ᠴᠢᠬᠢᠭ᠎ᠤᠨ ᠦᠨᠦᠷ᠎ᠲᠠᠢ ᠬᠠᠪᠤᠷ᠎ᠤᠨ ᠰᠠᠯᠬᠢᠨ ᠵᠦᠭᠡᠯᠡᠭᠡᠨ ᠢᠯᠪᠢᠬᠦ᠌ᠳᠤ ᠯᠡ ᠮᠤᠳᠤᠳ᠎ᠤᠨ ᠮᠦᠴᠢᠷ ᠭᠠᠩᠬᠤᠨ ᠪᠦᠵᠢᠭ᠌ᠯᠡᠵᠦ᠍ ᠡᠬᠢᠯᠡᠨ᠎ᠡ᠃ ᠪᠦᠵᠢᠭ᠎ᠤᠨ ᠠᠢᠵᠠᠮ᠎ᠢ᠎ᠨᠢ ᠲᠠᠭᠠᠭᠠᠳ ᠨᠤᠭᠤᠭᠠᠨ ᠦᠩᠭᠡ ᠰᠠᠯᠬᠢ ᠱᠢᠬ ᠨᠠᠮᠢᠷᠠᠵᠦ᠍᠂ ᠡᠭᠡ ᠭᠠᠵᠠᠷ᠎ᠢ ᠪᠤᠳᠤᠬ᠍ᠯᠠᠬᠤᠨᠢ ᠤᠶᠠᠩᠭ᠎ᠠ᠎ᠲᠠᠢ᠃
ᠬᠠᠪᠤᠷ᠎ᠤᠨ ᠬᠤᠷ᠎ᠠ ᠠᠩᠬᠠᠨ᠎ᠤ ᠲᠤᠷᠠᠯᠠᠯ ᠱᠢᠬ ᠷᠤᠮᠠᠨᠲ᠋ᠢᠬ᠃ ᠱᠢᠨᠡᠭᠡᠨ ᠲᠡᠯᠭᠡᠷᠡᠭ᠌ᠰᠡᠨ ᠬᠦᠢᠯᠡᠰᠦᠨ ᠴᠡᠴᠡᠭ᠎ᠤᠨ ᠭᠡᠯᠳᠡᠰ ᠪᠦᠬᠦᠨ᠎ᠢ ᠠᠷᠢᠭᠤᠯᠠᠨ ᠤᠬᠢᠶᠠᠬᠤ᠎ᠳᠤ᠂ ᠴᠡᠴᠡᠭ᠎ᠤᠨ ᠦᠨᠦᠷ ᠬᠤᠷᠸ᠎ᠠ᠎ᠶ᠋ᠢ ᠨᠦᠮᠦᠷᠴᠤ᠌ ᠠᠩᠬᠢᠯᠤᠨ᠎ᠠ᠃ ᠬᠠᠪᠤᠷ᠎ᠤᠨ ᠡᠷᠪᠡᠭᠡᠢ᠂ ᠬᠠᠪᠤᠷ᠎ᠤᠨ ᠪᠤᠯᠵᠤᠮᠤᠷ᠂ ᠬᠠᠪᠤᠷ᠎ᠤᠨ ᠬᠦᠮᠦᠰ ᠁ ᠰᠠᠢᠬᠠᠨ ᠪᠦᠬᠦᠨ᠎ᠤ ᠪᠦᠷᠢᠯᠸ᠎ᠠ ᠪᠤᠯᠤᠭ᠍ᠰᠠᠨ ᠴᠡᠴᠡᠭᠡᠰ᠎ᠤᠨ ᠦᠨᠦᠷ᠎ᠲᠤ ᠰᠤᠭ᠍ᠳᠤᠭᠤᠷᠠᠪᠠ᠃
ᠪᠤᠷᠤᠭᠠᠨ᠎ᠤ ᠲᠤᠰᠤᠯ ᠴᠡᠴᠡᠭ᠎ᠤᠨ ᠲᠠᠯᠪᠢ᠎ᠠᠴᠠ ᠰᠠᠯᠵᠦ᠍ ᠶᠠᠳᠠᠨ ᠪᠤᠯᠤᠷ ᠮᠦᠬᠦᠯᠢᠭ᠎ᠨᠢ ᠬᠢᠯᠳᠠᠭᠠᠨᠠᠵᠦ᠍᠂ ᠬᠠᠪᠤᠷ᠎ᠤᠨ ᠨᠠᠷᠠ᠎ᠶ᠋ᠢ ᠠᠷᠭᠠᠮᠵᠢᠨ᠎ᠠ᠃ ᠴᠡᠴᠡᠭ᠎ᠤᠨ ᠱᠢᠪᠡᠨᠡᠭᠡ ᠪᠤᠷᠤᠭᠠᠨ᠎ᠤ ᠲᠤᠰᠤᠯᠢ ᠭᠡᠷᠬᠢᠨ ᠠᠷᠭᠠᠳᠠᠭ᠍ᠰᠠᠨᠢ ᠪᠤᠤ ᠮᠡᠳᠡ᠃ ᠪᠤᠷᠤᠭᠠᠨ᠎ᠤ ᠲᠤᠰᠤᠯ ᠠᠭᠠᠵᠢᠭᠤᠬᠠᠨ ᠲᠤᠰᠤᠯᠠᠵᠦ᠍᠂ ᠬᠦᠷᠦᠰᠦᠨ᠎ᠳᠤ ᠱᠢᠮᠡᠳᠦᠯᠡ᠃
ᠨᠢᠯᠬ᠎ᠠ ᠡᠪᠡᠰᠤ ᠴᠤᠬᠤᠢ᠍ᠢᠴᠢᠬᠠᠵᠠᠢ᠃
ᠬᠦᠭᠡ ᠡᠪᠡᠰᠤ᠂ ᠶᠠᠭᠠᠨ ᠴᠡᠴᠡᠭ᠂ ᠨᠤᠭᠤᠭᠠᠨ ᠮᠦᠴᠢᠷ — ᠬᠠᠪᠤᠷ ᠰᠠᠭᠠᠳᠠᠵᠠᠢ ᠳ᠋ᠠ᠃
ᠨᠡᠬᠦᠳᠡᠯ᠎ᠤᠨ ᠱᠢᠪᠠᠭᠤ᠂ ᠲᠦᠯ᠎ᠤᠨ ᠮᠠᠢᠯᠠᠭᠠ᠂ ᠭᠡᠦᠭᠡᠳ᠎ᠤᠨ ᠲᠠᠭᠤᠨ — ᠬᠦᠰᠡᠯ ᠪᠦᠬᠦᠨ ᠬᠠᠪᠤᠷ ᠬᠦᠪᠦᠷᠡᠳᠡᠭ ᠪᠠᠢᠵᠠᠢ᠃
ᠬᠠᠪᠤᠷ᠎ᠤᠨ ᠨᠠᠢᠷᠠᠯ᠎ᠠᠴᠠ ᠠᠨᠢᠷ ᠠᠪᠤᠭ᠍ᠰᠠᠨ ᠭᠤᠤᠯ᠎ᠤᠨ ᠤᠰᠤᠨ ᠬᠦᠯᠳᠡᠭ᠌ᠰᠡᠨ ᠴᠠᠭ᠎ᠢᠶᠠᠨ ᠨᠦᠬᠦᠬᠦ᠌ ᠭᠡᠰᠡᠨ ᠱᠢᠭ ᠶᠠᠭᠠᠷᠠᠯᠳᠠᠢ ᠴᠤ᠌ ᠤᠷᠤᠰᠤᠨ᠎ᠠ᠃ ᠭᠡᠨ ᠨᠢᠭᠡᠨ᠎ᠳᠤ ᠤᠴᠢᠬᠤ ᠭᠡ ᠪᠤᠯ ᠡ⁈
ᠬᠦᠢᠯᠡᠰᠦᠨ ᠴᠡᠴᠡᠭ᠎ᠤᠨ ᠭᠡᠯᠳᠡᠰ ᠤᠷᠤᠰᠭᠠᠯ᠎ᠳᠤ ᠬᠦᠪᠦᠨ ᠨᠡᠬᠦᠨ᠎ᠡ᠃
ᠠᠳᠤᠭᠤᠨ ᠲᠡᠯᠯᠡᠭᠡ ᠬᠦᠳᠡᠭᠡ ᠲᠠᠯ᠎ᠠ᠎ᠶ᠋ᠢ ᠰᠤᠴᠢᠭᠠᠨ ᠰᠡᠷᠢᠭᠡᠵᠦ᠍᠂ ᠴᠠᠰᠤ ᠬᠠᠭ᠍ᠵᠠᠷᠠᠭ᠍ᠰᠠᠨ ᠲᠠᠷᠯᠠᠨ ᠲᠠᠯ᠎ᠠ ᠲᠤᠭᠤᠷᠠᠢ᠎ᠶ᠋ᠢᠨ ᠡᠩᠢᠶᠠᠷ ᠲᠡᠯᠡᠨ᠎ᠡ᠃
ᠮᠠᠱᠢᠨ᠎ᠤ ᠲᠠᠭᠤᠨ ᠲᠠᠷᠢᠶᠠᠨ ᠭᠠᠵᠠᠷ᠎ᠲᠤ ᠲᠠᠭᠤᠷᠢᠰᠴᠤ᠌᠂ ᠬᠦᠢᠳᠡᠨ ᠬᠦᠷᠦᠰᠦ᠎ᠶ᠋ᠢ ᠪᠦᠯᠢᠶᠡᠴᠡᠬᠦᠯᠦᠨᠡ᠃ ᠬᠦᠳᠡᠭᠡ ᠨᠤᠲᠤᠭ᠎ᠤᠨ ᠬᠦᠭ᠌ᠵᠢᠯ ᠮᠠᠨᠳᠤᠯ᠂ ᠮᠠᠯ ᠲᠠᠷᠢᠶᠠᠯᠠᠩ᠎ᠤᠨ ᠤᠳᠤᠬᠢᠴᠢᠯᠠᠯᠳᠠ ᠱᠢᠨᠡᠴᠢᠯᠡᠯᠳᠡ ᠁ ᠬᠠᠪᠤᠷ᠎ᠤᠨ ᠴᠡᠴᠡᠭ᠎ᠤᠨ ᠦᠩ ᠤᠯᠠᠨ ᠱᠢᠪᠡᠨᠡᠭᠡ ᠴᠡᠴᠡᠭ᠎ᠤᠨ ᠦᠨᠦᠷ᠂ ᠴᠡᠴᠡᠭ᠎ᠤᠨ ᠭᠡᠯᠳᠡᠰᠲᠠᠢᠪᠠᠨ ᠬᠠᠮᠳᠤ ᠬᠠᠪᠤᠷ᠎ᠤᠨ ᠤᠰᠤᠨ᠎ᠤ ᠤᠷᠤᠰᠭᠠᠯ᠎ᠢ ᠬᠦᠯᠦᠭ᠌ᠯᠡᠨ ᠡᠭᠡ ᠲᠡᠯᠡᠬᠡᠢ᠎ᠳᠤ ᠪᠤᠮᠠᠨ ᠬᠦᠰᠡᠯ᠎ᠤᠨ ᠰᠤᠷᠠᠭ ᠲᠠᠮᠵᠢᠭᠤᠯᠤᠨ᠎ᠠ᠃






