ᠱᠢᠨ ᠹᠠ ᠲᠤᠰᠭᠤᠨ᠎ᠤ ᠠᠷᠠᠳ ᠤᠯᠠᠭᠠᠨ ᠪᠦᠮᠪᠦᠬᠡᠨ ᠲᠤᠭᠤᠷᠴᠤᠬ᠍ᠳᠤ ᠮᠦᠬᠦ᠌ ᠲᠠᠷᠢᠭᠠᠳ ᠡᠯᠪᠡᠭ ᠬᠤᠷᠢᠶᠠᠯᠳᠠ ᠤᠯᠵᠠᠢ
2020-09-30 10:41:45
ᠵᠣᠬᠢᠶᠠᠭ᠍ᠴᠢ᠄
ᠬᠡᠱᠢᠭ᠌ᠪᠦᠶᠠᠨ
ᠣᠩᠱᠢᠭ᠍ᠰᠠᠨ ᠣᠳᠠᠭ᠎ᠠ᠄
★★★☆☆

ᠲᠠᠩᠰᠤᠬ ᠨᠠᠮᠤᠷ᠎ᠤᠨ 9 ᠰᠠᠷ᠎ᠠ᠎ᠳᠤ᠂ ᠰᠤᠷᠪᠤᠯᠵᠢᠯᠠᠬ᠍ᠴᠢ ᠵᠠᠯᠠᠢᠳ ᠬᠤᠱᠢᠭᠤᠨ᠎ᠤ ᠱᠢᠨ ᠯᠢᠨ ᠪᠠᠯᠭᠠᠰᠤᠨ᠎ᠤ ᠱᠢᠨ ᠹᠠ ᠲᠤᠰᠭᠤᠨ᠎ᠤ ᠤᠢ ᠲᠤᠤᠷᠡᠬᠢ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠠᠷᠢᠬᠤ ᠰᠠᠭᠤᠷᠢᠨ᠎ᠳᠤ ᠬᠦᠷᠦᠭᠡᠳ ᠠᠯᠤᠰ᠎ᠢ ᠪᠠᠷᠠᠯᠠᠬᠤ᠎ᠳᠤ᠂ ᠲᠤᠳᠤᠷᠭᠠᠨ ᠡᠰᠢ ᠰᠦᠷᠡᠯ ᠲᠠᠪᠢᠰᠦᠭ᠌ᠰᠠᠨ ᠲᠤᠯᠠᠭᠠᠨ ᠬᠠᠱᠢᠯᠭ᠎ᠠ ᠳᠡᠭᠡᠷ᠎ᠡ ᠮᠦᠬᠦᠯᠢᠭ ᠮᠦᠬᠦᠯᠢᠭ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠤᠯᠤᠭᠠᠢ᠎ᠪᠠᠨ ᠪᠤᠯᠳᠠᠢᠯᠭᠠᠨ ᠭᠠᠷᠴᠦ᠍ ᠢᠷᠡᠭᠡᠳ ᠴᠠᠭᠠᠨ ᠡᠰᠢ᠎ᠨᠢ ᠱᠢᠮ᠎ᠠ ᠲᠡᠵᠢᠬᠡᠯᠳᠤ ᠬᠦᠷᠦᠰᠦᠨ᠎ᠳᠤ ᠦᠨᠳᠦᠰᠦ ᠬᠠᠳᠭᠤᠵᠦ᠍ ᠲᠤᠷᠪᠢᠯᠢᠭ ᠪᠤᠢᠵᠢᠵᠦ᠍᠂ ᠲᠤᠰᠭᠤᠨ᠎ᠤ ᠠᠷᠠᠳ ᠨᠢᠬᠡᠨᠳᠡ ᠪᠤᠯᠪᠠᠰᠤᠷᠠᠭ᠍ᠰᠠᠨ ᠮᠦᠬᠦ᠌᠎ᠶ᠋ᠢ ᠬᠢᠴᠢᠶᠡᠭ᠌ᠰᠡᠨ ᠳᠡᠭᠡᠷ᠎ᠡ ᠬᠢᠴᠢᠶᠡᠵᠦ᠍ ᠪᠠᠢᠮᠠᠨᠵᠢᠨ ᠲᠡᠬᠦᠵᠦ᠍᠂ ᠲᠤᠬᠠᠢ᠎ᠶ᠋ᠢᠨ ᠲᠠᠯᠠᠪᠠᠢ᠎ᠳᠤ ᠡᠯᠪᠡᠭ ᠬᠤᠷᠢᠶᠠᠯᠳᠠ᠎ᠶ᠋ᠢᠨ ᠪᠠᠶᠠᠷ ᠵᠢᠷᠭᠠᠯ᠎ᠢᠶᠠᠷ ᠪᠢᠯᠬᠠᠮ᠎ᠠ ᠪᠠᠢᠯ᠎ᠠ᠃


downLoad-20200930103311.jpg


ᠵᠠᠯᠠᠢᠳ ᠬᠤᠱᠢᠭᠤᠨ᠎ᠤ ᠱᠢᠨ ᠯᠢᠨ ᠪᠠᠯᠭᠠᠰᠤᠨ᠎ᠤ ᠱᠢᠨ ᠹᠠ ᠲᠤᠰᠭᠤᠨ ᠲᠠᠷᠢᠶᠠᠯᠠᠩ᠎ᠤᠨ ᠡᠰᠢ ᠰᠦᠷᠡᠯ᠎ᠢ ᠡᠬᠡᠬᠦᠯᠤᠨ ᠠᠪᠴᠦ᠍ ᠠᠱᠢᠬ᠍ᠯᠠᠬᠤ ᠶᠠᠪᠤᠴᠡ᠎ᠳᠤ ᠠᠵᠦ᠍ ᠠᠬᠤᠢ᠎ᠶ᠋ᠢᠨ ᠱᠢᠨ᠎ᠡ ᠨᠡᠮᠡᠭ᠌ᠳᠡᠯ᠎ᠤᠨ ᠴᠡᠭ᠎ᠢ ᠬᠠᠢᠨ ᠰᠦᠪᠡᠭ᠌ᠴᠢᠯᠡᠵᠤ᠂ 《ᠬᠤᠷᠱᠢᠶ᠎ᠠ + ᠲᠠᠷᠢᠶᠠᠴᠢᠨ ᠡᠷᠤᠬᠡ + ᠵᠠᠬ᠎ᠠ ᠲᠡᠯᠬᠡᠬᠦᠷ》 ᠎ᠤᠨ ᠵᠠᠬ᠍ᠪᠦᠷ᠎ᠢ ᠬᠡᠷᠡᠭ᠌ᠵᠢᠬᠦᠯᠵᠦ᠍᠂ 120 ᠮᠦ᠍ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠠᠷᠢᠵᠦ᠍᠂ ᠠᠮᠢ ᠠᠬᠤᠢ᠎ᠶ᠋ᠢ ᠬᠠᠮᠠᠭᠠᠯᠠᠬᠤ ᠪᠡ ᠠᠵᠦ᠍ ᠦᠢᠯᠡᠰ᠎ᠢ ᠬᠦᠭ᠌ᠵᠢᠬᠦᠯᠬᠦ᠌ ᠶᠠᠪᠤᠴᠡ᠎ᠳᠤ ᠨᠢᠬᠡ ᠵᠤᠷᠪᠤᠰ ᠬᠦᠭ᠌ᠵᠢᠯᠳᠠ᠎ᠶ᠋ᠢᠨ ᠱᠢᠨ᠎ᠠ ᠠᠷᠭ᠎ᠠ ᠵᠠᠮ᠎ᠢ ᠰᠦᠪᠡᠭ᠌ᠴᠢᠯᠠᠨ ᠭᠠᠷᠭᠠᠵᠠᠢ᠃  

ᠱᠢᠨ ᠹᠠ ᠲᠤᠰᠭᠤᠨ᠎ᠤ ᠲᠠᠷᠢᠶᠠᠴᠢᠨ ᠮᠠ ᠵᠢᠶᠠᠨ ᠱᠢᠶᠠᠩ ᠡᠨᠡ ᠵᠢᠯ 10 ᠮᠦ᠍ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠠᠷᠢᠵᠦ᠍᠂ ᠭᠠᠷ᠎ᠲᠠᠭᠠᠨ ᠰᠠᠶᠢᠬᠠᠨ ᠲᠡᠭᠦᠭ᠌ᠰᠡᠨ ᠮᠦᠬᠦ᠌᠎ᠪᠠᠨ ᠪᠢᠳᠡᠬᠦᠯᠡᠵᠦ᠍᠂ ᠠᠮᠠ ᠬᠠᠮᠬᠢᠯ ᠦᠬᠡᠢ ᠪᠠᠶᠠᠷᠯᠠᠨ᠎ᠠ᠃ 《ᠤᠳᠤ ᠵᠠᠭ ᠮᠦᠬᠦ᠌ ᠲᠡᠬᠦᠬᠦ᠌ ᠶᠠᠭᠠᠷᠠᠯᠳᠠᠢ ᠤᠯᠠᠷᠢᠯ ᠪᠤᠯᠤᠯ᠎ᠡ᠂ ᠵᠢᠱ᠌ᠢᠯᠳᠠ᠎ᠪᠠᠷ 10 ᠰᠠᠷ᠎ᠠ᠎ᠳᠤ ᠲᠡᠬᠦᠵᠦ᠍ ᠲᠠᠭᠤᠰᠤᠨ᠎ᠡ᠂ ᠮᠢᠨᠤ ᠡᠨᠡ 120 ᠮᠦ᠍ ᠲᠠᠷᠢᠬ᠍ᠰᠠᠨ ᠮᠦᠬᠦ᠌᠎ᠠᠴᠠ ᠪᠠᠷᠤᠭ ᠯᠠ 40 — 50 ᠲᠤᠨ ᠮᠦᠬᠦ᠌ ᠭᠠᠷᠴᠦ᠍᠂ ᠠᠵᠦ᠍ ᠠᠬᠤᠢ᠎ᠶ᠋ᠢᠨ ᠦᠷ᠎ᠠ ᠠᠱᠢᠭ᠎ᠨᠢ 30 — 40 ᠲᠦᠮᠡᠨ ᠲᠦᠭᠦᠷᠢᠭ᠎ᠲᠤ ᠬᠦᠷᠦᠨ᠎ᠠ》 ᠬᠡᠵᠦ᠍ ᠱᠢᠨ ᠯᠢᠨ ᠪᠠᠯᠭᠠᠰᠤᠨ᠎ᠤ ᠱᠢᠨ ᠹᠠ ᠲᠤᠰᠭᠤᠨ᠎ᠤ ᠲᠠᠷᠢᠶᠠᠴᠢᠨ ᠮᠠ ᠵᠢᠶᠠᠨ ᠱᠢᠶᠠᠩ ᠬᠡᠯᠡᠨ᠎ᠠ᠃ ᠮᠠ ᠵᠢᠶᠠᠨ ᠱᠢᠶᠠᠩ ᠪᠤᠯ ᠱᠢᠨ ᠹᠠ ᠲᠤᠰᠭᠤᠨ᠎ᠤ ᠲᠦᠷᠦᠭᠦᠤ ᠪᠦᠯᠦᠭ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠤᠷᠱᠢᠨ ᠲᠠᠷᠢᠭ᠍ᠰᠠᠨ ᠲᠠᠷᠢᠶᠠᠴᠢᠨ᠎ᠤ ᠨᠢᠬᠡ ᠪᠤᠯᠤᠨ᠎ᠠ᠃ ᠲᠡᠬᠦᠨ᠎ᠢ ᠮᠦᠬᠦ᠌ ᠲᠠᠷᠢᠬᠤ ᠵᠠᠮ᠎ᠳᠤ ᠬᠦᠳᠦᠯᠦᠭ᠌ᠰᠡᠨ ᠬᠦᠮᠤᠨ ᠪᠤᠯ ᠲᠠᠷᠤᠢ ᠵᠠᠯᠠᠢᠳ ᠬᠤᠱᠢᠭᠤᠨ᠎ᠤ ᠢᠳᠡᠭᠡᠨ᠎ᠤ ᠮᠦᠬᠦ᠌᠎ᠶ᠋ᠢᠨ ᠲᠤᠰᠭᠠᠢ ᠬᠤᠷᠱᠢᠶ᠎ᠠ᠎ᠶ᠋ᠢᠨ ᠬᠡᠷᠡᠭ ᠮᠡᠳᠡᠭ᠌ᠴᠢᠳ᠎ᠤᠨ ᠲᠠᠷᠤᠭ᠎ᠠ ᠵᠧᠩ ᠴᠢ ᠵᠢᠶᠦ᠋ᠨ ᠪᠤᠯᠤᠨ᠎ᠠ᠃

2019 ᠤᠨ᠎ᠳᠤ᠂ ᠵᠸᠡᠭ ᠴᠢ ᠵᠢᠶᠦ᠋ᠨ ᠡᠰᠢ ᠰᠦᠷᠡᠯ᠎ᠢ ᠡᠬᠡᠬᠦᠯᠦᠨ ᠠᠪᠴᠦ᠍ ᠠᠱᠢᠬ᠍ᠯᠠᠬᠤ᠎ᠳᠤ ᠯᠤᠳᠤ ᠶᠡᠭᠡ ᠬᠦᠭ᠌ᠵᠢᠯᠳᠠ᠎ᠶ᠋ᠢᠨ ᠨᠦᠬᠡᠴᠡ ᠬᠦᠴᠦᠨ᠎ᠲᠠᠢ᠎ᠶ᠋ᠢ ᠠᠵᠢᠵᠤ ᠮᠡᠳᠡᠭᠡᠳ ᠡᠮᠦᠨ᠎ᠠ ᠬᠤᠭᠤᠴᠠᠭᠠᠨ᠎ᠤ ᠱᠢᠨᠵᠢᠯᠠᠨ ᠪᠠᠢᠴᠠᠭᠠᠯᠳᠠ ᠬᠢᠵᠦ᠍ ᠰᠤᠷᠤᠯᠴᠠᠬᠤ᠎ᠪᠠᠷ ᠲᠠᠮᠵᠢᠵᠦ᠍᠂ ᠲᠡᠬᠦᠨ᠎ᠤ ᠨᠢᠳᠦᠨ ᠬᠠᠷᠠᠴᠡ᠎ᠪᠠᠨ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠠᠷᠢᠬᠤ ᠦᠢᠯᠡᠰ᠎ᠢ ᠤᠨᠢᠯᠡᠵᠦ᠍᠂ ᠲᠤᠬᠠᠢ᠎ᠶ᠋ᠢᠨ ᠵᠢᠯ᠎ᠳᠡᠭᠡᠨ 5 ᠮᠦ᠍ ᠲᠤᠷᠱᠢᠨ ᠲᠠᠷᠢᠵᠦ᠍᠂ ᠨᠡᠯᠢᠶᠡᠳ ᠰᠠᠢᠨ ᠠᠵᠦ᠍ ᠠᠬᠤᠢ᠎ᠶ᠋ᠢᠨ ᠦᠷ᠎ᠡ ᠠᠱᠢᠭ ᠤᠯᠵᠠᠢ᠃ ᠡᠨᠡ ᠵᠢᠯ ᠵᠸᠡᠭ ᠴᠢ ᠵᠢᠶᠦ᠋ᠨ ᠲᠠᠷᠢᠮᠠᠯ᠎ᠤᠨ ᠲᠠᠯᠠᠪᠠᠢ᠎ᠪᠠᠨ ᠦᠷᠬᠡᠳᠭᠡᠵᠦ᠍ ᠲᠤᠰᠭᠤᠨ᠎ᠤ 6 ᠡᠷᠤᠬᠡ ᠲᠠᠷᠢᠶᠠᠴᠢᠨ᠎ᠢ ᠲᠠᠢᠴᠢᠯᠠᠵᠦ᠍ 120 ᠮᠦ᠍ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠲᠠᠷᠢᠵᠦ᠍᠂ ᠬᠤᠷᠱᠢᠶ᠎ᠡ᠎ᠠᠴᠠ ᠮᠦᠬᠦ᠌᠎ᠶ᠋ᠢᠨ ᠦᠷ᠎ᠡ ᠬᠢᠬᠡᠳ ᠮᠡᠷᠬᠡᠵᠢᠯ ᠬᠠᠨᠭ᠌ᠭᠠᠵᠦ᠍᠂ ᠪᠠᠰᠠ ᠡᠬᠦᠳᠡᠨ᠎ᠳᠤᠨᠢ ᠬᠦᠷᠴᠦ᠍ ᠪᠤᠯᠪᠠᠰᠤᠷᠠᠭ᠍ᠰᠠᠨ ᠮᠦᠬᠦ᠌᠎ᠶ᠋ᠢ᠎ᠨᠢ ᠡᠬᠡᠬᠦᠯᠤᠨ ᠬᠤᠳᠠᠯᠳᠤᠨ ᠠᠪᠴᠤ᠌ ᠪᠤᠢ᠃ ᠡᠨᠡ ᠵᠢᠯ ᠲᠠᠷᠢᠶᠠᠴᠢᠨ ᠡᠷᠤᠬᠡ᠎ᠶ᠋ᠢᠨ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠮᠦ᠍ ᠪᠦᠷᠢ᠎ᠠᠴᠠ 4000 — 8000 ᠵᠢᠩ ᠮᠦᠬᠦ᠌ ᠬᠤᠷᠢᠶᠠᠵᠤ᠂ ᠡᠨᠡ ᠵᠢᠯ᠎ᠤᠨ ᠵᠠᠬ᠎ᠠ ᠲᠡᠯᠬᠡᠬᠦᠷ᠎ᠤᠨ ᠬᠠᠮᠤᠭ ᠲᠤᠤᠷ᠎ᠠ ᠦᠨ᠎ᠠ᠎ᠪᠠᠷ ᠪᠤᠳᠤᠬᠤ᠎ᠳᠤ ᠮᠦ᠍ ᠪᠦᠷᠢ᠎ᠶ᠋ᠢᠨ ᠴᠡᠪᠡᠷ ᠤᠷᠤᠯᠭ᠎ᠠ᠎ᠨᠢ 6000 ᠲᠦᠬᠦᠷᠢᠭ᠎ᠠᠴᠠ ᠲᠡᠬᠡᠭ᠌ᠰᠢ᠎ᠳᠤ ᠬᠦᠷᠦᠨ᠎ᠡ᠃

ᠵᠠᠯᠠᠢᠳ ᠬᠤᠱᠢᠭᠤᠨ᠎ᠤ ᠢᠳᠡᠱᠢᠨ ᠮᠦᠬᠦ᠌᠎ᠶ᠋ᠢᠨ ᠲᠤᠰᠭᠠᠢ ᠬᠤᠷᠱᠢᠶ᠎ᠠ᠎ᠶ᠋ᠢᠨ ᠬᠡᠷᠡᠭ ᠮᠡᠳᠡᠭ᠌ᠴᠢᠳ᠎ᠤᠨ ᠲᠠᠷᠤᠭ᠎ᠠ ᠵᠧᠩ ᠴᠢ ᠵᠢᠶᠦ᠋ᠨ᠎ᠤ ᠬᠡᠯᠡᠬᠦ᠌᠎ᠪᠠᠷ᠄ 《ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌᠎ᠶ᠋ᠢ 4 ᠰᠠᠷ᠎ᠠ᠎ᠠᠴᠠ 9 ᠰᠠᠷ᠎ᠠ᠎ᠶ᠋ᠢᠨ ᠬᠤᠭᠤᠷᠤᠨᠳᠤ ᠪᠦᠷ ᠲᠠᠷᠢᠵᠦ᠍ ᠪᠤᠯᠤᠨ᠎ᠠ᠂ ᠦᠶᠡᠯᠡᠯᠳᠤ ᠴᠢᠨᠡᠷ᠎ᠢᠶᠠᠷ ᠤᠨᠴᠠᠭᠠᠢ ᠤᠬᠤᠷ ᠪᠠᠢᠳᠠᠭ᠂ 40 ᠡᠳᠦᠷ᠎ᠠᠴᠠ 60 ᠡᠳᠦᠷ ᠪᠤᠯᠤᠭ᠍ᠰᠠᠭᠠᠷ ᠮᠦᠬᠦ᠌ ᠪᠤᠯᠪᠠᠰᠤᠷᠠᠴᠢᠬᠠᠨ᠎ᠡ᠂ ᠦᠨᠦᠳᠦᠷ ᠨᠤᠳᠤᠭ᠎ᠤᠨ ᠬᠤᠳᠠᠯᠳᠤᠭᠠᠴᠢᠨ ᠪᠠᠰᠠ ᠠᠳᠡ ᠢᠷᠡᠬᠡᠳ ᠪᠠᠢᠨ᠎ᠠ᠂ ᠡᠳᠡᠬᠡᠷ ᠮᠠᠢᠮᠠᠢᠴᠢᠨ ᠪᠢᠳᠡᠨ᠎ᠤ ᠰᠤᠷᠭᠤᠭ ᠮᠦᠬᠦ᠌᠎ᠶ᠋ᠢ ᠬᠤᠳᠠᠯᠳᠤᠨ ᠠᠪᠤᠭᠠᠳ ᠲᠡᠷᠡ ᠲᠠᠷᠦ᠋ᠢᠬᠠᠨ ᠪᠡᠬᠡᠵᠢᠩ᠂ ᠱᠠᠩᠬᠠᠢ᠂ ᠭᠤᠧᠡᠩᠵᠧᠦ᠂ ᠱᠧᠨᠵᠧᠨ ᠲᠡᠢᠰᠢ ᠪᠤᠷᠤᠯᠠᠭᠤᠯᠳᠠᠬ》 ᠬᠡᠪᠡ᠃

ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌ ᠱᠢᠮ᠎ᠠ ᠲᠡᠵᠢᠬᠡᠯ᠎ᠢᠶᠠᠷ ᠡᠯᠪᠡᠭ᠂ ᠦᠨᠦᠷ ᠠᠮᠳᠠ᠎ᠨᠢ ᠰᠤᠷᠭᠤᠭ᠂ ᠲᠠᠷᠢᠵᠦ᠍ ᠤᠷᠭᠤᠭᠤᠯᠬᠤ᠎ᠳᠤ ᠭᠤᠤᠯᠳᠠᠭᠤ ᠡᠰᠢ ᠰᠦᠷᠡᠯ᠂ ᠡᠷᠳᠡᠨᠢ ᠱᠢᠰᠢ᠎ᠶ᠋ᠢᠨ ᠪᠠᠭᠠᠨᠠᠴᠢᠷ᠂ ᠲᠤᠳᠤᠷᠭ᠎ᠠ᠎ᠶ᠋ᠢᠨ ᠬᠠᠯᠢᠰᠦ ᠵᠡᠷᠬᠡ᠎ᠪᠠᠷ ᠲᠠᠷᠢᠮᠠᠯ᠎ᠤᠨ ᠲᠦᠬᠦᠬᠡᠢ ᠮᠠᠲ᠋ᠧᠷᠢᠶᠠᠯ ᠪᠤᠯᠭᠠᠵᠦ᠍᠂ ᠵᠤᠬᠢᠰᠳᠠᠢ ᠲᠤᠰᠠᠯᠠᠬᠤ ᠮᠠᠲ᠋ᠧᠷᠢᠶᠠᠯ ᠲᠤᠬᠢᠷᠠᠭᠤᠯᠪᠠᠯ ᠪᠤᠯᠴᠢᠬᠠᠨ᠎ᠠ᠃ ᠡᠨᠡ᠎ᠨᠢ ᠲᠠᠷᠢᠶᠠᠯᠠᠩ᠎ᠤᠨ ᠤᠷᠭᠤᠮᠠᠯ᠎ᠤᠨ ᠡᠰᠢ ᠰᠦᠷᠡᠯ᠎ᠢ ᠪᠦᠳᠤᠮᠵᠢᠳᠠᠢ ᠱᠢᠢᠳᠪᠦᠷᠢᠯᠡᠭ᠌ᠰᠡᠨ᠎ᠢᠶᠠᠷ ᠪᠠᠷᠠᠬᠤ ᠦᠬᠡᠢ ᠪᠠᠰᠠ ᠰᠤᠯᠨ ᠲᠠᠯᠪᠢᠬ᠍ᠳᠠᠵᠦ᠍ ᠪᠠᠢᠬᠤ ᠤᠢ ᠱᠢᠭᠤᠢ᠂ ᠬᠦᠷᠢᠶ᠎ᠡ ᠬᠠᠱᠢᠶ᠎ᠠ᠎ᠶ᠋ᠢᠨ ᠦᠷᠳᠡᠭ ᠨᠡᠮᠡᠭ᠌ᠳᠡᠬᠦ᠌᠎ᠶ᠋ᠢ ᠪᠡᠶᠡᠯᠡᠬᠦᠯᠵᠦ᠍᠂ ᠴᠢᠨᠠᠭ᠍ᠰᠢᠯᠠᠨ ᠠᠵᠦ᠍ ᠠᠬᠤᠢ᠎ᠶ᠋ᠢᠨ ᠦᠷ᠎ᠡ ᠠᠱᠢᠭ᠂ ᠨᠡᠢᠬᠡᠮ᠎ᠤᠨ ᠦᠷ᠎ᠠ ᠠᠱᠢᠭ ᠠᠮᠢ ᠠᠬᠤᠢ᠎ᠶ᠋ᠢᠨ ᠦᠷ᠎ᠡ ᠠᠱᠢᠭ ᠨᠢᠬᠡᠳᠬᠦ᠌᠎ᠶ᠋ᠢ ᠪᠡᠶᠡᠯᠡᠬᠦᠯᠵᠠᠢ᠃ ᠡᠨᠡ ᠵᠢᠯ 120 ᠮᠦ᠍ ᠤᠯᠠᠭᠠᠨ ᠪᠦ᠍ᠮᠪᠦᠬᠡᠨ ᠲᠤᠭᠤᠷᠴᠤᠬ᠍ᠳᠤ ᠮᠦᠬᠦ᠌᠎ᠶ᠋ᠢᠨ ᠡᠯᠪᠡᠭ ᠬᠤᠷᠢᠶᠠᠯᠳᠠ ᠤᠯᠤᠭ᠍ᠰᠠᠨ᠎ᠨᠢ ᠱᠢᠨ ᠹᠠ ᠲᠤᠰᠭᠤᠨ᠎ᠤ ᠠᠷᠠᠳ᠎ᠤᠨ ᠮᠦᠬᠦ᠌ ᠲᠠᠷᠢᠬᠤ ᠢᠳᠡᠬᠡᠯ᠎ᠢ ᠬᠦᠪᠴᠢᠯᠠᠵᠠᠢ᠃ ᠲᠠᠷᠠᠭ᠎ᠠ ᠵᠢᠯ ᠲᠡᠳᠡ ᠲᠠᠷᠢᠮᠠᠯ᠎ᠤᠨ ᠲᠠᠯᠠᠪᠠᠢ᠎ᠪᠠᠨ ᠦᠷᠬᠡᠳᠭᠡᠵᠦ᠍᠂ ᠦᠢᠯᠡᠳᠬᠦᠨ᠎ᠤ ᠲᠠᠭᠠᠯᠳᠠ ᠦᠷᠳᠡᠭ᠎ᠢᠶᠠᠨ ᠰᠤᠩᠭᠤᠬᠤ᠎ᠪᠠᠷ ᠲᠦᠯᠦᠪᠯᠡᠵᠦ᠍᠂ ᠤᠯᠠᠭᠠᠨ ᠲᠤᠭᠤᠷᠴᠤᠬ᠍ᠳᠤ ᠪᠦᠮᠪᠦᠬᠡᠨ ᠮᠦᠬᠦ᠌᠎ᠶ᠋ᠢᠨ ᠠᠵᠦ᠍ ᠦᠢᠯᠡᠰ᠎ᠨᠢ ᠲᠠᠷᠢᠶᠠᠴᠢᠳ᠎ᠤᠨ ᠤᠷᠤᠯᠭ᠎ᠠ ᠨᠡᠮᠡᠭ᠌ᠳᠡᠬᠦᠯᠵᠦ᠍ ᠪᠠᠶᠠᠵᠢᠨ ᠴᠢᠨᠡᠬᠡᠯᠢᠭ᠌ᠵᠢᠬᠦ᠌ 《ᠠᠯᠳᠠᠨ ᠮᠦᠬᠦ᠌》 ᠪᠤᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号