯᠥᠭᠡᠲᠦ ᠠᠷᠠᠯᠵᠢᠶᠠᠨ᠎ᠤ
ᠲᠤᠷᠱᠢᠯᠲᠠ᠎ᠶ᠋ᠢᠨ ᠣᠷᠣᠨ᠎ᠤ ᠪᠦᠲᠦᠭᠡᠨ ᠪᠠᠢᠭᠤᠯᠤᠯᠲᠠ᠎ᠶ᠋ᠢ ᠲᠦᠷᠭᠡᠳᠭᠡᠨ ᠠᠬᠢᠭᠤᠯᠵᠤ᠂ ᠹᠦᠵᠢᠶᠠᠨ᠎ᠤ 21
ᠳ᠋ᠤᠭᠡᠷ ᠵᠠᠭᠤᠨ᠎ᠤ ᠳᠠᠯᠠᠶ ᠳᠡᠭᠡᠷᠡᠬᠢ ᠲᠣᠷᠭᠠᠨ ᠵᠠᠮ᠎ᠤᠨ ᠭᠣᠣᠯ ᠣᠷᠣᠨ᠎ᠢ ᠪᠦᠲᠦᠭᠡᠨ ᠪᠠᠢᠭᠤᠯᠬᠤ᠎ᠶ᠋ᠢ
ᠳᠡᠮᠵᠢᠨ᠎ᠡ᠃
ᠱᠧᠨᠵᠧᠨ᠎ᠦ ᠴᠢᠶᠠᠨ ᠬᠠᠢ᠂ ᠭᠤᠸᠠᠩᠵᠧᠦ᠍᠎ᠶ᠋ᠢᠨ ᠨᠠᠨ ᠱᠠ᠂
ᠵᠦᠬᠠᠢ᠎ᠶ᠋ᠢᠨ ᠾᠧᠩ ᠴᠢᠨ᠂ ᠹᠦᠵᠢᠶᠠᠨ᠎ᠤ ᠫᠢᠩ ᠲᠠᠨ ᠵᠡᠷᠭᠡ ᠨᠡᠭᠡᠭᠡᠯᠲᠡᠲᠦ ᠬᠠᠮᠲᠤᠷᠠᠯᠴᠠᠭᠠᠨ᠎ᠤ ᠣᠷᠣᠨ᠎ᠤ
ᠦᠢᠯᠡᠳᠦᠯ᠎ᠢ ᠭᠦᠢᠴᠡᠳᠪᠠᠳᠠᠷᠠᠭᠤᠯᠵᠤ᠂ᠱᠢᠶᠠᠩᠭᠠᠩᠣᠣᠮᠧᠨ ᠲᠠᠢᠸᠠᠨᠯᠤᠭᠠᠶ᠋ᠢᠨ ᠬᠠᠮᠲᠤᠷᠠᠯᠴᠠᠭ᠎ᠠ᠎ᠪᠠᠨ
ᠭᠦᠨᠵᠡᠭᠡᠢᠷᠡᠭᠦᠯᠵᠦ᠍᠂ ᠭᠤᠸᠠᠩᠳᠦ᠋ᠩ ᠱᠢᠶᠠᠩᠭᠠᠩ ᠣᠣᠮᠧᠨ᠎ᠦ ᠲᠤᠮᠤ ᠪᠤᠯᠤᠩ᠎ᠤᠨ ᠣᠷᠣᠨ᠎ᠢ ᠪᠠᠢᠭᠤᠯᠤᠨ᠎ᠠ᠃
ᠵᠧᠵᠢᠶᠠᠩ ᠤᠨ ᠲᠠᠯᠠᠢ ᠲᠠᠩᠭᠢᠰ ᠤᠨ ᠠᠵᠤ ᠠᠬᠤᠢ ᠶ᠋ᠢᠨ ᠬᠥᠭ᠌ᠵᠢᠯᠲᠡ᠎ᠶ᠋ᠢᠨ ᠵᠢᠱ᠌ᠢᠢ᠎ᠡ ᠦᠵᠡᠭᠦᠯᠬᠦ᠌ ᠣᠷᠣᠨ᠂ ᠹᠦᠵᠢᠶᠠᠨ ᠬᠣᠭᠣᠯᠠᠢ᠎ᠶ᠋ᠢᠨ ᠬᠦᠭᠡ ᠥᠩᠭᠡᠲᠦ ᠠᠵᠤ ᠠᠬᠤᠢ᠎ᠶ᠋ᠢᠨ ᠲᠤᠷᠱᠢᠯᠲᠠ᠎ᠶ᠋ᠢᠨ
ᠣᠷᠣᠨ ᠪᠠ ᠵᠧᠦᠱᠠᠨ ᠣᠯᠲᠣᠷᠢᠭ᠎ᠤᠨ ᠱᠢᠨ᠎ᠡ ᠲᠣᠭᠣᠷᠢᠭ᠎ᠤᠨ ᠪᠦᠳᠦᠭᠡᠨᠪᠠᠢᠭᠤᠯᠤᠯᠲᠠᠶ᠋ᠢᠲᠦᠯᠬᠢᠨᠠᠬᠢᠭᠤᠯᠵᠤ᠂ ᠬᠠᠢᠨᠠᠨ᠎ᠤ ᠤᠯᠠᠨ ᠤᠯᠤᠰ᠎ᠤᠨ ᠵᠢᠭᠤᠯᠴᠢᠯᠠᠯ᠎ᠤᠨ ᠠᠷᠠᠯ᠎ᠢ ᠨᠡᠭᠡᠭᠡᠨ ᠬᠥᠭ᠌ᠵᠢᠭᠦᠯᠵᠦ᠍ ᠨᠡᠭᠡᠭᠡᠯᠳᠡ ᠬᠢᠬᠦ᠌
ᠡᠷᠴᠢᠮ᠎ᠢ ᠴᠢᠩᠭᠠᠷᠠᠭᠤᠯᠤᠨ᠎ᠠ᠃ ᠱᠠᠩᠬᠠᠢ᠂ ᠲᠢᠶᠠᠨᠵᠢᠨ᠂ ᠨᠢᠩᠪᠦ᠋ᠸᠧ — ᠵᠧᠦᠱᠠᠨ᠂ ᠭᠤᠸᠠᠩᠵᠧᠦ᠂ ᠱᠧᠨᠵᠧᠨ᠂
ᠵᠠᠨᠵᠢᠶᠠᠩ᠂ ᠱᠠᠨᠲᠧᠦ᠂ ᠴᠢᠩᠳᠣᠤ᠂ ᠶᠠᠨᠲ᠋ᠠᠢ᠂ ᠳ᠋ᠠᠯᠢᠶᠠᠨ᠂ ᠹᠦᠵᠧᠦ᠂ ᠱᠢᠶᠠᠮᠧᠨ᠂ ᠴᠢᠤᠸᠠᠨᠵᠸᠤ᠂ ᠬᠠᠢ᠌ᠺᠸᠤ᠂
ᠰᠠᠨᠶᠠ ᠵᠡᠷᠭᠡ ᠲᠠᠯᠠᠢ ᠳᠠᠭᠠᠤ ᠬᠤᠳᠠ᠎ᠶ᠋ᠢᠨ ᠭᠠᠷᠠᠮ᠎ᠤᠨ ᠪᠦᠳᠦᠭᠡᠨ ᠪᠠᠢᠭᠤᠯᠤᠯᠲᠠ᠎ᠶ᠋ᠢ ᠴᠢᠩᠭᠠᠳᠭᠠᠵᠤ᠂
ᠱᠠᠩᠬᠠᠢ᠂ ᠭᠤᠸᠠᠩᠵᠧᠦ ᠵᠡᠷᠭᠡ ᠤᠯᠠᠨ ᠤᠯᠤᠰ᠎ᠤᠨ ᠬᠦᠢᠰᠦ ᠨᠢᠰᠭᠡᠯ᠎ᠦᠨ ᠪᠠᠭᠤᠳᠠᠯ᠎ᠤᠨ ᠴᠢᠳᠠᠮᠵᠢ᠎ᠶ᠋ᠢ
ᠴᠢᠩᠭᠠᠷᠠᠭᠤᠯᠤᠨ᠎ᠠ᠃ ᠨᠡᠭᠡᠭᠡᠯᠲᠡ᠎ᠶ᠋ᠢ ᠥᠷᠭᠡᠳᠭᠡᠬᠦ᠌᠎ᠪᠡᠷ ᠭᠦᠨ ᠳᠠᠪᠬᠤᠷᠭ᠎ᠠ᠎ᠶ᠋ᠢᠨ
ᠥᠭᠡᠷᠡᠴᠢᠯᠡᠯᠲᠡ᠎ᠶ᠋ᠢ ᠠᠬᠢᠭᠤᠯᠵᠦ᠂ ᠨᠡᠭᠡᠭᠡᠯᠲᠡᠲᠦ ᠬᠡᠯᠪᠡᠷᠢ᠎ᠶ᠋ᠢᠨ ᠠᠵᠤ ᠠᠬᠤᠶ᠎ᠶ᠋ᠢᠨ ᠪᠠᠢᠭᠤᠯᠤᠯ ᠲᠣᠭ᠍ᠲᠠᠴᠠ᠎ᠶ᠋ᠢᠨ
ᠱᠢᠨ᠎ᠡ᠎ᠶ᠋ᠢ ᠡᠭᠦᠳᠴᠦ᠍᠂ ᠱᠢᠨᠵᠢᠯᠡᠬᠦ᠌ ᠤᠬᠠᠭᠠᠨ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠡᠷᠴᠢᠮ᠎ᠢᠶᠡᠨ
ᠴᠢᠩᠭᠠᠷᠠᠭᠤᠯᠵᠤ᠂ ᠣᠯᠠᠨ ᠤᠯᠤᠰ᠎ᠤᠨ ᠬᠠᠮᠲᠤᠷᠠᠯᠴᠠᠭᠠᠨ᠎ᠤ ᠥᠷᠢᠰᠥᠯᠳᠦᠭᠡᠨ᠎ᠳᠦ ᠣᠷᠣᠯᠴᠠᠬᠤ ᠪᠠ ᠬᠥᠲᠥᠯᠥᠨ
ᠳᠠᠭᠠᠭᠤᠯᠬᠤ ᠱᠢᠨ᠎ᠡ ᠳᠠᠪᠠᠭᠤᠯᠢᠭ ᠢ ᠪᠣᠶ ᠪᠣᠯᠭᠠᠵᠤ᠂ 《ᠨᠢᠭᠡ ᠪᠦᠰᠡ ᠨᠢᠭᠡ ᠵᠠᠮ》ᠢᠯᠠᠩᠭᠤᠶ᠎ᠠ 21 ᠳ᠋ᠤᠭᠡᠷ ᠵᠠᠭᠤᠨᠤᠲᠡᠯᠡᠶ ᠳᠡᠭᠡᠷᠡᠬᠢ ᠲᠣᠷᠭᠠᠨᠵᠠᠮᠤᠨᠪᠥᠲᠥᠭᠡᠨ ᠪᠠᠢᠭᠤᠯᠤᠯᠲᠠ ᠳᠠᠭᠠᠭᠤᠯᠤᠭ᠍ᠴᠢ ᠪᠠ ᠭᠤᠤᠯ ᠬᠦᠴᠦᠨ ᠪᠣᠯᠪᠠ᠃ ᠭᠠᠳᠠᠭᠠᠳᠤ᠎ᠳᠤ ᠰᠠᠭᠤᠭ᠎ᠠ ᠬᠠᠷᠢᠶᠠᠲᠤᠨᠡᠷ ᠵᠢᠴᠢ ᠱᠢᠶᠠᠩᠭᠠᠩ᠂
ᠣᠣᠮᠧᠨ᠎ᠦ ᠵᠠᠰᠠᠭ ᠵᠠᠬᠢᠷᠭᠠᠨ᠎ᠤ ᠣᠨᠴᠠᠭᠠᠢ ᠣᠷᠣᠨ᠎ᠤ ᠥᠪᠡᠷᠮᠢᠴᠡ ᠳᠠᠪᠠᠭᠤᠯᠢᠭ᠎ᠢ ᠪᠠᠳᠠᠷᠠᠭᠤᠯᠵᠤ᠂ 《ᠨᠢᠭᠡ
ᠪᠦᠰᠡ ᠨᠢᠭᠡ ᠵᠠᠮ》ᠤᠨᠪᠦᠳᠦᠭᠡᠨ ᠪᠠᠢᠭᠤᠯᠤᠯᠲᠠᠳᠤᠢᠳᠡᠪᠬᠢᠲᠡᠢᠣᠷᠣᠯᠴᠠᠨᠲᠡᠭᠦᠨᠢᠳᠡᠮᠵᠢᠨᠠ᠃
ᠲᠠᠢᠸᠠᠨᠣᠷᠣᠨᠤ 《ᠨᠢᠭᠡ ᠪᠦᠰᠡ ᠨᠢᠭᠡ ᠵᠠᠮ》᠎ᠤᠨ ᠪᠦᠲᠦᠭᠡᠨ ᠪᠠᠢᠭᠤᠯᠤᠯᠲᠠ᠎ᠳᠤ ᠣᠷᠣᠯᠴᠠᠬᠤ᠎ᠳᠤ ᠵᠣᠬᠢᠰᠲᠠᠶ
ᠲᠣᠬᠢᠷᠠᠭᠤᠯᠤᠯᠲᠠ ᠬᠢᠨ᠎ᠠ᠃
ᠱᠠᠨᠰᠢ᠂ᠭᠠᠨᠰᠦ᠂ᠨᠢᠩᠱᠢᠶᠠ᠂ᠬᠥᠬᠡᠨᠠᠭᠤᠷ ᠳᠥᠷᠪᠡᠨ
ᠭᠠᠵᠠᠷ᠎ᠤᠨ ᠪᠠᠢᠷᠢ ᠲᠣᠭ᠍ᠲᠠᠭᠠᠯᠲᠠ ᠪᠣᠯ᠄ ᠲᠥᠪ ᠠᠽᠢᠶ᠎ᠠ᠂ ᠡᠮᠦᠨᠡᠲᠦ ᠠᠽᠢᠶ᠎ᠠ᠂ ᠪᠠᠷᠠᠭᠤᠨ ᠠᠽᠢᠶ᠎ᠠ᠎ᠳᠤ
ᠬᠠᠨᠳᠤᠭᠤᠯᠤᠭ᠍ᠰᠠᠨ ᠤᠯᠤᠰᠤᠨᠨᠡᠪᠲᠡᠷᠡᠬᠦ᠌ ᠵᠠᠮ᠂ ᠠᠷᠠᠯᠵᠢᠶ᠎ᠠ ᠬᠤᠳᠠᠯᠳᠤᠭ᠎ᠠ ᠪᠠᠷᠠᠭᠠᠨ᠎ᠤ
ᠭᠦᠶ᠋ᠯᠭᠡᠭᠡᠨ᠎ᠦ ᠬᠦᠶ᠋ᠰᠦ᠂ ᠴᠢᠬᠤᠯᠠ ᠠᠵᠤ ᠦᠶ᠋ᠯᠡᠰ ᠪᠠ ᠬᠥᠮᠦᠨ ᠰᠣᠶᠣᠯ᠎ᠤᠨ ᠰᠣᠯᠢᠯᠴᠠᠭᠠᠨ᠎ᠤ ᠰᠠᠭᠤᠷᠢᠨ᠎ᠢ
ᠪᠦᠷᠢᠯᠳᠦᠭᠦᠯᠦᠨ᠎ᠡ᠃
ᠲᠠᠯᠠᠢ ᠳᠠᠭᠠᠤ ᠡᠯ᠎ᠡ ᠬᠤᠳᠠ᠎ᠶ᠋ᠢᠨ ᠪᠠᠢᠷᠢ
ᠲᠣᠭ᠍ᠲᠠᠭᠠᠯᠲᠠ ᠪᠣᠯ᠄ ᠲᠠᠯᠠᠢ ᠳᠠᠭᠠᠤ ᠬᠤᠳᠠ᠎ᠶ᠋ᠢᠨ ᠭᠠᠷᠠᠮ᠎ᠤᠨ ᠪᠦᠳᠦᠭᠡᠨ ᠪᠠᠢᠭᠤᠯᠤᠯᠲᠠᠶ᠋ᠢᠴᠢᠩᠭᠠᠳᠭᠠᠵᠤ᠂ᠤᠯᠠᠨ ᠤᠯᠤᠰ᠎ᠤᠨ ᠬᠦᠢᠰᠦ ᠪᠣᠯᠬᠤ ᠨᠢᠰᠭᠡᠯ᠎ᠦᠨ ᠪᠠᠭᠤᠳᠠᠯ᠎ᠤᠨ ᠴᠢᠳᠠᠮᠵᠢ᠎ᠶ᠋ᠢ ᠴᠢᠩᠭᠠᠷᠠᠭᠤᠯᠤᠨ᠎ᠠ᠃
ᠭᠤᠸᠠᠩᠰᠢ᠎ᠶ᠋ᠢᠨ ᠪᠠᠢᠷᠢ ᠲᠣᠭ᠍ᠲᠠᠭᠠᠯᠲᠠ ᠪᠣᠯ᠄ 21
ᠳ᠋ᠤᠭᠡᠷ ᠵᠠᠭᠤᠨ᠎ᠤ ᠲᠡᠯᠡᠶ ᠳᠡᠭᠡᠷᠡᠬᠢ ᠲᠣᠷᠭᠠᠨ ᠵᠠᠮ ᠬᠢᠭᠡᠳ ᠲᠣᠷᠭᠠᠨ ᠵᠠᠮ᠎ᠤᠨ ᠠᠵᠤ ᠠᠬᠤᠶ᠎ᠶ᠋ᠢᠨ
ᠪᠦᠰᠡ᠎ᠶ᠋ᠢ ᠣᠷᠭᠠᠨᠢᠭ᠎ᠢᠶᠠᠷ ᠵᠣᠯᠭᠠᠯᠴᠠᠭᠤᠯᠬᠤ ᠴᠢᠬᠤᠯᠠ ᠤᠷᠤᠨ ᠪᠣᠯᠭᠠᠨ᠎ᠠ᠃
ᠶᠦᠨᠨᠠᠨ᠎ᠤ ᠪᠠᠢᠷᠢ ᠲᠣᠭ᠍ᠲᠠᠭᠠᠯᠲᠠ ᠪᠣᠯ᠄ ᠡᠮᠦᠨᠡᠲᠦ
ᠠᠽᠢᠶ᠎ᠠ᠂ ᠵᠡᠭᠦᠨ ᠡᠮᠦᠨᠡᠲᠦ ᠠᠽᠢᠶ᠎ᠠ᠎ᠳᠤ ᠬᠠᠨᠳᠤᠭᠤᠯᠤᠭ᠍ᠰᠠᠨ ᠰᠠᠴᠤᠷᠠᠯᠲᠠ᠎ᠶ᠋ᠢᠨ ᠲᠥᠪ ᠪᠣᠯᠤᠨ᠎ᠠ᠃
ᠥᠪᠥᠷ ᠮᠣᠩᠭᠣᠯ᠎ᠤᠨ ᠦᠪᠡᠷᠳᠡᠭᠡᠨ ᠵᠠᠰᠠᠬᠤ ᠤᠷᠤᠨ᠂
ᠬᠠᠷᠠᠮᠥ᠋ᠷᠡᠨ᠂ ᠭᠢᠷᠢᠨ᠂ ᠯᠢᠶᠣᠤᠨᠢᠩ᠂ ᠪᠡᠭᠡᠵᠢᠩ᠎ᠳᠡᠬᠢ ᠪᠠᠢᠷᠢ ᠲᠣᠭ᠍ᠲᠠᠭᠠᠯᠲᠠ ᠪᠣᠯ᠄ ᠵᠡᠭᠦᠨ ᠬᠣᠢᠲᠤ
ᠠᠽᠢᠶ᠎ᠠ᠎ᠳᠤ ᠨᠡᠭᠡᠭᠡᠯᠲᠡ ᠬᠢᠬᠦ᠌ ᠴᠢᠬᠤᠯᠠ ᠴᠣᠩᠬᠣᠪᠴᠢ᠎ᠶ᠋ᠢ ᠪᠠᠢᠭᠤᠯᠤᠨ᠎ᠠ᠃
ᠴᠦᠩᠴᠢᠩ᠎ᠦᠨ ᠪᠠᠷᠠᠭᠤᠨ ᠬᠡᠰᠡᠭ᠎ᠦᠨ ᠭᠠᠵᠠᠷ ᠣᠷᠣᠨ᠎ᠢ
ᠨᠡᠭᠡᠭᠡᠨ ᠬᠥᠭ᠌ᠵᠢᠭᠦᠯᠵᠦ᠍ ᠨᠡᠭᠡᠭᠡᠯᠳᠡ ᠬᠢᠬᠦ᠌ ᠴᠢᠬᠤᠯᠠ ᠲᠦᠱᠢᠭ ᠲᠤᠯᠭᠠᠭᠤᠷᠢ ᠪᠠ ᠵᠧᠩᠵᠧᠦ᠂ ᠦᠬᠠᠨ᠂ ᠴᠠᠩᠱᠠ᠂ ᠴᠸᠩᠳᠦ᠂ᠨᠠᠨᠴᠠᠩ᠂ᠾᠸᠹᠸᠢᠵᠡᠷᠭᠡᠳᠣᠲᠣᠭᠠᠳᠤᠬᠠᠭᠤᠷᠠᠢᠶ᠋ᠢᠨ ᠨᠡᠭᠡᠭᠡᠯᠲᠡᠲᠦ ᠬᠡᠯᠪᠡᠷᠢ᠎ᠶ᠋ᠢᠨ ᠠᠵᠤ ᠠᠬᠤᠢ᠎ᠶ᠋ᠢᠨ ᠥᠨᠳᠥᠷᠯᠢᠭ ᠭᠠᠵᠠᠷ᠎ᠢ ᠪᠤᠢ ᠪᠣᠯᠭᠠᠨ᠎ᠠ᠃
ᠴᠠᠩᠴᠦ᠋ᠨ ᠬᠢᠷᠢᠨ ᠲᠦᠮᠡᠨ᠎ᠤ ᠨᠡᠭᠡᠭᠡᠨ ᠬᠥᠭ᠌ᠵᠢᠭᠦᠯᠵᠦ᠍
ᠨᠡᠭᠡᠭᠡᠯᠲᠡ ᠬᠢᠬᠦ᠌ ᠬᠣᠱᠢᠭᠤᠴᠢ ᠣᠷᠣᠨ ᠪᠣᠯ ᠵᠡᠭᠦᠨ ᠬᠣᠢᠲᠤ ᠠᠽᠢᠶ᠎ᠠ᠎ᠶ᠋ᠢᠨ ᠣᠷᠣᠨ ᠪᠦᠰᠡ᠎ᠶ᠋ᠢᠨ ᠭᠤᠤᠯ
ᠣᠷᠣᠨ ᠪᠦᠰᠡ ᠪᠣᠯᠤᠨ᠎ᠠ᠃
ᠡᠭᠦᠨ᠎ᠡᠴᠡ ᠭᠠᠳᠠᠨ᠎ᠠ᠂ 《ᠬᠦᠰᠡᠯ ᠡᠷᠡᠮᠡᠯᠵᠡᠯ ᠬᠢᠭᠡᠳ ᠠᠵᠢᠯᠯᠠᠭ᠎ᠠ》᠎ᠨᠢ
ᠪᠠᠰᠠ ᠪᠤᠰᠤᠳᠬᠣᠯᠪᠣᠭ᠍ᠳᠠᠯᠪᠥᠬᠥᠶ ᠣᠷᠣᠨ ᠪᠦᠰᠡ᠎ᠶ᠋ᠢᠨ ᠴᠢᠳᠠᠮᠵᠢ᠎ᠶ᠋ᠢᠨ ᠪᠠᠢᠷᠢ ᠲᠣᠭ᠍ᠲᠠᠭᠠᠯᠲᠠ᠎ᠶ᠋ᠢ
ᠲᠣᠳᠣᠷᠬᠠᠢᠯᠠᠭ᠍ᠰᠠᠨ ᠪᠠᠢᠨ᠎ᠠ᠃
ᠨᠦᠯᠦᠭᠡ
ᠦᠢᠯᠡᠳᠤᠯ
《ᠨᠢᠭᠡ ᠪᠦᠰᠡ ᠨᠢᠭᠡ ᠵᠠᠮ》᠎ᠤᠨ ᠪᠠᠢᠯᠳᠤᠬᠤ ᠪᠣᠳᠣᠯᠭ᠎ᠠ ᠶ᠋ᠢᠨ ᠬᠠᠷᠠᠯᠲᠠ ᠪᠣᠯ ᠤᠯᠤᠰ ᠲᠥᠷᠥᠶ᠋ᠢᠨᠢᠲᠡᠭᠡᠯᠴᠡᠭᠡ᠂ᠠᠵᠤ
ᠠᠬᠤᠶ᠎ᠶ᠋ᠢᠨ ᠠᠭᠤᠰᠤᠯᠴᠠᠯ᠂ ᠰᠣᠶᠣᠯ᠎ᠤᠨ ᠪᠠᠭ᠍ᠲᠠᠭᠠᠮᠵᠢᠲᠤ ᠠᠱᠢᠭ ᠲᠤᠰᠠ᠎ᠶ᠋ᠢᠨ ᠬᠠᠮᠲᠤ᠎ᠶ᠋ᠢᠨ ᠴᠣᠭ᠍ᠴᠠ᠂
ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ ᠪᠠ ᠬᠠᠷᠢᠭᠤᠴᠠᠯᠭ᠎ᠠ᠎ᠶ᠋ᠢᠨ ᠬᠠᠮᠲᠤ᠎ᠶ᠋ᠢᠨ ᠴᠣᠭ᠍ᠴᠠ᠎ᠶ᠋ᠢ
ᠪᠠᠢᠭᠤᠯᠬᠤ ᠶᠠᠪᠤᠳᠠᠯ ᠪᠣᠯᠤᠨ᠎ᠠ᠂ ᠧᠦ᠋ᠷᠣᠫᠠ ᠠᠽᠢᠶ᠎ᠠ᠎ᠶ᠋ᠢᠨ ᠡᠬᠡ ᠬᠠᠭᠤᠷᠠᠶ᠎ᠶ᠋ᠢ ᠪᠠᠭ᠍ᠲᠠᠭᠠᠭ᠍ᠰᠠᠨ
ᠳᠡᠯᠡᠬᠡᠶ᠎ᠶ᠋ᠢᠨ ᠡᠯ᠎ᠡ ᠤᠯᠤᠰ ᠬᠠᠷᠢᠯᠴᠠᠨ ᠬᠠᠷᠠᠭᠠᠯᠵᠠᠵᠤ ᠬᠠᠷᠢᠯᠴᠠᠨ ᠠᠱᠢᠭ᠍ᠲᠠᠶ ᠪᠠᠢᠬᠤ ᠠᠱᠢᠭ ᠲᠤᠰᠠ᠂
ᠬᠤᠪᠢ ᠵᠠᠶᠠᠭ᠎ᠠ ᠪᠠ ᠬᠠᠷᠢᠭᠤᠴᠠᠯᠭ᠎ᠠ᠎ᠶ᠋ᠢᠨ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ ᠶᠠᠪᠤᠳᠠᠯ
ᠪᠣᠯᠤᠨ᠎ᠠ᠃ 《ᠨᠢᠭᠡ ᠪᠦᠰᠡ ᠨᠢᠭᠡ ᠵᠠᠮ》 ᠨᠢ ᠳᠤᠮᠳᠠᠳᠤ ᠤᠯᠤᠰ ᠪᠣᠯᠤᠨ ᠲᠣᠷᠭᠠᠨ ᠵᠠᠮ ᠳᠠᠭᠠᠤ᠎ᠶ᠋ᠢᠨ ᠤᠯᠤᠰᠤᠳᠲᠠᠶᠱᠢᠯᠢᠳᠡᠭ
ᠦᠢᠯᠡᠳᠪᠦᠷᠢᠯᠡᠯ᠎ᠦᠨ ᠴᠢᠳᠠᠪᠤᠷᠢ᠎ᠪᠠᠨ ᠬᠤᠪᠢᠶᠠᠯᠴᠠᠬᠤ᠂ ᠲᠥᠷᠥᠯ ᠵᠦᠶ᠋ᠯ᠎ᠦᠨ ᠪᠠᠯᠠ ᠣᠷᠣᠭᠤᠯᠤᠯᠲᠠ᠎ᠶ᠋ᠢ
ᠬᠠᠮᠲᠤ᠎ᠪᠠᠷ ᠵᠥᠪᠳᠡᠯᠴᠡᠬᠦ᠂ ᠰᠠᠭᠤᠷᠢ ᠲᠥᠬᠥᠭᠡᠷᠦᠮᠵᠢ᠎ᠶ᠋ᠢ ᠬᠠᠮᠲᠤ᠎ᠪᠠᠷ ᠪᠠᠢᠭᠤᠯᠵᠤ᠂ ᠬᠠᠮᠲᠤᠷᠠᠯᠴᠠᠭᠠᠨ᠎ᠤ
ᠦᠷ᠎ᠡ ᠪᠦᠲᠦᠭᠡᠯ᠎ᠢ ᠬᠠᠮᠲᠤ᠎ᠪᠠᠷ ᠡᠳ᠋ᠯᠡᠬᠦ᠂ ᠡᠭᠦᠨ᠎ᠳᠦ ᠵᠠᠮ᠎ᠢ ᠬᠣᠯᠪᠣᠯᠳᠤᠭᠤᠯᠤᠨ ᠨᠡᠪᠲᠡᠷᠡᠯᠴᠡᠬᠦᠯᠬᠦ᠂
ᠠᠷᠠᠯᠵᠢᠶ᠎ᠠ᠎ᠶᠢ ᠰᠠᠭᠠᠳ ᠥᠬᠡᠶ ᠨᠡᠪᠲᠡᠷᠡᠬᠦᠯᠬᠦ᠂ ᠵᠣᠭᠣᠰᠣᠨ᠎ᠤ ᠭᠦᠶ᠋ᠯᠭᠡᠭᠡ᠎ᠶᠢ ᠨᠡᠪᠳᠡᠷᠡᠬᠦᠯᠬᠦ᠂
ᠲᠥᠷᠥ᠎ᠶ᠋ᠢᠨ ᠪᠣᠳᠣᠯᠭ᠎ᠠ᠎ᠶ᠋ᠢ ᠨᠡᠪᠲᠡᠷᠡᠯᠴᠡᠬᠦᠯᠬᠦ᠂ᠬᠥᠮᠦᠨ᠎ᠦ ᠰᠡᠳᠭᠢᠯ᠎ᠢ ᠨᠡᠪᠲᠡᠷᠡᠯᠴᠡᠬᠦᠯᠬᠦ ᠵᠡᠷᠭᠡ 《ᠲᠠᠪᠤ᠎ᠶ᠋ᠢ ᠨᠡᠪᠲᠡᠷᠡᠭᠦᠯᠬᠦ᠌》ᠠᠭᠤᠯᠭ᠎ᠠ᠎ᠶᠢ
ᠪᠠᠭ᠍ᠲᠠᠭᠠᠵᠤ᠂ ᠲᠤᠤᠷᠠᠬᠢ ᠭᠤᠷᠪᠠᠨ ᠶᠡᠬᠡ ᠡᠭᠦᠷᠭᠡ᠎ᠶ᠋ᠢ ᠡᠭᠦᠷᠭᠡᠯᠡᠵᠦ᠍ ᠪᠠᠢᠨ᠎ᠠ᠄
ᠠᠵᠤ ᠠᠬᠤᠶ᠎ᠶ᠋ᠢᠨ
ᠨᠡᠮᠡᠭ᠌ᠳᠡᠯ᠎ᠦᠨ ᠠᠷᠭ᠎ᠠ ᠵᠠᠮ᠎ᠢ ᠰᠦᠪᠡᠭ᠌ᠴᠢᠯᠡᠬᠦ᠃ 《ᠨᠢᠭᠡ ᠪᠦᠰᠡ ᠨᠢᠭᠡ ᠵᠠᠮ》ᠪᠣᠯᠮᠥᠩᠭᠥᠨ ᠭᠦᠢᠯᠭᠡᠭᠡᠨ᠎ᠦ ᠬᠢᠮᠤᠷᠠᠯ᠎ᠤᠨ ᠰᠡᠬᠦᠯᠴᠢ᠎ᠶᠢᠨ ᠴᠠᠭ ᠦᠶ᠎ᠡ᠎ᠳᠤ᠂
ᠳᠡᠯᠡᠬᠡᠢᠶ᠋ᠢᠨᠠᠵᠤ ᠠᠬᠤᠢ᠎ᠶ᠋ᠢᠨ ᠨᠡᠮᠡᠭ᠌ᠳᠡᠯ᠎ᠦᠨ ᠲᠠᠭᠠᠭᠤᠯᠤᠬᠴᠢ ᠪᠣᠯᠤᠭ᠍ᠰᠠᠨ ᠳᠤᠮᠳᠠᠳᠤ ᠤᠯᠤᠰᠥᠪᠡᠷᠦᠨ
ᠦᠢᠯᠡᠳᠪᠦᠷᠢᠯᠡᠯ᠎ᠦᠨ ᠴᠢᠳᠠᠪᠤᠷᠢ᠎ᠶ᠋ᠢᠨ ᠳᠠᠪᠠᠭᠤᠯᠢᠭ᠂ ᠮᠡᠷᠭᠡᠵᠢᠯ ᠪᠣᠯᠤᠨ ᠪᠡᠯᠡ ᠮᠥᠩᠭᠥᠨ᠎ᠦ ᠳᠠᠪᠠᠭᠤᠯᠢᠭ᠂
ᠲᠤᠷᠱᠢᠯᠭ᠎ᠠ ᠪᠣᠯᠤᠨ ᠵᠠᠭ᠍ᠪᠤᠷ᠎ᠤᠨ ᠳᠠᠪᠠᠭᠤᠯᠢᠭ᠎ᠢᠶᠠᠨ ᠵᠠᠬ᠎ᠠ ᠳᠡᠯᠭᠡᠭᠦᠷ ᠪᠣᠯᠤᠨ ᠬᠠᠮᠲᠤᠷᠠᠯᠴᠠᠭᠠᠨ᠎ᠤ
ᠳᠠᠪᠠᠭᠤᠯᠢᠭ ᠪᠣᠯᠭᠠᠨ ᠬᠤᠪᠢᠷᠠᠭᠤᠯᠵᠤ᠂ ᠪᠦᠬᠦ᠌ ᠲᠠᠯ᠎ᠠ᠎ᠪᠠᠷ ᠨᠡᠬᠡᠬᠡᠯᠳᠡ ᠬᠢᠬᠦ ᠨᠢᠭᠡ ᠶᠡᠬᠡ ᠱᠢᠨ᠎ᠡ
ᠡᠭᠦᠳᠦᠯᠲᠡ ᠪᠤᠯᠤᠨ᠎ᠠ᠃《ᠨᠢᠭᠡ ᠪᠦᠰᠡᠨᠢᠭᠡᠵᠠᠮ》᠎ᠤᠨ ᠪᠦᠲᠦᠭᠡᠨᠪᠠᠢᠭᠤᠯᠤᠯᠲᠠᠪᠠᠷᠳᠠᠮᠵᠢᠨᠳᠤᠮᠳᠠᠳᠤ ᠤᠯᠤᠰ᠎ᠤᠨ ᠥᠭᠡᠷᠡᠴᠢᠯᠡᠯᠲᠡᠬᠥᠭ᠌ᠵᠢᠯᠲᠡ ᠶ᠋ᠢᠨ ᠠᠱᠢᠭ ᠲᠤᠰᠠ᠂ ᠳᠤᠮᠳᠠᠳᠤ ᠤᠯᠤᠰ ᠤᠨ ᠬᠥᠭ᠌ᠵᠢᠯᠲᠡ᠎ᠶ᠋ᠢᠨ ᠲᠤᠷᠱᠢᠯᠭ᠎ᠠ
ᠰᠤᠷᠭᠠᠮᠵᠢ᠎ᠶ᠋ᠢ ᠬᠠᠮᠲᠤ᠎ᠪᠠᠷ ᠡᠳ᠋ᠯᠡᠬᠦ᠌ ᠪᠣᠯᠤᠨ᠎ᠠ᠃ ᠳᠤᠮᠳᠠᠳᠤ ᠤᠯᠤᠰ 《ᠨᠢᠬᠡ ᠪᠦᠰᠡ ᠨᠢᠬᠡ ᠵᠠᠮ》ᠳᠠᠭᠠᠤ
ᠤᠯᠤᠰ᠎ᠯᠤᠭ᠎ᠠ᠎ᠶᠢᠨ ᠬᠠᠮᠲᠤᠷᠠᠯᠴᠠᠭ᠎ᠠ ᠪᠠ ᠶᠠᠷᠢᠯᠴᠠᠭ᠎ᠠ ᠪᠠᠨ ᠬᠦᠴᠦᠯᠡᠨᠠᠬᠢᠭᠤᠯᠵᠤ᠂ᠨᠡᠩᠡᠷᠬᠡᠲᠡᠭ᠌ᠰᠢᠪᠥᠭᠡᠳᠲᠡᠩᠴᠡᠭᠦᠷᠢᠲᠡᠢ
ᠪᠦᠬᠦ᠌ ᠪᠥᠮᠪᠥᠷᠴᠡᠭ᠎ᠦᠨ ᠬᠥᠭ᠌ᠵᠢᠯᠲᠡ᠎ᠶ᠋ᠢᠨ ᠱᠢᠨ᠎ᠡ ᠮᠠᠶᠢᠭ᠎ᠤᠨ ᠬᠠᠨᠢᠲᠠᠨ᠎ᠤ ᠬᠠᠷᠢᠴᠠᠭ᠎ᠠ᠎ᠶ᠋ᠢ
ᠪᠠᠢᠭᠤᠯᠵᠤ᠂ ᠳᠡᠯᠡᠬᠡᠢ᠎ᠶ᠋ᠢᠨ ᠠᠵᠤ ᠠᠬᠤᠢ᠎ᠶ᠋ᠢᠨ ᠤᠷᠲᠤ ᠬᠤᠭᠤᠴᠠᠭᠠᠨ᠎ᠤ ᠲᠣᠭ᠍ᠲᠠᠭᠤᠨ ᠬᠥᠭ᠌ᠵᠢᠯᠲᠡ᠎ᠶ᠋ᠢᠨ
ᠰᠠᠭᠤᠷᠢ᠎ᠶ᠋ᠢ ᠪᠡᠬᠢᠵᠢᠭᠦᠯᠦᠨ᠎ᠡ᠃
ᠳᠡᠯᠡᠬᠡᠢᠴᠢᠯᠡᠯᠲᠡᠶ᠋ᠢᠨ ᠳᠠᠬᠢᠨ ᠲᠡᠩᠴᠡᠭᠦᠷᠢ᠎ᠶ᠋ᠢ ᠪᠡᠶᠡᠯᠡᠭᠦᠯᠬᠦ᠃ ᠤᠯᠠᠮᠵᠢᠯᠠᠯᠲᠤ ᠳᠡᠯᠡᠬᠡᠢᠴᠢᠯᠡᠯᠲᠡ ᠳᠠᠯᠠᠢ ᠲᠠᠭᠠᠦ
ᠤᠷᠤᠨ᠎ᠡᠴᠡ ᠡᠭᠦᠰᠴᠦ᠍᠂ ᠳᠠᠯᠠᠢ ᠳᠠᠭᠠᠤ ᠣᠷᠣᠨ᠂ ᠳᠠᠯᠠᠢ ᠲᠠᠩᠭᠢᠰ᠎ᠤᠨ ᠤᠯᠤᠰ᠎ᠤᠳ ᠤᠷᠢᠳ᠎ᠢᠶᠠᠷ
ᠬᠥᠭ᠌ᠵᠢᠵᠦ᠍᠂ ᠡᠬᠡ ᠬᠠᠭᠤᠷᠠᠢ ᠳᠡᠭᠡᠷᠡᠬᠢ ᠤᠯᠤᠰ᠂ ᠳᠣᠲᠣᠷ᠎ᠠ ᠭᠠᠵᠠᠷ ᠨᠡᠯᠢᠶᠡᠳ ᠬᠣᠴᠣᠷᠤᠩᠭᠤᠢ ᠪᠠᠢᠵᠤ᠂
ᠯᠤᠲᠤ ᠶᠡᠬᠡ ᠶᠠᠳᠠᠭᠤ ᠪᠠᠶᠠᠨ᠎ᠤ ᠵᠥᠷᠢᠶ᠎ᠡ᠎ᠶ᠋ᠢ ᠪᠤᠢ ᠪᠣᠯᠭᠠᠳᠠᠭ᠃ ᠤᠯᠠᠮᠵᠢᠯᠠᠯᠲᠤ ᠳᠡᠯᠡᠬᠡᠢᠵᠢᠯᠲᠡ᠎ᠶ᠋ᠢ
ᠧᠦ᠋ᠷᠣᠫᠠ ᠲᠢᠪ ᠨᠡᠭᠡᠭᠡᠵᠦ᠍᠂ ᠠᠮᠧᠷᠢᠺᠠ᠎ᠠᠴᠠ ᠪᠠᠳᠠᠷᠠᠭᠤᠯᠤᠨ ᠳᠡᠯᠭᠡᠷᠡᠭᠦᠯᠵᠦ᠍᠂ ᠤᠯᠠᠨ ᠤᠯᠤᠰ᠎ᠤᠨ ᠡᠮᠬᠢ
ᠳᠢᠭ᠌ᠯᠢᠮ᠎ᠤᠨ《ᠥᠷᠥᠨᠡᠳᠠᠬᠢᠨᠶ᠋ᠢᠡᠷᠲᠦᠪᠯᠡᠬᠦᠯᠬᠦᠤᠨᠤᠯ》ᠨᠢᠳᠣᠷᠣᠨᠠᠳᠠᠬᠢᠨᠢ
ᠥᠷᠥᠨᠡᠳᠠᠬᠢᠨ᠎ᠳᠤ ᠬᠠᠷᠢᠶᠠᠯᠠᠭᠤᠯᠵᠤ᠂ ᠬᠥᠳᠡᠭᠡ ᠲᠣᠰᠭᠣᠨ᠎ᠢ ᠬᠤᠳᠠ᠎ᠳᠤ ᠬᠠᠷᠢᠶᠠᠯᠠᠭᠤᠯᠵᠤ᠂ ᠡᠬᠡ
ᠬᠠᠭᠤᠷᠠᠢ᠎ᠶ᠋ᠢ ᠲᠠᠯᠠᠢ ᠲᠠᠩᠭᠢᠰ᠎ᠲᠤ ᠬᠠᠷᠢᠶᠠᠯᠠᠭᠤᠯᠬᠤ ᠵᠡᠷᠭᠡ ᠠᠯᠢ ᠤᠯᠠᠨ ᠲᠡᠩᠴᠡᠭᠦᠷᠢ ᠦᠭᠡᠢ ᠵᠤᠬᠢᠰ
ᠦᠭᠡᠢ ᠪᠠᠢᠲᠠᠯ᠎ᠢ ᠪᠤᠢ ᠪᠣᠯᠭᠠᠵᠠᠢ᠃ ᠡᠳᠦᠭᠡ᠂ 《ᠨᠢᠭᠡ ᠪᠦᠰᠡ ᠨᠢᠭᠡ
ᠵᠠᠮ》 ᠨᠢᠶᠠᠭ ᠪᠦᠬᠦ᠌ ᠪᠥᠮᠪᠥᠷᠴᠡᠭ᠎ᠦᠨ ᠲᠠᠬᠢᠨ ᠲᠡᠩᠴᠡᠭᠦᠷᠢ᠎ᠶ᠋ᠢ
ᠠᠬᠢᠭᠤᠯᠵᠤ ᠪᠠᠢᠨ᠎ᠠ᠃ 《ᠨᠢᠭᠡ ᠪᠦᠰᠡ ᠨᠢᠭᠡ ᠵᠠᠮ》 ᠨᠢ ᠪᠠᠷᠠᠭᠤᠨᠰᠢ ᠨᠡᠭᠡᠭᠡᠯᠳᠡ ᠬᠢᠬᠦ᠌᠎ᠶ᠋ᠢ ᠵᠣᠷᠢᠭ᠍ᠵᠢᠭᠤᠯᠵᠤ᠂ ᠪᠠᠷᠠᠭᠤᠨ
ᠬᠡᠰᠡᠭ᠎ᠦᠨ ᠭᠠᠵᠠᠷ ᠣᠷᠣᠨ᠎ᠢ ᠨᠡᠭᠡᠭᠡᠨ ᠬᠥᠭ᠌ᠵᠢᠭᠦᠯᠬᠦ᠌ ᠵᠢᠴᠢ ᠳᠤᠮᠳᠠ ᠠᠽᠢᠶ᠎ᠠ᠂ ᠮᠣᠩᠭᠣᠯ ᠤᠯᠤᠰ ᠵᠡᠷᠭᠡ ᠲᠣᠲᠣᠭᠠᠳᠤ ᠬᠠᠭᠤᠷᠠᠢ᠎ᠶ᠋ᠢᠨ ᠤᠯᠤᠰ ᠪᠠ ᠭᠠᠵᠠᠷ ᠣᠷᠣᠨ᠎ᠢ ᠨᠡᠭᠡᠭᠡᠨ ᠬᠥᠭ᠌ᠵᠢᠭᠦᠯᠬᠦ᠌᠎ᠶ᠋ᠢ ᠲᠠᠢ᠌ᠴᠢᠯᠠᠵᠥ᠍᠂
ᠳᠡᠯᠡᠬᠡᠢ ᠨᠡᠢᠲᠡ᠎ᠳᠦ ᠳᠡᠯᠡᠬᠡᠢᠵᠢᠯᠲᠡ᠎ᠶ᠋ᠢᠨ ᠪᠠᠭ᠍ᠲᠠᠭᠠᠮᠵᠢᠲᠤ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ
ᠬᠡᠷᠡᠭ᠌ᠵᠢᠭᠦᠯᠪᠡ᠃ᠡᠭᠦᠨ᠎ᠦ ᠬᠠᠮᠳᠤ᠂《ᠨᠢᠭᠡ ᠪᠦᠰᠡ ᠨᠢᠭᠡ ᠵᠠᠮ》ᠶ᠋ᠢᠡᠷ
ᠲᠠᠮᠵᠢᠭᠤᠯᠵᠦ ᠳᠤᠮᠳᠠᠳᠤ ᠤᠯᠤᠰᠴᠢᠨᠠᠷᠰᠠᠢᠲᠠᠢᠦᠢᠯᠡᠳᠪᠦᠷᠢᠯᠡᠯᠦᠨ ᠴᠢᠳᠠᠪᠤᠷᠢ ᠪᠣᠯᠤᠨ ᠬᠠᠷᠢᠴᠠᠨᠭᠭᠤᠢ
ᠳᠠᠪᠠᠭᠤᠯᠢᠭ ᠠᠵᠤᠦᠢᠯᠡᠰᠶ᠋ᠢᠡᠨᠰᠠᠨᠠᠭᠠᠴᠢᠯᠠᠭᠠᠠᠴᠠᠪᠠᠨᠪᠠᠷᠠᠭᠤᠨᠰᠢ ᠳᠡᠯᠭᠡᠷᠡᠭᠦᠯᠵᠦ᠍᠂ ᠵᠠᠮ
ᠳᠠᠭᠠᠤ᠂ ᠡᠷᠭᠢ ᠳᠠᠭᠠᠤ ᠤᠯᠤᠰ᠎ᠤᠳ᠎ᠲᠤ ᠡᠩ ᠲᠡᠷᠢᠭᠦᠨ᠎ᠳᠦ ᠠᠱᠢᠭ ᠬᠦᠷᠲᠡᠭᠡᠬᠦ ᠪᠤᠯᠤᠨ᠎ᠠ᠃ ᠡᠨᠡ ᠨᠢᠲᠡᠦᠬᠡᠨ
ᠳᠡᠭᠡᠷᠡᠬᠢ ᠳᠤᠮᠳᠠᠳᠤ ᠠᠽᠢᠶ᠎ᠠ ᠵᠡᠷᠭᠡ ᠲᠣᠷᠭᠠᠨ ᠵᠠᠮ᠎ᠤᠨ ᠵᠠᠮ ᠳᠠᠭᠠᠤ ᠣᠷᠣᠨ ᠪᠦᠰᠡᠨᠢᠵᠥᠪᠬᠡᠨᠳᠣᠷᠣᠨᠠᠳᠠᠬᠢᠨᠥᠷᠥᠨᠡᠳᠠᠬᠢᠨᠤᠠᠷᠠᠯᠵᠢᠶᠠ᠂ ᠰᠤᠶᠤᠯ᠎ᠤᠨ
ᠰᠣᠯᠢᠯᠴᠠᠭ᠎ᠠ᠎ᠶ᠋ᠢᠨ ᠥᠩᠭᠡᠷᠡᠬᠦ᠌ ᠵᠠᠮᠪᠠᠢᠵᠦ᠂ ᠬᠥᠭ᠌ᠵᠢᠯᠲᠡ ᠪᠡᠷ ᠬᠤᠴᠤᠷᠤᠨᠭᠭᠤᠢ ᠪᠠᠢᠬᠰᠠᠨ ᠳᠦᠷᠰᠦ
ᠪᠠᠢᠳᠠᠯ᠎ᠢ ᠬᠤᠪᠢᠷᠠᠭᠤᠯᠬᠤ ᠪᠣᠯᠤᠨ᠎ᠠ᠃ ᠲᠡᠷᠡ ᠨᠢ ᠧᠦ᠋ᠷᠣᠫᠠ ᠲᠢᠪ᠎ᠦᠨ ᠬᠥᠮᠦᠰ᠎ᠦᠨ ᠡᠭᠦᠳᠦᠨ
ᠨᠡᠭᠡᠭᠡᠭ᠌ᠰᠡᠨ ᠳᠡᠯᠡᠬᠡᠢᠴᠢᠯᠡᠯᠲᠡᠡᠴᠡ ᠪᠣᠯᠤᠭ᠍ᠰᠠᠨ ᠶᠠᠳᠠᠭᠤ ᠪᠠᠶᠠᠨ᠎ᠤ ᠵᠥᠷᠢᠶ᠎ᠡ᠂ ᠭᠠᠵᠠᠷ ᠣᠷᠣᠨ᠎ᠤ
ᠬᠥᠭ᠌ᠵᠢᠯᠲᠡ᠎ᠶ᠋ᠢᠨ ᠲᠡᠩᠴᠡᠭᠦᠷᠢ ᠦᠭᠡᠢ ᠪᠠᠢᠳᠠᠯ᠎ᠠᠴᠠ ᠳᠠᠪᠠᠵᠤ᠂ ᠥᠨᠢ ᠤᠳᠠᠭᠠᠨ ᠡᠩᠬᠡ ᠲᠠᠢᠪᠤᠩ᠂ ᠨᠡᠢᠳᠡᠮ
ᠠᠮᠤᠷ ᠲᠦᠪᠱᠢᠨ᠂ ᠬᠠᠮᠲᠤ᠎ᠪᠠᠷ ᠴᠡᠴᠡᠭ᠌ᠯᠡᠨ ᠬᠥᠭ᠌ᠵᠢᠭ᠌ᠰᠡᠨ ᠡᠶ᠎ᠡ ᠵᠣᠬᠢᠴᠠᠯ ᠲᠠᠶ ᠳᠡᠯᠡᠬᠡᠢ ᠶᠢᠷᠲᠢᠨᠴᠦ᠍
ᠶ᠋ᠢ ᠪᠠᠢᠭᠤᠯᠬᠤ᠎ᠶ᠋ᠢ ᠠᠬᠢᠭᠤᠯᠤᠭ᠍ᠰᠠᠨ ᠪᠠᠢᠨ᠎ᠠ᠃
ᠭᠠᠵᠠᠷ ᠣᠷᠣᠨ᠎ᠤ ᠱᠢᠨ᠎ᠡ ᠮᠠᠶᠢᠭ᠎ᠤᠨ
ᠬᠠᠮᠲᠤᠷᠠᠯᠴᠠᠭ᠎ᠠ᠎ᠶ᠋ᠢ ᠡᠭᠦᠳᠬᠦ᠃ ᠳᠤᠮᠳᠠᠳᠤ ᠤᠯᠤᠰ᠎ᠤᠨ ᠥᠭᠡᠷᠡᠴᠢᠯᠡᠯᠲᠡ ᠨᠡᠬᠡᠬᠡᠯᠳᠡ ᠪᠣᠯ ᠣᠳᠣᠬᠠᠨ᠎ᠤ
ᠳᠡᠯᠡᠬᠡᠢ᠎ᠶ᠋ᠢᠨ ᠬᠠᠮᠤᠭ᠎ᠤᠨ ᠶᠡᠬᠡ ᠱᠢᠨ᠎ᠡ ᠡᠭᠦᠳᠦᠯᠲᠡ ᠪᠣᠯᠤᠨ᠎ᠠ᠂ 《ᠨᠢᠭᠡ ᠪᠦᠰᠡ ᠨᠢᠭᠡ ᠵᠠᠮ》 ᠨᠢ ᠪᠦᠬᠦ᠌
ᠲᠠᠯ᠎ᠠ᠎ᠶ᠋ᠢᠨ ᠭᠠᠳᠠᠭᠠᠳᠤ ᠨᠡᠬᠡᠬᠡᠯᠳᠡ᠎ᠶ᠋ᠢᠨ ᠪᠠᠢᠯᠳᠤᠬᠤ ᠪᠤᠳᠤᠯᠭ᠎ᠠ ᠪᠣᠯᠤᠭ᠍ᠰᠠᠨ᠎ᠤ ᠬᠤᠪᠢ᠎ᠳᠤ᠂ ᠠᠵᠤ
ᠠᠬᠤᠢ᠎ᠶ᠋ᠢᠨ ᠬᠤᠩᠬᠢᠯ᠎ᠤᠨ ᠤᠨᠤᠯ᠂ ᠠᠵᠤ ᠠᠬᠤᠢ᠎ᠶ᠋ᠢᠨ ᠪᠦᠰᠡ᠎ᠶ᠋ᠢᠨ ᠤᠨᠤᠯ᠂ 21ᠳ᠋ᠤᠭᠡᠷ ᠵᠠᠭᠤᠨ᠎ᠤ ᠤᠯᠠᠨ ᠤᠯᠤᠰ᠎ᠤᠨ
ᠬᠠᠮᠲᠤᠷᠠᠯᠴᠠᠭᠠᠨ᠎ᠤ ᠤᠨᠤᠯ ᠵᠡᠷᠭᠡ᠎ᠪᠡᠷ ᠠᠵᠤ ᠠᠬᠤᠢ᠎ᠶ᠋ᠢᠨ ᠬᠥᠭ᠌ᠵᠢᠯᠲᠡᠶ᠋ᠢᠨᠤᠨᠤᠯ᠂ᠣᠷᠣᠨᠪᠦᠰᠡᠶ᠋ᠢᠨᠬᠠᠮᠲᠤᠷᠠᠯᠴᠠᠭᠠᠨᠤ ᠤᠨᠤᠯ᠂
ᠳᠡᠯᠡᠬᠡᠢᠵᠢᠯᠲᠡ᠎ᠶ᠋ᠢᠨ ᠤᠨᠤᠯ᠎ᠢ ᠱᠢᠨᠡᠴᠢᠯᠡᠵᠦ᠍ ᠪᠠᠢᠨ᠎ᠠ᠃ 《ᠨᠢᠭᠡ
ᠪᠦᠰᠡ ᠨᠢᠭᠡ ᠵᠠᠮ》 ᠨᠢ ᠬᠠᠮᠲᠤ᠎ᠪᠠᠷ ᠵᠥᠪᠳᠡᠯᠴᠡᠬᠦ᠌᠂ ᠬᠠᠮᠲᠤ᠎ᠪᠠᠷ
ᠪᠠᠢᠭᠤᠯᠬᠤ᠂ ᠬᠠᠮᠲᠤ᠎ᠪᠠᠷ ᠡᠳ᠋ᠯᠡᠬᠦ᠌ ᠵᠠᠷᠴᠢᠮ᠎ᠢ ᠴᠢᠬᠤᠯᠠᠴᠢᠯᠠᠵᠤ᠂ ᠮᠠᠷᠱᠧᠯᠤᠨ ᠲᠥᠯᠥᠪᠯᠡᠭᠡ᠂
ᠭᠠᠳᠠᠭᠠᠳᠤ᠎ᠳᠤ ᠲᠤᠰᠠᠯᠠᠮᠵᠢ ᠦᠵᠡᠭᠦᠯᠬᠦ᠌ ᠵᠢᠴᠢ ᠭᠠᠳᠠᠭ᠍ᠰᠢ ᠭᠠᠷᠬᠤ ᠪᠠᠢᠯᠳᠤᠬᠤ ᠪᠤᠳᠤᠯᠭ᠎ᠠ᠎ᠶ᠋ᠢ
ᠳᠠᠪᠠᠵᠤ᠂ 21ᠳ᠋ᠤᠭᠡᠷ ᠵᠠᠭᠤᠨ᠎ᠤ
ᠤᠯᠠᠨ ᠤᠯᠤᠰ ᠤᠨ ᠬᠠᠮᠲᠤᠷᠠᠯᠴᠠᠭ᠎ᠠ ᠳᠤᠱᠢᠨᠡ ᠣᠢᠯᠠᠭᠠᠭ᠍ᠳᠠᠬᠤᠨ᠎ᠢ ᠠᠪᠴᠢᠷᠠᠭ᠍ᠰᠠᠨ ᠪᠠᠢᠨ᠎ᠠ᠃
ᠵᠢᠱ᠌ᠢᠶᠡᠯᠡᠪᠡᠯ᠂《ᠠᠵᠤ ᠠᠬᠤᠶ᠎ᠶ᠋ᠢᠨ ᠪᠦᠰᠡ》᠎ᠶ᠋ᠢᠨ
ᠤᠬᠠᠭ᠍ᠳᠠᠬᠤᠨ ᠪᠣᠯ ᠳᠠᠷᠤᠶ ᠭᠠᠵᠠᠷ ᠣᠷᠣᠨ᠎ᠤ ᠠᠵᠤ ᠠᠬᠤᠶ᠎ᠶ᠋ᠢᠨ ᠬᠠᠮᠲᠤᠷᠠᠯᠴᠠᠭᠠᠨ᠎ᠤ ᠵᠠᠭ᠍ᠪᠤᠷ᠎ᠤᠨ
ᠱᠢᠨ᠎ᠡ ᠡᠭᠦᠳᠦᠯᠲᠡ ᠮᠥᠨ᠃ ᠡᠭᠦᠨ᠎ᠳᠦ ᠠᠵᠤ ᠠᠬᠤᠶ᠎ᠶ᠋ᠢᠨ ᠬᠣᠩᠭᠢᠯ — ᠳᠤᠮᠳᠠᠳᠤ ᠣᠷᠣᠰ ᠮᠣᠩᠭᠣᠯ᠎ᠤᠨ ᠠᠵᠤ
ᠠᠬᠤᠶ᠎ᠶ᠋ᠢᠨ ᠬᠣᠩᠭᠢᠯ᠂ ᠱᠢᠨ᠎ᠡ ᠠᠽᠢᠶ᠎ᠠ ᠧᠦ᠋ᠷᠣᠫᠠ᠎ᠶ᠋ᠢᠨ ᠡᠬᠡ ᠬᠠᠭᠤᠷᠠᠶ᠎ᠶ᠋ᠢᠨ ᠬᠥᠭᠥᠷᠭᠡ᠂ ᠳᠤᠮᠳᠠᠳᠤ
ᠤᠯᠤᠰ — ᠳᠤᠮᠳᠠᠳᠤ ᠠᠽᠢᠶ᠎ᠠ᠎ᠶ᠋ᠢᠨ ᠠᠵᠤ ᠠᠬᠤᠶ᠎ᠶ᠋ᠢᠨ ᠬᠣᠩᠭᠢᠯ᠂ ᠪᠧᠩᠭᠠᠯ ᠳᠤᠮᠳᠠᠳᠤ ᠡᠨᠡᠳᠭᠡᠭ ᠪᠢᠷᠮᠠ᠎ᠶ᠋ᠢᠨ
ᠠᠵᠤ ᠠᠬᠤᠶ᠎ᠶ᠋ᠢᠨ ᠬᠣᠩᠭᠢᠯ᠂ ᠳᠤᠮᠳᠠᠳᠤ ᠤᠯᠤᠰ — ᠳᠤᠮᠳᠠᠳᠤ ᠡᠮᠦᠨᠡᠲᠦ᠍᠎ᠶ᠋ᠢᠨ ᠬᠣᠢᠭ᠎ᠤᠨ ᠠᠵᠤ
ᠠᠬᠤᠶ᠎ᠶ᠋ᠢᠨ ᠬᠣᠩᠭᠢᠯ ᠵᠡᠷᠭᠡ ᠨᠢ ᠠᠵᠤ ᠠᠬᠤᠶ᠎ᠶ᠋ᠢᠨ ᠨᠡᠮᠡᠭ᠌ᠳᠡᠯ᠎ᠢᠶᠡᠷ ᠡᠷᠬᠢᠨ ᠲᠣᠭᠣᠷᠢᠨ᠎ᠢ ᠲᠤᠢᠯ᠎ᠤᠨ
ᠶᠡᠬᠡᠪᠡᠷ ᠨᠥᠯᠥᠭᠡᠯᠡᠵᠦ᠍᠂ ᠤᠯᠠᠮᠵᠢᠯᠠᠯᠲᠤ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠣᠨᠣᠯ᠎ᠢ ᠳᠠᠪᠠᠭ᠍ᠰᠠᠨ
ᠪᠠᠢᠨ᠎ᠠ᠃
《ᠲᠣᠷᠭᠠᠨ ᠵᠠᠮ᠎ᠤᠨ ᠠᠵᠤ ᠠᠬᠤᠢ᠎ᠶ᠋ᠢᠨ ᠪᠦᠰᠡ》᠎ᠶ᠋ᠢᠨ
ᠤᠬᠠᠭ᠍ᠳᠠᠬᠤᠨ ᠨᠢ ᠲᠡᠦᠬᠡᠨ ᠳᠡᠭᠡᠷ᠎ᠡ ᠢᠯᠡᠷᠡᠭ᠌ᠰᠡᠨ ᠡᠯ᠎ᠡ ᠲᠦᠷᠦᠯ᠎ᠦᠨ 《ᠠᠵᠤ ᠠᠬᠤᠢ᠎ᠶ᠋ᠢᠨ ᠣᠷᠣᠨ》ᠪᠣᠯᠤᠨ 《ᠠᠵᠤ ᠠᠬᠤᠢ᠎ᠶ᠋ᠢᠨ ᠬᠣᠯᠪᠣᠭ᠎ᠠ》ᠲᠠᠶ ᠠᠳᠠᠯᠢ
ᠦᠭᠡᠢ ᠶᠤᠮ᠂ ᠳᠡᠭᠡᠷᠡᠬᠢ ᠬᠣᠶᠠᠷ ᠵᠦᠢᠯ᠎ᠲᠡᠶ ᠬᠠᠷᠢᠴᠠᠭᠤᠯᠪᠠᠯ᠂ ᠠᠵᠤ ᠠᠬᠤᠢ᠎ᠶ᠋ᠢᠨ ᠪᠦᠰᠡ ᠨᠢ ᠠᠮᠢᠳᠤᠯᠢᠭ
ᠴᠢᠨᠠᠷ ᠲᠠᠢ᠂ ᠬᠡᠷᠡᠭ᠌ᠯᠡᠭᠡᠨ᠎ᠦ ᠴᠢᠨᠠᠷ ᠲᠠᠢ᠂ ᠬᠡᠷᠡᠭ᠌ᠵᠢᠭᠦᠯᠵᠦ᠍ ᠪᠣᠯᠬᠤᠢᠴᠠ ᠴᠢᠨᠠᠷᠲᠠᠢ ᠵᠡᠷᠬᠡ
ᠣᠨᠴᠠᠯᠢᠭ᠎ᠲᠠᠶ᠂ ᠡᠯ᠎ᠡ ᠤᠯᠤᠰ ᠨᠢ ᠴᠥᠮ ᠡᠷᠬᠡ ᠲᠡᠭ᠌ᠰᠢ ᠣᠷᠣᠯᠴᠠᠭ᠍ᠴᠢ ᠪᠠᠢᠵᠤ᠂ ᠰᠠᠢ᠌ᠨ ᠳᠤᠷ᠎ᠠ᠎ᠠᠴᠠ᠎ᠪᠠᠨ
ᠣᠷᠣᠯᠴᠠᠬᠤ᠂ ᠬᠠᠮᠵᠢᠯᠴᠠᠨ ᠠᠬᠢᠭᠤᠯᠬᠤ ᠵᠠᠷᠴᠢᠮ ᠶᠣᠰᠣᠭᠠᠷ᠂ ᠡᠷᠲᠡᠨ᠎ᠦ ᠲᠣᠷᠭᠠᠨ ᠵᠠᠮ᠎ᠤᠨ ᠪᠦᠬᠦᠨ᠎ᠢ
ᠪᠠᠭ᠍ᠲᠠᠭᠠᠵᠤ ᠬᠠᠮᠤᠷᠬᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ ᠪᠠᠢᠳᠠᠭ᠃
ᠢᠷᠡᠯᠳᠡ᠄ ᠪᠠᠢᠳ᠋ᠦ᠋ ᠪᠠᠢ ᠺᠧ
ᠡᠮᠬᠢᠯᠡᠭᠴᠢ᠄ ᠰᠢᠶᠠᠡᠭ ᠲᠤᠤ