ᠤᠢ᠍ᠢᠷ᠎ᠠ᠎ᠶ᠋ᠢᠨ ᠡᠳᠦᠷ᠂ ᠪᠠᠶᠠᠨᠨᠠᠭᠤᠷ ᠬᠤᠲᠠ᠎ᠶ᠋ᠢᠨ ᠲᠤᠮᠳᠠᠳᠤ ᠤᠯᠤᠰ᠎ᠤᠨ ᠲᠠᠷᠢᠶᠠᠴᠢᠨ᠎ᠤ ᠡᠯᠪᠡᠭ ᠬᠤᠷᠢᠶᠠᠯᠲᠠ᠎ᠶ᠋ᠢᠨ ᠪᠠᠶᠠᠷ᠎ᠢ ᠪᠡᠯᠭᠡᠯᠡᠬᠦ᠌ ᠵᠢᠴᠢ ᠭᠤᠷᠪᠠᠳᠤᠭᠠᠷ ᠬᠤᠭᠤᠴᠠᠭᠠᠨ᠎ᠤ ᠲᠤᠮᠳᠠᠳᠤ ᠤᠯᠤᠰ᠎ᠤᠨ ᠲᠠᠷᠢᠶᠠᠯᠠᠩ᠎ᠤᠨ ᠮᠠᠱᠢᠨ᠎ᠤ ᠦᠵᠡᠬᠦᠯᠬᠡ᠎ᠶ᠋ᠢᠨ ᠨᠠᠢᠷ ᠯᠢᠨ ᠾᠧ ᠲᠤᠭᠤᠷᠢᠭ᠎ᠤᠨ ᠴᠧᠨ ᠭᠤᠸᠠᠨ ᠪᠠᠯᠭᠠᠰᠤ᠎ᠶ᠋ᠢᠨ ᠶᠤᠸᠠᠨ ᠵᠢᠩ ᠲᠤᠰᠭᠤᠨ᠎ᠤ 6 ᠳ᠋ᠤᠭᠠᠷ ᠲᠤᠭᠤᠢ᠍ᠢᠯᠠᠩ᠎ᠤᠨ ᠦᠷᠭᠡᠨ ᠠᠭᠤᠳᠠᠮ ᠲᠠᠷᠢᠶᠠᠨ ᠭᠠᠵᠠᠷ᠎ᠲᠤ ᠶᠠᠪᠤᠭ᠍ᠳᠠᠵᠤ᠂ ᠪᠦᠬᠦ᠌ ᠤᠯᠤᠰ᠎ᠤᠨ ᠲᠠᠷᠢᠶᠠᠯᠠᠩ᠎ᠤᠨ ᠮᠠᠱᠢᠨ᠎ᠤ ᠠᠵᠢᠯ ᠲᠦᠷᠦᠯ᠎ᠤᠨ ᠡᠯ᠎ᠡ ᠦᠢᠯᠡᠳᠪᠦᠷᠢᠯᠡᠯ᠎ᠤᠨ ᠠᠵᠤ ᠠᠬᠤᠢ᠍ᠢᠯᠠᠯ ᠵᠢᠴᠢ ᠤᠷᠤᠯᠠᠨ ᠪᠤᠷᠤᠯᠠᠭᠤᠯᠬᠤ ᠠᠵᠤ ᠠᠬᠤᠢ᠍ᠢᠯᠠᠯ᠎ᠠᠴᠠ ᠢᠷᠡᠯᠲᠡ᠎ᠲᠠᠢ 6 ᠶᠡᠭᠡ ᠲᠦᠷᠦᠯ᠎ᠤᠨ 330 ᠰᠠᠭᠤᠷᠢ (ᠢᠵᠢ) ᠲᠠᠷᠢᠶᠠᠯᠠᠩ᠎ᠤᠨ ᠮᠠᠱᠢᠨ ᠲᠡᠯᠭᠡᠨ ᠦᠵᠡᠭᠦᠯᠭᠡ᠎ᠳᠤ ᠤᠷᠤᠯᠴᠠᠵᠤ᠂ ᠤᠢ᠍ᠢᠷ᠎ᠠ ᠤᠷᠴᠢᠮ᠎ᠤᠨ 1000 ᠭᠠᠷᠤᠢ ᠲᠠᠷᠢᠶᠠᠴᠢᠨ ᠡᠷᠦᠬᠡ᠎ᠶ᠋ᠢᠨ ᠠᠩᠬᠠᠷᠤᠯ᠎ᠢ ᠲᠠᠲᠠᠪᠠ᠃
ᠲᠤᠬᠠᠢ᠎ᠶ᠋ᠢᠨ ᠲᠠᠯᠠᠪᠠᠢ᠎ᠳᠤ᠂ ᠤᠳᠤᠬᠢᠴᠢᠯᠠᠭ᠍ᠰᠠᠨ ᠲᠠᠷᠢᠶᠠᠯᠠᠩ᠎ᠤᠨ ᠮᠠᠱᠢᠨ᠎ᠢᠶᠠᠷ ᠲᠠᠷᠢᠶ᠎ᠠ ᠬᠤᠷᠢᠶᠠᠬᠤ ᠵᠡᠷᠭᠡ ᠠᠵᠢᠯ᠎ᠢ ᠭᠦᠢᠴᠡᠳᠭᠡᠨ ᠦᠵᠡᠭᠦᠯᠵᠦ᠍᠂ ᠤᠯᠠᠨ᠎ᠤ ᠪᠠᠭ᠍ᠠᠷᠬᠠᠯ᠎ᠢ ᠲᠠᠲᠠᠭ᠍ᠰᠠᠨ ᠪᠠᠢᠨ᠎ᠠ᠃ ᠨᠠᠷᠠᠨᠬᠤᠸᠠᠷ᠎ᠤᠨ ᠬᠤᠯᠪᠤᠭᠠᠯᠠᠭ᠍ᠰᠠᠨ ᠬᠤᠷᠢᠶᠠᠯᠲᠠ᠎ᠶ᠋ᠢᠨ ᠮᠠᠱᠢᠨ᠎ᠢ ᠲᠡᠯᠭᠡᠨ ᠦᠵᠡᠭᠦᠯᠬᠦ᠌᠎ᠳᠤ 4 ᠰᠠᠭᠤᠷᠢ ᠠᠳᠠᠯᠢ ᠪᠤᠰᠤ ᠵᠠᠭ᠍ᠪᠤᠷ᠎ᠤᠨ ᠲᠤᠮᠤ ᠬᠡᠯᠪᠡᠷᠢ᠎ᠶ᠋ᠢᠨ ᠬᠤᠯᠪᠤᠭᠠᠯᠠᠭ᠍ᠰᠠᠨ ᠬᠤᠷᠢᠶᠠᠯᠲᠠ᠎ᠶ᠋ᠢᠨ ᠮᠠᠱᠢᠨ ᠵᠡᠷᠭᠡᠴᠡᠨ ᠵᠤᠭ᠍ᠰᠤᠭᠠᠳ ᠲᠠᠷᠠᠭᠠᠯᠠᠨ ᠤᠷᠤᠭ᠍ᠰᠢᠯᠠᠵᠤ᠂ ᠮᠠᠱᠢᠨ᠎ᠤ ᠬᠦᠩᠬᠢᠨᠡᠬᠦ᠌ᠶ᠋ᠢ ᠲᠠᠭᠠᠯᠳᠤᠨ ᠡᠩᠨᠡᠭᠡ ᠡᠩᠨᠡᠭᠡ ᠨᠠᠷᠠᠨᠬᠤᠸᠠᠷ᠎ᠤᠨ ᠡᠰᠢ ᠰᠦᠷᠡᠯ ᠵᠡᠷᠭᠡ᠎ᠪᠠᠷ ᠮᠠᠱᠢᠨ᠎ᠳᠤ ᠬᠤᠷᠢᠶᠠᠭ᠍ᠳᠠᠵᠤ᠂ ᠨᠠᠷᠠᠨᠬᠤᠸᠠᠷ᠎ᠤᠨ ᠲᠠᠪᠠᠭ ᠮᠠᠱᠢᠨ᠎ᠤ ᠭᠡᠳᠡᠰᠦᠨ᠎ᠳᠤ ᠤᠷᠤᠵᠤ᠂ ᠤᠳᠠᠵᠦ᠍ ᠲᠦᠳᠡᠯ ᠦᠭᠡᠢ ᠬᠡᠳᠦᠨ ᠮᠦ᠍ ᠨᠠᠷᠠᠠᠬᠤᠸᠠᠷᠤᠨ ᠲᠠᠷᠢᠶ᠎ᠠ᠎ᠶ᠋ᠢ ᠬᠤᠷᠢᠶᠠᠵᠤ ᠲᠠᠭᠤᠰᠭᠠᠨ᠂ 4 ᠲᠤᠮᠤ ᠮᠠᠱᠢᠨ ᠡᠰᠢ ᠰᠦᠷᠡᠯ᠎ᠢ ᠬᠤᠷᠢᠶᠠᠬᠤ᠎ᠶ᠋ᠢᠨ ᠲᠠᠭᠠᠤ ᠨᠠᠷᠠᠨᠬᠤᠸᠠᠷ᠎ᠤᠨ ᠦᠷ᠎ᠡ᠎ᠶ᠋ᠢ ᠨᠠᠷᠠᠨᠬᠤᠸᠠᠷ᠎ᠤᠨ ᠲᠠᠪᠠᠭ᠎ᠠᠴᠠ ᠰᠠᠯᠭᠠᠭᠠᠳ ᠱᠢᠭᠤᠳ ᠲᠡᠭᠡᠭᠡᠪᠦᠷᠢ᠎ᠶ᠋ᠢᠨ ᠮᠠᠱᠢᠨ᠎ᠳᠤ ᠴᠢᠳᠭᠤᠪᠡ᠃
ᠲᠤᠬᠠᠢ᠎ᠶ᠋ᠢᠨ ᠲᠠᠯᠠᠪᠠᠢ᠎ᠳᠤ 30 ᠰᠠᠭᠤᠷᠢ ᠮᠠᠱᠢᠨ ᠨᠠᠷᠠᠨᠬᠤᠸᠠᠷ ᠪᠤᠯᠤᠨ ᠬᠤᠯᠤ᠎ᠶ᠋ᠢᠨ ᠬᠤᠯᠪᠤᠭᠠᠯᠠᠭ᠍ᠰᠠᠨ ᠬᠤᠷᠢᠶᠠᠯᠲᠠ᠂ ᠡᠷᠳᠡᠨᠢ ᠱᠢᠰᠢ᠎ᠶ᠋ᠢᠨ ᠲᠦᠷᠦᠭᠦᠦ᠎ᠶ᠋ᠢ ᠲᠠᠰᠤᠯᠵᠥ᠍ ᠬᠤᠷᠢᠶᠠᠬᠤ ᠪᠠ ᠦᠷ᠎ᠡ᠎ᠶ᠋ᠢ᠎ᠨᠢ ᠬᠠᠮᠲᠤ᠎ᠪᠠᠷ ᠬᠤᠷᠢᠶᠠᠬᠤ᠂ ᠡᠷᠳᠡᠨᠢ ᠱᠢᠰᠢ᠎ᠶ᠋ᠢᠨ ᠡᠰᠢ ᠰᠦᠷᠡᠯ᠎ᠢ ᠲᠡᠭᠦᠵᠦ᠍ ᠪᠤᠭᠤᠳᠠᠯᠯᠠᠬᠤ᠂ ᠭᠦᠨ ᠬᠠᠭᠠᠯᠵᠤ ᠭᠦᠨ ᠰᠤᠯᠠᠷᠠᠭᠤᠯᠬᠤ ᠪᠠ ᠬᠡᠢ ᠰᠤᠷᠤᠬᠤ ᠬᠡᠯᠪᠡᠷᠢ᠎ᠶ᠋ᠢᠨ ᠪᠦᠷᠬᠦᠪᠴᠢ ᠲᠡᠪᠢᠰᠦᠨ ᠨᠠᠷᠢᠯᠢᠭ ᠬᠡᠮᠵᠢᠨ ᠲᠠᠷᠢᠬᠤ ᠵᠡᠷᠭᠡ ᠤᠯᠠᠨ ᠲᠦᠷᠦᠯ᠎ᠤᠨ ᠲᠠᠷᠢᠶᠠᠯᠠᠩ᠎ᠤᠨ ᠮᠠᠱᠢᠨ᠎ᠤ ᠦᠵᠡᠭᠦᠯᠭᠡ ᠬᠢᠵᠦ᠍᠂ ᠡᠯ᠎ᠡ ᠵᠦᠢᠯ᠎ᠤᠨ ᠤᠳᠤᠬᠢᠴᠢᠯᠠᠭ᠍ᠰᠠᠨ ᠮᠠᠱᠢᠨ᠎ᠤ ᠲᠠᠷᠢᠶ᠎ᠠ ᠬᠤᠷᠢᠶᠠᠬᠤ ᠠᠯᠬᠤᠮ ᠶᠠᠪᠤᠴᠠ᠎ᠨᠢ ᠬᠦᠳᠠᠯᠮᠤᠷᠢ ᠬᠦᠴᠦᠨ᠎ᠳᠤ ᠠᠷᠪᠢᠲᠠᠢ ᠮᠦᠷᠲᠡᠭᠡᠨ ᠲᠦᠭᠦᠮ ᠲᠦᠷᠭᠡᠨ ᠪᠠᠢᠵᠤ᠂ ᠦᠵᠡᠭ᠌ᠰᠡᠨ ᠤᠯᠠᠨ᠎ᠤ ᠪᠠᠭ᠍ᠠᠷᠠᠬ᠍ᠯ ᠲᠠᠭᠠᠱᠢᠶᠠᠯ᠎ᠢ ᠬᠦᠷᠲᠡᠵᠦ᠍ ᠪᠠᠢᠯ᠎ᠠ᠃
ᠲᠤᠰ ᠤᠳᠠᠭᠠᠨ᠎ᠤ ᠠᠵᠢᠯᠯᠠᠭ᠎ᠠ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠂ ᠲᠦᠷᠦ᠎ᠶ᠋ᠢᠨ ᠪᠤᠳᠤᠯᠭ᠎ᠠ ᠬᠠᠤᠯᠢ ᠲᠦᠷᠢᠮ᠎ᠢ ᠤᠬᠠᠭᠤᠯᠬᠤ᠂ ᠮᠠᠯ ᠠᠵᠤ ᠠᠬᠤᠢ ᠲᠠᠷᠢᠶᠠᠯᠠᠩ᠂ ᠲᠠᠷᠢᠶᠠᠯᠠᠩ᠎ᠤᠨ ᠮᠠᠱᠢᠨ᠎ᠤ ᠲᠤᠰᠭᠠᠢ ᠮᠡᠳᠡᠯᠭᠡ᠎ᠶ᠋ᠢᠨ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠂ ᠲᠠᠷᠢᠶᠠᠯᠠᠩ᠎ᠤᠨ ᠮᠠᠱᠢᠨ᠎ᠤ ᠠᠵᠢᠯᠯᠠᠭ᠎ᠠ᠎ᠶ᠋ᠢᠨ ᠦᠵᠡᠭᠦᠯᠭᠡ᠂ ᠲᠠᠷᠢᠶᠠᠯᠠᠩ᠎ᠤᠨ ᠮᠠᠱᠢᠨ᠎ᠤ ᠱᠢᠨ᠎ᠡ ᠡᠭᠦᠳᠦᠯᠲᠡ᠂ ᠱᠢᠨ᠎ᠡ ᠦᠢᠯᠡᠳᠭᠦᠨ᠎ᠤ ᠦᠵᠡᠭᠦᠯᠭᠡ᠂ ᠲᠠᠷᠢᠶᠠᠯᠠᠩ᠎ᠤᠨ ᠮᠠᠱᠢᠨ᠎ᠤ ᠱᠢᠨ᠎ᠡ ᠮᠡᠷᠭᠡᠵᠢᠯ᠎ᠢ ᠲᠡᠯᠭᠡᠷᠡᠭᠦᠯᠦᠨ ᠬᠡᠷᠡᠭ᠌ᠯᠡᠬᠦ᠂ ᠲᠠᠷᠢᠶᠠᠯᠠᠩ᠎ᠤᠨ ᠮᠠᠱᠢᠨ᠎ᠤ ᠱᠢᠨ᠎ᠡ ᠦᠢᠯᠡᠳᠭᠦᠨ᠎ᠤ ᠪᠤᠷᠤᠯᠠᠭᠤᠯᠭ᠎ᠠ᠂ ᠲᠠᠷᠢᠶᠠᠯᠠᠩ᠎ᠤᠨ ᠮᠠᠱᠢᠨᠴᠢᠯᠠᠯᠲᠠ᠎ᠶ᠋ᠢᠨ ᠦᠢᠯᠡᠴᠢᠯᠡᠭᠡᠨ᠎ᠤ ᠲᠦᠷᠦᠯ ᠵᠦᠢᠯ᠎ᠤᠨ ᠶᠠᠷᠢᠯᠴᠠᠭ᠎ᠠ ᠵᠡᠷᠭᠡ ᠤᠯᠠᠨ ᠠᠭᠤᠯᠭ᠎ᠠ᠎ᠶ᠋ᠢ ᠪᠠᠭ᠍ᠲᠠᠭᠠᠪᠠ᠃